ᠰᠢᠬᠦᠷ | ᠬᠠᠳᠠᠳᠤᠶᠠᠭᠠ | ᠭᠠᠳᠠᠨ᠎ᠠ ᠪᠤᠷᠤᠭᠠᠨ ᠵᠦᠰᠡᠷᠡᠭᠰᠡᠬᠡᠷ᠂ ᠴᠤᠩᠬᠤᠨ ᠲᠡᠬᠡᠷ᠎ᠡ ᠲᠤᠰᠤᠭᠰᠠᠨ ᠪᠤᠷᠤᠭᠠᠨ ᠤ ᠤᠰᠤ ᠲᠤᠷᠤᠭᠰᠢ | ᠤᠷᠤᠰᠬᠤ ᠶᠢᠨ ᠲᠤᠭᠠᠯᠠᠩ ᠢᠶᠠᠷ ᠵᠢᠷᠤᠭ᠎ᠠ ᠲᠠᠳᠠᠨ᠎ᠠ᠃ | ᠲᠦᠷᠦᠬᠦᠴᠢ ᠶᠢᠨ ᠤᠷᠤᠮ ᠨᠢ ᠲᠠᠷᠠᠭᠠᠴᠢ ᠶᠢᠨ ᠤᠰᠤᠨ ᠳᠤ ᠪᠠᠯᠠᠷᠠᠨ ᠲᠡᠬᠢᠵᠤ ᠰᠢᠨ᠎ᠡ ᠤᠷᠤᠮ ᠲᠠᠳᠠᠵᠤ | ᠮᠤᠷᠤᠯᠵᠠᠨᠠ᠃ ᠲᠡᠭᠷᠢ ᠶᠢᠨ ᠬᠠᠶᠠᠭ᠎ᠠ ᠦᠯᠦ ᠮᠡᠳᠡᠭ ᠴᠡᠩᠬᠡᠷᠳᠦᠨ ᠡᠨᠡ ᠪᠤᠷᠤᠭ᠎ᠠ ᠮᠦᠤᠨᠳᠦ ᠵᠤᠭᠰᠤᠬᠤ ᠪᠤᠯ ᠤᠤ | ᠬᠡᠰᠡᠨ ᠪᠤᠳᠤᠯ ᠲᠦᠷᠦᠬᠦᠯᠦᠨ᠎ᠡ᠃ ᠦᠷᠦᠬᠡᠨ ᠳᠤ ᠪᠦᠤᠳᠡᠩᠬᠢ ᠰᠠᠭᠠᠷᠠᠯ ᠬᠡᠬᠡ ᠲᠤᠰᠴᠤ ᠤᠷᠤᠨ ᠲᠡᠬᠡᠷ᠎ᠡ ᠤᠨᠳᠠᠬᠤ | ᠤᠢ ᠢᠯᠡᠬᠦᠳᠡᠢ ᠤᠤ ᠬᠡᠮᠡᠷ ᠪᠠᠨᠳᠠᠭᠠᠷ ᠬᠦᠤ ᠶᠢᠨ ᠵᠢᠭᠳᠡᠬᠡᠨ ᠠᠮᠢᠰᠬᠤᠯ ᠤᠨ ᠴᠢᠮᠡᠭᠡ ᠶᠢ ᠭᠠᠷᠭᠠᠪᠠᠯ ᠤᠷᠴᠢᠨ ᠢ | ᠪᠦᠬᠦ᠋ᠢᠯᠡ ᠳᠤ ᠨᠢ ᠠᠵᠢᠨ ᠲᠦᠵᠢᠨ ᠨᠤᠶᠠᠷᠬᠠᠨᠠ᠃ | ᠪᠦᠰᠡᠬᠦᠢ ᠴᠤᠩᠬᠤᠨ ᠤ ᠨᠠᠭᠠᠨ᠎ᠠ ᠪᠤᠳᠤᠯ ᠪᠤᠯᠤᠭᠰᠠᠨ ᠡᠰᠡᠬᠦᠯ᠎ᠡ ᠭᠠᠳᠠᠨᠠᠬᠢ ᠵᠦᠢᠯ ᠢ ᠬᠠᠷᠠᠭᠠᠴᠢᠯᠠᠭᠰᠠᠨ ᠤᠤ | ᠲᠡᠨᠳᠡ ᠪᠠᠨ ᠯᠡ ᠵᠤᠭᠰᠤᠭᠰᠠᠭᠠᠷ᠃ | ᠠᠰᠠᠷ ᠤᠨ ᠲᠤᠤᠷ᠎ᠠ ᠨᠢᠬᠡ ᠬᠠᠷ᠎ᠠ ᠮᠠᠰᠢᠨ ᠵᠤᠭᠰᠤᠬᠤ ᠪᠦᠬᠡᠤᠨ ᠵᠢᠵᠢᠭᠬᠡᠨ ᠰᠢᠷ᠎ᠠ ᠳ᠋ᠸᠡᠭ ᠨᠢ ᠠᠨᠢᠪᠠᠯᠵᠡᠨ | ᠰᠢᠯ ᠤᠨ ᠬᠢᠨᠢ ᠵᠦᠯᠬᠦᠬᠦᠷ ᠭᠤᠵᠤᠯᠵᠠᠨ ᠪᠠᠶᠢᠬᠤ ᠶᠢ ᠦᠵᠡᠪᠡᠯ ᠮᠠᠰᠢᠨ ᠲᠤᠳᠤᠷ᠎ᠠ ᠬᠦᠮᠦᠨ ᠪᠠᠶᠢᠬᠤ ᠨᠢ ᠢᠯᠡᠤᠨᠳᠡ | — ᠡᠨᠡ ᠮᠠᠰᠢᠨ ᠢ ᠬᠠᠮᠢᠭ᠎ᠠ ᠨᠢᠬᠡ ᠬᠠᠷᠠᠭᠰᠠᠨ ᠪᠠᠶᠢᠮᠠᠷ ᠶᠤᠮ ᠬᠡᠮᠡᠨ ᠪᠦᠰᠡᠬᠦᠢ ᠪᠤᠳᠤᠪᠠ᠃ | — ᠵᠠ ᠵᠠ᠂ ᠬᠤᠳᠠ ᠭᠠᠵᠠᠷ ᠤᠨ ᠬᠤᠷᠤᠬᠠᠢ ᠰᠢᠪᠡᠵᠢ ᠰᠢᠭ᠋ ᠮᠠᠰᠢᠨ ᠢ ᠠᠯᠢ ᠶᠢ ᠨᠢ ᠲᠡᠷᠡ ᠬᠡᠬᠦ ᠪᠢᠯᠡ᠂ | ᠠᠳᠠᠯᠢᠬᠠᠨ ᠲᠡᠷᠬᠡ ᠪᠠᠶᠢᠳᠠᠭ ᠯᠡ ᠪᠠᠶᠢᠬᠤ ᠬᠡᠵᠤ ᠲᠤᠳᠤᠷ᠎ᠠ ᠪᠠᠨ ᠪᠤᠳᠤᠯ᠎ᠠ᠃ ᠨᠦᠬᠦᠬᠡ ᠮᠠᠰᠢᠨ ᠨᠡᠯᠢᠶᠡᠤᠨ | ᠵᠤᠭᠰᠤᠵᠤ ᠪᠠᠶᠢᠬᠰᠠᠨ ᠢᠶᠠᠨ ᠠᠯᠭᠤᠷᠬᠠᠨ ᠬᠦᠳᠡᠯᠵᠤ ᠡᠮᠦᠨᠡᠬᠢ ᠠᠰᠠᠷ ᠤᠨ ᠵᠡᠬᠦᠨ ᠦᠵᠦᠬᠦᠷ ᠲᠤ ᠪᠠᠶᠢᠳᠠᠭ ᠵᠢᠵᠢᠭ | ᠲᠡᠯᠬᠡᠬᠦᠷ ᠤᠨ ᠡᠬᠦᠳᠡᠨ ᠳᠤ ᠵᠤᠭᠰᠤᠪᠠ᠃ ᠮᠠᠰᠢᠨ ᠤ ᠡᠬᠦᠳᠡ ᠨᠡᠬᠡᠬᠡᠭᠳᠡᠵᠤ ᠨᠠᠷᠢᠨ ᠦᠰᠦᠬᠡᠶᠢᠳᠡᠢ ᠭᠠᠨᠭ᠍ᠭᠠᠡᠭ | ᠱᠠᠬᠠᠢ ᠲᠠᠢ ᠬᠦᠯ ᠴᠤᠬᠤᠶᠢᠵᠤ ᠰᠤᠯᠤᠩᠭᠠᠨ ᠦᠡᠭᠬᠡᠳᠡᠢ ᠰᠢᠬᠦᠷ ᠲᠡᠯᠬᠡᠵᠤ ᠪᠠᠷᠢᠭᠰᠠᠨ ᠪᠦᠰᠡᠬᠦᠢ ᠪᠠᠭᠤᠵᠤ | ᠲᠡᠯᠬᠡᠬᠦᠷ ᠲᠤ ᠤᠷᠤᠵᠤ᠂ ᠲᠦᠳᠡ ᠤᠳᠠᠯ ᠦᠬᠡᠢ ᠪᠤᠴᠠᠵᠤ ᠭᠠᠷᠤᠭᠠᠤᠨ ᠮᠠᠰᠢᠨ ᠳᠤ ᠤᠷᠤᠴᠢᠬᠠᠪᠠ᠃ ᠬᠠᠷ᠎ᠠ | ᠮᠠᠰᠢᠨ ᠠᠯᠭᠤᠷᠬᠠᠨ ᠪᠦᠮᠪᠦᠷᠢᠭᠰᠡᠬᠡᠷ ᠭᠤᠳᠤᠮᠵᠢ ᠦᠭᠰᠦᠬᠦᠯᠦᠨ ᠵᠦᠰᠡᠷ ᠪᠤᠷᠤᠭᠠᠨ ᠳᠤ ᠠᠷᠴᠢᠭᠳᠠᠨ ᠤᠤᠨᠬᠤ ᠳᠤ | ᠴᠡᠩᠬᠡᠷ ᠲᠡᠪᠢᠰᠬᠡᠷ ᠲᠠᠢ ᠴᠠᠭᠠᠨ ᠳ᠋ᠤᠭᠠᠷ ᠪᠦᠰᠡᠬᠦᠢ ᠶᠢᠨ ᠬᠠᠷᠠᠭᠠᠨ ᠳᠤ ᠲᠤᠳᠤᠬᠠᠨ ᠬᠠᠷᠠᠭᠳᠠᠭᠠᠤᠨ ᠲᠡᠯᠳᠡ | ᠤᠷᠤᠪᠠ᠃ | — ᠦᠬᠡᠢ ᠪᠢ ᠴᠤ ᠤᠳᠤ ᠶᠠᠭᠤ ᠬᠠᠷᠠᠭᠠᠤᠨ ᠵᠤᠭᠰᠤᠵᠤ ᠪᠠᠶᠢᠳᠠᠭ ᠬᠦᠮᠦᠨ ᠪᠤᠢ ᠬᠡᠵᠤ ᠦᠪᠡᠷ ᠢ ᠪᠠᠨ | ᠱᠤᠤᠯᠠᠨ ᠢᠨᠢᠶᠡᠭᠡᠳ ᠭᠠᠯ ᠲᠤᠭᠤᠭᠠᠨ ᠤ ᠦᠷᠦᠬᠡ ᠤᠷᠤᠭᠤ ᠪᠠᠨ ᠡᠷᠬᠢᠪᠡ᠃ | ᠨᠠᠮᠤᠬᠠᠨ ᠨᠦᠬᠦᠷ ᠢᠶᠠᠨ ᠲᠠᠭᠠᠵᠤ ᠡᠨᠡᠬᠦ ᠬᠦᠮᠦᠨ ᠤ ᠲᠠᠯᠠᠢ ᠪᠤᠯᠤᠭᠰᠠᠨ ᠬᠤᠳᠠ ᠳᠤ ᠢᠷᠡᠬᠡᠤᠨ ᠨᠡᠯᠢᠶᠡᠤᠨ | ᠤᠳᠠᠵᠤ ᠪᠠᠶᠢᠭ᠎ᠠ ᠪᠢᠯᠡ᠃ ᠨᠦᠬᠦᠷ ᠨᠢ ᠬᠡᠷ ᠤᠨ ᠴᠢᠮᠡᠭᠯᠡᠯ ᠤᠨ ᠮᠡᠲ᠋ᠧᠷᠢᠶᠡᠯ ᠦᠢᠯᠡᠤᠨᠪᠦᠷᠢᠯᠡᠨ ᠪᠤᠷᠤᠯᠠᠭᠤᠯᠬᠤ | ᠺᠤᠮᠫᠠᠨᠢ ᠳᠤ ᠠᠵᠢᠯᠯᠠᠳᠠᠭ᠃ ᠴᠡᠯᠢᠩ ᠮᠦᠡᠭᠬᠦ ᠴᠤ ᠨᠡᠯᠢᠶᠡᠤᠨ ᠬᠦᠷᠳᠡᠳᠡᠭ᠃ ᠨᠠᠮᠤᠬᠠᠨ ᠦᠪᠡᠷ ᠢᠶᠠᠨ ᠬᠡᠷ | ᠵᠠᠭᠤᠷ᠎ᠠ ᠪᠠᠨ ᠪᠠᠶᠢᠳᠠᠭ ᠪᠦᠬᠡᠤᠨ ᠤᠶᠢᠷ᠎ᠠ ᠶᠢᠨ ᠬᠤᠶᠠᠷ ᠵᠢᠯ ᠢ ᠬᠡᠤᠬᠡᠤᠨ ᠲᠤ ᠪᠠᠨ ᠵᠤᠷᠢᠭᠤᠯᠵᠤ ᠶᠤᠰᠤᠳᠠᠢ | ᠬᠡᠷ ᠠᠴᠠ ᠴᠤᠬᠤᠶᠢᠯ ᠦᠬᠡᠢ ᠦᠡᠭᠬᠡᠷᠡᠬᠡᠵᠡᠢ᠃ | ᠬᠦᠳᠡᠭᠡ ᠪᠠᠨ ᠨᠤᠳᠤᠭ ᠪᠡᠯᠴᠢᠬᠡᠷ ᠲᠠᠢ ᠬᠡᠳᠡᠭ ᠴᠤ ᠨᠦᠬᠦᠷ ᠨᠢ ᠬᠦᠳᠡᠭᠡ ᠭᠠᠵᠠᠷ ᠰᠠᠭᠤᠬᠤ ᠶᠢ ᠡᠷᠡᠰ | ᠡᠰᠡᠷᠬᠦᠴᠡᠭᠰᠡᠨ ᠤᠴᠢᠷ ᠪᠡᠯᠴᠢᠬᠡᠷ ᠢᠶᠠᠨ ᠬᠠᠵᠠᠭᠤ ᠰᠠᠭᠠᠬᠠᠯᠳᠠ ᠠᠶᠢᠯ ᠳᠤ ᠪᠠᠨ ᠲᠦᠷᠢᠶᠡᠰᠦᠯᠡᠬᠦᠯᠵᠤ ᠦᠭᠬᠦᠬᠡᠤᠨ | ᠡᠶᠢᠨ ᠬᠦ ᠶᠠᠪᠤᠭ᠎ᠠ ᠨᠢ ᠡᠨᠡ᠃ ᠪᠦᠰᠡᠬᠦᠢ ᠪᠠᠭ᠎ᠠ ᠠᠴᠠ ᠪᠠᠨ ᠬᠦᠳᠡᠭᠡ ᠦᠰᠴᠤ᠂ ᠮᠠᠯ ᠤᠨ ᠠᠨᠢᠷ ᠲᠤ ᠪᠠᠭ᠎ᠠ | ᠨᠠᠰᠤ ᠪᠠᠨ ᠦᠡᠭᠬᠡᠷᠡᠬᠦᠯᠥᠭᠰᠡᠨ ᠪᠤᠯᠬᠤᠷ ᠲᠡᠷᠡ ᠤᠤ᠂ ᠬᠤᠳᠠ ᠶᠢᠨ ᠠᠮᠢᠳᠤᠷᠠᠯ ᠲᠡᠬᠦᠨ ᠳᠤ ᠲᠡᠩᠳᠡᠬᠦᠤ ᠬᠦᠢᠳᠡᠨ | ᠴᠡᠪᠳᠡᠭ ᠪᠠᠶᠢᠬᠤ ᠰᠢᠭ᠋ ᠰᠠᠨᠠᠭᠳᠠᠬᠤ ᠤᠳᠠᠭ᠎ᠠ ᠴᠤ ᠪᠠᠶᠢᠳᠠᠭ ᠰᠠᠨ᠃ ᠲᠡᠷᠡ ᠪᠠᠷ ᠬᠦᠳᠡᠭᠡ ᠨᠤᠳᠤᠭ ᠢᠶᠠᠨ ᠲᠦᠢᠯ | ᠦᠬᠡᠢ ᠮᠦᠷᠦᠬᠡᠳᠦᠨ ᠰᠠᠨᠠᠳᠠᠭ ᠪᠤᠯᠪᠠᠴᠤ ᠬᠤᠳᠠ ᠲᠠᠢ ᠮᠠᠯ ᠢᠶᠠᠨ ᠬᠤᠳᠠᠯᠳᠤᠴᠢᠬᠠᠭᠠᠤᠨ ᠢᠷᠡᠭᠰᠡᠨ ᠲᠡᠬᠦᠨ ᠳᠤ | ᠬᠠᠷᠢᠬᠤ ᠶᠢᠨ ᠰᠠᠨᠠᠭ᠎ᠠ ᠲᠦᠷᠦᠭᠳᠡᠳᠡᠭ ᠴᠤ ᠲᠡᠶᠢᠮᠦ ᠬᠦᠴᠦ ᠲᠠᠩᠴᠤ ᠦᠬᠡᠢ ᠶᠠᠪᠤᠭᠰᠠᠨ ᠡ᠃ ᠪᠤᠳᠤᠯ ᠢᠶᠠᠷ ᠢᠶᠠᠨ | ᠵᠤᠭᠠᠴᠠᠭᠰᠠᠭᠠᠷ ᠪᠦᠰᠡᠬᠦᠢ ᠬᠤᠭᠤᠯᠠ ᠪᠠᠨ ᠪᠡᠯᠡᠨ ᠪᠤᠯᠭᠠᠵᠠᠢ᠃ ᠬᠦᠤ ᠨᠢ ᠰᠡᠷᠡᠴᠢᠬᠡᠭᠰᠡᠨ ᠨᠦᠢᠷᠮᠤᠭ ᠨᠢᠳᠦ ᠪᠠᠨ | ᠨᠤᠬᠤᠯᠠᠨ ᠵᠠᠯᠬᠠᠭᠤᠳᠠᠶᠢᠬᠠᠨ ᠤᠷᠴᠢᠨ ᠢᠶᠠᠨ ᠲᠤᠭᠤᠷᠢᠭᠤᠯᠤᠨ ᠬᠠᠷᠠᠨ᠎ᠠ᠃ | — ᠬᠦᠶ᠋ᠢ ᠡᠵᠢ ᠶᠢᠨ ᠬᠦᠤ ᠨᠢ ᠰᠡᠷᠡᠴᠢᠬᠡᠭᠰᠡᠨ ᠶᠤᠮ ᠤᠤ ᠬᠡᠤᠨ ᠨᠠᠮᠤᠬᠠᠨ ᠬᠦᠤ ᠶᠢᠨ ᠢᠶᠠᠨ ᠲᠡᠷᠬᠡᠳᠡ | ᠢᠷᠡᠪᠡ᠃ | — ᠠᠪᠤ ᠨᠢ ᠢᠷᠡᠵᠤ ᠪᠠᠶᠢᠨ᠎ᠡ ᠤᠤ᠂ ᠬᠤᠶᠠᠭᠤᠯᠠ ᠨᠢᠬᠡ ᠦᠵᠡᠳᠡᠬᠡᠶᠡ ᠬᠡᠤᠨ ᠬᠦᠤ ᠪᠠᠨ ᠨᠢᠮᠬᠡᠨ | ᠲᠠᠩᠰᠠᠨ ᠳᠤ ᠤᠷᠢᠶᠠᠵᠤ ᠴᠤᠩᠬᠤᠨ ᠲᠦᠰᠢᠶ᠎ᠡ ᠤᠴᠢᠪᠡ᠃ | ᠠᠵᠢᠯ ᠪᠠᠭᠤᠬᠤ ᠴᠠᠭ ᠲᠦᠬᠦᠭᠰᠡᠨ ᠤᠴᠢᠷ ᠲᠡᠷᠳᠡᠭᠡ ᠲᠤᠤᠷᠠᠬᠢ ᠲᠡᠷᠬᠡᠨ ᠵᠤᠭᠰᠤᠭᠠᠯ ᠳᠤ ᠤᠶᠢᠷ᠎ᠠ | ᠬᠠᠪᠢ ᠶᠢᠨ ᠠᠶᠢᠯ ᠤᠳ ᠤᠨ ᠮᠠᠰᠢᠨ ᠪᠤᠯᠤᠯᠳᠠᠢ ᠵᠦᠢᠯ ᠵᠢᠰᠤᠮ ᠤᠨ ᠮᠠᠰᠢᠨ ᠤᠪᠤᠨ ᠴᠤᠪᠤᠨ ᠢᠷᠡᠵᠤ ᠵᠤᠭᠰᠤᠨ᠎ᠠ᠃ | ᠨᠢᠬᠡ ᠬᠠᠷ᠎ᠠ ᠮᠠᠰᠢᠨ ᠠᠭᠠᠵᠢᠮᠬᠠᠨ ᠭᠤᠯᠭᠤᠨ ᠢᠷᠡᠵᠤ ᠵᠤᠭᠰᠤᠬᠤ ᠨᠢ ᠬᠠᠷᠠᠭᠳᠠᠪᠠ᠃ ᠨᠠᠮᠤᠬᠠᠨ ᠰᠤᠴᠢᠰᠬᠢᠪᠡ᠃ | — ᠦᠨᠦ ᠮᠠᠰᠢᠨ ᠪᠢᠰᠢ ᠶᠤᠮ ᠤᠤ ᠬᠡᠵᠤ ᠠᠩᠬᠠᠷᠤᠨ ᠬᠠᠷᠠᠳᠠᠯ᠎ᠠ ᠡᠬᠦᠳᠡ ᠨᠢ ᠨᠡᠬᠡᠬᠡᠭᠳᠡᠨ ᠨᠦᠬᠦᠷ ᠨᠢ | ᠠᠷᠤ ᠶᠢᠨ ᠰᠠᠭᠤᠳᠠᠯ ᠠᠴᠠ ᠪᠠᠭᠤᠭᠠᠤᠨ ᠢᠷᠡᠬᠦ ᠨᠢ ᠲᠤᠳᠤᠬᠠᠨ ᠬᠠᠷᠠᠭᠳᠠᠪᠠ᠃ ᠲᠠᠮᠠᠢ ᠤᠳᠠᠭᠰᠠᠨ ᠦᠬᠡᠢ ᠨᠦᠬᠦᠬᠡ | ᠮᠠᠰᠢᠨ ᠶᠠᠪᠤᠵᠤ ᠤᠤᠨᠪᠠ᠃ ᠮᠦᠨ ᠬᠦ ᠨᠦᠬᠦᠬᠡ ᠳ᠋ᠤᠭᠠᠷ ᠪᠦᠰᠡᠬᠦᠢ ᠳᠤ ᠲᠤᠳᠤᠬᠠᠨ ᠬᠠᠷᠠᠭᠳᠠᠭᠠᠤᠨ ᠬᠤᠯᠠᠳᠠᠪᠠ᠃ | — ᠶᠤᠬᠤ᠂ ᠶᠠᠭᠠᠬᠢᠭᠰᠠᠨ ᠰᠦᠷᠠᠬᠡᠢ ᠪᠤᠷᠤᠭᠠᠨ ᠲᠠᠢ ᠡᠳᠦᠷ ᠪᠤᠢ ᠬᠡᠭᠰᠡᠬᠡᠷ ᠬᠦᠰᠡᠯᠡᠩ ᠡᠪᠬᠡᠭᠡᠰᠦᠳᠡᠢ | ᠰᠢᠬᠦᠷ ᠪᠠᠷᠢᠵᠤ ᠤᠷᠤᠵᠤ ᠢᠷᠡᠪᠡ᠃ ᠨᠠᠮᠤᠬᠠᠨ ᠤ ᠨᠢᠳᠦᠨ ᠳᠤ ᠨᠦᠬᠦᠬᠡ ᠯᠡ ᠰᠤᠯᠤᠩᠭᠠᠨ ᠦᠡᠭᠬᠡᠳᠡᠢ ᠰᠢᠬᠦᠷ | ᠲᠤᠰᠬᠤ ᠳᠤ ᠪᠦᠰᠡᠬᠦᠢ ᠲᠠᠬᠢᠨ ᠨᠢᠬᠡ ᠤᠳᠠᠭ᠎ᠠ ᠰᠤᠴᠢᠰᠬᠢᠪᠡ᠃ | — ᠴᠢ ᠮᠢᠨᠢ ᠬᠤᠪᠴᠠᠰᠤ ᠴᠢᠨᠢ ᠬᠠᠭᠤᠷᠠᠢ ᠪᠠᠶᠢᠬᠤ ᠴᠢᠨᠢ ᠲᠦᠷᠢᠶᠡᠰᠦᠨ ᠮᠠᠰᠢᠨ ᠢᠶᠠᠷ ᠢᠷᠡᠭᠡ ᠤᠤ ᠬᠡᠵᠤ | ᠠᠰᠠᠭᠤᠴᠢᠬᠠᠭᠠᠤᠨ᠂ ᠶᠠᠭᠤ ᠲᠠᠢ ᠢᠷᠡᠭᠰᠡᠨ ᠢ ᠨᠢ ᠬᠠᠷᠠᠴᠢᠬᠠᠭᠰᠠᠨ ᠪᠠᠶᠢᠳᠠᠯ᠎ᠠ ᠢᠡᠭᠬᠢᠵᠤ ᠠᠰᠠᠭᠤᠭᠰᠠᠨ ᠳᠤ ᠪᠠᠨ | ᠦᠪᠡᠷ ᠢ ᠪᠠᠨ ᠭᠠᠶᠢᠬᠠᠪᠠ᠃ | — ᠦᠬᠡᠢ ᠡ᠂ ᠬᠠᠨᠢ ᠨᠢ ᠵᠠᠬᠢᠷᠤᠯ ᠤᠨ ᠵᠢᠯᠤᠭᠤᠴᠢ ᠪᠠᠷ ᠬᠦᠷᠬᠡᠬᠦᠯᠵᠤ ᠢᠷᠡᠯ᠎ᠡ ᠰᠢᠤ ᠬᠡᠤᠨ | ᠤᠬᠢᠶᠠᠯᠭ᠎ᠠ ᠶᠢᠨ ᠦᠷᠦᠬᠡ ᠤᠷᠤᠭᠤ ᠤᠷᠤᠪᠠ᠃ | ᠡᠪ ᠡᠩ ᠤᠨ ᠠᠮᠢᠳᠤᠷᠠᠯ ᠡᠬᠡᠯᠬᠡᠨ ᠪᠤᠷᠤ ᠡᠳᠦᠷ ᠤᠳ ᠦᠡᠭᠬᠡᠷᠡᠵᠤ ᠦᠴᠦᠬᠡᠳᠦᠷ ᠤᠨ ᠦᠢᠯᠡᠳᠦᠯ ᠢᠶᠠᠨ | ᠦᠨᠦᠳᠦᠷ ᠲᠡᠪᠳᠠᠨ ᠬᠤᠷᠸ᠎ᠠ ᠤᠷᠴᠢᠭᠰᠠᠭᠠᠷ ᠁ | ᠲᠤᠮᠤ ᠦᠷᠦᠬᠡᠨ ᠠᠴᠠ ᠤᠨᠳᠠᠯᠭ᠎ᠠ ᠶᠢᠨ ᠦᠷᠦᠬᠡ ᠬᠦᠷᠳᠡᠯ᠎ᠡ ᠡᠯᠳᠡᠪ ᠲᠤᠭᠯᠠᠭᠠᠮ ᠢᠶᠠᠨ ᠲᠡᠷᠬᠠᠭᠠᠵᠤ | ᠦᠪᠡᠷ ᠢ ᠪᠠᠨ ᠰᠠᠭᠠᠳᠠᠭᠤᠯᠤᠨ ᠲᠤᠭᠯᠠᠬᠤ ᠬᠦᠤ ᠪᠠᠨ ᠦᠬᠦᠬᠡᠷᠳᠦᠨ ᠬᠠᠷᠠᠭᠰᠠᠨ ᠨᠠᠮᠤᠬᠠᠨ ᠲᠠᠯ᠎ᠠ ᠠᠴᠠ ᠨᠢ | ᠬᠤᠷᠢᠶᠠᠵᠤ ᠲᠢᠭᠯᠡᠬᠦᠯᠵᠤ ᠰᠠᠭᠤᠳᠠᠯ᠎ᠠ ᠭᠠᠷ ᠤᠳᠠᠰᠤ ᠨᠢ ᠴᠡᠴᠡᠬᠢᠨᠡᠨ ᠲᠤᠤᠭᠠᠷᠪᠡ᠃ | — ᠪᠠᠶᠢᠨ᠎ᠡ ᠤᠤ︖ | — ᠵᠠ᠂ ᠬᠡᠨ ᠪᠤᠢ︖ | — ᠬᠦᠰᠡᠯᠡᠩ ᠤᠨ ᠬᠡᠷ ᠤᠨ ᠬᠢ ᠤᠤ︖ | — ᠪᠢ ᠮᠦᠨ ᠪᠠᠶᠢᠨ᠎ᠡ ᠡ᠂ | — ᠶᠠᠭᠠᠷᠠᠯᠳᠠᠢ ᠡᠮᠨᠡᠯᠬᠡ ᠲᠡᠬᠡᠷ᠎ᠡ ᠢᠷᠡᠬᠦ ᠤᠤ︖ | ᠨᠠᠮᠤᠬᠠᠨ ᠡᠬᠡᠷᠡᠵᠤ ᠲᠦᠭᠳᠡᠴᠢᠨ ᠲᠡᠮᠡᠢ ᠯᠠ ᠪᠦᠯᠳᠡᠬᠡᠨᠡᠨᠡ᠃ ᠬᠦᠤ ᠪᠠᠨ ᠰᠠᠩᠳᠠ ᠮᠠᠩᠳᠠ | ᠬᠤᠪᠴᠠᠰᠤᠯᠠᠭᠠᠤᠨ ᠱᠠᠳᠤ ᠤᠷᠤᠭᠤᠳᠠᠨ ᠶᠠᠭᠠᠷᠠᠪᠴᠢᠯᠠᠨ ᠪᠠᠭᠤᠭᠠᠤᠨ ᠲᠦᠷᠢᠶᠡᠰᠦᠨ ᠲᠡᠷᠬᠡ ᠬᠠᠶᠢᠵᠤ ᠲᠦᠡᠭᠬᠡᠵᠤ | ᠨᠢᠬᠡ ᠶᠠᠭᠤᠮ᠎ᠠ ᠵᠤᠭᠰᠤᠭᠠᠭᠠᠤᠨ ᠬᠡᠯᠡᠭᠰᠡᠨ ᠡᠮᠨᠡᠯᠬᠡ ᠤᠷᠤᠭᠤ ᠶᠠᠪᠤᠪᠠ᠃ ᠪᠠᠶᠢᠰᠬᠢᠬᠡᠤᠨ ᠯᠡ ᠳ᠋ᠸᠡᠭ ᠤᠨ ᠰᠤᠯᠢᠭᠳᠠᠯ | ᠪᠤᠯᠵᠤ ᠵᠤᠭᠰᠤᠬᠤ᠂ ᠨᠦᠬᠦᠬᠡ ᠤᠯᠠᠨ ᠬᠤᠷᠤᠬᠠᠢ ᠰᠢᠪᠡᠵᠢ ᠰᠢᠭ᠋ ᠮᠠᠰᠢᠨ ᠨᠢ ᠪᠦᠭᠯᠡᠷᠡᠵᠤ᠂ ᠪᠦᠰᠡᠬᠦᠢ ᠶᠢᠨ | ᠠᠭᠠᠰᠢ ᠶᠢ ᠪᠠᠷᠠᠵᠤ ᠪᠠᠶᠢᠯ᠎ᠠ᠃ ᠠᠷᠠᠢ ᠴᠢᠮᠠᠢ ᠡᠮᠨᠡᠯᠬᠡ ᠲᠡᠬᠡᠷ᠎ᠡ ᠢᠷᠡᠬᠦ ᠳᠤ ᠮᠠᠷᠢᠶᠠᠯᠢᠭ ᠪᠡᠶ᠎ᠡ ᠪᠤᠭᠤᠨᠢ ᠬᠦᠯ ᠲᠠᠢ | ᠬᠢᠵᠢᠶᠡᠯ ᠨᠠᠰᠤᠨ ᠤ ᠡᠷᠡᠭᠳᠡᠢ ᠤᠭᠳᠤᠵᠤ᠄ | — ᠬᠦᠰᠡᠯᠡᠩ ᠲᠤᠳᠤᠷ᠎ᠠ ᠦᠷᠦᠬᠡᠨ ᠳᠤ ᠠᠪᠤᠷᠠᠯᠳᠠ ᠬᠢᠵᠤ ᠪᠠᠶᠢᠨ᠎ᠡ ᠬᠡᠵᠤ ᠰᠡᠨᠳᠦᠴᠢᠨ ᠬᠡᠯᠡᠭᠰᠡᠨ ᠢᠶᠠᠨ | ᠨᠠᠮᠤᠬᠠᠨ ᠢ ᠴᠢᠷᠠᠶᠢᠴᠢᠯᠠᠩᠭᠤᠢ ᠬᠠᠷᠠᠪᠠ᠃ | — ᠶᠠᠭᠠᠬᠢᠭᠰᠠᠨ ᠪᠤᠢ᠂ ᠬᠦᠰᠡᠯᠡᠩ ᠶᠠᠭᠠᠬᠢᠭᠰᠠᠨ ᠪᠤᠢ ᠬᠡᠵᠤ ᠨᠠᠮᠤᠬᠠᠨ ᠬᠠᠰᠬᠢᠴᠠᠨ ᠠᠰᠠᠭᠤᠬᠤ ᠳᠤ | ᠬᠤᠭᠤᠯᠠᠢ ᠨᠢ ᠴᠡᠴᠡᠷᠬᠢᠯᠡᠨ ᠡᠬᠡᠳᠡᠢ ᠯᠡ ᠤᠷᠤᠰᠬᠤ ᠭᠡᠤᠨ ᠪᠠᠶᠢᠭ᠎ᠠ ᠨᠢᠯᠪᠤᠰᠤ ᠪᠠᠨ ᠬᠦᠴᠦᠯᠡᠨ ᠬᠤᠷᠢᠵᠤ ᠪᠠᠶᠢᠪᠠ᠃ | — ᠠᠢ᠂ ᠮᠠᠲ᠋ᠧᠷᠢᠶᠠᠯ ᠬᠤᠷᠢᠶᠠᠳᠠᠭ ᠬᠦᠮᠦᠷᠬᠡ ᠳᠤ ᠪᠦᠷᠢᠤᠨᠬᠡᠯ ᠬᠢᠬᠦ ᠬᠡᠵᠤ ᠬᠡᠳᠦᠬᠦᠯᠡ ᠤᠷᠤᠭᠠᠤᠨ ᠶᠠᠭ | ᠠᠷᠤ ᠳᠤ ᠨᠢ ᠪᠠᠶᠢᠭᠰᠠᠨ ᠮᠤᠳᠤᠨ ᠬᠠᠭᠠᠯᠭ᠎ᠠ ᠨᠤᠷᠠᠵᠤ ᠰᠡᠷᠬᠦᠯᠡᠩ ᠢ ᠲᠠᠷᠤᠮᠠᠷ ᠪᠠᠶᠢᠭᠰᠠᠨ ᠢ ᠬᠦᠰᠡᠯᠡᠩ ᠠᠮᠵᠢᠵᠤ | ᠤᠷᠢᠳᠡ ᠨᠢ ᠤᠷᠤᠭᠠᠤᠨ ᠬᠡᠮᠳᠦᠴᠢᠬᠡᠯᠡ ᠬᠡᠤᠨ ᠠᠪᠤᠷᠠᠯᠳᠠ ᠶᠢᠨ ᠬᠡᠷ ᠤᠨ ᠬᠠᠭᠠᠯᠭ᠎ᠠ ᠶᠢ ᠲᠦᠰᠢᠨ ᠵᠤᠭᠰᠤᠭᠰᠠᠨ | ᠪᠦᠰᠡᠬᠦᠢ ᠵᠦᠭ ᠬᠠᠷᠠᠪᠠ᠃ | ᠴᠠᠰᠢ ᠬᠠᠷᠠᠵᠤ ᠵᠤᠭᠰᠤᠭᠰᠠᠨ ᠲᠡᠷᠡ ᠪᠦᠰᠡᠬᠦᠢ ᠶᠢᠨ ᠠᠷᠤ ᠶᠢᠨ ᠪᠠᠷ᠎ᠠ ᠲᠡᠷᠡ ᠨᠠᠷᠢᠨ ᠦᠰᠦᠬᠡᠶᠢᠳᠡᠢ ᠭᠠᠨᠭ᠍ᠭᠠᠡᠭ | ᠱᠠᠬᠠᠢ ᠠᠷᠭ᠎ᠠ ᠦᠬᠡᠢ ᠲᠠᠨᠢᠯ ᠬᠠᠷᠠᠭᠳᠠᠪᠠᠴᠤ ᠬᠠᠮᠢᠭ᠎ᠠ ᠬᠠᠷᠠᠭᠰᠠᠨ ᠢᠶᠠᠨ ᠲᠡᠷᠡᠬᠡᠨ ᠵᠠᠭᠤᠷ᠎ᠠ ᠪᠤᠳᠤᠵᠤ ᠤᠯᠤᠭᠰᠠᠨ | ᠦᠬᠡᠢ᠂ ᠪᠤᠳᠤᠬᠤ ᠶᠢ ᠴᠤ ᠬᠦᠰᠡᠭᠰᠡᠨ ᠦᠬᠡᠢ ᠪᠢᠵᠠ᠃ | ᠠᠪᠤᠷᠠᠯᠳᠠ ᠶᠢᠨ ᠦᠷᠦᠬᠡᠨ ᠤ ᠡᠬᠦᠳᠡ ᠨᠡᠬᠡᠬᠡᠭᠳᠡᠵᠤ ᠡᠮᠴᠢ ᠭᠠᠷᠴᠤ ᠢᠷᠡᠬᠦ ᠳᠤ ᠨᠠᠮᠤᠬᠠᠨ ︿ᠪᠢ ᠤᠳᠤ ᠶᠠᠭᠤ | ᠰᠤᠨᠤᠰᠬᠤ ᠪᠤᠯ﹀ ᠬᠡᠰᠡᠨ ᠲᠦᠭᠰᠢᠬᠦᠷᠢᠳᠦ ᠪᠤᠳᠤᠯ ᠲᠠᠢ ᠲᠦᠬᠦᠵᠤ ᠤᠴᠢᠪᠠᠯ᠄ | ᠲᠠ ᠬᠦᠰᠡᠯᠡᠩ ᠤᠨ ᠬᠡᠷ ᠤᠨ ᠬᠦᠮᠦᠨ ᠤᠤ︖ | — ᠲᠡᠶᠢᠮᠦ ᠡ᠂ ᠪᠢ ᠬᠡᠷᠬᠡᠢ ᠨᠢ ᠪᠠᠶᠢᠨ᠎ᠡ᠂ | — ᠵᠠ ᠨᠦᠬᠦᠷ ᠴᠢᠨᠢ ᠠᠮᠢ ᠨᠠᠰᠤᠨ ᠤ ᠠᠶᠤᠯ ᠠᠴᠠ ᠬᠡᠯᠳᠦᠷᠢᠭᠰᠡᠨ ᠡ᠂ ᠬᠡᠬᠦ ᠳᠤ ᠪᠠᠨ | ᠨᠢᠷᠤᠭᠤᠨ ᠳᠤ ᠪᠠᠨ ᠶᠡᠭᠡ ᠬᠡᠮᠳᠦᠯ ᠠᠪᠤᠭᠰᠠᠨ ᠤᠴᠢᠷ ᠬᠦᠯ ᠲᠡᠬᠡᠷ᠎ᠡ ᠪᠠᠨ ᠪᠤᠰᠬᠤ ᠨᠢ ᠨᠡᠯᠢᠶᠡᠤᠨ ᠤᠷᠳᠤ | ᠬᠤᠭᠤᠴᠠᠭᠠᠨ ᠤ ᠡᠮᠴᠢᠯᠡᠭᠡ ᠰᠤᠪᠢᠯᠠᠯᠳᠠ ᠱᠠᠭᠠᠷᠳᠠᠭᠳᠠᠨ᠎ᠠ ᠬᠡᠵᠤ ᠬᠡᠯᠡᠬᠡᠤᠨ ᠴᠠᠰᠢ ᠬᠤᠯᠠᠳᠠᠪᠠ᠃ | ᠡᠮᠨᠡᠯᠬᠡ ᠶᠢᠨ ᠲᠤᠮᠤ ᠠᠰᠠᠷ ᠲᠡᠷᠡ ᠴᠡᠭ ᠢᠶᠠᠷ ᠢᠶᠠᠨ ᠲᠡᠬᠡᠷ᠎ᠡ ᠠᠴᠠ ᠨᠢ ᠢᠪ ᠲᠠᠷᠤᠭᠠᠤᠨ ᠢᠷᠡᠬᠦ ᠰᠢᠭ | ᠨᠠᠮᠤᠬᠠᠨ ᠳᠤ ᠪᠤᠳᠤᠭᠳᠠᠪᠠ᠃ ᠡᠨᠡ ᠬᠡᠨᠡᠤᠨᠳᠡ ᠶᠢᠨ ᠭᠠᠢ ᠪᠦᠰᠡᠬᠦᠢ ᠶᠢ ᠪᠠᠯᠠᠭ ᠠᠯᠳᠠᠭᠤᠯᠵᠠᠢ᠃ ᠲᠡᠮᠡᠢ ᠯᠡ ᠡᠬᠦᠳᠡ | ᠰᠠᠬᠢᠵᠤ ᠵᠤᠭᠰᠤᠭᠰᠠᠨ ᠰᠠᠷᠬᠦᠯᠡᠩ ᠤᠨ ᠴᠢᠷᠠᠢ ᠳᠤ ᠠᠶᠤᠭᠰᠠᠨ ᠲᠦᠷᠬᠦ ᠵᠣᠷᠪᠤᠰᠬᠠᠨ ᠢᠯᠡᠷᠡᠬᠡᠤᠨ ᠦᠯᠦ ᠮᠡᠳᠡᠭ | ᠰᠠᠨᠠᠭ᠎ᠠ ᠠᠯᠳᠠᠭᠠᠤᠨ ᠭᠤᠳᠤᠮᠵᠢᠨ ᠤ ᠰᠠᠨᠳᠠᠯᠢ ᠲᠡᠬᠡᠷ ᠤᠴᠢᠵᠤ ᠰᠠᠭᠤᠪᠠ᠃ | ᠬᠡᠳᠦᠨ ᠡᠳᠦᠷ ᠤᠨ ᠡᠮᠴᠢᠯᠡᠭᠡ ᠰᠤᠪᠢᠯᠠᠯᠳᠠ ᠪᠠᠷ ᠬᠦᠰᠡᠯᠡᠩ ᠤᠬᠠᠭ᠎ᠠ ᠤᠷᠤᠵᠤ ᠪᠦᠷᠢᠮᠣᠰᠦᠨ ᠰᠡᠷᠬᠦᠪᠡ᠃ | ᠡᠮᠨᠡᠯᠬᠡ ᠬᠡᠷ ᠬᠡᠵᠤ ᠤᠨᠠᠳᠠᠯ᠎ᠠ ᠶᠠᠳᠠᠷᠠᠭᠰᠠᠨ ᠪᠦᠰᠡᠬᠦᠢ ᠠᠷᠭ᠎ᠠ ᠪᠤᠰᠤ ᠡᠵᠢ ᠪᠠᠨ ᠲᠠᠭᠤᠳᠠᠵᠤ ᠬᠤᠳᠠ ᠳᠤ | ᠠᠪᠴᠢᠷᠠᠪᠠ᠃ ᠬᠠᠨᠢ ᠨᠢ ᠬᠡᠨᠡᠤᠨᠳᠡ ᠶᠢᠨ ᠭᠠᠢ ᠵᠤᠪᠠᠯᠠᠩ ᠳᠤ ᠬᠡᠪᠳᠡᠷᠢ ᠳᠤ ᠤᠷᠤᠭᠰᠠᠨ ᠪᠤᠯᠪᠠᠴᠤ ᠨᠠᠮᠤᠬᠠᠨ | ᠬᠠᠵᠠᠭᠤ ᠳᠤ ᠨᠢ ᠰᠡᠬᠦᠳᠡᠷ ᠰᠢᠭ ᠰᠠᠯᠤᠯ ᠦᠬᠡᠢ ᠰᠤᠪᠢᠯᠠᠨ᠎ᠠ᠃ ᠬᠦᠰᠡᠯᠡᠩ ᠬᠡᠮᠳᠦᠯ ᠠᠪᠤᠭᠰᠠᠨ ᠤ ᠡᠬᠢᠨ ᠤ ᠬᠡᠳᠦᠨ | ᠬᠤᠨᠤᠭ ᠰᠡᠷᠬᠦᠯᠡᠩ ᠢᠷᠡᠳᠡᠭ ᠪᠠᠶᠢᠭᠰᠠᠨ ᠴᠤ ᠨᠠᠮᠤᠬᠠᠨ ᠤ ︽ᠬᠡᠷᠡᠭ ᠦᠬᠡᠢ︾ ᠬᠡᠰᠡᠨ ᠡᠷᠡᠰᠬᠡᠨ ᠦᠬᠡᠨ ᠳᠤ | ᠨᠠᠭᠠᠰᠢ ᠵᠦᠭᠯᠡᠬᠦ ᠪᠠᠨ ᠪᠤᠯᠢᠭᠰᠠᠨ ᠪᠠᠶᠢᠯ᠎ᠠ᠃ | ᠲᠡᠭᠷᠢ ᠰᠠᠭᠠᠷᠠᠯᠳᠤᠵᠤ ᠡᠬᠦᠯᠡ ᠨᠡᠪᠴᠢᠨ ᠨᠡᠬᠦᠭᠰᠡᠨ ᠨᠢᠬᠡᠨ ᠡᠳᠦᠷ ᠡᠮᠨᠡᠯᠬᠡ ᠶᠢᠨ ᠤᠷᠤᠨ ᠲᠡᠬᠡᠷ᠎ᠡ ᠬᠡᠪᠳᠡᠬᠦ | ᠨᠦᠬᠦᠷ ᠤᠨ ᠢᠶᠠᠨ ᠬᠦᠯ ᠢ ᠨᠤᠬᠤᠯᠠᠨ ᠰᠠᠭᠤᠭᠰᠠᠨ ᠨᠠᠮᠤᠬᠠᠨ ᠳᠤ᠄ | — ᠡᠮᠨᠡᠯᠬᠡ ᠶᠢᠨ ᠡᠬᠦᠳᠡᠨ ᠲᠡᠬᠡᠷ᠎ᠡ ᠨᠢᠬᠡ ᠪᠦᠰᠡᠬᠦᠢ ᠲᠡᠨ ᠢ ᠲᠠᠭᠤᠳᠠᠵᠤ ᠪᠠᠶᠢᠨ᠎ᠡ᠂ ᠬᠡᠰᠡᠨ | ᠰᠤᠪᠢᠯᠠᠭᠴᠢ ᠶᠢᠨ ᠦᠬᠡ ᠪᠠᠷ ᠡᠬᠦᠳᠡ ᠲᠦᠬᠦᠵᠤ ᠤᠴᠢᠪᠠᠯ ᠬᠠᠮᠤᠭ ᠲᠦᠷᠦᠬᠦᠨ ᠳᠤ ᠨᠢᠳᠦᠨ ᠳᠤ ᠲᠤᠷᠬᠤ ᠬᠠᠷ᠎ᠠ | ᠮᠠᠰᠢᠨ ᠁ ᠨᠠᠮᠤᠬᠠᠨ ᠲᠠᠭᠵᠢᠰᠬᠢᠪᠡ᠃ | — ᠲᠠ ᠬᠤᠶᠠᠷ ᠭᠠᠶᠢᠭᠤᠢ ᠪᠢᠵᠠ ᠬᠡᠰᠡᠨ ᠲᠠᠭᠤᠨ ᠢᠶᠠᠷ ᠰᠡᠷᠬᠦᠯᠡᠩ ᠢᠷᠡᠭᠰᠡᠨ ᠢ ᠰᠠᠶ᠋ᠢ ᠠᠩᠵᠠᠭᠠᠷᠠᠪᠠ᠃ | — ᠲᠠᠵᠢ ᠦᠬᠡᠢ ᠬᠡᠵᠤ ᠨᠠᠮᠤᠬᠠᠨ ᠵᠦᠬᠡᠯᠡᠨ ᠲᠤᠤᠭᠠᠷᠪᠠ᠃ | — ᠦᠨᠦᠳᠦᠷ ᠪᠢ ᠲᠠᠨ ᠳᠤ ᠨᠢᠬᠡ ᠵᠦᠢᠯ ᠢ ᠶᠠᠷᠢᠬᠤ ᠬᠡᠤᠨ ᠬᠡᠰᠡᠨ ᠢᠶᠠᠨ ᠲᠤᠷᠤᠭᠰᠢ ᠬᠠᠷᠠᠵᠤ᠂ | ᠭᠠᠷ ᠲᠤ ᠪᠠᠨ ᠪᠠᠷᠢᠭᠰᠠᠨ ᠮᠠᠰᠢᠨ ᠤ ᠲᠦᠯᠬᠢᠬᠦᠷ ᠢᠶᠠᠨ ᠤᠷᠤᠯᠳᠤᠪᠠ᠃ | — ᠠ᠂ ᠶᠠᠭᠤ ᠬᠡᠵᠤ ᠨᠠᠮᠤᠬᠠᠨ ᠰᠡᠷᠬᠦᠯᠡᠩ ᠢ ᠡᠭᠴᠡᠯᠡᠨ ᠰᠢᠷᠳᠡᠪᠡ᠃ | — ᠦᠬᠡᠢ᠂ ᠶᠠᠭᠤ ᠁ ᠶᠡᠷᠦ ᠨᠢ ᠬᠤᠶᠠᠭᠤᠯᠠ ᠨᠢᠬᠡ ᠰᠡᠯᠡᠬᠦᠤ ᠭᠠᠵᠠᠷ ᠤᠴᠢᠭᠠᠤᠨ ᠬᠡᠤᠨ ᠨᠠᠮᠤᠬᠠᠨ ᠤ | ᠪᠠᠭᠤᠤ ᠠᠴᠠ ᠲᠠᠳᠠᠨ ᠨᠦᠬᠦᠬᠡ ᠬᠠᠷ᠎ᠠ ᠮᠠᠰᠢᠨ ᠳᠤ ᠤᠷᠤᠪᠠ ᠁ | ᠬᠦᠰᠡᠯᠡᠩ ᠡᠳᠦᠷ ᠡᠳᠦᠷ ᠠᠴᠠ ᠢᠯᠡᠷᠢ ᠪᠤᠯᠵᠤ ᠡᠮᠨᠡᠯᠬᠡ ᠶᠢᠨ ᠡᠮᠴᠢ ᠰᠤᠪᠢᠯᠠᠭᠴᠢ ᠠᠳᠡ ᠠᠴᠠ ᠭᠠᠷᠴᠤ | ᠪᠤᠯᠬᠤ ᠶᠢ ᠵᠦᠪᠰᠢᠶᠡᠷᠡᠬᠦ ᠳᠤ ᠨᠠᠮᠤᠬᠠᠨ ᠪᠦᠬᠦ᠋ᠢᠯᠡ ᠵᠦᠢᠯ ᠢ ᠲᠢᠭ ᠲᠠᠭ ᠪᠡᠯᠡᠤᠨᠬᠡᠬᠡᠤᠨ ᠬᠦᠷᠳᠦᠳᠦ ᠰᠡᠨᠳᠡᠯᠢ | ᠲᠠᠬᠡᠷ᠎ᠡ ᠨᠦᠬᠦᠷ ᠢᠶᠠᠨ ᠰᠠᠭᠤᠯᠭᠠᠵᠤ ᠬᠡᠷ ᠲᠤ ᠪᠠᠨ ᠬᠠᠷᠢᠯ᠎ᠠ᠃ ᠲᠠᠷᠠ ᠤᠯᠠᠨ ᠰᠦᠨᠢ ᠶᠢ ᠨᠦᠢᠷ ᠬᠤᠭᠤᠯᠠ ᠦᠬᠡᠢ | ᠰᠢᠬᠠᠮ ᠲᠤᠭᠤᠴᠢᠨ ᠢᠷᠡᠭᠰᠡᠨ ᠪᠤᠯᠬᠤᠷ ᠨᠢᠳᠦ ᠨᠢ ᠤᠬᠤᠷᠬᠠᠢ ᠪᠠᠷ ᠢᠶᠠᠨ ᠬᠤᠨᠭ᠍ᠬᠤᠶᠢᠵᠤ᠂ ᠴᠢᠷᠠᠢ ᠨᠢ ᠰᠢᠷᠠᠩᠭᠤᠢ | ᠬᠠᠷᠠᠭᠳᠠᠨ᠎ᠠ᠃ ᠬᠦᠰᠡᠯᠡᠩ ᠪᠦᠰᠡᠬᠦᠢ ᠪᠠᠨ ᠲᠤᠳᠤᠷ᠎ᠠ ᠪᠠᠨ ᠦᠷᠦᠪᠳᠦᠬᠦ ᠠᠴᠠ ᠢᠯᠡᠬᠦᠳᠡᠢ ᠶᠠᠭᠤ ᠴᠤ ᠬᠢᠵᠤ ᠡᠰᠡ | ᠴᠢᠳᠠᠨ᠎ᠠ᠃ ᠬᠡᠷ ᠲᠤ ᠪᠠᠨ ᠢᠷᠡᠵᠤ ᠭᠤᠷᠪᠠ ᠬᠤᠨᠤᠭᠰᠠᠨ ᠤ ᠮᠠᠷᠭᠠᠰᠢ ᠦᠷᠯᠦᠬᠡ ᠨᠢ ᠨᠠᠮᠤᠬᠠᠨ ᠡᠷᠳᠡᠯᠡᠨ ᠪᠤᠰᠴᠤ | ᠴᠠᠢ ᠤᠰᠤ ᠪᠠᠨ ᠪᠡᠯᠡᠤᠨᠬᠡᠵᠤ᠂ ᠨᠦᠬᠦᠷ ᠤᠨ ᠢᠶᠠᠨ ᠢᠳᠡᠬᠦ ᠲᠤᠷᠠᠳᠠᠢ ᠪᠤᠷᠠᠮ ᠪᠠᠭᠰᠤᠷᠠᠭᠰᠠᠨ ᠬᠤᠶᠢᠴᠢᠯᠠᠭᠤᠷ | ᠪᠤᠭᠤᠷᠰᠤᠭ ᠢ ᠰᠢᠷᠡᠬᠡᠨ᠎ᠡ ᠦᠷᠦᠵᠤ ᠲᠠᠩᠰᠤᠭ ᠴᠠᠶᠢᠯᠠᠭᠰᠠᠨ ᠢᠶᠠᠨ ᠨᠦᠬᠦᠷ ᠲᠤ ᠪᠠᠨ ᠬᠠᠨᠳᠤᠵᠤ | — ᠬᠦᠰᠡᠯᠡᠩ ᠡ᠂ ᠬᠠᠨᠢ ᠨᠢ ᠴᠢᠮ᠎ᠠ ᠶᠢ ᠠᠪᠤᠭᠠᠤᠨ ᠬᠦᠳᠡᠭᠡ ᠳᠤ ᠪᠠᠨ ᠬᠠᠷᠢᠨᠡ᠂ ᠡᠨᠡ ᠬᠡᠷ ᠢᠶᠠᠨ | ᠠᠭᠠᠵᠢᠮ ᠰᠤᠷᠠᠭᠯᠠᠵᠤ ᠪᠠᠶᠢᠭᠠᠤᠨ ᠬᠤᠳᠠᠯᠳᠤᠴᠢᠬᠶᠠ᠃ ᠬᠦᠳᠡᠭᠡ ᠶᠢᠨ ᠠᠮᠤᠷ ᠠᠮᠤᠭᠤᠯᠠᠩ ᠤᠷᠴᠢᠨ ᠳᠤ | ᠴᠢᠮ᠎ᠠ ᠶᠢ ᠪᠠᠨ ᠠᠰᠠᠷᠠᠵᠤ ᠰᠡᠤᠨᠬᠢᠯ ᠵᠦᠳᠡᠬᠦ ᠵᠦᠢᠯ ᠦᠬᠡᠢ ᠠᠮᠢᠳᠤᠷᠠᠶᠡ ᠬᠡᠬᠦ ᠳᠤ ᠬᠦᠰᠡᠯᠡᠩ ᠪᠦᠰᠡᠬᠦᠢ ᠪᠠᠨ | ᠠᠩᠬ᠎ᠠ ᠬᠠᠷᠠᠵᠤ ᠪᠠᠶᠢᠨ᠎ᠡ ᠤᠤ ᠬᠡᠯᠳᠡᠢ ᠲᠤᠮᠤ ᠨᠢᠳᠦ ᠪᠠᠷ ᠬᠠᠷᠠᠭᠰᠠᠨ ᠢᠶᠠᠨ ᠶᠠᠭᠤ ᠨᠢᠬᠡ ᠶᠢ ᠬᠡᠯᠡᠬᠦ ᠬᠡᠰᠡᠨ ᠢᠶᠠᠨ | ᠪᠤᠯᠢᠵᠤ ᠴᠤᠩᠬᠤ ᠪᠠᠷ ᠬᠠᠷᠠᠭᠳᠠᠬᠤ ᠴᠡᠩᠬᠡᠷᠳᠦᠨ ᠪᠤᠢ ᠲᠡᠭᠷᠢ ᠶᠢᠨ ᠬᠠᠶᠠᠭ᠎ᠠ ᠶᠢ ᠰᠢᠷᠳᠡᠪᠡ᠃ | ᠬᠡᠳᠦ ᠬᠤᠨᠤᠭ ᠤᠨ ᠲᠤᠷᠰᠢ ᠴᠡᠪᠡᠷᠯᠡᠵᠤ ᠲᠢᠭᠯᠡᠬᠦᠯᠵᠤ ᠪᠦᠬᠦ ᠵᠦᠢᠯ ᠢᠶᠠᠨ ᠪᠤᠭᠤᠵᠤ ᠪᠠᠭᠯᠠᠭᠠᠤᠨ ᠨᠡᠬᠦᠯᠡ | ᠬᠡᠵᠥ ᠬᠦᠡᠭᠬᠡᠬᠡᠨ ᠶᠠᠷᠢᠬᠤ ᠳᠤ ᠴᠤ ᠴᠤᠤᠷᠢᠶ᠎ᠠ ᠬᠠᠳᠠᠮᠠ ᠬᠤᠭᠤᠰᠤᠨ ᠦᠷᠦᠬᠡᠨ ᠤ ᠱᠠᠬᠠᠢ ᠶᠢᠨ ᠲᠠᠯᠪᠢᠭᠤᠷ ᠤᠨ | ᠲᠡᠬᠡᠳᠦ ᠡᠯᠬᠦᠬᠦᠷ ᠲᠤ ᠰᠤᠯᠤᠩᠭᠠᠨ ᠦᠡᠭᠬᠡᠳᠡᠢ ᠰᠢᠬᠦᠷ ᠲᠤᠷᠠᠶᠢᠳᠠᠯ᠎ᠠ ᠦᠯᠡᠳᠡᠭᠰᠡᠨ ᠪᠠᠶᠢᠯ᠎ᠡ᠃ | ᠬᠡᠮᠳᠦᠯ ᠠᠴᠠ ᠬᠤᠶᠢᠰᠢ ᠬᠦᠰᠡᠯᠡᠩ ᠦᠬᠡᠷ᠎ᠡ ᠨᠢᠬᠡ ᠬᠥᠮᠥᠨ ᠪᠤᠯᠴᠢᠬᠠᠵᠠᠢ᠃ ᠦᠬᠡ ᠲᠠᠭᠤ ᠴᠦᠬᠡᠨ᠂ | ᠡᠳᠦᠷᠵᠢᠨ ᠬᠦᠤ ᠲᠠᠢ ᠪᠠᠨ ᠲᠤᠭᠯᠠᠨ᠎ᠠ᠃ ᠵᠢᠵᠢᠭᠬᠡᠨ ᠴᠤ ᠬᠡᠰᠡᠨ ᠬᠤᠳᠠ ᠭᠠᠵᠠᠷ ᠲᠤ ᠪᠤᠯ ᠠᠮᠠᠷ ᠤᠯᠳᠠᠬᠤ ᠦᠬᠡᠢ | ᠠᠰᠠᠷ ᠢᠶᠠᠨ ᠨᠡᠯᠢᠶᠡᠤᠨ ᠬᠠᠨᠭ᠍ᠭᠠᠯᠳᠠᠳᠠᠢ ᠦᠨ᠎ᠡ ᠪᠠᠷ ᠤᠳᠠᠯ ᠦᠬᠡᠢ ᠬᠤᠳᠠᠯᠳᠤᠪᠠ᠃ ᠲᠡᠬᠡᠬᠡᠤᠨ ᠯᠡ ᠨᠠᠮᠤᠬᠠᠨ ᠲᠡᠷᠡ | ᠮᠦᠡᠭᠬᠦ ᠪᠠᠷ ᠢᠶᠠᠨ ᠬᠤᠷᠤᠭ᠎ᠠ ᠬᠠᠰᠢᠶ᠎ᠠ ᠪᠠᠨ ᠰᠡᠯᠪᠢᠵᠤ᠂ ᠦᠬᠡᠷ ᠤᠨ ᠫᠸᠡᠭ ᠪᠠᠷᠢᠭᠤᠯᠵᠤ᠂ ᠭᠠᠴᠠᠭ᠎ᠠ | ᠰᠤᠮᠤᠨ ᠳᠤ ᠪᠠᠨ ᠭᠤᠶᠤᠴᠢᠯᠠᠨ ᠵᠢᠬᠡᠯᠡᠯᠬᠡ ᠠᠪᠴᠤ ᠨᠡᠮᠡᠷᠢ ᠪᠤᠯᠭᠠᠭᠠᠤᠨ ᠬᠤᠷᠢᠨ ᠰᠢᠯᠢᠳᠡᠭ ᠡᠬᠦᠯᠳᠡᠷ ᠤᠨ ᠦᠬᠢᠨ | ᠪᠢᠷᠠᠭᠤ ᠬᠤᠳᠠᠯᠳᠤᠨ ᠠᠪᠴᠠᠢ᠃ ᠨᠦᠬᠦᠷ ᠤᠨ ᠢᠶᠠᠨ ᠡᠩᠬᠡᠷ ᠲᠤ ᠬᠤᠷᠭᠤᠳᠠᠨ ᠰᠠᠯᠬᠢᠨ ᠳᠤ ᠭᠠᠨᠭ᠍ᠳᠠᠬᠤ ᠪᠤᠢ᠂ | ᠪᠤᠷᠤᠭᠠᠨ ᠳᠤ ᠨᠤᠷᠬᠤ ᠪᠤᠢ ᠬᠡᠮᠡᠨ ᠨᠢᠯᠵᠠᠷᠠᠢ ᠶᠠᠪᠤᠭᠰᠠᠨ ᠪᠦᠰᠡᠬᠦᠢ ᠳᠤ ᠷᠢᠳᠢ ᠰᠢᠳᠢ ᠤᠷᠭᠤᠪᠠ ᠤᠤ ᠬᠡᠯᠳᠡᠢ | ᠭᠠᠳᠠᠨ᠎ᠠ ᠭᠠᠷᠴᠤ ᠡᠷ᠎ᠡ ᠪᠤᠯᠵᠤ᠂ ᠬᠡᠷ ᠲᠤ ᠤᠷᠤᠵᠤ ᠬᠡᠷᠬᠡᠢ ᠪᠤᠯᠵᠤ ᠬᠢᠯᠡᠷᠡᠨᠡ᠃ | — ᠬᠡᠨ ᠨᠢᠬᠡᠨ ᠢᠶᠠᠷ ᠦᠷᠦᠪᠳᠥᠬᠦᠯᠵᠤ ᠶᠠᠪᠤᠬᠤ ᠠᠴᠠ ᠬᠡᠨ ᠨᠢᠬᠡᠨ ᠢ ᠰᠢᠬᠦᠷᠯᠡᠵᠤ ᠶᠠᠪᠤᠨ᠎ᠡ ᠡ ᠬᠡᠳᠡᠭ | ᠬᠠᠳᠠᠨ ᠪᠤᠳᠤᠯ ᠲᠡᠬᠦᠨ ᠳᠤ ᠡᠷᠴᠢ ᠦᠭᠴᠦ ᠪᠠᠶᠢᠯ᠎ᠡ᠃ | ᠬᠦᠰᠡᠯᠡᠩ ᠢ ᠡᠮᠨᠡᠯᠬᠡ ᠳᠤ ᠪᠠᠶᠢᠬᠤ ᠳᠤ ᠰᠠᠷᠬᠦᠯᠡᠩ ᠢᠷᠡᠵᠤ ᠠᠭᠤᠯᠵᠠᠭᠰᠠᠨ ᠲᠡᠷᠡ ᠨᠢᠬᠡ ᠰᠠᠭᠠᠷᠠᠯ ᠡᠳᠦᠷ ᠢ | ᠪᠦᠰᠡᠬᠦᠢ ᠮᠡᠷᠳᠠᠳᠠᠭ ᠦᠬᠡᠢ ᠪᠢᠯᠡ᠃ ᠲᠡᠷᠡ ᠡᠳᠦᠷ ᠬᠤᠶᠠᠷ ᠪᠦᠰᠡᠬᠦᠢ ᠨᠢᠬᠡᠨ ᠨᠡᠮ ᠵᠢᠮᠬᠡᠨ ᠺᠤᠹᠧ ᠶᠢᠨ | ᠮᠤᠬᠤᠯᠠᠭ ᠲᠤ ᠤᠷᠤᠵᠤ ᠰᠠᠭᠤᠪᠠ᠃ | — ᠨᠠᠮᠤᠬᠠᠨ ᠡ᠂ ᠲᠡ ᠨᠠᠳᠠ ᠶᠢ ᠰᠠᠶᠢᠨ ᠲᠠᠨᠢᠬᠤ ᠦᠬᠡᠢ ᠪᠠᠶᠢᠬ᠎ᠠ ᠡ᠃ | — ᠴᠢᠮ᠎ᠠ ᠶᠢ ᠰᠠᠷᠬᠦᠯᠡᠩ ᠬᠡᠳᠡᠭ ᠪᠢᠵᠠ ᠡ | — ᠲᠠᠶᠢᠮᠦ ᠡ᠂ ᠪᠢ ᠰᠡᠷᠬᠦᠯᠡᠩ | — ᠨᠠᠳᠠ ᠶᠢ ᠲᠠᠭᠤᠳᠠᠭᠠᠤᠨ ᠤᠴᠢᠷ ᠲᠠᠢ ᠤᠤ︖ | — ᠲᠡᠶᠢᠮᠦ ᠡ᠂ ᠬᠦᠰᠡᠯᠡᠩ ᠤᠨ ᠬᠡᠨᠡᠤᠨᠳᠡ ᠶᠢᠨ ᠬᠡᠮᠳᠦᠯ ᠳᠤ ᠪᠢ ᠪᠤᠷᠤᠭᠤ ᠲᠠᠢ᠃ | — ᠦᠬᠡᠢ ᠡ︕ ᠭᠠᠢ ᠬᠡᠳᠡᠭ ᠶᠠᠭᠤᠮ᠎ᠠ ᠬᠡᠯᠡᠬᠡᠤᠨ ᠢᠷᠡᠬᠦ ᠦᠬᠡᠢ ᠰᠢᠤ ᠳ᠋ᠧ᠃ | — ᠤᠭ ᠨᠢ ᠪᠤᠯ ᠠᠵᠢᠯ ᠪᠠᠭᠤᠴᠢᠬᠠᠭᠰᠠᠨ ᠪᠠᠶᠢᠭᠰᠠᠨ ᠯᠡ ᠳ᠋ᠠ᠂ ᠵᠠᠬᠢᠷᠤᠯ᠂ ᠪᠢ᠂ ᠬᠦᠰᠡᠯᠡᠩ ᠪᠢᠳᠠ | ᠬᠡᠳᠦᠬᠦᠯᠡ ᠬᠦᠮᠦᠷᠬᠡ ᠳᠠᠬᠢ ᠪᠤᠳᠠᠰ ᠢ ᠪᠦᠷᠢᠤᠨᠬᠡᠨᠡ ᠬᠡᠤᠨ ᠁ | — ᠡᠬᠦᠨ ᠢ ᠪᠢ ᠪᠦᠷ ᠮᠡᠳᠡᠭᠰᠡᠨ ᠰᠢᠤ ᠳ᠋ᠧ᠃ | — ᠶᠠᠭ ᠬᠡᠮᠳᠦᠬᠦ ᠶᠤᠰᠤᠳᠠᠢ ᠬᠦᠮᠦᠨ ᠨᠢ ᠪᠢ ᠪᠠᠶᠢᠬᠤ ᠤᠴᠢᠷᠳᠡᠢ᠃ | — ᠲᠡᠬᠡᠵᠤ ᠬᠡᠯᠡᠬᠡᠤᠨ ᠴᠤ ᠶᠠᠭᠠᠬᠢᠬᠤ ᠴᠤ ᠪᠢᠯᠠ ᠡ⁈ | ᠰᠡᠷᠬᠦᠯᠡᠩ ᠤᠨ ᠨᠢᠳᠦᠨ ᠳᠤ ᠨᠢᠯᠪᠤᠰᠤ ᠬᠢᠯᠳᠤᠬᠡᠨᠠᠨ ᠲᠦᠬᠦᠷᠦᠭᠰᠡᠨ ᠴᠤ ᠲᠡᠷᠡ ᠤᠨᠠᠭᠠᠯ ᠦᠬᠡᠢ ᠰᠢᠩᠬᠡᠬᠡᠵᠤ᠄ | — ᠦᠬᠡᠢ ᠡ᠂ ᠪᠢ ᠬᠦᠰᠡᠯᠡᠩ ᠳᠤ ᠁ | ᠨᠠᠮᠤᠬᠠᠨ ᠦᠬᠡ ᠶᠢ ᠲᠠᠰᠤᠯᠤᠨ᠄ | — ᠴᠢ ᠪᠢᠳᠠᠨ ᠳᠤ ᠦᠷᠢ ᠦᠬᠡᠢ ᠰᠢᠤ ᠳ᠋ᠧ ᠬᠡᠤᠨ ᠴᠤᠮᠤ ᠲᠠᠢ ᠺᠤᠹᠧ ᠶᠢ ᠬᠦᠴᠦᠳᠡᠢ ᠰᠤᠷᠤᠪᠠ᠃ | ᠭᠠᠰᠢᠭᠤᠨ᠂ ᠪᠠᠰᠠ ᠲᠠᠯᠳᠠᠬᠠᠨ ᠰᠠᠶᠢᠬᠠᠨ ᠠᠮᠳᠠ ᠁ | ᠠᠮᠢᠳᠤᠷᠠᠯ ᠡ ᠬᠡᠵᠤ ᠠᠶᠠᠭ᠎ᠠ ᠺᠤᠹᠧ ᠪᠤᠰᠤ ᠤᠤ︖ | — ᠦᠬᠡᠢ ᠡ᠂ ᠪᠢ ᠬᠦᠰᠡᠯᠡᠩ ᠳᠤ ᠲᠤᠷᠠᠯᠠᠭᠰᠠᠨ᠂ ᠲᠡᠷᠡ ᠮᠦᠷᠳᠡᠬᠡᠨ ᠬᠦᠮᠦᠷᠬᠡ ᠳᠤ ᠠᠯᠪᠠ ᠪᠠᠷ | ᠲᠠᠭᠠᠭᠤᠯᠵᠤ ᠤᠴᠢᠭᠰᠠᠨ ᠰᠢᠤ ᠳ᠋ᠧ ᠬᠡᠵᠤ ᠬᠡᠯᠡᠶ᠎ᠡ ᠬᠡᠰᠡᠨ ᠦᠬᠡ ᠪᠠᠨ ᠪᠤᠴᠠᠭᠠᠨ ᠵᠠᠯᠬᠢᠪᠠ᠃ | — ᠡᠨᠡ ᠮᠠᠰᠢᠨ ᠢ ᠲᠠᠨ ᠳᠤ ᠦᠭᠬᠦᠶ᠎ᠡ᠂ ᠡᠨᠡ ᠮᠢᠨᠤ ᠮᠠᠰᠢᠨ ᠶᠤᠮ ᠡ᠂ ᠲᠠ ᠬᠤᠶᠠᠷ ᠢ ᠶᠠᠭᠤ ᠨᠢᠬᠡ ᠪᠠᠷ | ᠲᠤᠰᠠᠯᠠᠮᠠᠷ ᠪᠠᠶᠢᠬᠤ ᠶᠤᠮ᠂ ᠬᠤᠳᠠ ᠭᠠᠵᠠᠷ ᠦᠪᠡᠷ ᠤᠨ ᠬᠡᠰᠡᠨ ᠤᠨᠤᠭ᠎ᠠ ᠲᠠᠢ ᠪᠠᠶᠢᠬᠤ ᠳᠤ ᠪᠠᠨ ᠲᠡᠬᠡᠷ᠎ᠡ ᠬᠡᠤᠨ | ᠰᠡᠷᠬᠦᠯᠡᠩ ᠮᠠᠰᠢᠨ ᠤ ᠲᠦᠯᠬᠢᠬᠦᠷ ᠢᠶᠠᠨ ᠨᠠᠮᠤᠬᠠᠨ ᠵᠦᠭ ᠰᠡᠷᠪᠠᠶᠢᠪᠠ᠃ ᠨᠠᠮᠤᠬᠠᠨ ᠲᠦᠯᠬᠢᠬᠦᠷ ᠢ ᠠᠭᠠᠵᠢᠮᠬᠠᠨ | ᠲᠤᠰᠴᠤ ᠠᠪᠤᠭᠰᠠᠨ ᠢᠶᠠᠨ ᠰᠡᠷᠬᠦᠯᠡᠩ ᠤᠨ ᠭᠠᠷ ᠢ ᠠᠤᠨᠬᠤᠵᠤ ᠠᠯᠠᠭ᠎ᠠ ᠶᠢ ᠨᠢ ᠲᠡᠬᠡᠭᠰᠢ ᠬᠠᠨᠳᠤᠭᠤᠯᠤᠨ | ᠲᠦᠯᠬᠢᠬᠦᠷ ᠢ ᠪᠤᠴᠠᠭᠠᠵᠤ ᠲᠠᠯᠪᠢᠭᠠᠤᠨ ᠬᠡᠳᠦᠨ ᠬᠤᠷᠤᠭᠤ ᠶᠢ ᠨᠢ ᠬᠤᠮᠢᠵᠤ ᠠᠤᠨᠬᠤᠭᠤᠯᠤᠭᠠᠤᠨ᠄ | — ᠪᠢ ᠨᠦᠬᠦᠷ ᠤᠨ ᠢᠶᠠᠨ ᠬᠡᠮᠳᠦᠯ ᠢ ᠬᠡᠨ ᠨᠢᠬᠡᠨ ᠤ ᠪᠤᠷᠤᠭᠤ ᠬᠡᠵᠤ ᠦᠵᠡᠬᠦ ᠦᠬᠡᠢ᠂ ᠵᠦᠪᠬᠡᠨ | ᠪᠢᠳᠡᠨ ᠳᠤ ᠲᠤᠬᠢᠶᠠᠭᠰᠠᠨ ᠭᠠᠢ ᠵᠤᠪᠠᠯᠠᠩ ᠪᠠᠷᠴᠢᠤᠨ ᠲᠡᠷᠡ ᠪᠠᠶᠢᠬᠤ ᠬᠡᠵᠤ ᠪᠤᠳᠤᠨ᠎ᠠ᠂ ᠲᠠᠨᠤᠰ ᠤᠨ᠂ ᠨᠡᠩ | ᠢᠯᠠᠩᠭᠤᠶ᠎ᠠ ᠴᠢᠨᠤ ᠦᠷᠦᠪᠳᠥᠯᠳᠡ ᠶᠢ ᠪᠢ ᠬᠦᠰᠡᠬᠦ ᠦᠬᠡᠢ ᠪᠠᠶᠢᠨ᠎ᠡ᠂ ᠪᠢ ᠲᠠᠬᠦᠨ ᠢ ᠪᠠᠨ ᠬᠠᠶᠢᠷᠠᠯᠠᠵᠤ ᠬᠦᠨᠳᠦᠯᠡᠵᠤ | ᠂ ᠠᠰᠠᠷᠠᠭᠠᠤᠨ ᠠᠪᠤᠭᠠᠤᠨ ᠶᠠᠪᠤᠴᠢᠬᠠᠵᠤ ᠲᠦᠡᠭᠬᠡᠨᠡ᠂ ᠬᠠᠷᠢᠨ ᠰᠠᠶᠢᠬᠠᠨ ᠰᠡᠤᠨᠬᠢᠯ ᠳᠤ ᠴᠢᠨᠢ ᠪᠠᠶᠠᠷᠯᠠᠯ᠎ᠠ ᠬᠡᠵᠤ | ᠰᠢᠢᠤᠨᠮᠡᠭ ᠬᠡᠯᠡᠬᠡᠤᠨ | — ᠵᠠ ᠪᠢ ᠡᠮᠨᠡᠯᠬᠡ ᠤᠷᠤᠭᠤ ᠶᠠᠪᠤᠯ᠎ᠠ ᠬᠡᠤᠨ ᠪᠤᠰᠴᠤ ᠪᠤᠭᠴᠤ ᠪᠠᠨ ᠰᠢᠬᠦᠷᠡᠪᠡ᠃ | — ᠪᠢ ᠲᠡᠨ ᠢ ᠬᠦᠷᠬᠡᠶ᠎ᠡ ᠬᠡᠵᠤ ᠰᠡᠷᠬᠦᠯᠡᠩ ᠦᠨᠳᠡᠶᠢᠬᠦ ᠳᠤ | — ᠬᠡᠷᠡᠭ ᠦᠬᠡᠢ ᠡ ᠬᠡᠤᠨ ᠡᠷᠬᠢᠵᠤ ᠴᠤ ᠬᠠᠷᠠᠯ ᠦᠬᠡᠢ ᠡᠬᠦᠳᠡ ᠴᠢᠭᠯᠡᠪᠡ᠃ | ᠪᠦᠰᠡᠬᠦᠢ ᠬᠦᠮᠦᠨ ᠤ ᠵᠦᠡᠭ ᠢᠶᠠᠷ ᠢᠶᠠᠨ ᠨᠠᠮᠤᠬᠠᠨ ᠡᠨᠡᠬᠦ ᠪᠦᠰᠡᠬᠦᠢ ᠪᠤᠯᠤᠨ ᠨᠦᠬᠦᠷ ᠬᠤᠶᠠᠷ ᠤᠨ ᠬᠢᠨᠢ ᠬᠤᠭᠤᠷᠤᠨᠳᠤ | ᠶᠠᠭ ᠲᠡᠶᠢᠮᠦ ᠵᠦᠢᠯ ᠪᠤᠯᠵᠤ ᠦᠡᠭᠬᠡᠷᠡᠭᠰᠡᠨ ᠬᠡᠳᠡᠭ ᠢ ᠲᠡᠩᠳᠡᠬᠦᠤ ᠰᠤᠷᠭᠤᠭ ᠤᠬᠠᠭᠠᠷᠠᠵᠤ ᠲᠠᠬᠢᠵᠤ ᠡᠨᠡ | ᠪᠦᠰᠡᠬᠦᠢ ᠶᠢ ᠬᠠᠷᠠᠬᠤ ᠶᠢ ᠪᠤᠳᠤᠭ᠎ᠠ ᠦᠬᠡᠢ ᠲᠠᠬᠢᠵᠤ ᠨᠦᠬᠦᠬᠡ ᠲᠠᠨᠢᠯ ᠮᠠᠰᠢᠨ ᠳᠤ ᠰᠠᠭᠤᠬᠤ ᠶᠢ ᠨᠡᠩ ᠴᠤ ᠬᠦᠰᠡᠭᠡ | ᠦᠬᠡᠢ ᠪᠠᠶᠢᠵᠠᠢ᠃ | ᠮᠠᠩᠬ᠎ᠠ ᠦᠷᠬᠦᠯᠵᠢᠯᠡᠵᠤ᠂ ᠪᠤᠳᠠ ᠪᠤᠷᠭᠠᠰᠤ ᠬᠦᠬᠡᠷᠡᠭᠰᠡᠨ ᠨᠠᠷᠠᠨ ᠡᠬᠡᠪᠦᠷ ᠰᠠᠶᠢᠬᠠᠨ ᠡᠩᠬᠡᠷ ᠲᠤ ᠬᠡᠬᠡᠨᠴᠢᠷ | ᠪᠠᠶᠢᠰᠢᠩ ᠰᠦᠨᠳᠠᠷᠯᠡᠨ ᠪᠤᠰᠴᠤ ᠴᠡᠪᠡᠷ ᠲᠤᠬᠢᠯᠢᠭ ᠬᠤᠳᠠ ᠬᠤᠷᠤᠭ᠎ᠠ ᠵᠢᠭᠳᠡᠷᠡᠨ᠂ ᠢᠵᠢᠯᠢᠳᠦᠨ ᠲᠤᠭᠯᠠᠬᠤ ᠤᠯᠠᠭᠠᠨ | ᠠᠯᠠᠭ ᠲᠤᠭᠤᠯ ᠤᠳ ᠪᠠᠶᠠᠰ ᠢᠶᠠᠨ ᠬᠦᠬᠡᠬᠡᠴᠡᠯᠳᠦᠨ᠂ ᠰᠢᠷ᠎ᠠ ᠮᠠᠩᠬ᠎ᠠ ᠬᠦᠬᠡ ᠡᠪᠡᠰᠦᠨ ᠳᠤ ᠪᠤᠳᠤᠭ ᠨᠠᠮᠠᠷᠢᠯᠡᠨᠡ᠃ | ᠬᠡᠷ ᠤᠨ ᠭᠠᠳᠠᠨ᠎ᠠ ᠬᠦᠷᠳᠦᠳᠦ ᠰᠠᠨᠳᠠᠯᠢ ᠲᠡᠬᠡᠷ᠎ᠡ ᠪᠠᠨ ᠨᠠᠷᠠᠯᠠᠨ ᠰᠠᠭᠤᠭᠰᠠᠨ ᠬᠦᠰᠡᠯᠡᠩ ᠤᠨ ᠠᠷᠤ ᠠᠴᠠ ᠰᠢᠬᠦᠷ | ᠪᠠᠷᠢᠭᠰᠠᠨ ᠨᠠᠮᠤᠬᠠᠨ ᠬᠦᠷᠴᠦ ᠢᠷᠡᠬᠡᠤᠨ | — ᠮᠠᠢ᠂ ᠡᠬᠦᠨ ᠢ ᠪᠠᠷᠢ ᠡ᠂ ᠨᠠᠷᠠ ᠬᠤᠷᠴᠠ ᠪᠠᠶᠢᠨ᠎ᠡ᠂ ᠨᠠᠷᠠᠰᠢᠬᠤ ᠪᠤᠢ ᠳ᠋ᠧ ᠬᠡᠤᠨ ᠰᠢᠬᠦᠷ ᠢᠶᠠᠨ | ᠦᠭᠬᠦᠯ᠎ᠡ ᠁ |