ᠠᠷᠢᠭᠤᠨ ᠴᠡᠪᠡᠷ ᠠᠶᠢᠯ ᠳᠤ ᠠᠵᠨ ᠵᠢᠷᠭᠠᠯ ᠲᠣᠭᠳᠠᠳᠠᠭ
ᠨᠡᠶᠢᠲᠡᠯᠡᠭᠰᠡᠨ ᠴᠠᠭ᠄
2020/11/16
    ᠭᠡᠷ ᠪᠣᠯ ᠭᠦᠮᠦᠰ ᠤᠨ ᠠᠮᠣᠷ ᠲᠡᠶᠢᠪᠣᠩ ᠠᠮᠠᠷᠠᠯᠳᠠ ᠶᠢᠨ ᠭᠠᠷᠠᠮ᠂ ᠮᠦᠷᠦᠭᠡᠳᠣᠯ ᠪᠡᠶᠡᠯᠡᠭᠦᠯᠳᠡᠭ ᠭᠠᠵᠠᠷ᠂ ᠰᠠᠶᠢᠨ ᠰᠠᠶᠢᠬᠠᠨ ᠠᠮᠢᠳᠣᠷᠠᠯ ᠤᠨ ᠲᠠᠯᠠᠪᠣᠷ᠂ ᠮᠦᠡᠴᠤ ᠠᠵᠢᠯ ᠦᠢᠯᠠᠰ ᠤᠨ ᠠᠷᠣ ᠲᠦᠰᠢᠭ᠂ ᠠᠵᠨ ᠵᠢᠷᠭᠠᠯ ᠤᠨ ᠣᠨᠳᠣᠷᠣᠮᠠᠯ ᠪᠣᠯᠠᠭ ᠰᠠᠨ᠃  ᠬᠦᠮᠦᠰ ᠶᠡᠷᠣ ᠨᠢ ᠠᠷᠢᠭᠤᠨ ᠴᠡᠪᠡᠷ ᠰᠠᠶᠢᠨ ᠰᠠᠶᠢᠬᠠᠨ ᠣᠷᠴᠢᠨ ᠲᠣᠭᠤᠷᠢᠨ᠂ ᠣᠷᠣᠨ ᠰᠠᠭᠤᠴᠨ ᠶᠢ ᠭᠦᠰᠡᠮᠵᠢᠯᠡᠳᠡᠭ᠃ ᠴᠡᠪᠡᠷ ᠰᠠᠶᠢᠬᠠᠨ ᠭᠡᠷ ᠨᠢ ᠪᠡᠶ᠎ᠡ ᠶᠢ ᠲᠡᠶᠢᠪᠣᠰᠢᠷᠠᠭᠤᠯᠵᠥ᠂ ᠵᠣᠯ ᠵᠢᠷᠭᠠᠯ  ᠤᠨ ᠮᠡᠳᠡᠷᠡᠮᠵᠢ ᠶᠢ ᠲᠡᠭᠡᠭᠰᠢᠯᠡᠭᠦᠯᠳᠡᠭ ᠶᠣᠮ᠃  ᠭᠡᠷ ᠦᠷᠦᠭᠡ ᠪᠠᠨ ᠠᠷᠢᠭᠤᠨ ᠴᠡᠪᠡᠷ ᠪᠠᠶᠢᠯᠭᠠᠬᠤ ᠨᠢ ᠨᠢᠭᠡ ᠭᠦᠮᠦᠨ ᠤ ᠠᠮᠢᠳᠣᠷᠠᠯ ᠳᠤ  ᠬᠠᠨᠳᠣᠬᠤ ᠣᠪᠣᠷ ᠢ ᠢᠯᠡᠷᠡᠭᠦᠯᠭᠦ ᠪᠠᠷ ᠪᠠᠷᠠᠬᠤ ᠦᠭᠡᠢ᠂ ᠦᠪᠡᠷ ᠤᠨ ᠢᠶᠠᠨ ᠠᠮᠢᠳᠣᠷᠠᠯ  ᠢ ᠦᠨᠦᠷ ᠠᠮᠳᠠ ᠲᠠᠢ᠂ ᠣᠳᠬ᠎ᠠ ᠣᠴᠢᠷ ᠲᠠᠢ ᠦᠩᠭᠡᠷᠡᠭᠦᠯᠭᠦ ᠴᠢᠳᠠᠪᠣᠷᠢ ᠶᠢ ᠢᠯᠡᠷᠡᠭᠦᠯᠳᠡᠭ᠃ ︽ᠪᠡᠶ᠎ᠡ ᠪᠠᠨ ᠵᠠᠰᠠᠭᠠᠳ ᠭᠡᠷ ᠢᠶᠠᠨ ᠵᠠᠰᠨ᠂ ᠭᠡᠷ ᠢᠶᠠᠨ ᠵᠠᠰᠠᠭᠠᠳ ᠲᠦᠷᠦ ᠪᠠᠨ ᠵᠠᠰᠨ︾ ᠭᠡᠳᠡᠭ   ᠢᠶᠠᠷ ᠠᠵᠨ ᠵᠢᠷᠭᠠᠯ ᠲᠠᠢ ᠠᠮᠢᠳᠣᠷᠠᠶ᠎ᠠ ᠭᠡᠪᠡᠯ ᠭᠡᠷ ᠢᠶᠠᠨ ᠴᠡᠪᠡᠷᠯᠡᠭᠦ ᠠᠴᠠ ᠡᠬᠢᠯᠡᠭᠡᠷᠠᠢ ᠬᠦᠮᠦᠰ ᠡ᠃         ᠭᠡᠷ ᠦᠷᠦᠭᠡ ᠪᠠᠨ ᠠᠷᠢᠭᠤᠨ ᠴᠡᠪᠡᠷ ᠪᠠᠶᠢᠯᠭᠠᠬᠤ ᠪᠣᠯ ᠮᠣᠩᠭᠤᠯᠴᠣᠳ ᠤᠨ ᠡᠷᠭᠢᠮ ᠰᠠᠶᠢᠬᠠᠨ ᠰᠣᠷᠳᠠᠯ ᠶᠣᠮ᠃ ᠲᠡᠭᠡᠳᠣᠰ ᠤᠨ ᠮᠠᠨᠢ ᠠᠷᠢᠭᠤᠨ ᠰᠣᠷᠳᠠᠯ ᠪᠢᠳᠠᠨ ᠤ ᠠᠮᠢᠳᠣᠷᠠᠯ ᠤᠨ ᠲᠣᠯᠢ  ᠪᠣᠯᠳᠠᠭ᠃ ᠮᠣᠩᠭᠤᠯᠴᠣᠳ ᠰᠢᠨ᠎ᠠ ᠵᠢᠯ  ᠢᠶᠠᠨ ᠠᠷᠢᠭᠤᠨ ᠴᠡᠪᠡᠷ ᠡᠩᠭᠡ ᠰᠠᠶᠢᠬᠠᠨ  ᠣᠭᠳᠣᠪᠠᠯ ᠢᠷᠡᠭᠦ ᠵᠢᠯ ᠳᠡᠭᠡᠨ ᠡᠷᠡᠭᠦᠯ ᠮᠠᠠᠳᠤ᠂ ᠭᠡᠰᠢᠭ ᠪᠣᠶᠠᠨ ᠠᠷᠪᠢᠵᠢᠨ ᠬᠡᠶᠢᠮᠣᠷᠢ ᠲᠠᠢ ᠪᠠᠶᠢᠬᠤ ᠶᠢ ᠪᠡᠯᠭᠡᠰᠢᠶᠠᠵᠥ᠂  ᠰᠢᠨᠡᠯᠡᠭᠦ   ᠠᠴᠠ ᠡᠮᠣᠨ᠎ᠠ ᠭᠭᠢᠷ ᠪᠣᠷᠳᠠᠭ ᠢᠶᠠᠨ ᠣᠭᠢᠶᠠᠵᠥ᠂ ᠬᠠᠨ᠎ᠠ ᠭᠡᠷᠡᠮ ᠤᠨ ᠢᠶᠠᠨ ᠬᠤᠭ ᠲᠣᠭᠤᠰᠣ   ᠶᠢ ᠰᠢᠭᠦᠷᠳᠠᠨ᠂ ᠬᠤᠷᠭᠤ ᠰᠠᠪᠠ ᠪᠠᠨ ᠴᠡᠪᠡᠷᠯᠡᠨ ᠲᠢᠭᠯᠡᠵᠥ᠂ ᠬᠠᠰᠢᠶ᠎ᠠ ᠭᠦᠷᠢᠶ᠎ᠡ ᠪᠠᠨ ᠡᠪ ᠲᠢᠭ ᠲᠠᠢ ᠪᠣᠯᠭᠠᠬᠤ ᠮᠠᠳᠤ ᠶᠢᠨ ᠠᠷᠢᠭᠤᠨ ᠴᠡᠪᠡᠷᠯᠡᠭᠡ ᠶᠢᠨ ᠠᠵᠢᠯ ᠭᠡᠳᠡᠭ ᠶᠣᠮ᠃         ᠭᠡᠷ ᠢᠶᠠᠨ ᠴᠡᠪᠡᠷᠯᠡᠭᠦ ᠨᠢ ᠪᠠᠰᠨ ᠰᠠᠳᠭᠡᠯ ᠰᠠᠨᠠᠭ᠎ᠠ ᠪᠠᠨ ᠴᠡᠪᠡᠷᠯᠡᠵᠥ ᠪᠠᠶᠢᠬᠤ  ᠶᠠᠪᠣᠳᠠᠯ ᠮᠦᠨ᠃ ᠭᠡᠷ ᠤᠨ ᠡᠳ᠋ ᠪᠤᠳᠠᠰ ᠢᠶᠠᠨ ᠲᠠᠰ ᠲᠠᠷᠠᠭ᠎ᠠ ᠲᠠᠢ ᠪᠠᠶᠢᠯᠭᠠᠬᠤ ᠪᠣᠯ ᠨᠢᠭᠡ ᠵᠦᠢᠯ ᠤᠨ ᠠᠮᠢᠳᠣᠷᠠᠯ ᠤᠨ ᠵᠠᠩᠰᠢᠯ ᠪᠣᠯᠬᠤ ᠶᠣᠮ᠃ ᠭᠡᠷ   ᠤᠨ ᠠᠷᠢᠭᠤᠨ ᠴᠡᠪᠡᠷ ᠨᠢ ᠪᠠᠶᠠᠨ ᠶᠠᠳᠠᠭᠤ ᠲᠠᠢ ᠬᠤᠯᠪᠣᠭ᠎ᠠ ᠦᠭᠡᠢ᠂ ᠰᠣᠷᠣᠯᠭ᠎ᠠ ᠶᠢᠨ ᠨᠠᠮᠳᠠᠷ ᠲᠠᠢ  ᠴᠤ ᠬᠠᠷᠢᠴᠠᠭ᠎ᠠ ᠦᠭᠡᠢ᠂ ᠬᠠᠷᠢᠨ ᠠᠮᠢᠳᠣᠷᠠᠬᠤᠢ ᠶᠢᠨ ᠣᠪᠣᠷ ᠲᠠᠢ ᠬᠤᠯᠪᠣᠭᠳᠠᠳᠠᠭ᠃ ᠭᠡᠷ ᠤᠨ ᠡᠳ᠋ ᠭᠦᠷᠦᠩᠭᠡ ᠨᠢ ᠭᠡᠳᠤᠢ ᠠᠷᠪᠢᠨ ᠪᠠᠶᠢᠯ᠎ᠠ ᠭᠡᠳ ᠠᠷᠴᠢᠵᠥ ᠴᠡᠪᠡᠷᠯᠡᠭᠦ ᠦᠭᠡᠢ ᠪᠣᠯ  ᠦᠩᠭᠡ ᠨᠢ ᠲᠠᠷᠣᠭᠳᠠᠵᠥ ᠴᠢᠨᠠᠷ ᠨᠢ ᠪᠠᠭᠤᠷᠠᠨ᠎ᠠ ᠰᠢᠤ᠃     ᠠᠷᠢᠭᠤᠨ ᠴᠡᠪᠡᠷᠯᠡᠭᠡ ᠭᠢᠭᠦ ᠪᠣᠯ ᠭᠡᠣᠭᠡᠳ ᠢᠶᠠᠨ ᠭᠦᠮᠦᠵᠢᠭᠦᠯᠭᠦ ᠶᠠᠪᠣᠴᠨ ᠮᠦᠨ᠃ ᠭᠡᠷ ᠤᠨ ᠠᠵᠢᠯ ᠠᠬᠤᠢ ᠭᠢᠭᠦ ᠨᠢ ᠪᠠᠶ᠎ᠠ ᠶᠢᠨ ᠭᠦᠳᠡᠯᠮᠣᠷᠢ ᠳᠤ   ᠬᠠᠷᠢᠶᠠᠯᠠᠭᠳᠠᠵᠣ ᠪᠠᠶᠢᠳᠠᠭ᠃ ᠭᠦᠳᠡᠯᠮᠣᠷᠢ ᠶᠢ  ᠬᠠᠶᠢᠷᠠᠯᠠᠬᠤ ᠪᠣᠯ ᠭᠦᠮᠦᠨ  ᠲᠦᠷᠦᠯᠬᠢᠳᠡᠨ ᠤ ᠬᠠᠮᠤᠭ ᠤᠨ ᠪᠣᠯᠪᠠᠰᠣᠨ ᠰᠣᠷᠳᠠᠯ  ᠶᠣᠮ᠃ ᠠᠷᠢᠭᠤᠨ ᠴᠡᠪᠡᠷ᠂ ᠬᠠᠯᠠᠭᠤᠨ ᠲᠣᠯᠠᠭᠠᠨ ᠣᠷᠴᠢᠨ ᠲᠣᠭᠤᠷᠢᠨ ᠳᠤ ᠭᠡᠣᠭᠡᠳ ᠪᠠᠶᠠᠷ ᠪᠠᠶᠠᠰᠣᠯ ᠢᠶᠠᠷ ᠪᠢᠯᠬᠠᠮ᠎ᠠ ᠪᠠᠶᠢᠳᠠᠭ᠃ ᠪᠠᠶᠠᠷ ᠪᠠᠶᠠᠰᠣᠩᠭᠤᠢ ᠪᠠᠶᠢᠬᠤ ᠨᠢ ᠭᠡᠣᠭᠡᠳ  ᠤᠨ ᠡᠷᠡᠭᠦᠯ ᠰᠠᠷᠠᠭᠤᠯ ᠦᠰᠦᠨ  ᠪᠣᠶᠢᠵᠢᠬᠤ᠂ ᠠᠪᠢᠶᠠᠰ ᠪᠢᠯᠢᠭ ᠢ  ᠨᠡᠭᠡᠭᠳᠡᠭᠦᠯᠬᠦ᠂ ᠰᠣᠷᠣᠯᠴᠠᠬᠤ ᠣᠷᠮ᠎ᠠ ᠶᠢ ᠬᠦᠭᠵᠢᠭᠡᠬᠦ ᠳᠤ ᠴᠢᠬᠤᠯᠨ ᠰᠠᠭᠤᠷᠢ ᠪᠣᠯᠳᠠᠭ ᠶᠣᠮ᠂ ᠡᠶᠢᠮᠣ ᠪᠠᠷ ᠢᠶᠠᠨ ᠪᠢᠳᠡ ︽ᠭᠡᠷ︾ ᠲᠤ ᠪᠠᠨ ᠪᠦᠭᠦ ᠰᠠᠳᠭᠡᠯ  ᠢᠶᠠᠨ᠂ ᠪᠦᠳᠦᠨ ᠵᠠᠶᠠᠭ᠎ᠠ ᠪᠠᠨ᠂ ᠪᠦᠷᠢᠨ ᠬᠠᠷᠢᠭᠤᠴᠠᠯᠭ᠎ᠠ ᠪᠠᠨ  ᠵᠣᠷᠢᠭᠤᠯᠣᠶ᠎ᠠ  ︕      
 
ᠢᠷᠡᠯᠲᠡ᠄ ᠦᠪᠣᠷ ᠮᠣᠩᠭᠤᠯ ᠤᠨ ᠠᠮᠢᠳᠣᠷᠠᠯ ᠭᠠᠷᠠᠭ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号