ᠠᠪᠠᠭ᠎ᠠ ᠬᠤᠰᠢᠭᠤᠨ ᠤ ᠤᠯᠠᠭᠠᠨᠮᠦ᠋ᠴᠢᠷ ᠨᠢ 1957 ᠤᠨ ᠤ ᠨᠠᠮᠤᠷ ᠪᠠᠶᠢᠭᠤᠯᠤᠭᠳᠠᠵᠠᠢ᠃ ᠪᠦᠬᠦ ᠤᠷᠤᠨ ᠤ | ᠡᠷᠳᠡ ᠪᠠᠶᠢᠭᠤᠯᠤᠭᠳᠠᠭᠰᠠᠨ ᠤᠯᠠᠭᠠᠨᠮᠦ᠋ᠴᠢᠷ ᠤᠨ ᠨᠢᠬᠡ ᠪᠤᠯᠤᠨ᠎ᠠ᠃ ᠠᠩᠬ᠎ᠠ ᠪᠠᠶᠢᠭᠤᠯᠤᠭᠳᠠᠬᠤ ᠳᠤ 9 ᠬᠡᠰᠢᠬᠦᠨ | ᠲᠠᠢ ᠪᠠᠶᠢᠵᠤ᠂ ᠬᠤᠶᠠᠷ ᠮᠤᠷᠢᠨ ᠲᠡᠷᠭᠡ᠂ ᠬᠤᠶᠠᠷ ᠮᠤᠩᠭᠤᠯ ᠭᠡᠷ᠂ ᠭᠤᠷᠪᠠᠨ ᠲᠠᠰᠤᠯᠭ᠎ᠠ ᠰᠢᠪᠠᠷ ᠪᠠᠶᠢᠰᠢᠩ ᠲᠠᠢ᠂ | ᠴᠦᠬᠡᠪᠡᠷ ᠬᠡᠳᠤᠨ ᠵᠠᠬ᠎ᠠ ᠲᠡᠷᠯᠢᠭ ᠲᠠᠢ ᠪᠠᠶᠢᠯ᠎ᠠ᠂ ᠭᠦᠭᠵᠢᠮ ᠠᠴᠠ ᠮᠤᠷᠢᠨ ᠬᠤᠭᠤᠷ᠂ ᠲᠦᠷᠪᠡᠨ ᠴᠢᠬᠢᠳᠤ᠂ | ᠬᠤᠪᠤᠨ ᠯᠢᠩᠪᠤ᠂ ᠪᠠᠶᠠᠨ ᠬᠤᠭᠤᠷ ᠲᠠᠢ ᠪᠠᠶᠢᠵᠠᠢ᠃ ᠤᠳᠤ ᠪᠤᠯᠬᠤ ᠳᠤ 37 ᠲᠤᠭᠯᠠᠭᠴᠢ ᠲᠠᠢ ᠪᠤᠯᠵᠤ᠂ ᠮᠤᠩᠭᠤᠯ | ᠦᠨᠳᠤᠰᠤᠳᠡᠨ 36᠂ ᠬᠢᠳᠠᠳ ᠦᠨᠳᠤᠰᠤᠳᠡᠨ 1 ᠪᠤᠢ᠂ ᠤᠯᠤᠰ ᠤᠨ ᠬᠤᠶᠠᠳᠤᠭᠠᠷ ᠲᠡᠰ ᠤᠨ ᠲᠣᠭᠯᠠᠭᠴᠢ 1 | ᠨᠡᠷ᠎ᠡ᠂ ᠤᠯᠤᠰ ᠤᠨ ᠭᠤᠷᠪᠠᠳᠤᠭᠠᠷ ᠲᠡᠰ ᠤᠨ ᠲᠤᠭᠯᠠᠭᠴᠢ 14 ᠨᠡᠷ᠎ᠡ᠂ ᠤᠯᠤᠰ ᠤᠨ ᠲᠦᠷᠪᠡᠳᠤᠭᠡᠷ ᠲᠡᠰ ᠤᠨ | ᠲᠤᠭᠯᠠᠭᠴᠢ 10 ᠨᠡᠷ᠎ᠡ ᠪᠠᠶᠢᠨ᠎ᠠ᠃ ᠠᠪᠠᠭ᠎ᠠ ᠬᠤᠰᠢᠭᠤᠨ ᠤ ᠤᠯᠠᠭᠠᠨᠮᠦ᠋ᠴᠢᠷ ᠨᠢ ᠮᠠᠯᠵᠢᠬᠤ ᠤᠷᠤᠨ ᠬᠡᠳᠡᠭ | ᠦᠨᠳᠤᠰᠤᠳᠡᠨ ᠤ ᠰᠤᠶᠤᠯ ᠤᠨ ᠬᠠᠯᠠᠭᠤᠨ ᠦᠯᠤᠭᠡᠢ ᠳᠤ ᠦᠨᠳᠤᠰᠤ ᠬᠠᠳᠬᠤᠵᠤ᠂ ᠲᠠᠯ᠎ᠠ ᠨᠤᠳᠤᠭ ᠢ ᠲᠤᠭᠤᠯᠤᠨ | ᠮᠠᠯᠵᠢᠬᠤ ᠤᠷᠤᠨ ᠢᠶᠠᠷ ᠲᠤᠭᠤᠷᠢᠵᠤ᠂ ᠰᠤᠮᠤ ᠭᠠᠴᠠᠭ᠎ᠠ ᠪᠠᠷ ᠬᠦᠷᠴᠤ᠂ 60 ᠭᠠᠷᠣᠢ ᠵᠢᠯ ᠤᠨ ᠲᠤᠷᠰᠢ ᠨᠢᠬᠡᠨᠳᠡ | 6000 ᠢᠯᠡᠭᠦᠦ ᠲᠠᠯᠠᠪᠠᠢ ᠲᠤᠭᠯᠠᠯᠳᠠ ᠭᠠᠷᠭᠠᠵᠤ ᠦᠵᠡᠭᠴᠢᠳ ᠤᠨ ᠲᠤᠭ᠎ᠠ 200 ᠲᠦᠮᠡ ᠢᠯᠡᠬᠦᠦ ᠪᠤᠯᠤᠭᠰᠠᠨ | ᠪᠠᠶᠢᠨ᠎ᠠ᠃ ᠤᠷᠠᠯᠢᠭ ᠤᠨ ᠲᠤᠭᠯᠠᠯᠳᠠ ᠨᠢᠬᠡᠨᠳᠡ ᠮᠢᠩᠭᠠᠭᠠᠳ ᠢ ᠵᠤᠭᠢᠶᠠᠵᠤ᠂ ᠵᠠᠭᠤᠭᠠᠳ ᠲᠤᠭᠯᠠᠯᠳᠠ ᠨᠢ ᠤᠯᠤᠰ᠂ | ᠤᠷᠤᠨ᠂ ᠠᠶᠢᠮᠠᠭ ᠲᠤ ᠱᠠᠩᠨᠠᠯ ᠬᠦᠷᠳᠡᠪᠡ᠃ 2005 ᠤᠨ ᠤ ᠵᠦᠴᠤᠭᠡ ︽ᠪᠠᠶᠠᠨᠳᠦ᠋ᠭᠦᠷᠡᠩ︾ ᠨᠢ ᠪᠦᠬᠦ | ᠤᠯᠤᠰ ᠤᠨ ︽ᠲᠠᠪᠦ ᠨᠢᠭᠡ ᠢᠨᠵᠧᠨᠧᠷᠢᠩ︾ ᠤᠨ ᠱᠠᠩᠨᠠᠯ ᠬᠦᠷᠳᠡᠵᠣ᠂ 2006 ᠤᠨ ᠳᠤ ᠲᠡᠷᠢᠬᠦᠨ ᠲᠡᠰ ᠤᠨ | ᠤᠯᠠᠭᠠᠨᠮᠦ᠋ᠴᠢᠷ ᠢᠶᠠᠷ ᠦᠨᠡᠯᠡᠭᠳᠡᠪᠡ᠃ ᠲᠤᠤᠯᠢ ︽ᠰᠢᠯᠢᠨ ᠭᠠᠯᠵᠠᠭᠤ ᠪᠠᠭᠠᠳᠤᠷ︾᠂ ᠲᠠᠭᠤᠤ ︽ᠠᠪᠠᠭ᠎ᠠ ᠨᠤᠳᠤᠭ︾ | ᠵᠡᠷᠬᠡ ᠪᠦᠳᠤᠭᠡᠯ ᠤᠳ ᠨᠢ ᠤᠷᠤᠨ ᠤ ︽ᠰᠠᠷᠠᠨ᠎ᠠ︾ ᠱᠠᠩᠨᠠᠯ ᠬᠦᠷᠳᠡᠪᠡ᠃ ᠲᠤᠮᠤ ᠬᠡᠯᠪᠡᠷᠢ ᠶᠢᠨ ᠲᠠᠭᠤᠤ | ᠪᠦᠵᠢᠭᠳᠦ ᠵᠦᠴᠦᠭᠡ ︽ᠮᠢᠯᠢᠶᠠᠯᠳᠠ︾᠂ ᠲᠤᠤᠯᠢ ︽ᠰᠢᠯᠢᠨ ᠭᠠᠯᠵᠠᠭᠤ ᠪᠠᠭᠠᠳᠤᠷ︾᠂ ᠱᠤᠭ ᠵᠦᠴᠦᠭᠡ ︽ | ᠪᠠᠶᠠᠨᠳᠦ᠋ᠭᠦᠷᠡᠩ︾᠂ ᠪᠦᠵᠢᠭ ︽ᠠᠰᠠᠷ ᠪᠡᠶᠡᠯᠡᠭᠡ︾ ᠵᠡᠷᠭᠡ ᠪᠦᠳᠤᠭᠡᠯ ᠨᠢ ᠪᠦᠷ ᠰᠤᠶᠤᠯ ᠤᠨ ᠰᠤᠯᠢᠯᠴᠠᠭᠠᠨ ᠳᠤ | ᠲᠤᠭᠯᠠᠬᠤ ᠰᠤᠳᠤᠨ ᠪᠦᠳᠤᠭᠡᠯ ᠪᠤᠯᠤᠭᠰᠠᠨ ᠪᠠᠶᠢᠨ᠎ᠠ᠃ 2007 ᠤᠨ ᠤ ᠴᠢᠨ ᠬᠤᠸᠠᠩ ᠳ᠋ᠤᠤ ᠳᠤ | ᠶᠠᠪᠤᠭᠳᠠᠭᠰᠠᠨ ᠲᠤᠮᠳᠠᠳᠤ ᠤᠯᠤᠰ ᠤᠨ ᠠᠷᠠᠳ ᠤᠨ ᠦᠨᠳᠤᠰᠤᠳᠡᠨ ᠤ ᠲᠠᠭᠤᠤ ᠪᠦᠵᠢᠭ ᠤᠨ ᠦᠵᠡᠬᠦᠯᠦᠯᠬᠡ ᠳᠤ | ᠠᠪᠠᠭ᠎ᠠ ᠴᠤᠭᠤᠷ ᠤᠨ ᠲᠠᠭᠤᠤ ︽ᠠᠯᠳᠠᠨ ᠠᠷᠤᠷ᠎ᠠ︾ ᠨᠢ ᠠᠯᠳᠠᠨ ᠯᠢᠩᠬᠤᠸ᠎ᠠ ᠱᠠᠩᠨᠠᠯ ᠬᠦᠷᠳᠡᠵᠤ᠂ 2007 ᠤᠨ | ᠤ ᠨᠢᠩᠰᠢᠶᠠ ᠶᠢᠨ ᠶᠢᠨᠴᠤᠸᠠᠨ ᠳᠠᠬᠢ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠴᠦᠬᠡᠨ ᠲᠤᠭᠠᠳᠤ | ᠦᠨᠳᠦᠰᠤᠳᠡᠨ ᠤ ᠲᠠᠭᠤᠣ ᠣᠷᠠᠯᠢᠭ ᠤᠨ ᠦᠵᠡᠬᠦᠯᠦᠯᠭᠡ ᠳᠤ ᠲᠤᠤᠯᠢ ︽ᠰᠢᠯᠢ ᠶᠢᠨ ᠤᠶᠠᠩᠭ᠎ᠠ︾ ᠨᠢ ᠠᠯᠳᠠᠨ | ᠱᠠᠩᠨᠠᠯ ᠬᠦᠷᠳᠡᠵᠦ᠂ ᠮᠦᠨ ᠲᠤᠰ ᠵᠢᠯ ᠬᠠᠰᠪᠤᠯᠤᠳ᠂ ᠪᠤᠯᠤᠳ᠂ ᠴᠢᠷᠮᠠᠶᠢᠯᠳᠤ᠂ ᠰᠡᠷᠭᠦᠯᠡᠩ ᠵᠡᠷᠬᠡ ᠲᠦᠷᠪᠡᠨ | ᠲᠤᠭᠯᠠᠭᠴᠢ ᠤᠷᠤᠨ ᠤ ︽ᠠᠷᠠᠳ︾ ᠤᠨ ᠱᠠᠩᠨᠠᠯ ᠬᠦᠷᠳᠡᠵᠤ᠂ ᠦᠨᠳᠤᠰᠤᠳᠡᠨ ᠤ ᠰᠤᠶᠤᠯ ᠢᠶᠠᠨ ᠪᠥᠬᠦ ᠤᠯᠤᠰ | ᠲᠤ ᠲᠡᠯᠭᠡᠷᠡᠭᠦᠯᠬᠦ ᠳᠤ ᠬᠤᠪᠢ ᠨᠡᠮᠡᠷᠢ ᠪᠠᠨ ᠦᠵᠡᠬᠦᠯᠦᠭᠰᠡᠨ ᠪᠠᠶᠢᠨ᠎ᠠ᠃ 2013 ᠤᠨ ᠳᠤ ᠬᠠᠰᠪᠤᠯᠤᠳ | ᠴᠢᠷᠮᠠᠶᠢᠯᠳᠤ ᠬᠤᠶᠠᠷ ᠤᠨ ᠬᠤᠪᠢ ᠬᠦᠮᠤᠨ ᠤ ᠤᠷᠠᠨ ᠪᠦᠳᠦᠬᠡᠯ ᠤᠨ ᠦᠳᠡᠰᠢᠯᠡᠭᠡ ᠮᠤᠩᠭᠤᠯ ᠤᠯᠤᠰ ᠤᠨ | ᠤᠯᠠᠭᠠᠨᠪᠠᠭᠠᠳᠤᠷ ᠬᠤᠳᠠᠨ ᠳᠤ ᠶᠠᠪᠤᠭᠳᠠᠵᠤ᠂ ᠮᠤᠩᠭᠤᠯ ᠤᠯᠤᠰ ᠤᠨ ᠵᠤᠬᠢᠶᠠᠯᠴᠢᠳ ᠤᠨ ᠬᠤᠯᠪᠤᠭᠠᠨ ᠤ ᠬᠠᠮᠤᠭ | ᠤᠨ ᠦᠨᠳᠦᠷ ᠱᠠᠩᠨᠠᠯ ᠢ ᠬᠦᠷᠳᠡᠭᠰᠡᠨ ᠪᠠᠶᠢᠨ᠎ᠠ᠃ ᠦᠪᠡᠷ ᠤᠨ ᠪᠦᠳᠤᠭᠡᠯ ᠪᠤᠯᠬᠤ ᠺᠢᠨᠤ᠋ ᠬᠡᠪᠡᠯ ︽ᠪᠤᠭᠳᠠ ᠬᠠᠶᠢᠷᠬᠠᠨ | ᠤ ᠪᠠᠷ᠎ᠠ︾᠂ ︽ᠤᠷᠢᠯᠭ᠎ᠠ︾᠂ ᠪᠢᠴᠢᠯ ᠺᠢᠨᠤ᠋ ︽ᠬᠦᠤ ᠪᠠᠨ ᠬᠦᠯᠢᠶᠡᠭᠰᠡᠨ ᠲᠠᠯ᠎ᠠ︾ ᠵᠡᠷᠭᠡ ᠪᠤᠢ᠃ | 1996 ᠤᠨ ᠤ ᠪᠦᠬᠦ ᠠᠶᠢᠮᠠᠭ ᠤᠨ ᠠᠷᠪᠠᠨ ᠬᠤᠶᠠᠳᠤᠭᠠᠷ ᠬᠤᠭᠤᠴᠠᠭᠠᠨ ᠤ ᠤᠯᠠᠭᠠᠨᠮᠦ᠋ᠴᠢᠷ ᠤᠨ ᠬᠠᠷᠢᠭᠤ | ᠮᠡᠳᠡᠭᠦᠯᠦᠯᠳᠠ ᠶᠢᠨ ᠲᠤᠭᠯᠠᠯᠳᠠ ᠳᠤ ᠬᠠᠮᠳᠤ ᠨᠢᠬᠡᠴᠡ ᠶᠢᠨ ᠬᠤᠶᠠᠳᠤᠭᠠᠷ ᠲᠡᠰ᠂1999 ᠤᠨ ᠤ ᠪᠦᠬᠦ ᠠᠶᠢᠮᠠᠭ | ᠤᠨ ᠤᠯᠠᠭᠠᠨᠮᠦ᠋ᠴᠢᠷ ᠤᠨ ᠰᠢᠯᠢᠯᠳᠠ ᠲᠤᠭᠯᠠᠯᠳᠠ ᠳᠤ ᠬᠠᠮᠳᠤ ᠨᠢᠬᠡᠴᠡ ᠶᠢᠨ ᠬᠤᠶᠠᠳᠤᠭᠠᠷ ᠲᠡᠰ ᠤᠨ ᠱᠠᠩᠨᠠᠯ ᠢ | ᠬᠦᠷᠳᠡᠪᠡ᠃ 2001 ᠤᠨ ᠤ ᠰᠢᠶᠠᠩᠭᠠᠩ ᠳᠤ ᠶᠠᠪᠤᠭᠳᠠᠭᠰᠠᠨ ᠤᠯᠠᠨ ᠤᠯᠤᠰ ᠤᠨ ᠦᠨᠳᠦᠰᠤᠳᠡᠨ ᠤ ᠰᠤᠶᠤᠯ | ᠤᠨ ᠰᠤᠳᠤᠯᠤᠨ ᠶᠠᠷᠢᠯᠴᠠᠬᠤ ᠬᠤᠷᠠᠯ ᠳᠤ ᠬᠤᠷᠴᠠᠪᠠᠭᠠᠳᠤᠷ ᠤᠷᠤᠯᠴᠠᠨ ︽ᠪᠤᠯᠤᠷ ᠴᠤᠮᠤ︾ ᠱᠠᠩᠨᠠᠯ ᠬᠦᠷᠳᠡᠪᠡ᠃ | 2005 ᠤᠨ ᠤ ᠪᠦᠬᠦ ᠠᠶᠢᠮᠠᠭ ᠤᠨ 13 ᠳ᠋ᠤᠭᠠᠷ ᠬᠤᠭᠤᠴᠠᠭᠠᠨ ᠤ ᠤᠯᠠᠭᠠᠨᠮᠦ᠋ᠴᠢᠷ ᠤᠨ ᠴᠤᠭᠯᠠᠭᠠᠨ ᠳᠤ ᠬᠠᠮᠳᠤ | ᠨᠢᠬᠡᠴᠡ ᠶᠢᠨ ᠲᠤᠭᠯᠠᠯᠳᠠ ᠶᠢᠨ ᠨᠢᠬᠡᠳᠦᠭᠡᠷ ᠲᠡᠰ᠂ ᠬᠠᠮᠳᠤ ᠨᠢᠭᠡᠴᠡ ᠶᠢᠨ ᠬᠦᠷᠡᠯ ᠮᠧᠳᠠᠯ ᠪᠡ ︽ᠨᠢᠬᠡ ᠳᠤ | ᠮᠡᠷᠭᠡᠰᠢᠵᠤ ᠤᠯᠠᠨ ᠳᠤ ᠴᠠᠭᠠᠷᠠᠭᠰᠠᠨ︾ ᠬᠠᠮᠳᠤ ᠨᠢᠬᠡᠴᠡ ᠶᠢᠨ ᠱᠠᠩᠨᠠᠯ ᠬᠦᠷᠳᠡᠪᠡ᠃ 2007 ᠤᠨ ᠤ ᠪᠦᠬᠦ | ᠠᠶᠢᠮᠠᠭ ᠤᠨ 14 ᠳ᠋ᠤᠭᠡᠷ ᠬᠤᠭᠤᠴᠠᠭᠠᠨ ᠤ ᠤᠯᠠᠭᠠᠨᠮᠦ᠋ᠴᠢᠷ ᠤᠨ ᠴᠤᠭᠯᠠᠭᠠᠨ ᠳᠤ ᠬᠠᠮᠳᠤ ᠨᠢᠬᠡᠴᠡ ᠶᠢᠨ | ᠲᠤᠭᠯᠠᠯᠳᠠ ᠶᠢᠨ ᠭᠤᠷᠪᠠᠳᠤᠭᠠᠷ ᠲᠡᠰ ᠤᠨ ᠱᠠᠩᠨᠠᠯ᠂ ᠨᠢᠬᠡ ᠳᠤ ᠮᠡᠷᠬᠡᠰᠢᠵᠤ ᠤᠯᠠᠨ ᠳᠤ ᠴᠠᠭᠠᠷᠠᠭᠰᠠᠨ ᠱᠠᠩᠨᠠᠯ | ᠬᠢᠭᠡᠳ ᠰᠢᠯᠢᠳᠡᠭ ᠵᠤᠬᠢᠶᠠᠨ ᠪᠠᠶᠢᠭᠤᠯᠤᠭᠰᠠᠨ ᠬᠠᠮᠳᠤ ᠨᠢᠬᠡᠴᠡ ᠶᠢᠨ ᠱᠠᠩᠨᠠᠯ ᠬᠦᠷᠳᠡᠪᠡ᠃ 2007 ᠤᠨ ᠤ ᠪᠦᠬᠦ | ᠤᠷᠤᠨ ᠤ ᠲᠦᠷᠪᠡᠳᠦᠭᠡᠷ ᠬᠤᠭᠤᠴᠠᠭᠠᠨ ᠤ ᠤᠯᠠᠭᠠᠨᠮᠦ᠋ᠴᠢᠷ ᠤᠨ ᠤᠷᠠᠯᠢᠭ ᠤᠨ ᠨᠠᠶᠢᠷ ᠲᠤ ᠬᠠᠮᠳᠤ ᠨᠢᠬᠡᠴᠡ ᠶᠢᠨ | ᠮᠦᠩᠭᠦᠨ ᠮᠧᠳᠠᠯ᠂ ᠨᠢᠬᠡ ᠳᠤ ᠮᠡᠷᠭᠡᠰᠢᠵᠤ ᠤᠯᠠᠨ ᠳᠤ ᠴᠠᠭᠠᠷᠠᠭᠰᠠᠨ ᠬᠠᠮᠳᠤ ᠨᠢᠬᠡᠴᠡ ᠶᠢᠨ ᠱᠠᠩᠨᠠᠯ ᠬᠦᠷᠳᠡᠪᠡ᠃ | 2009 ᠤᠨ ᠤ ᠪᠦᠬᠦ ᠠᠶᠢᠮᠠᠭ ᠤᠨ 15 ᠳ᠋ᠤᠭᠠᠷ ᠬᠤᠭᠤᠴᠠᠭᠠᠨ ᠤ ᠤᠯᠠᠭᠠᠨᠮᠦ᠋ᠴᠢᠷ ᠤᠨ ᠴᠤᠭᠯᠠᠭᠠᠨ ᠳᠤ ᠬᠠᠮᠳᠤ | ᠨᠢᠬᠡᠴᠡ ᠶᠢᠨ ᠬᠦᠷᠡᠯ ᠮᠧᠳᠠᠯ᠂ ᠨᠢᠬᠡ ᠳᠤ ᠮᠡᠷᠭᠡᠰᠢᠵᠤ ᠤᠯᠠᠨ ᠳᠤ ᠴᠠᠭᠠᠷᠠᠭᠰᠠᠨ ᠬᠠᠮᠳᠤ ᠨᠢᠬᠡᠴᠡ ᠶᠢᠨ ᠱᠠᠩᠨᠠᠯ | ᠬᠦᠷᠳᠡᠪᠡ᠃ 2010 ᠤᠨ ᠤ ᠪᠦᠬᠦ ᠤᠷᠤᠨ ᠤ ᠲᠠᠪᠤᠳᠤᠭᠠᠷ ᠬᠤᠭᠤᠴᠠᠭᠠᠨ ᠤ ᠤᠷᠠᠯᠢᠭ ᠤᠨ ᠨᠠᠶᠢᠷ ᠲᠤ ᠬᠠᠮᠳᠤ | ᠨᠢᠬᠡᠴᠡ ᠶᠢᠨ ᠮᠦᠩᠭᠦᠨ ᠮᠧᠳᠠᠯ᠂ ᠨᠢᠭᠡ ᠳᠤ ᠮᠡᠷᠭᠡᠰᠢᠵᠤ ᠤᠯᠠᠨ ᠳᠤ ᠴᠠᠭᠠᠷᠠᠭᠰᠠᠨ ᠬᠠᠮᠳᠤ ᠨᠢᠬᠡᠴᠡ ᠶᠢᠨ ᠱᠠᠩᠨᠠᠯ | ᠪᠡ ᠰᠡᠴᠡᠨᠳᠤᠶᠠᠭ᠎ᠠ ︽ᠨᠢᠬᠡ ᠳᠤ ᠮᠡᠷᠭᠡᠰᠢᠵᠤ ᠤᠯᠠᠨ ᠳᠤ ᠴᠠᠭᠠᠷᠠᠭᠰᠠᠨ︾ ᠤᠷᠤᠯᠳᠤᠭᠠᠨ ᠤ ᠨᠢᠭᠡᠳᠦᠭᠡᠷ ᠲᠡᠰ ᠤᠨ | ᠱᠠᠩᠨᠠᠯ ᠲᠤᠰ ᠲᠤᠰ ᠬᠦᠷᠳᠡᠪᠡ᠃ 2011 ᠤᠨ ᠤ ᠪᠦᠬᠦ ᠠᠶᠢᠮᠠᠭ ᠤᠨ 16 ᠳ᠋ᠤᠭᠠᠷ ᠬᠤᠭᠤᠴᠠᠭᠠᠨ ᠤ | ᠤᠯᠠᠭᠠᠨᠮᠦ᠋ᠴᠢᠷ ᠤᠨ ᠴᠤᠭᠯᠠᠭᠠᠨ ᠳᠤ ᠬᠠᠮᠳᠤ ᠨᠢᠬᠡᠴᠡ ᠶᠢᠨ ᠲᠤᠭᠯᠠᠯᠳᠠ ᠶᠢᠨ ᠮᠦᠩᠭᠦᠨ ᠮᠧᠳᠠᠯ᠂ ᠨᠢᠬᠡ ᠳᠤ | ᠮᠡᠷᠭᠡᠰᠢᠵᠤ ᠤᠯᠠᠨ ᠳᠤ ᠴᠠᠭᠠᠷᠠᠭᠰᠠᠨ ᠱᠠᠩᠨᠠᠯ ᠲᠤᠰ ᠲᠤᠰ ᠬᠦᠷᠳᠡᠪᠡ᠃ 2013 ᠤᠨ ᠤ 17 ᠳ᠋ᠤᠭᠠᠷ | ᠬᠤᠭᠤᠴᠠᠭᠠᠨ ᠤ ᠤᠯᠠᠭᠠᠨᠮᠦ᠋ᠴᠢᠷ ᠤᠨ ᠴᠤᠭᠯᠠᠭᠠᠨ ᠳᠤ ᠬᠠᠮᠳᠤ ᠨᠢᠬᠡᠴᠡ ᠶᠢᠨ ᠠᠯᠳᠠᠨ ᠮᠧᠳᠠᠯ᠂ ᠨᠢᠬᠡ ᠳᠤ | ᠮᠡᠷᠭᠡᠰᠢᠵᠤ ᠤᠯᠠᠨ ᠳᠤ ᠴᠠᠭᠠᠷᠠᠭᠰᠠᠨ ᠬᠠᠮᠳᠤ ᠨᠢᠭᠡᠴᠡ ᠶᠢᠨ ᠱᠠᠩᠨᠠᠯ ᠬᠦᠷᠳᠡᠪᠡ᠃ 2014 