ᠯᠦᠸᠧ ᠬᠤ᠋ ᠽᠠᠢ ᠠᠶᠢᠮᠠᠭ ᠤᠨ ᠨᠠᠮ ᠤᠨ ᠬᠤᠷᠢᠶᠠᠨ ᠤ ᠱᠦᠵᠢ ᠶᠢᠨ ᠲᠤᠰᠬᠠᠶ ᠰᠡᠳᠦᠪᠲᠦ ᠬᠤᠷᠠᠯ ᠢ ᠡᠷᠬᠢᠯᠡᠨ ᠬᠤᠷᠠᠯᠳᠤᠭᠤᠯᠵᠦ ᠨᠡᠭᠦᠷᠡᠰᠦᠨ ᠦᠢᠯᠡᠳᠪᠦᠷᠢᠯᠡᠯ ᠎ ᠤᠨ ᠬᠠᠩᠭᠠᠯᠭ᠎ᠠ ᠶᠢ ᠪᠠᠲᠤᠯᠠᠬᠤ ᠠᠵᠢᠯ ᠢ ᠰᠤᠳᠤᠯᠤᠨ ᠪᠠᠶᠢᠷᠢᠯᠠᠭᠤᠯᠪᠠ
ᠨᠡᠶᠢᠲᠡᠯᠡᠭᠰᠡᠨ ᠴᠠᠭ᠄
2020/10/12
    10 ᠳ᠋ᠤᠭᠠᠷ ᠰᠠᠷ᠎ᠠ ᠶᠢᠨ 11᠎ ᠤ ᠡᠳᠦᠷ ᠤᠨ ᠦᠳᠡ ᠶᠢᠨ ᠡᠮᠦᠨ᠎ᠡ᠂ ᠠᠶᠢᠮᠠᠭ ᠤᠨ ᠨᠠᠮ ᠤᠨ ᠬᠤᠷᠢᠶᠠᠨ ᠤ ᠱᠦᠵᠢ ᠯᠦᠸᠧ ᠬᠤ᠋ ᠽᠠᠢ ᠱᠦᠵᠢ ᠶᠢᠨ ᠲᠤᠰᠬᠠᠶ ᠰᠡᠳᠦᠪᠲᠦ ᠬᠤᠷᠠᠯ ᠢ ᠡᠷᠬᠢᠯᠡᠨ ᠬᠤ‌‍ᠷᠠᠯᠳᠤᠭᠤᠯᠵᠤ᠂ ᠪᠦᠬᠦ ᠠᠶᠢᠮᠠᠭ ᠤᠨ ᠨᠡᠭᠦᠷᠡᠰᠦᠨ ᠤ ᠦᠢᠯᠡᠳᠪᠦᠷᠢᠯᠡᠯ ᠤᠨ ᠪᠠᠶᠢᠳᠠᠯ ᠢ ᠰᠤᠳᠤᠯᠵᠦ᠂ ᠬᠠᠩᠭᠠᠯᠭ᠎ᠠ ᠶᠢ ᠪᠠᠲᠤᠯᠠᠬᠤ ᠠᠵᠢᠯ ᠢ ᠪᠠᠶᠢᠷᠢᠯᠠᠭᠤᠯᠪᠠ᠃     ᠯᠦᠸᠧ ᠬᠤ᠋ ᠽᠠᠢ ᠵᠢᠭᠠᠵᠦ ᠭᠠᠷᠭᠠᠬᠤ ᠳᠠᠭᠠᠨ᠂ ᠬᠡᠪᠰᠢᠭᠰᠡᠨ ᠬᠢᠵᠢᠭ ᠤᠨ ᠪᠠᠶᠢᠳᠠᠯ ᠢ ᠰᠡᠷᠭᠡᠶᠢᠯᠡᠨ  ᠬᠤᠷᠢᠭᠯᠠᠬᠤ ᠶᠢ ᠪᠠᠶᠢᠩᠭᠤᠵᠢᠭᠰᠠᠨ ᠠᠵᠤ ᠠᠬᠤᠶ ᠨᠡᠶᠢᠭᠡᠮ ᠤᠨ ᠡᠮᠬᠢ ᠳᠢᠭᠯᠢᠮ ᠤᠨ ᠲᠦᠷᠭᠡᠨ ᠰᠡᠷᠭᠦᠬᠦ ᠪᠠ ᠡᠪᠦᠯ ᠤᠨ ᠤᠯᠠᠷᠢᠯ ᠤᠨ ᠢᠯᠴᠢ ᠬᠠᠩᠭᠠᠬᠤ ᠬᠡᠷᠡᠭᠴᠡᠭᠡ ᠶᠢ ᠳᠠᠭᠠᠯᠳᠤᠭᠤᠯᠤᠨ ᠨᠡᠭᠦᠷᠡᠰᠦᠨ ᠤ ᠦᠢᠯᠡᠳᠪᠦᠷᠢᠯᠡᠯ ᠪᠣᠷᠣᠯᠠᠭᠤᠯᠭ᠎ᠠ ᠳᠤ ᠬᠥᠭᠵᠢᠶᠡᠨᠲᠡᠶ ᠬᠠᠨᠳᠤᠰᠢ ᠢᠯᠡᠷᠡᠵᠦ᠂ ᠨᠡᠭᠦᠷᠡᠰᠦᠨ ᠤ ᠬᠠᠩᠭᠠᠯᠭ᠎ᠠ ᠶᠢ ᠪᠠᠲᠤᠯᠠᠬᠤ ᠨᠢ ︽ᠵᠢᠷᠭᠤᠭ᠎ᠠ ᠶᠢ ᠲᠣᠭᠲᠠᠭᠤᠨ ᠪᠠᠶᠢᠯᠭᠠᠬᠤ︾ ︽ᠵᠢᠷᠭᠤᠭ᠎ᠠ ᠶᠢ ᠪᠠᠲᠤᠯᠠᠬᠤ︾ ᠡᠭᠦᠷᠭᠡ ᠶᠢᠨ ᠨᠠᠶᠢᠳᠠᠪᠤᠷᠢᠵᠢᠭᠤᠯᠤᠯᠲᠠ ᠶᠢ ᠡᠷᠡᠰ ᠬᠦᠴᠦᠲᠡᠶ ᠰᠠᠶᠢᠲᠤᠷ ᠬᠢᠬᠦ ᠳᠤ ᠬᠤᠯᠪᠤᠭᠳᠠᠵᠦ᠂ ᠨᠡᠶᠢᠭᠡᠮ ᠤᠨ ᠬᠥᠭᠵᠢᠯᠲᠡ ᠶᠢᠨ ᠶᠡᠭᠡ ᠲᠠᠯ᠎ᠠ ᠶᠢᠨ ᠲᠣᠭᠲᠠᠭᠤᠨ ᠪᠠᠶᠢᠳᠠᠯ᠂ ᠠᠵᠤ ᠠᠬᠤᠶ ᠶᠢᠨ ᠠᠵᠢᠯᠯᠠᠯᠲᠠ ᠪᠠ  ᠠᠷᠠᠳ ᠤᠨ ᠦᠨᠳᠦᠰᠦᠨ ᠠᠮᠢᠳᠤᠷᠠᠯ ᠤᠨ ᠪᠠᠲᠤᠯᠠᠭ᠎ᠠ ᠲᠠᠢ ᠬᠤᠯᠪᠣᠭᠳᠠᠵᠤ ᠪᠠᠶᠢᠳᠠᠭ᠃ ᠡᠯ᠎ᠡ ᠭᠠᠵᠠᠷ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠢᠨ ᠤᠯᠤᠰ ᠲᠥᠷᠥ ᠶᠢᠨ ᠵᠣᠭᠰᠣᠴᠠ ᠪᠠᠨ ᠦᠨᠡᠨ ᠬᠦ ᠳᠡᠭᠡᠭᠰᠢᠯᠡᠭᠦᠯᠵᠦ᠂ ᠨᠡᠭᠦᠷᠡᠰᠦᠨ ᠤ ᠦᠢᠯᠡᠳᠪᠦᠷᠢᠯᠡᠯ ᠤᠨ ᠬᠠᠩᠭᠠᠯᠭ᠎ᠠ ᠶᠢ ᠬᠢᠬᠦ ᠶᠢ ᠠᠵᠤ ᠠᠬᠤᠶ ᠨᠡᠶᠢᠭᠡᠮ ᠤᠨ ᠬᠦᠭᠵᠢᠯᠲᠡ ᠶᠢᠨ ᠭᠤᠤᠯᠳᠠᠯᠭ᠎ᠠ ᠶᠢᠨ ᠭᠤᠤᠯᠳᠠᠯᠭ᠎ᠠ ᠪᠣᠯᠭᠠᠵᠤ᠂ ᠠᠶᠤᠯᠭᠦᠶ ᠦᠢᠯᠡᠳᠪᠦᠷᠢᠯᠡᠯ ᠪᠣᠯᠤᠨ ᠠᠮᠢ ᠠᠬᠤᠶ ᠣᠷᠴᠢᠨ ᠲᠣᠭᠤᠷᠢᠨ ᠤ ᠬᠠᠮᠠᠭᠠᠯᠠᠯᠲᠠ ᠎ ᠶᠢ ᠰᠠᠶᠢᠲᠤᠷ ᠠᠳᠬᠤᠬᠤ ᠤᠷᠢᠲᠠᠯ ᠳᠣᠤᠷ᠎ᠠ᠂ ᠦᠢᠯᠡᠳᠪᠦᠷᠢᠯᠡᠯ ᠤᠨ ᠲᠣᠬᠢᠷᠠᠭᠤᠯᠤᠯᠲᠠ ᠪᠠᠨ ᠴᠢᠩᠭᠠᠷᠠᠭᠤᠯᠵᠦ᠂ ᠳᠠᠯᠳᠠ ᠬᠦᠴᠦᠨ ᠢ ᠭᠦᠢᠴᠡᠳ ᠠᠭᠤᠳᠠᠯᠵᠤ᠂ ᠨᠡᠭᠦᠷᠡᠰᠦᠨ ᠤ ᠭᠠᠷᠤᠯᠲᠠ ᠶᠢ ᠪᠦᠬᠦ ᠬᠦᠴᠦᠨ ᠢᠶᠠᠷ ᠢᠶᠠᠨ ᠨᠡᠮᠡᠭᠳᠡᠭᠦᠯᠬᠦ ᠬᠡᠷᠡᠭᠲᠡᠶ ᠭᠡᠪᠡ᠃     ᠯᠦᠸᠧ ᠬᠤ᠋ ᠽᠠᠢ ᠴᠢᠬᠤᠯᠠᠴᠢᠯᠠᠬᠤ ᠳᠠᠭᠠᠨ᠂ ᠡᠯ᠎ᠡ ᠭᠠᠵᠠᠷ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠨᠡᠭᠦᠷᠡᠰᠦᠨ ᠤ ᠦᠢᠯᠡᠳᠪᠦᠷᠢᠯᠡᠯ ᠤᠨ ᠪᠠᠶᠢᠳᠠᠯ ᠢ ᠬᠢᠨᠠᠮᠠᠭᠠᠶ ᠵᠠᠳᠠᠯᠵᠤ᠂ ᠦᠢᠯᠡᠳᠪᠦᠷᠢᠯᠡᠯ ᠪᠣᠷᠣᠯᠠᠭᠤᠯᠭ᠎ᠠ ᠶᠢ ᠵᠣᠯᠭᠠᠭᠤᠯᠬᠤ ᠶᠢ ᠰᠠᠶᠢᠲᠤᠷ ᠠᠳᠬᠤᠵᠤ᠂ ᠭᠤᠣᠯ ᠬᠠᠷᠢᠭᠤᠴᠠᠯᠭᠠᠲᠠᠳ ᠴᠠᠭ ᠲᠤᠬᠠᠶ ᠳᠤᠨᠢ ᠨᠢᠭᠡᠳᠦᠯᠲᠡᠶ ᠲᠥᠯᠥᠪᠯᠡᠨ ᠲᠣᠬᠢᠷᠠᠭᠤᠯᠵᠤ᠂ ᠦᠢᠯᠡᠳᠪᠦᠷᠢᠯᠡᠯ ᠤᠨ ᠠᠵᠤ ᠠᠬᠤᠶᠢᠯᠠᠯ ᠳᠤ ᠲᠤᠯᠭᠠᠷᠠᠵᠤ ᠪᠠᠶᠢᠭ᠎ᠠ ᠪᠣᠳᠠᠲᠠᠶ ᠬᠦᠴᠢᠷᠳᠡᠯ ᠪᠣᠯᠤᠨ ᠠᠰᠠᠭᠤᠳᠠᠯ ᠢ ᠰᠤᠳᠤᠯᠤᠨ ᠰᠶᠢᠳᠪᠦᠷᠢᠯᠡᠵᠦ᠂ ᠠᠵᠢᠯ ᠤᠨ ᠡᠭᠦᠷᠭᠡ ᠶᠢ ᠠᠵᠢᠯ ᠲᠥᠷᠥᠯ ᠪᠣᠯᠤᠨ ᠦᠢᠯᠡᠳᠪᠦᠷᠢᠯᠡᠯ ᠤᠨ ᠠᠵᠤ ᠠᠬᠤᠶᠢᠯᠠᠯ ᠳᠤ ᠬᠤᠪᠢᠶᠠᠷᠢᠯᠠᠨ ᠨᠠᠶᠢᠳᠠᠪᠤᠷᠢᠵᠢᠭᠤᠯᠵᠤ᠂ ᠪᠦᠬᠦ ᠠᠶᠢᠮᠠᠭ ᠤᠨ ᠨᠡᠭᠦᠷᠡᠰᠦᠨ ᠤ ᠭᠠᠷᠤᠯᠲᠠ ᠶᠢ ᠲᠣᠭᠲᠠᠭᠤᠨ ᠢᠶᠠᠷ ᠨᠡᠮᠡᠭᠳᠡᠭᠦᠯᠬᠦ ᠶᠢ ᠦᠨᠡᠨᠬᠦ ᠪᠠᠲᠤᠯᠠᠵᠤ᠂ ᠪᠦᠬᠦ ᠲᠠᠯ᠎ᠠ ᠳᠤ ᠦᠢᠯᠡᠴᠢᠯᠡᠬᠦ ᠳᠤ ᠬᠤᠪᠢ ᠨᠡᠮᠡᠷᠢ ᠦᠵᠡᠭᠦᠯᠬᠦ ᠬᠡᠷᠡᠭᠲᠠᠢ ᠭᠡᠪᠡ᠃ ᠥᠪᠡᠷᠲᠡᠭᠡᠨ ᠵᠠᠰᠠᠬᠤ ᠣᠷᠣᠨ ᠤ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠢᠳᠡᠪᠬᠢᠲᠡᠢ  ᠬᠠᠮᠵᠢᠯᠴᠠᠨ ᠵᠤᠬᠢᠴᠠᠭᠤᠯᠵᠦ᠂ ᠬᠡᠰᠡᠭ ᠨᠡᠭᠦᠷᠡᠰᠦᠨ ᠤ ᠠᠵᠤ ᠠᠬᠤᠶᠢᠯᠠᠯ ᠪᠣᠯᠤᠨ ᠲᠥᠷᠥᠯ ᠵᠦᠢᠯ ᠤᠨ ᠭᠠᠷᠳᠠᠮ ᠭᠦᠢᠴᠡᠳᠭᠡᠬᠦ ᠠᠬᠢᠴᠠ ᠶᠢ ᠲᠦᠷᠭᠡᠳᠬᠡᠵᠦ᠂ ᠠᠵᠤ ᠠᠬᠤᠶᠢᠯᠠᠯ ᠤᠨ ᠬᠠᠤᠯᠢ ᠲᠣᠭᠲᠠᠭᠠᠯ ᠳᠤ ᠨᠡᠶᠢᠴᠡᠭᠰᠡᠨ ᠦᠢᠯᠡᠳᠪᠦᠷᠢᠯᠡᠯ ᠢ ᠠᠬᠢᠭᠤᠯᠵᠦ᠂ ᠴᠢᠨᠠᠷ ᠰᠠᠶᠢᠲᠠᠶ ᠨᠡᠭᠦᠷᠡᠰᠦᠨ ᠤ ᠦᠢᠯᠡᠳᠪᠦᠷᠢᠯᠡᠬᠦ ᠴᠢᠳᠠᠪᠤᠷᠢ ᠶᠢ ᠤᠯᠠᠮ ᠨᠢᠭᠡ ᠠᠯᠬᠤᠮ ᠪᠠᠳᠠᠷᠠᠭᠤᠯᠬᠤ ᠬᠡᠷᠡᠭᠲᠠᠢ᠃ ᠠᠶᠤᠯᠭᠦᠶ ᠦᠢᠯᠡᠳᠪᠦᠷᠢᠯᠡᠯ ᠤᠨ ᠡᠨᠡᠬᠦ ᠬᠥᠪᠴᠢ ᠶᠢ ᠢᠮᠠᠭᠲᠠ ᠴᠢᠩᠭᠠᠯᠠᠵᠤ᠂ ᠪᠣᠬᠢᠷᠲᠤᠯ ᠦᠭᠡᠶ ᠠᠭᠤᠷᠬᠠᠶ ᠶᠢᠨ ᠪᠦᠲᠦᠭᠡᠨ ᠪᠠᠶᠢᠭᠤᠯᠤᠯᠲᠠ ᠶᠢ ᠴᠢᠩᠭᠠᠷᠠᠭᠤᠯᠤᠨ᠂ ᠠᠮᠤᠷ ᠲᠦᠪᠰᠢᠨ ᠢ ᠠᠳᠬᠤᠵᠦ᠂ ᠣᠷᠴᠢᠨ ᠲᠣᠭᠤᠷᠢᠨ ᠤ ᠬᠠᠮᠠᠭᠠᠯᠠᠯᠲᠠ ᠶᠢ ᠠᠳᠬᠤᠵᠤ᠂ ᠬᠠᠩᠭᠠᠯᠭ᠎ᠠ ᠶᠢ ᠪᠠᠲᠤᠯᠠᠬᠤ ᠶᠢ ᠠᠳᠬᠤᠵᠤ᠂ ᠵᠠᠰᠠᠭ ᠤᠨ ᠣᠷᠳᠣᠨ ᠤ ᠬᠠᠷᠢᠶ᠎ᠠ ᠣᠷᠣᠨ ᠤ ᠬᠠᠷᠢᠭᠤᠴᠠᠯᠭ᠎ᠠ᠂ ᠠᠵᠢᠯ ᠲᠥᠷᠥᠯ ᠤᠨ ᠰᠠᠯᠠᠭ᠎ᠠ ᠮᠥᠴᠢᠷ ᠤᠨ ᠬᠢᠨᠠᠨ ᠬᠠᠮᠢᠶᠠᠷᠬᠤ ᠬᠠᠷᠢᠭᠤᠴᠠᠯᠭ᠎ᠠ᠂ ᠠᠵᠤ ᠠᠬᠤᠶᠢᠯᠠᠯ ᠤᠨ ᠭᠤᠤᠯ ᠴᠣᠭᠴᠠ ᠶᠢᠨ ᠬᠠᠷᠢᠭᠤᠴᠠᠯᠭ᠎ᠠ ᠶᠢ ᠴᠢᠩᠭ᠎ᠠ  ᠭᠦᠢᠴᠡᠳᠬᠡᠵᠦ᠂ ᠠᠶᠤᠯᠭᠦᠶ ᠦᠢᠯᠡᠳᠪᠦᠷᠢᠯᠡᠯ ᠤᠨ ᠡᠯ᠎ᠡ ᠵᠦᠢᠯ ᠤᠨ ᠳᠦᠷᠢᠮ ᠠᠷᠭ᠎ᠠ ᠬᠡᠮᠵᠢᠶ᠎ᠡ ᠶᠢ ᠴᠢᠩᠭ᠎ᠠ ᠨᠠᠶᠢᠳᠠᠪᠦᠷᠢᠵᠢᠭᠤᠯᠵᠦ᠂ ᠠᠶᠤᠯᠭᠦᠶ ᠦᠢᠯᠡᠳᠪᠦᠷᠢᠯᠡᠯ ᠤᠨ ᠬᠢᠨᠠᠯᠲᠠ ᠪᠠᠶᠢᠴᠠᠭᠠᠯᠲᠠ ᠶᠢ ᠴᠢᠩᠭᠠᠳᠬᠠᠵᠤ᠂ ᠠᠮᠤᠷ ᠲᠦᠪᠰᠢᠨ ᠤ ᠳᠠᠯᠳᠠ ᠭᠡᠮ ᠢ ᠴᠠᠭ ᠲᠤᠬᠠᠶ ᠳᠤᠨᠢ ᠣᠯᠵᠤ ᠮᠡᠳᠡᠨ ᠠᠷᠢᠯᠭᠠᠵᠤ᠂ ᠠᠶᠤᠯ ᠦᠭᠡᠢ ᠦᠢᠯᠡᠳᠪᠦᠷᠢᠯᠡᠯ ᠤᠨ ᠬᠦᠨᠳᠦ ᠶᠡᠭᠡ ᠣᠨᠴᠠ ᠶᠡᠭᠡ ᠠᠳᠡᠯ ᠭᠠᠷᠬᠤ ᠶᠢ ᠴᠢᠩᠭ᠎ᠠ ᠰᠡᠷᠭᠡᠶᠢᠯᠡᠬᠦ ᠬᠡᠷᠡᠭᠲᠡᠶ᠃ ᠵᠠᠮ ᠲᠡᠭᠡᠭᠡᠪᠦᠷᠢ ᠶᠢᠨ ᠬᠢᠨᠠᠨ ᠬᠡᠮᠵᠢᠯᠲᠡ ᠪᠠ ᠵᠠᠳᠠᠯᠤᠯᠲᠠ ᠬᠢᠵᠦ ᠰᠤᠳᠤᠯᠤᠨ ᠮᠠᠭᠠᠳᠯᠠᠬᠤ ᠪᠠᠨ ᠤᠯᠠᠮ ᠨᠢᠭᠡ ᠠᠯᠬᠤᠮ ᠴᠢᠩᠭᠠᠳᠬᠠᠵᠤ᠂ ᠨᠠᠷᠢᠨ ᠨᠢᠮᠪᠠᠶ ᠵᠣᠬᠢᠶᠠᠨ ᠪᠠᠶᠢᠭᠤᠯᠵᠤ ᠂ ᠬᠦᠴᠦᠲᠡᠶ ᠪᠥᠭᠡᠳ ᠪᠦᠲᠦᠮᠵᠢᠲᠡᠶ ᠲᠣᠬᠢᠷᠠᠭᠤᠯᠵᠤ᠂ ᠨᠡᠭᠦᠷᠡᠰᠦᠨ ᠤ ᠲᠡᠭᠡᠭᠡᠪᠦᠷᠢ ᠶᠢᠨ ᠠᠮᠤᠷ ᠲᠦᠪᠰᠢᠨ ᠪᠥᠭᠡᠳ ᠰᠠᠭᠠᠳ ᠦᠭᠡᠢ ᠨᠡᠪᠲᠡᠷᠡᠬᠦ ᠶᠢ ᠦᠨᠡᠨ ᠬᠦ  ᠪᠠᠲᠤᠯᠠᠬᠤ ᠬᠡᠷᠡᠭᠲᠠᠢ᠃ ᠭᠠᠷᠴᠤ ᠮᠡᠳᠡᠬᠦ ᠡᠯ᠎ᠡ ᠵᠦᠢᠯ ᠤᠨ ᠠᠶᠤᠯ ᠲᠦᠭᠰᠢᠭᠦᠷᠢ ᠪᠠ ᠬᠦᠴᠢᠷ ᠲᠦᠪᠡᠭᠲᠠᠢ ᠠᠰᠠᠭᠤᠳᠠᠯ ᠢ ᠭᠦᠢᠴᠡᠳ ᠰᠤᠳᠤᠯᠤᠨ ᠮᠠᠭᠠᠳᠯᠠᠵᠦ᠂ ᠪᠡᠯᠡᠳᠭᠡᠯ ᠨᠦᠭᠡᠴᠡ ᠶᠢ ᠰᠠᠶᠢᠲᠤᠷ ᠬᠢᠵᠦ᠂ ᠨᠡᠭᠦᠷᠡᠰᠦᠨ ᠤ ᠬᠠᠩᠭᠠᠯᠭ᠎ᠠ ᠶᠢ ᠪᠠᠲᠤᠯᠠᠬᠤ ᠲᠥᠰᠦᠯ ᠢ ᠰᠢᠨᠵᠢᠯᠡᠬᠦ ᠤᠬᠠᠭᠠᠨᠴᠢ ᠪᠠᠷ ᠲᠣᠭᠲᠠᠭᠠᠵᠤ ᠂ ᠣᠶᠢᠷ᠎ᠠ ᠶᠢᠨ ᠵᠢᠯ ᠤᠨ ᠲᠤᠷᠰᠢᠬᠢ ᠰᠠᠶᠢᠨ ᠲᠤᠷᠰᠢᠯᠭ᠎ᠠ ᠰᠢᠯᠢᠳᠡᠭ ᠠᠷᠭ᠎ᠠ ᠪᠠᠷᠢᠯ ᠢᠶᠠᠨ ᠬᠢᠨᠠᠮᠠᠭᠠᠶ ᠳ᠋ᠦᠩᠨᠡᠵᠦ᠂ ᠦᠨᠡᠨ ᠪᠣᠳᠠᠲᠠᠶ ᠪᠦᠲᠦᠮᠵᠢᠲᠡᠶ ᠠᠷᠭᠠᠴᠠᠬᠤ ᠠᠷᠭ᠎ᠠ ᠬᠡᠮᠵᠢᠶ᠎ᠡ ᠶᠢ ᠬᠠᠨᠳᠤᠯᠭᠠᠲᠤ ᠴᠢᠨᠠᠷᠲᠠᠶ ᠳᠤᠷᠠᠳᠤᠨ ᠭᠠᠷᠭᠠᠵᠦ᠂ ᠤᠷᠢᠳᠴᠢᠯᠠᠨ ᠠᠷᠭ᠎ᠠ ᠰᠦᠪᠡᠭᠴᠢᠯᠡᠵᠦ᠂ ᠬᠠᠷᠠᠯᠲᠠ ᠲᠠᠢ ᠪᠠᠷ ᠠᠵᠢᠯ ᠢᠶᠠᠨ ᠠᠬᠢᠭᠤᠯᠵᠦ᠂ ᠬᠠᠩᠭᠠᠯᠭ᠎ᠠ ᠶᠢ ᠪᠠᠲᠤᠯᠠᠬᠤ ᠡᠭᠦᠷᠭᠡ ᠪᠠᠨ ᠲᠡᠭᠦᠰ ᠠᠮᠵᠢᠯᠲᠠ ᠲᠠᠢ ᠪᠡᠶᠡᠯᠡᠭᠦᠯᠬᠦ ᠶᠢ ᠪᠠᠲᠤᠯᠠᠬᠤ ᠬᠡᠷᠡᠭᠲᠠᠢ ᠭᠡᠪᠡ᠃     ᠠᠶᠢᠮᠠᠭ ᠤᠨ ᠳᠡᠳ᠋ ᠳᠠᠷᠤᠭ᠎ᠠ ᠮᠧᠩ ᠵᠣᠣ ᠵᠢᠶᠦ᠋ᠨ᠂ ᠠᠶᠢᠮᠠᠭ ᠤᠨ ᠰᠢᠭᠤᠳ ᠬᠠᠷᠢᠶ᠎ᠠ ᠬᠤᠯᠪᠣᠭᠳᠠᠯ ᠪᠥᠬᠦᠶ ᠰᠠᠯᠠᠭ᠎ᠠ ᠮᠥᠴᠢᠷ ᠨᠢᠭᠡᠴᠡ ᠵᠢᠴᠢ ᠭᠤᠤᠯᠳᠠᠯᠭ᠎ᠠ ᠲᠠᠢ ᠨᠡᠭᠦᠷᠡᠰᠦ ᠭᠠᠷᠭᠠᠬᠤ ᠬᠤᠰᠢᠭᠤ ᠬᠤᠲᠠ ︵ ᠤᠷᠤᠨ︶᠎ ᠶᠢᠨ ᠬᠠᠷᠢᠭᠤᠴᠠᠯᠭᠠᠲᠠᠳ ᠬᠤᠷᠠᠯ ᠳᠤ ᠣᠷᠣᠯᠴᠠᠵᠠᠶ᠃    
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号