ᠨᠦᠭᠡᠴᠡ ᠪᠤᠯᠤᠨ ᠬᠡᠮ ᠬᠡᠮᠵᠢᠶ᠎ᠡ
ᠨᠡᠶᠢᠲᠡᠯᠡᠭᠰᠡᠨ ᠴᠠᠭ᠄
2020/10/16
    ᠮᠠᠯᠵᠢᠬᠤ ᠦᠢᠯᠡᠳᠪᠤᠷᠢᠯᠡᠯ ᠤᠨ ᠬᠤᠪᠢ ᠳᠤ ᠨᠠᠮᠤᠷ ᠤᠨ ᠤᠯᠠᠷᠢᠯ ᠪᠤᠯ ᠡᠪᠦᠯ ᠬᠠᠪᠤᠷ ᠤᠨ ᠬᠡᠷᠡᠭᠰᠡᠬᠦ ᠡᠪᠡᠰᠦ ᠪᠤᠷᠳᠤᠭ᠎ᠠ ᠪᠠᠨ ᠨᠦᠭᠡᠴᠡᠯᠡᠵᠦ ᠪᠡᠯᠡᠳᠭᠡᠬᠦ ᠴᠠᠭ ᠪᠢᠯᠡ᠃ ᠴᠠᠭᠠᠨ᠎ᠠ ᠪᠠᠨ ᠨᠦᠭᠡᠴᠡ ᠲᠠᠢ ᠪᠠᠶᠢᠨ᠎ᠠ ᠭᠡᠳᠡᠭ ᠪᠠᠷᠳᠠᠮ ᠠᠮᠢᠳᠤᠷᠠᠬᠤ ᠶᠢᠨ ᠪᠠᠳᠤᠯᠠᠭ᠎ᠠ ᠪᠤᠯᠳᠠᠭ᠃ ᠳᠡᠭᠡᠬᠦ ᠪᠠᠷ ᠯᠡ ᠪᠡᠯᠡᠳᠭᠡᠯ ᠰᠠᠶᠢᠳᠠᠢ ᠪᠤᠯ ᠪᠠᠯᠢᠳᠠᠬᠤ ᠦᠭᠡᠢ ᠭᠡᠵᠦ ᠶᠠᠷᠢᠵᠠᠭᠠᠳᠠᠭ ᠪᠢᠵᠡ⁈ ᠨᠦᠭᠡᠴᠡᠯᠡᠬᠦ ᠳᠤ ᠪᠠᠰᠠ ᠶᠡᠭᠡ ᠤᠬᠠᠭᠠᠨ ᠬᠡᠷᠡᠭᠳᠡᠢ᠃ ᠨᠦᠭᠡᠴᠡᠯᠡᠭᠰᠡᠨ ᠠᠴᠠ ᠪᠤᠯᠵᠦ ᠬᠤᠬᠢᠷᠠᠯ ᠭᠠᠷᠬᠤ ᠦᠭᠡᠢ ᠪᠠᠶᠢᠬᠤ ᠶᠢ ᠬᠢᠴᠢᠶᠡᠬᠦ ᠨᠢ ᠪᠠᠰᠠ ᠨᠢᠭᠡ ᠳᠠᠯ᠎ᠠ ᠶᠢᠨ ᠵᠦᠪ ᠬᠢᠳᠡᠯ ᠶᠣᠮ᠃ ᠮᠠᠯᠵᠢᠬᠤ ᠦᠢᠯᠡᠳᠪᠤᠷᠢᠯᠡᠯ ᠳᠡᠳᠦᠢ ᠪᠢᠰᠢ᠂ ᠠᠮᠢᠳᠤᠷᠠᠯ ᠤᠨ ᠤᠯᠠᠨ ᠭᠤᠭᠴᠤᠭᠠᠨ ᠳᠤ ᠳᠡᠩᠳᠡᠬᠦᠦ ᠶᠡᠭᠡ ᠨᠦᠭᠡᠴᠡᠯᠡᠭᠰᠡᠨ ᠠᠴᠠ ᠪᠤᠯᠵᠦ ᠵᠤᠬᠢᠰ ᠦᠭᠡᠢ ᠵᠠᠷᠤᠳᠠᠯ ᠭᠠᠷᠴᠦ᠂ ᠶᠠᠭᠤᠮ᠎ᠠ ᠶᠢ ᠪᠦᠷᠢᠯᠭᠡᠨ ᠰᠦᠢᠳᠭᠡᠬᠦ ᠪᠠᠶᠢᠳᠠᠯ ᠭᠠᠷᠴᠦ ᠪᠠᠶᠢᠳᠠᠭ᠃ ᠬᠡᠮ ᠬᠡᠮᠵᠢᠶ᠎ᠡ ᠶᠢᠨ ᠳᠤᠬᠠᠢ ᠪᠤᠳᠤᠯᠬᠢᠯᠠᠬᠤ᠂ ᠪᠤᠳᠤᠯᠬᠢᠯᠠᠬᠤ ᠠᠴᠠ ᠪᠠᠨ ᠠᠬᠢᠭᠤᠯᠤᠭᠠᠳ ᠳᠤᠭᠠᠴᠠᠭᠠᠯᠠᠵᠦ ᠬᠡᠷᠡᠭᠴᠡᠭᠡᠨ ᠤ ᠪᠠᠨ ᠬᠢᠷᠢ ᠪᠠᠷ ᠵᠤᠬᠢᠰᠳᠠᠢ ᠪᠡᠯᠡᠳᠭᠡᠯ ᠬᠢᠬᠦ ᠪᠤᠯ ᠠᠷᠪᠢᠴᠢ ᠭᠠᠮᠳᠠᠢ ᠰᠠᠶᠢᠬᠠᠨ ᠠᠮᠢᠳᠤᠷᠠᠯ ᠦᠢᠯᠡᠳᠪᠤᠷᠢᠯᠡᠯ ᠤᠨ ᠰᠠᠭᠤᠷᠢ ᠪᠤᠯᠳᠠᠭ ᠶᠤᠮ᠃     ᠪᠦᠬᠦ ᠵᠦᠢᠯ ᠳᠤ ᠬᠡᠮ ᠬᠡᠮᠵᠢᠶ᠎ᠡ ᠭᠡᠵᠦ ᠪᠠᠶᠢᠳᠠᠭ᠃ ᠬᠡᠮ ᠬᠡᠮᠵᠢᠶ᠎ᠡ ᠠᠯᠳᠠᠭᠳᠠᠭᠰᠠᠨ ᠢᠶᠠᠷ ᠬᠡᠪ ᠤᠨ ᠪᠠᠶᠢᠳᠠᠯ ᠡᠪᠳᠡᠭᠳᠡᠵᠦ ᠰᠠᠨᠠᠭᠰᠠᠨ ᠪᠤᠳᠤᠭᠰᠠᠨ ᠠᠴᠠ ᠦᠭᠡᠷ᠎ᠡ ᠳᠡᠶᠢᠰᠢ ᠶᠠᠪᠤᠴᠢᠬᠠᠬᠤ ᠭᠡᠳ ᠪᠠᠶᠢᠳᠠᠭ᠃ ᠨᠦᠭᠡᠴᠡᠯᠡᠬᠦ ᠳᠤ ᠴᠦ ᠠᠳᠠᠯᠢᠬᠠᠨ᠃ ᠬᠡᠳᠦᠷᠭᠡᠢ ᠶᠡᠭᠡ ᠨᠦᠭᠡᠴᠡᠯᠡᠬᠦ ᠬᠢᠭᠡᠳ ᠬᠦᠷᠦᠯᠴᠡᠭᠡ ᠦᠭᠡᠢ ᠪᠤᠯᠬᠤ ᠠᠯᠢ ᠠᠯᠢ ᠨᠢ ᠭᠠᠴᠢᠭᠳᠠᠯ ᠳᠤ ᠤᠴᠠᠷᠠᠭᠤᠯᠳᠠᠭ ᠶᠤᠮ᠃ ᠮᠠᠯᠵᠢᠬᠤ ᠦᠢᠯᠡᠳᠪᠤᠷᠢᠯᠡᠯ ᠢᠶᠠᠷ ᠵᠢᠱᠢᠶᠡᠯᠡᠬᠦ ᠳᠤ᠂ ᠡᠪᠦᠯ ᠬᠠᠪᠤᠷ ᠢ ᠳᠤᠭᠤᠯᠬᠤ ᠳᠤ ᠶᠡᠭᠡ ᠳᠦᠯᠦᠪ ᠬᠡᠳᠦᠢ ᠬᠡᠮᠵᠢᠶᠡᠨ ᠤ ᠡᠪᠡᠰᠦ ᠪᠤᠷᠳᠤᠭ᠎ᠠ ᠪᠡᠯᠡᠳᠭᠡᠬᠦ ᠶᠢᠨ ᠳᠤᠬᠠᠢ ᠳᠤᠭᠠᠴᠠᠭᠠᠯᠠᠵᠦ ᠪᠤᠳᠤᠭᠰᠠᠨ ᠳᠠᠩᠰᠠ ᠳᠡᠮᠳᠡᠭᠯᠡᠯ ᠪᠠᠶᠢᠬᠤ ᠤᠴᠢᠷᠳᠠᠢ᠃ ᠶᠠᠷᠢᠶᠠᠨ ᠦᠭᠡᠢ ᠳᠦᠰᠦᠪᠯᠡᠵᠦ ᠳᠦᠯᠦᠪᠯᠡᠭᠰᠡᠨ ᠠᠴᠠ ᠢᠯᠡᠬᠦᠦ ᠭᠠᠷᠬᠤ ᠪᠤᠶᠤ ᠳᠤᠳᠠᠭᠳᠠᠬᠤ ᠪᠠᠶᠢᠳᠠᠯ ᠭᠠᠷᠬᠤ ᠶᠢ ᠴᠦ ᠦᠬᠡᠶᠢᠰᠭᠡᠬᠦ ᠶᠢᠨ ᠠᠷᠭ᠎ᠠ ᠦᠭᠡᠢ᠃ ᠭᠡᠯ᠎ᠡ ᠴᠦ ᠲᠦᠯᠦᠪᠯᠡᠭᠡᠨ ᠠᠴᠠ ᠪᠠᠨ ᠬᠡᠳᠦᠷᠭᠡᠢ ᠵᠦᠷᠢᠬᠦᠯᠬᠦ ᠦᠭᠡᠢ ᠪᠠᠶᠢᠬᠤ ᠨᠢ ᠵᠦᠪ ᠶᠤᠮ᠃     ᠬᠡᠮ ᠬᠡᠮᠵᠢᠶ᠎ᠡ ᠶᠢᠨ ᠳᠤᠬᠠᠢ ᠶᠠᠷᠢᠬᠤ ᠳᠤ ᠦᠪᠡᠷ ᠤᠨ ᠭᠡᠷᠡᠭᠴᠡᠭᠡᠨ ᠳᠤ ᠪᠠᠨ ᠳᠤᠬᠢᠷᠠᠭᠤᠯᠤᠨ ᠪᠡᠯᠡᠳᠭᠡᠵᠦ᠂ ᠬᠦᠷᠴᠦ ᠯᠡ ᠪᠠᠶᠢᠪᠠᠯ ᠪᠤᠯᠬᠤ ᠶᠢᠨ ᠳᠤᠬᠠᠢ ᠪᠤᠳᠤᠬᠤ ᠤᠴᠢᠷᠳᠠᠢ᠃ ᠬᠡᠳᠦᠷᠡᠭᠰᠡᠨ ᠪᠡᠯᠡᠳᠭᠡᠯ ᠬᠡᠳᠡᠷᠬᠦ ᠪᠠᠨ ᠳᠠᠷᠤᠭᠠᠰᠤ ᠪᠤᠯᠳᠠᠭ ᠢ ᠪᠤᠳᠤᠯᠳᠠᠢ᠃ ᠤᠯᠠᠩᠬᠢ ᠬᠡᠳᠦᠷᠡᠭᠰᠡᠨ ᠵᠦᠢᠯᠡᠰ ᠰᠢᠨᠤᠯ ᠲᠠᠢ ᠬᠤᠯᠪᠤᠭ᠎ᠠ ᠲᠠᠢ ᠪᠠᠶᠢᠳᠠᠭ᠃ ᠰᠢᠨᠤᠯ ᠦᠭᠡᠢ ᠠᠮᠢᠳᠤᠷᠠᠬᠤ ᠳᠤ ᠳᠠᠷᠤᠭᠠᠰᠤ ᠦᠭᠡᠢ ᠪᠠᠶᠢᠳᠠᠭ ᠤᠨ ᠳᠤᠬᠠᠢ ᠪᠤᠳᠤᠵᠦ᠂ ᠢᠷᠡᠭᠡᠳᠦᠢ ᠴᠠᠭ ᠲᠤ ᠬᠡᠷᠡᠭᠰᠡᠬᠦ ᠵᠦᠢᠯᠡᠰ ᠤᠨ ᠢᠶᠠᠨ ᠬᠡᠮ ᠬᠡᠮᠵᠢᠶᠡᠨ ᠤ ᠳᠠᠯ᠎ᠠ ᠪᠠᠷ ᠪᠤᠳᠤᠪᠠᠯ ᠦᠪᠡᠷ ᠤᠨ ᠪᠠᠶ᠎ᠡ ᠳᠤ ᠠᠰᠢᠭᠳᠠᠢ᠃ ᠨᠢᠳᠦᠨ ᠡᠮᠦᠨᠡᠬᠢ ᠠᠰᠢᠠᠠᠳᠤ ᠪᠠᠶᠢᠳᠠᠯ ᠨᠢ ᠢᠷᠡᠭᠡᠳᠦᠢ ᠴᠠᠭ ᠤᠨ ᠳᠡᠭᠡᠭᠡᠷ᠎ᠡ ᠳᠠᠷᠤᠭᠠᠰᠤ ᠪᠤᠯᠴᠢᠬᠠᠳᠠᠭ ᠨᠢ ᠵᠦᠡᠭᠳᠡᠭᠡᠨ᠃ ᠤᠴᠢᠷ ᠨᠢ ᠴᠠᠭ ᠪᠠᠶᠢᠡᠭᠭᠤ ᠬᠤᠪᠢᠷᠠᠵᠦ᠂ ᠪᠠᠶᠢᠳᠠᠯ ᠪᠠᠶᠢᠡᠭᠭᠤ ᠬᠤᠪᠢᠷᠠᠵᠦ᠂ ᠠᠮᠢᠳᠤᠷᠠᠯ ᠤᠨ ᠭᠡᠷᠡᠭᠴᠡᠭᠡ ᠱᠠᠭᠠᠷᠳᠠᠯᠭ᠎ᠠ ᠴᠦ ᠪᠠᠶᠢᠡᠭᠭᠤ ᠬᠤᠪᠢᠷᠠᠵᠦ ᠪᠠᠶᠢᠳᠠᠭ ᠪᠤᠯᠬᠤᠷ ᠡᠨᠡ ᠯᠡ ᠴᠠᠭ ᠢᠶᠠᠨ ᠬᠠᠷᠠᠵᠦ ᠬᠡᠳᠦᠷᠡᠭᠰᠡᠨ ᠶᠡᠭᠡ ᠪᠡᠯᠡᠳᠭᠡᠯ ᠬᠢᠬᠦ ᠨᠢ ᠬᠡᠷᠡᠭᠴᠡᠭᠡ ᠦᠭᠡᠢ ᠪᠠᠶᠢᠵᠦ ᠮᠡᠳᠡᠬᠦ ᠶᠤᠮ᠃     ᠨᠦᠭᠡᠴᠡᠯᠡᠬᠦ ᠶᠢᠨ ᠵᠤᠷᠢᠯᠭ᠎ᠠ ᠨᠢ ᠶᠠᠭᠤ ᠪᠠᠶᠢᠳᠠᠭ ᠪᠤᠢ ᠭᠡᠬᠦ ᠪᠠᠷ ᠢᠷᠡᠭᠡᠳᠦᠢ ᠴᠠᠭ ᠲᠤ ᠠᠰᠢᠭᠯᠠᠬᠤ ᠤᠴᠢᠷ ᠶᠤᠮ᠃ ᠭᠡᠷᠪᠡ ᠢᠷᠡᠭᠡᠳᠦᠢ ᠴᠠᠭ ᠲᠤ ᠨᠦᠭᠡᠴᠡᠯᠡᠭᠰᠡᠨ ᠶᠠᠭᠤᠮ᠎ᠠ ᠪᠠᠨ ᠠᠰᠢᠭᠯᠠᠵᠦ ᠴᠢᠳᠠᠭ᠎ᠠ ᠦᠭᠡᠢ ᠬᠠᠶᠠᠭᠳᠠᠮᠠᠯ ᠪᠤᠯᠭᠠᠵᠦ ᠪᠠᠶᠢᠪᠠᠯ ᠨᠦᠭᠡᠴᠡᠯᠡᠭᠰᠡᠨ ᠤ ᠬᠡᠷᠡᠭ ᠵᠤᠷᠢᠯᠭ᠎ᠠ ᠶᠠᠭᠤᠨ ᠳᠤ ᠤᠷᠤᠰᠢᠨ᠎ᠠ ᠪᠤᠢ⁈ ᠠᠮᠢᠳᠤᠷᠠᠯ ᠳᠤᠮᠳᠠ ᠮᠠᠷᠭᠠᠰᠢ ᠴᠦ ᠶᠤᠮ ᠤᠤ᠂ ᠭᠡᠳᠦ ᠬᠤᠨᠤᠭ ᠠᠴᠠ ᠢᠳᠡᠬᠦ ᠭᠡᠮᠡᠨ ᠠᠪᠤᠭᠰᠠᠨ ᠵᠢᠮᠢᠰ ᠨᠤᠭᠤᠭ᠎ᠠ ᠢᠯᠵᠢᠷᠡᠵᠦ ᠡᠪᠳᠡᠷᠡᠭᠡᠳ ᠬᠠᠶᠠᠭᠳᠠᠬᠤ ᠳᠤᠬᠢᠶᠠᠯᠳᠤᠯ ᠪᠠᠶᠢᠳᠠᠭ ᠪᠢᠵᠡ︖ ᠤᠯᠠᠮ ᠢᠯᠡᠬᠦᠦ ᠪᠡᠯᠡᠳᠭᠡᠬᠦ ᠳᠤᠳᠤᠮ ᠤᠯᠠᠮ ᠢᠯᠡᠬᠦᠦ ᠶᠡᠭᠡ ᠵᠦᠢᠯᠡᠰ ᠬᠠᠶᠠᠭᠳᠠᠬᠤ ᠪᠠᠶᠢᠳᠠᠯ ᠭᠠᠷᠴᠦ ᠮᠡᠳᠡᠨ᠎ᠡ᠃ ᠪᠦᠬᠦ ᠵᠦᠢᠯ ᠤᠨ ᠪᠡᠯᠡᠳᠭᠡᠯ ᠦᠨᠡᠨ ᠳᠤ ᠪᠠᠨ ᠡᠬᠦᠨ ᠲᠠᠢ ᠶᠠᠭ ᠢᠵᠢᠯ ᠪᠠᠶᠢᠳᠠᠭ ᠶᠤᠮ᠃ ᠪᠡᠯᠡᠳᠭᠡᠭᠰᠡᠨ ᠪᠤᠯᠭᠠᠨ ᠵᠢᠩᠬᠢᠨᠢ ᠬᠡᠷᠡᠭᠴᠡᠭᠡᠨ ᠳᠤ ᠬᠦᠷᠬᠦ ᠡᠰᠡᠬᠦ ᠶᠢᠨ ᠳᠤᠬᠠᠢ ᠪᠢᠳᠡ ᠪᠤᠳᠤᠬᠤ ᠤᠴᠢᠷᠳᠠᠢ᠃ ᠪᠡᠯᠡᠳᠭᠡᠭᠰᠡᠨ ᠵᠦᠢᠯᠡᠰ ᠬᠠᠶᠠᠭᠳᠠᠮᠠᠯ ᠤᠨ ᠳᠤᠭᠠᠨ ᠳᠤ ᠤᠷᠤᠵᠦ ᠤᠤ ᠦᠭᠡᠢ ᠤᠤ ᠭᠡᠳᠡᠭ ᠢ ᠴᠦ ᠪᠤᠳᠤᠬᠤ ᠤᠴᠢᠷᠳᠠᠢ᠃ ᠠᠮᠢᠳᠤᠷᠠᠯ ᠦᠢᠯᠡᠳᠪᠤᠷᠢᠯᠡᠯ ᠢᠶᠠᠨ ᠪᠠᠳᠤᠯᠠᠭ᠎ᠠ ᠲᠠᠢ᠂ ᠪᠠᠯᠢᠳᠠᠬᠤ ᠵᠦᠢᠯ ᠦᠭᠡᠢ ᠡᠵᠡᠩᠨᠡᠵᠦ ᠶᠠᠪᠤᠬᠤ ᠳᠤ ᠶᠠᠷᠢᠶᠠᠨ ᠦᠭᠡᠢ ᠨᠦᠭᠡᠴᠡ ᠬᠡᠷᠡᠭᠳᠡᠢ ᠪᠠᠶᠢᠵᠦ ᠳᠠᠭᠠᠷᠠᠨ᠎ᠠ᠃ ᠳᠡᠭᠡᠬᠦ ᠳᠤ ᠶᠠᠭᠤᠮ᠎ᠠ ᠪᠤᠯᠭᠠᠨ ᠳᠤ ᠬᠡᠮ ᠬᠡᠮᠵᠢᠶ᠎ᠡ ᠪᠠᠶᠢᠳᠠᠭ ᠤᠨ ᠵᠦᠢ ᠪᠠᠷ ᠪᠢᠳᠡ ᠨᠦᠭᠡᠴᠡᠯᠡᠬᠦ ᠶᠢᠨ ᠬᠡᠮ ᠬᠡᠮᠵᠢᠶ᠎ᠡ ᠶᠢ ᠴᠦ ᠤᠬᠠᠭᠠᠯᠢᠭ ᠵᠤᠬᠢᠴᠠᠭᠤᠯᠬᠤ ᠤᠴᠢᠷᠳᠠᠢ ᠪᠢᠯᠡ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号