ᠰᠢᠨ᠎ᠠ ᠵᠦᠢᠯ ᠢ ᠰᠤᠷᠴᠦ ᠡᠵᠡᠮᠰᠢᠬᠦ ᠨᠢ ᠴᠢᠬᠤᠯᠠ
ᠨᠡᠶᠢᠲᠡᠯᠡᠭᠰᠡᠨ ᠴᠠᠭ᠄
2020/12/21
    ᠰᠤᠷᠠᠬ ᠴᠢᠮᠡᠭᠡᠨ ᠤ ᠡᠷᠢᠨ ᠳᠤ ᠰᠢᠨ᠎ᠠ ᠶᠢ ᠰᠤᠷᠴᠦ᠂ ᠰᠢᠨ᠎ᠠ ᠶᠢ ᠰᠡᠳᠬᠢᠨ᠂ ᠪᠦᠳᠦᠭᠡᠯᠴᠢ ᠪᠠᠷ ᠠᠵᠢᠯᠯᠠᠵᠦ ᠴᠢᠳᠠᠪᠠᠯ ᠠᠮᠵᠢᠯᠳᠡ ᠤᠯᠬᠤ ᠳᠤ ᠦᠢᠷᠠᠬᠠᠨ ᠭᠡᠳᠡᠭ ᠢ ᠡᠩᠭᠡ ᠶᠢᠨ ᠰᠦᠯᠵᠢᠶᠡᠨ ᠰᠢᠭᠤᠳ ᠨᠡᠪᠳᠡᠷᠡᠭᠦᠯᠭᠡ ᠪᠠᠷ ᠨᠤᠳᠤᠭ ᠤᠨ ᠭᠠᠷᠤᠯᠳᠡ ᠪᠠᠨ ᠪᠤᠷᠤᠯᠠᠭᠤᠯᠤᠬᠰᠠᠨ ᠠᠮᠵᠢᠯᠳᠡ ᠪᠢᠳᠡᠨ ᠳᠤ ᠠᠮᠢᠳᠤᠯᠢᠭ ᠢᠶᠠᠷ ᠭᠡᠯᠡᠵᠦ ᠦᠭᠴᠠᠢ᠃     ᠮᠠᠨ ᠤ ᠤᠷᠤᠨ ᠨᠤᠳᠤᠭ ᠤᠨ ᠰᠢᠯᠢᠳᠡᠭ ᠭᠠᠷᠤᠯᠳᠡ ᠰᠤᠳᠤᠨ ᠪᠦᠳᠦᠭᠡᠭᠳᠡᠭᠦᠨ ᠢᠶᠠᠨ ᠪᠦᠬᠦ ᠤᠯᠤᠰ ᠤᠨ ᠦᠷᠭᠡᠨ ᠶᠡᠭᠡ ᠵᠠᠬ᠎ᠠ ᠳᠡᠯᠭᠡᠭᠦᠷ ᠲᠤ ᠬᠠᠨᠳᠤᠭᠤᠯᠵᠦ᠂ ᠪᠦᠬᠦ ᠤᠯᠤᠰ ᠤᠨ ᠭᠡᠪᠴᠢᠶᠡᠨ ᠤ ᠭᠡᠷᠡᠭᠯᠡᠭᠴᠢᠳ ᠤᠨ ᠠᠩᠬᠠᠷᠤᠯ ᠳᠤ ᠬᠦᠷᠭᠡᠵᠦ ᠴᠢᠳᠠᠳᠠᠭ ᠯᠡ ᠶᠤᠮ ᠪᠤᠯ ᠪᠤᠷᠤᠯᠠᠭᠤᠯᠭ᠎ᠠ ᠪᠠᠨ ᠦᠷᠭᠡᠳᠭᠡᠨ᠂ ᠤᠷᠤᠯᠭ᠎ᠠ ᠪᠠᠨ ᠨᠡᠮᠡᠭᠳᠡᠭᠦᠯᠵᠦ ᠪᠤᠯᠤᠨ᠎ᠠ᠃ ᠳᠡᠭᠡᠭᠦ ᠳᠤ ᠡᠨᠡ ᠶᠡᠭᠡ ᠦᠷᠭᠡᠨ ᠵᠠᠬ᠎ᠠ ᠳᠡᠯᠭᠡᠭᠦᠷ ᠤᠨ ᠡᠭᠦᠳᠡ ᠶᠢ ᠭᠡᠷᠬᠢᠨ ᠨᠡᠭᠡᠭᠡᠬᠦ ᠭᠡᠳᠡᠭ ᠯᠡ ᠴᠢᠬᠤᠯᠠ ᠠᠰᠠᠭᠤᠳᠠᠯ ᠶᠤᠮ᠃ ᠡᠭᠦᠨ ᠳᠤ ᠶᠠᠬ ᠡᠩᠭᠡ ᠶᠢᠨ ᠭᠡᠯᠡᠭᠰᠡᠨᠴᠢᠯᠡᠨ᠂ ᠪᠢᠳᠡ ᠰᠦᠯᠵᠢᠶᠠᠨ ᠤ ᠵᠠᠬ᠎ᠠ ᠳᠡᠯᠭᠡᠬᠦᠷ ᠪᠠ ᠰᠦᠯᠵᠢᠶᠠᠨ ᠪᠤᠷᠤᠯᠠᠭᠤᠯᠭ᠎ᠠ ᠶᠢᠨ ᠠᠷᠭ᠎ᠠ ᠪᠠᠷᠢᠯ ᠢ ᠡᠵᠡᠮᠰᠢᠵᠤ ᠠᠰᠢᠭᠯᠠᠬᠤ ᠨᠢ ᠵᠦᠢᠳᠠᠢ ᠭᠡᠳᠡᠭ ᠢᠶᠠᠷ ᠰᠢᠨ᠎ᠡ ᠶᠠᠭᠤᠮ᠎ᠡ ᠳᠠᠪᠰᠢᠩᠭᠤᠢ ᠵᠦᠢᠯ ᠢ ᠰᠤᠷᠴᠦ ᠡᠵᠡᠮᠰᠢᠨ᠂ ᠨᠡᠶᠢᠭᠡᠮ ᠤᠨ ᠬᠦᠭᠵᠢᠯᠳᠡ ᠶᠢᠨ ᠠᠶᠠᠰ ᠢ ᠳᠠᠭᠠᠵᠦ ᠤᠷᠤᠬᠰᠢᠯᠠᠬᠤ ᠪᠤᠯ ᠳᠤᠩ ᠴᠢᠬᠤᠯᠠ ᠶᠠᠪᠤᠳᠠᠯ ᠪᠢᠯᠡ᠃     ᠮᠡᠳᠡᠯᠭᠡ ᠮᠡᠷᠭᠡᠵᠢᠯ ᠰᠤᠷᠴᠦ ᠡᠵᠡᠮᠰᠢᠬᠦ ᠨᠦᠬᠦᠴᠡᠯ ᠪᠤᠯᠤᠯᠴᠠᠭ᠎ᠠ ᠳᠤᠩ ᠳᠦᠭᠦᠮ ᠪᠤᠯᠤᠬᠰᠠᠨ ᠦᠨᠤᠳᠤᠷ ᠰᠢᠨ᠎ᠠ ᠴᠠᠬ ᠤᠨ ᠵᠠᠯᠠᠭᠤᠰ ᠶᠠᠮᠠᠷ ᠠᠵᠢᠯ ᠬᠢᠭᠰᠡᠨ ᠴᠤ ᠳᠠᠷᠠ ᠨᠠᠰᠤᠨ ᠳᠤᠷᠰᠢᠳᠡ ᠰᠤᠷᠤᠯᠴᠠᠬᠤ ᠦᠵᠡᠯ ᠤᠬᠠᠮᠰᠠᠷ ᠢ ᠪᠤᠢ ᠪᠤᠯᠭᠠᠵᠦ᠂ ᠰᠢᠨ᠎ᠡ ᠮᠡᠳᠡᠯᠭᠡ ᠮᠡᠷᠭᠡᠵᠢᠯ ᠢᠯᠡᠭᠦᠦ ᠰᠤᠷᠴᠦ᠂ ᠦᠪᠡᠷ ᠢ ᠪᠠᠨ ᠳᠠᠰᠤᠷᠠᠯᠳᠡ ᠦᠭᠡᠢ ᠳᠡᠭᠡᠭᠰᠢᠯᠡᠭᠦᠯᠦᠨ᠂ ᠴᠠᠬ ᠦᠶ᠎ᠠ ᠶᠢᠨ ᠬᠦᠭᠵᠢᠯᠳᠡ ᠳᠤ ᠵᠤᠬᠢᠴᠠᠵᠦ᠂ ᠠᠮᠢᠳᠤᠷᠠᠯ ᠦᠢᠯᠡᠰ ᠢᠶᠠᠨ ᠦᠭᠡᠳᠡᠯᠡᠭᠦᠯᠵᠦ ᠶᠠᠪᠤᠬᠤ ᠶᠢ ᠡᠷᠬᠢᠮᠯᠡᠭᠦᠰᠢᠳᠠᠢ ᠪᠠᠶᠢᠨ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号