ᠰᠢᠯᠢᠳᠡᠭ ᠤᠶᠠᠭᠠᠴᠢᠳ ᠤᠨ ᠰᠢᠨ᠎ᠠ ᠤᠨ ᠤ ᠨᠠᠶᠢᠷ
ᠨᠡᠶᠢᠲᠡᠯᠡᠭᠰᠡᠨ ᠴᠠᠭ᠄
2020/1/7
    1 ᠰᠠᠷ᠎ᠠ ᠶᠢᠨ 1 ᠤ ᠡᠳᠦᠷ᠂ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ︿︿2020 ᠤᠨ ᠤ ︿ᠦᠵᠦᠮᠦᠴᠢᠨ ᠭᠠᠯ ᠬᠤᠷᠳᠦ﹀ ᠤᠶᠠᠭᠠᠴᠢᠳ ᠤᠨ ᠨᠡᠶᠢᠬᠡᠮᠯᠢᠭ ᠤᠨ ᠰᠢᠨ᠎ᠠ ᠤᠨ ᠢᠶᠠᠨ ᠤᠬᠳᠤᠬᠤ ᠮᠤᠷᠢᠨ ᠤᠷᠤᠯᠳᠤᠭᠠᠨ ᠠᠮᠵᠢᠯᠳᠠ ᠲᠠᠢ ᠰᠠᠶᠢᠬᠠᠨ ᠶᠠᠪᠤᠬᠳᠠᠯ᠎ᠠ᠃     2016 ᠤᠨ ᠳᠤ ᠪᠠᠶᠢᠭᠤᠯᠤᠬᠳᠠᠬᠰᠠᠨ ︿︿ᠦᠵᠦᠮᠦᠴᠢᠨ ᠭᠠᠯ ᠬᠤᠷᠳᠦ﹀﹀ ᠤᠶᠠᠭᠠᠴᠢᠳ ᠤᠨ ᠨᠡᠶᠢᠬᠡᠮᠯᠢᠭ  ᠨᠢ 2019 ᠤᠨ ᠤ ᠠᠵᠢᠯ ᠢᠶᠠᠨ ᠳ᠋ᠦᠡᠭᠨᠡᠵᠤ᠂ ᠵᠢᠯ ᠤᠨ ᠡᠴᠦᠰ ᠤᠨ ᠬᠤᠪᠢ ᠶᠢᠨ ᠳ᠋ᠦᠡᠭ ᠤᠨ ᠰᠢᠯᠭᠠᠷᠠᠭᠤᠯᠤᠯᠳᠠ  ᠪᠠᠷ ᠲᠦᠷᠦᠭᠦᠤ ᠲᠠᠪᠤ ᠳᠤ ᠤᠷᠤᠬᠰᠠᠨ ᠲᠦᠪᠰᠢᠨ᠂ ᠵᠠ᠊ · ᠪᠤᠯᠠᠭ᠂ ᠦᠨᠡᠡᠴᠢ᠂ ᠮᠡᠷᠭᠡᠨ᠂ ᠮᠠᠩᠯᠠᠢ ᠵᠡᠷᠭᠡ 5 ᠤᠶᠠᠭᠠᠴᠢ ᠪᠠᠨ ︿︿ᠮᠠᠩᠯᠠᠢ ᠤᠶᠠᠭᠠᠴᠢ﹀﹀ ᠪᠠᠷ ᠴᠤᠯᠠᠯᠠᠵᠤ᠂ ᠴᠤᠯᠤ ᠮᠦᠡᠭᠭᠦᠨ ᠮᠧᠲᠡᠯ ᠢᠶᠠᠷ ᠱᠠᠩᠨᠠᠵᠤ᠂ ᠨᠠᠶᠢᠷ ᠨᠠᠭᠠᠳᠤᠮ ᠢᠶᠠᠷ ᠨᠤᠳᠤᠭ ᠤᠰᠤᠨ ᠤ ᠪᠠᠨ ᠠᠯᠳᠠᠷ ᠨᠡᠷ᠎ᠠ ᠶᠢ ᠮᠠᠨᠳᠤᠭᠤᠯᠵᠤ ᠶᠠᠪᠤᠬᠰᠠᠨ ᠰᠠᠷᠠᠩᠭᠡᠷᠡᠯ᠂ ᠤᠷᠭᠢᠯ ᠵᠡᠷᠭᠡ 52 ᠤᠶᠠᠭᠠᠴᠢ ᠪᠠᠨ ︿︿ᠰᠢᠯᠢᠳᠡᠭ ᠤᠶᠠᠭᠠᠴᠢ﹀﹀ ᠪᠠᠷ ᠱᠠᠩᠨᠠᠨ᠂ ᠠᠬᠠᠮᠠᠳ ᠤᠶᠠᠭᠠᠴᠢ ᠵᠠ᠊ · ᠪᠤᠯᠠᠭ ᠲᠤ ︿︿ᠮᠤᠷᠢᠨ ᠤ ᠠᠪᠤᠷᠭᠤ﹀﹀ ᠴᠤᠯᠡ ᠤᠯᠭᠤᠬᠰᠠᠨ ᠪᠠᠶᠢᠨ᠎ᠠ᠃     ︿︿ᠮᠠᠩᠯᠠᠢ ᠤᠶᠠᠭᠠᠴᠢ﹀﹀ ᠶᠢᠨ ᠴᠤᠯᠡ ᠭᠦᠷᠳᠡᠭᠰᠡᠨ 5 ᠤᠶᠠᠭᠠᠴᠢ ᠨᠢ ᠬᠤᠪᠢ ᠪᠠᠷ ᠢᠶᠠᠨ ᠭᠦᠮᠦᠨ ᠪᠦᠷᠢ 500 ᠲᠦᠭᠦᠷᠢᠭ ᠭᠠᠷᠭᠠᠵᠤ᠂ ᠠᠵᠤ ᠠᠮᠢᠳᠤᠷᠠᠯ ᠤᠨ ᠲᠠᠯ᠎ᠠ ᠪᠠᠷ ᠭᠦᠴᠢᠷᠲᠠᠢ ᠪᠦᠷᠢᠨᠪᠠᠶᠠᠷ᠂ ᠨᠠᠷᠠᠠᠵᠢᠷᠤᠭ ᠵᠡᠷᠭᠡ ᠠᠶᠢᠯ ᠤᠨ 5 ᠰᠤᠷᠤᠬᠴᠢ ᠶᠢ ᠲᠤᠰᠠᠯᠠᠨ ᠲᠡᠮᠵᠢᠵᠤ᠂ ᠭᠢᠴᠢᠶᠠᠯ ᠰᠤᠷᠤᠯᠭ᠎ᠠ ᠲᠤ ᠪᠠᠨ ᠰᠢᠮᠲᠠᠬᠤ ᠤᠷᠮ᠎ᠠ ᠵᠤᠷᠢᠭ ᠢ  ᠨᠢ ᠭᠦᠭᠵᠢᠭᠡᠪᠡ᠃     ᠵᠠᠯᠠᠭᠤ ᠤᠶᠠᠭᠠᠴᠢ᠂ ︿︿ᠤᠮ ᠮᠠᠷᠽᠠᠢ﹀﹀ ᠮᠤᠩᠭᠤᠯ ᠪᠠᠷᠠᠭᠠᠨ ᠤ ᠲᠡᠯᠭᠡᠭᠦᠷ ᠤᠨ ᠡᠵᠡᠡᠳᠡᠨ ᠨᠠᠰᠤᠠᠭᠡᠷᠡᠯ ᠠᠶᠢᠷᠠᠭ ᠤᠨ ᠲᠠᠪᠤ ᠳᠤ ᠢᠷᠡᠭᠰᠡᠨ ᠮᠤᠷᠢᠳ ᠤᠨ ᠱᠠᠩ ᠳᠤ ᠨᠡᠮᠡᠷᠢ ᠪᠤᠯᠭᠠᠨ 2000 ᠲᠦᠭᠦᠷᠢᠭ ᠤᠨ ᠦᠷᠳᠡᠭ ᠲᠠᠢ 10 ᠮᠤᠷᠢᠨ ᠤ ᠨᠡᠮᠨᠡᠭᠡ ᠭᠦᠷᠭᠡᠭᠰᠡᠨ ᠪᠠᠶᠢᠨ᠎ᠠ᠃     ᠡᠨᠡ ᠡᠳᠦᠷ ᠤᠨ 25 ᠭᠠᠵᠠᠷ ᠤᠨ ᠮᠤᠩᠭᠤᠯ ᠮᠤᠷᠢᠨ ᠤ ᠤᠷᠤᠯᠳᠤᠭᠠᠨ ᠳᠤ ᠠᠷᠤ ᠬᠤᠷᠴᠢᠨ᠂ ᠵᠡᠭᠦᠨ ᠦᠵᠦᠮᠦᠴᠢᠨ᠂ ᠠᠪᠠᠭ᠎ᠠ᠂ ᠵᠡᠭᠦᠨ ᠰᠦᠨᠢᠳ᠂ ᠪᠠᠷᠠᠭᠤᠨ ᠰᠦᠨᠢᠳ ᠵᠡᠷᠭᠡ ᠬᠤᠰᠢᠭᠤᠳ ᠤᠨ ᠤᠶᠠᠭᠠᠴᠢᠳ 37 ᠮᠤᠷᠢ ᠪᠠᠷ ᠤᠷᠤᠯᠳᠤᠵᠤ᠂ ᠠᠷᠤ ᠬᠤᠷᠴᠢᠨ ᠬᠤᠰᠢᠭᠤᠨ ᠤ ᠪᠦᠭᠡ ᠶᠢᠨ ᠭᠡᠭᠡᠷ ᠮᠤᠷᠢ ᠲᠡᠷᠢᠭᠦᠯᠡᠵᠤ᠂ ︿︿ᠦᠵᠦᠮᠦᠴᠢᠨ ᠭᠠᠯ ᠬᠤᠷᠳᠦ﹀﹀ ᠤᠶᠠᠭᠠᠴᠢᠳ ᠤᠨ ᠨᠡᠶᠢᠬᠡᠮᠯᠢᠭ ᠤᠨ ᠪᠦᠷᠢᠡᠪᠢᠯᠢᠭ ᠤᠨ ᠬᠠᠷ᠎ᠠ ᠮᠤᠷᠢ ᠲᠡᠳ᠋ᠯᠡᠵᠤ᠂ ᠵᠡᠭᠦᠨ ᠰᠦᠨᠢᠳ ᠤᠨ ᠡᠷᠳᠡᠨᠢ ᠶᠢᠨ ᠪᠤᠷᠤ ᠮᠤᠷᠢ᠂ ᠵᠡᠭᠦᠨ ᠰᠦᠨᠢᠳ ᠤᠨ ᠰᠠᠶᠢᠡᠵᠢᠷᠭᠠᠯ ᠤᠨ ᠭᠡᠭᠡᠷ ᠮᠤᠷᠢ᠂ ︿︿ᠦᠵᠦᠮᠦᠴᠢᠨ ᠭᠠᠯ ᠬᠤᠷᠳᠦ﹀﹀ ᠤᠶᠠᠭᠠᠴᠢᠳ ᠤᠨ ᠨᠡᠶᠢᠬᠡᠮᠯᠢᠭ ᠤᠨ ᠰᠤᠮᠢᠶ᠎ᠠ ᠶᠢᠨ ᠬᠠᠯᠳᠠᠷ ᠮᠤᠷᠢ ᠠᠶᠢᠷᠠᠭ ᠤᠨ ᠲᠠᠪᠤ ᠳᠤ ᠭᠦᠶᠦᠵᠤ᠂ 25 ᠭᠠᠵᠠᠷ ᠤᠨ ᠡᠷᠯᠢᠰᠡ ᠮᠤᠷᠢᠨ ᠤ ᠤᠷᠤᠯᠳᠤᠭᠠᠨ ᠳᠤ ︿︿ᠦᠵᠦᠮᠦᠴᠢᠨ ᠭᠠᠯ ᠬᠤᠷᠳᠦ﹀ ﹀ ᠤᠶᠠᠭᠠᠴᠢᠳ ᠤᠨ ᠨᠡᠶᠢᠬᠡᠮᠯᠢᠭ ᠤᠨ ᠲᠦᠪᠰᠢᠨ ᠤ ᠭᠡᠭᠡᠷ ᠮᠤᠷᠢ ᠲᠡᠷᠢᠭᠦᠯᠡᠵᠤ᠂ ᠰᠠᠷᠠᠩᠭᠡᠷᠡᠯ ᠤᠨ ᠬᠠᠯᠳᠠᠷ ᠠᠵᠢᠷᠭ᠎ᠠ ᠲᠡᠳ᠋ᠯᠡᠵᠤ᠂ ᠴᠤᠬᠯᠠ ᠶᠢᠨ ᠬᠠᠷ᠎ᠠ ᠠᠵᠢᠷᠭ᠎ᠠ᠂ ᠬᠠᠰᠪᠠᠭᠠᠳᠤᠷ ᠤᠨ ᠬᠠᠷ᠎ᠠ ᠮᠤᠷᠢ᠂ ᠵᠠ᠊ · ᠪᠤᠯᠠᠭ ᠤᠨ ᠭᠡᠭᠡᠷ ᠠᠵᠢᠷᠭ᠎ᠠ ᠠᠶᠢᠷᠠᠭ ᠤᠨ ᠲᠠᠪᠤ ᠳᠤ ᠢᠷᠡᠵᠤ᠂ ᠤᠶᠠᠬᠰᠠᠨ ᠡᠵᠡᠨ᠂ ᠤᠨᠤᠬᠰᠠᠨ ᠬᠡᠤᠬᠡᠳ ᠤᠨ ᠢᠶᠠᠨ ᠤᠷᠮ᠎ᠠ ᠶᠢ ᠰᠡᠷᠭᠦᠭᠡᠨ᠂ ᠰᠢᠨ᠎ᠠ ᠤᠨ ᠳᠤ ᠨᠢ ᠭᠡᠶᠢᠮᠤᠷᠢᠲᠠᠶᠢᠬᠠᠨ ᠵᠤᠯᠭᠠᠭᠤᠯᠤᠯ᠎ᠠ᠃
 
ᠢᠷᠡᠯᠲᠡ᠄ ᠲᠥᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号