ᠤᠨ ᠤ ᠪᠦᠬᠦ ᠤᠷᠤᠨ | ᠤ ᠵᠢᠷᠭᠤᠳᠤᠭᠠᠷ ᠬᠤᠭᠤᠴᠠᠭᠠᠨ ᠤ ᠤᠷᠠᠯᠢᠭ ᠤᠨ ᠨᠠᠶᠢᠷ ᠲᠤ ᠬᠠᠮᠳᠤ ᠨᠢᠬᠡᠴᠡ ᠶᠢᠨ ᠠᠯᠳᠠᠨ ᠮᠧᠳᠠᠯ ᠬᠦᠷᠳᠡᠵᠤ᠂ | ᠮᠦᠨ ᠲᠤᠰ ᠵᠢᠯ ᠤᠨ 12 ᠳ᠋ᠤᠭᠠᠷ ᠰᠠᠷ᠎ᠠ ᠳᠤ ︽ᠪᠦᠬᠦ ᠤᠯᠤᠰ ᠤᠨ ᠰᠤᠶᠤᠯ ᠤᠨ ᠰᠢᠰᠲ᠋ᠧᠮ ᠤᠨ ᠲᠡᠷᠢᠬᠦᠨ ᠤ | ᠬᠠᠮᠳᠤ ᠨᠢᠬᠡᠴᠡ︾ ᠪᠠᠷ ᠦᠨᠡᠯᠡᠭᠳᠡᠪᠡ᠃ 2016 ᠤᠨ ᠳᠤ ᠬᠠᠰᠪᠤᠯᠤᠳ ᠤᠨ ᠵᠤᠬᠢᠶᠠᠨ ᠨᠠᠶᠢᠷᠠᠭᠤᠯᠤᠭᠰᠠᠨ ᠺᠢᠨᠤ᠋ | ︽ᠤᠷᠢᠯᠭ᠎ᠠ︾ ᠨᠢ ᠪᠦᠬᠦ ᠤᠷᠤᠨ ᠤ ᠰᠢᠯᠢᠳᠡᠭ ᠺᠢᠨᠤ᠋ ᠶᠢᠨ ᠰᠢᠯᠭᠠᠷᠠᠭᠤᠯᠤᠯᠳᠠ ᠳᠤ ᠬᠤᠶᠠᠳᠤᠭᠠᠷ ᠲᠡᠰ ᠤᠨ ᠱᠠᠩᠨᠠᠯ | ᠬᠦᠷᠳᠡᠵᠤ᠂ ᠮᠦᠨ ᠲᠤᠰ ᠵᠢᠯ ᠳᠤ ᠪᠦᠬᠦ ᠤᠯᠤᠰ ᠤᠨ ᠬᠤᠶᠠᠳᠤᠭᠠᠷ ᠬᠤᠭᠤᠴᠠᠭᠠᠨ ᠤ ᠪᠠᠷᠠᠭᠤᠨ ᠤᠷᠤᠨ ᠤ ᠠᠷᠠᠳ | ᠤᠨ ᠲᠠᠭᠤᠨ ᠤ ᠤᠷᠤᠯᠳᠤᠭᠠᠨ ᠳᠤ ᠪᠠᠶᠠᠨᠳᠡᠭᠰᠢ ᠴᠤᠭᠤᠷ ᠤᠨ ᠲᠠᠭᠤᠤ ︽ᠪᠤᠭᠳᠠ ᠴᠢᠩᠬᠢᠰ︾ ︽ᠠᠷᠤ ᠬᠦᠪᠴᠢ | ᠶᠢᠨ ᠤᠨᠠᠭ᠎ᠠ︾ ᠪᠠᠷ ︽ᠬᠠᠮᠤᠭ ᠤᠨ ᠰᠤᠳᠤᠨ ᠲᠠᠭᠤᠴᠢᠨ︾ ︽ᠬᠠᠮᠤᠭ ᠤᠨ ᠰᠢᠯᠢᠳᠡᠭ ᠲᠤᠭᠯᠠᠯᠳᠠ︾ ᠶᠢᠨ | ᠱᠠᠩᠨᠠᠯ ᠬᠦᠷᠳᠡᠭᠰᠡᠨ ᠪᠠᠶᠢᠨ᠎ᠠ᠃ |