ᠥᠪᠡᠷᠮᠢᠴᠡ ᠤᠨᠴᠠᠯᠢᠭᠳᠤ ᠵᠠᠮ ᠱᠤᠭᠤᠮ ᠢᠶᠠᠷ ᠠᠶᠠᠯᠠᠵᠦ ᠦᠵᠡᠰᠭᠦᠯᠡᠩᠳᠦ ᠰᠠᠶᠢᠬᠠᠨ ᠥᠪᠤᠷ ᠮᠤᠩᠭᠤᠯ ᠢ ᠰᠤᠨᠢᠷᠬᠠᠬᠤᠢ
ᠨᠡᠶᠢᠲᠡᠯᠡᠭᠰᠡᠨ ᠴᠠᠭ᠄
2020/1/16
    ︽ᠠᠷᠪᠠᠨ ᠲᠦᠷᠪᠡᠳᠤᠭᠡᠷ ᠬᠤᠭᠤᠴᠠᠭᠠᠨ ᠤ ᠪᠦᠭᠦ ᠤᠯᠤᠰ ᠤᠨ ᠡᠪᠤᠯ ᠤᠨ ᠤᠯᠠᠷᠢᠯ ᠤᠨ ᠳᠠᠮᠢᠷ ᠤᠨ ᠴᠤᠬᠯᠠᠭᠠᠨ︾ ᠮᠠᠨ ᠤ ᠤᠷᠤᠨ ᠳᠤ  ᠶᠠᠪᠣᠭᠳᠠᠯ᠎ᠠ᠃ ᠡᠨᠡᠬᠦ ᠠᠵᠠ ᠳᠤᠬᠢᠶᠠᠯ ᠢᠶᠠᠷ ᠦᠪᠡᠷᠳᠡᠭᠡᠨ ᠵᠠᠰᠠᠬᠤ ᠤᠷᠤᠨ ᠤ ᠰᠤᠶᠤᠯ ᠵᠢᠭᠤᠯᠴᠢᠯᠠᠯ ᠤᠨ ᠲᠢᠩᠭᠢᠮ ᠨᠢ ᠮᠠᠨ ᠤ ᠤᠷᠤᠨ ᠤ ᠳᠠᠪᠠᠭᠤᠯᠢᠭ ᠮᠦᠰᠤ ᠴᠠᠰᠤᠨ ᠤ ᠰᠤᠶᠤᠯ ᠤᠨ ᠡᠬᠢ ᠪᠠᠶᠠᠯᠢᠭ ᠲᠠᠢ ᠪᠠᠨ ᠤᠶᠠᠯᠳᠤᠭᠤᠯᠵᠤ᠂ ︽ᠦᠪᠡᠳᠡᠭᠰᠢ ᠴᠤᠬᠯᠠᠭᠠᠨ ᠲᠠᠢ ᠪᠤᠯᠵᠤᠬᠰᠠᠨ ᠦᠵᠡᠰᠭᠦᠯᠡᠩᠳᠤ ᠰᠠᠶᠢᠬᠠᠨ ᠦᠪᠦᠷ ᠮᠤᠩᠭᠤᠯ︾᠎ ᠤᠨ ᠳᠤᠭᠤᠷᠢᠨ ᠳᠤ ᠤᠬᠤᠷ ᠵᠠᠮ ᠤᠨ ᠰᠢᠷᠢᠰ ᠪᠡᠶᠡᠴᠢᠯᠡᠨ ᠤᠢᠢᠯᠠᠭᠠᠬᠤ ᠵᠠᠮ ᠱᠤᠭᠤᠮ ᠢ ᠳᠤᠬᠢᠷᠠᠭᠤᠯᠵᠤ᠂ ᠮᠦᠰᠤ ᠴᠠᠰᠤᠨ ᠤ ᠡᠬᠢ ᠪᠠᠶᠠᠯᠢᠭ ᠢ ᠵᠢᠭᠤᠯᠴᠢᠯᠠᠯ ᠤᠨ ︽ᠬᠠᠯᠠᠮᠰᠢᠯ ᠡᠬᠢ ᠪᠠᠶᠠᠯᠢᠭ︾ ᠪᠤᠯᠭᠠᠨ ᠬᠤᠪᠢᠷᠠᠭᠤᠯᠵᠤ᠂ ᠨᠡᠩ ᠤᠯᠠᠨ ᠵᠤᠭᠠᠴᠠᠬᠰᠠᠳ ᠢ ᠳᠠᠶᠢᠴᠢᠯᠠᠨ ᠳᠠᠭᠠᠭᠤᠯᠵᠤ ᠮᠦᠰᠤ ᠴᠠᠰᠤᠨ ᠤ ᠰᠤᠶᠤᠯ ᠢ ᠪᠡᠶᠡᠴᠢᠯᠡᠨ ᠤᠢᠢᠯᠠᠭᠠᠭᠤᠯᠵᠤ᠂ ᠡᠪᠤᠯ ᠤᠨ ᠤᠯᠠᠷᠢᠯ ᠤᠨ ᠦᠪᠦᠷ ᠮᠤᠩᠭᠤᠯ ᠤᠨ ᠦᠵᠡᠰᠭᠦᠯᠡᠩᠳᠤ ᠰᠠᠶᠢᠬᠠᠨ ᠢ  ᠲᠠᠨᠢᠭᠤᠯᠵᠣ  ᠪᠢᠯᠡ᠃         ᠵᠠᠮ ᠱᠤᠭᠤᠮ 1᠄ ᠬᠠᠬᠢᠷ ᠡᠪᠤᠯ ᠤᠨ ᠬᠦᠯᠤᠨ ᠪᠦᠢᠷ ᠤᠨ ᠦᠵᠡᠮᠵᠢ ᠶᠢ ᠰᠤᠨᠢᠷᠬᠠᠬᠤᠢ    ︽ᠠᠷᠪᠠᠨ ᠲᠦᠷᠪᠡᠳᠤᠭᠡᠷ ᠬᠤᠭᠤᠴᠠᠭᠠᠨ ᠤ ᠪᠦᠭᠦ ᠤᠯᠤᠰ ᠤᠨ ᠡᠪᠤᠯ ᠤᠨ ᠤᠯᠠᠷᠢᠯ ᠤᠨ ᠳᠠᠮᠢᠷ ᠤᠨ ᠴᠤᠬᠯᠠᠭᠠᠨ ︾᠎ ᠢ ᠰᠤᠨᠢᠷᠬᠠᠬᠤ — ᠤᠢ ᠰᠢᠭᠤᠢ ᠳᠠᠬᠢ ᠮᠠᠯᠴᠢᠨ ᠠᠶᠢᠯ ᠤᠨ ᠳᠡᠰᠬᠢᠮ᠎ᠡ ᠬᠦᠢᠳᠡᠨ ᠳᠠᠬᠢ ᠵᠠᠩ ᠵᠠᠩᠰᠢᠯ ᠢ ᠤᠢᠢᠯᠠᠭᠠᠬᠤ ᠲᠦᠷᠪᠡᠨ ᠡᠳᠤᠷ ᠤᠨ ᠠᠶᠠᠯᠠᠯ᠂ ᠬᠠᠶᠢᠯᠠᠷ — ᠦᠪᠦᠷ ᠮᠤᠩᠭᠤᠯ ᠤᠨ ᠮᠦᠰᠤᠨ ᠳᠡᠭᠡᠷᠡᠬᠢ ᠳᠠᠮᠢᠷ ᠤᠨ ᠬᠦᠳᠡᠯᠭᠡᠭᠡᠨ ᠤ ᠪᠤᠯᠪᠠᠰᠤᠷᠠᠯ ᠤᠨ ᠲᠦᠪ — ᠬᠡᠬᠡᠨ ᠭᠤᠤᠯ — ᠤᠯᠭᠤᠶᠠ — ᠶᠠᠬᠰᠢ ᠬᠤᠳᠠ ᠶᠢᠨ ᠭᠠᠷᠤᠳᠢ ᠶᠢᠨ ᠠᠭᠤᠯᠠ ᠴᠠᠨᠠᠯᠠᠯᠳᠠ ᠶᠢᠨ ᠳᠠᠯᠠᠪᠠᠢ — ᠬᠠᠶᠢᠯᠠᠷ᠃    ᠤᠨᠴᠠᠯᠢᠬᠳᠤ ᠪᠡᠶᠡᠴᠢᠯᠠᠨ ᠤᠢᠢᠯᠠᠭᠠᠯᠳᠠ᠄ ᠦᠪᠦᠷ ᠮᠤᠩᠭᠤᠯ ᠤᠨ ᠮᠦᠰᠤᠨ ᠳᠡᠭᠡᠷᠡᠬᠢ ᠳᠠᠮᠢᠷ ᠤᠨ ᠬᠦᠳᠡᠯᠬᠡᠬᠡᠨ ᠤ ᠪᠤᠯᠪᠠᠰᠤᠷᠠᠯ ᠤᠨ ᠲᠦᠪ ᠤᠨ ᠤᠢᠢᠷ᠎ᠠ ᠵᠠᠢ ᠶᠢᠨ ᠳᠠᠰᠢᠯᠳᠠ ᠶᠢᠨ ᠤᠷᠳᠤᠨ ᠳᠤ ᠤᠯᠠᠨ ᠶᠠᠩᠵᠤ ᠶᠢᠨ ᠴᠠᠰᠤᠨ ᠳᠤ ᠭᠤᠯᠭᠤᠬᠤ ᠤᠷᠤᠯᠳᠤᠭᠠᠨ ᠢ ᠰᠤᠨᠢᠷᠬᠠᠨ᠂ ᠶᠠᠬᠰᠢ ᠬᠤᠳᠠ ᠶᠢᠨ ᠭᠠᠷᠤᠳᠢ ᠶᠢᠨ ᠠᠭᠤᠯᠠ ᠴᠠᠨᠠᠯᠠᠯᠳᠠ ᠶᠢᠨ ᠳᠠᠯᠠᠪᠠᠢ ᠳᠤ ᠡᠪᠤᠯ ᠤᠨ ᠤᠯᠠᠷᠢᠯ ᠳᠠᠬᠢ ᠳᠠᠮᠢᠷ ᠤᠨ ᠬᠦᠳᠡᠯᠭᠡᠭᠡᠨ ᠤ ᠪᠠᠷᠳᠠᠭᠠᠳᠤ ᠰᠡᠳᠡᠯᠳᠡᠳᠤ ᠵᠦᠯ ᠢ ᠣᠶᠢᠯᠠᠭᠠᠨ᠎ᠠ᠃ ᠨᠡᠬᠦᠳᠡᠯᠴᠢᠨ ᠮᠠᠯᠴᠢᠨ ᠠᠶᠢᠯ ᠳᠤ ᠵᠤᠴᠢᠯᠠᠨ᠂ ᠤᠯᠭᠤᠶᠠ ᠶᠢᠨ ᠪᠤᠭᠤᠴᠢᠨ ᠠᠶᠢᠮᠠᠭ ᠢ ᠠᠰᠠᠭᠤᠨ ᠰᠤᠷᠪᠦᠯᠵᠢᠯᠠᠵᠤ᠂ ᠠᠩᠴᠢᠨ ᠠᠶᠢᠯ ᠤᠨ ᠦᠢᠯᠡᠳᠪᠦᠷᠢᠯᠡᠯ ᠠᠮᠢᠳᠤᠷᠠᠯ ᠢ ᠬᠦᠨᠵᠡᠬᠡᠢ ᠤᠢᠢᠯᠠᠭᠠᠵᠤ᠂ ᠰᠡᠬᠦᠳᠡᠷ ᠳᠠᠳᠠᠨ ᠳᠤᠷᠠᠰᠬᠠᠯ ᠦᠯᠡᠳᠡᠭᠡᠯ᠎ᠡ︔ ᠬᠡᠬᠡᠨ ᠭᠤᠤᠯ ᠤᠨ ᠳᠠᠰᠬᠢᠮ᠎ᠡ ᠬᠦᠢᠳᠡᠨ ᠳᠤᠰᠬᠤᠨ ᠳᠤ ᠡᠪᠤᠯ ᠤᠨ ᠤᠯᠠᠷᠢᠯ ᠤᠨ ᠤᠢ ᠰᠢᠭᠤᠢ ᠶᠢᠨ ᠤᠷᠤᠨ ᠤ ᠠᠮᠢᠳᠤᠷᠠᠯ ᠳᠤ ᠪᠡᠶᠡᠴᠢᠯᠠᠨ‌ᠣᠷᠣᠯᠴᠠᠯ᠎ᠠ᠂ ᠪᠠᠰᠠ ᠤᠯᠠᠮᠵᠢᠯᠠᠯᠳᠤ ᠮᠤᠩᠭᠤᠯ ᠢᠳᠡᠭᠡᠨ ᠪᠠ ᠳᠠᠰᠬᠢᠮ᠎ᠡ ᠬᠦᠢᠳᠡᠨ ᠳᠠᠬᠢ ᠵᠡᠬᠦᠨ ᠬᠤᠶᠢᠳᠤ ᠶᠢᠨ ᠳᠠᠷᠢᠶᠠᠴᠢᠨ ᠠᠶᠢᠯ ᠤᠨ ᠤᠨᠴᠠᠯᠢᠬᠳᠤ ᠨᠤᠭᠤᠭᠠᠨ ᠤ ᠦᠨᠤᠷ ᠠᠮᠳᠠ ᠶᠢ ᠠᠮᠳᠠᠯᠠᠵᠣ ᠪᠢᠯᠡ᠃         ᠵᠠᠮ ᠱᠤᠭᠤᠮ 2᠄ ᠬᠢᠯᠢ ᠶᠢᠨ ᠤᠷᠤᠨ ᠤ ᠵᠠᠩ ᠵᠠᠩᠰᠢᠯ ᠢ ᠮᠠᠨᠵᠤᠤᠷ ᠠᠴᠠ ᠤᠢᠢᠯᠠᠭᠠᠬᠤᠢ      ︽ᠠᠷᠪᠠᠨ ᠲᠦᠷᠪᠡᠳᠤᠭᠡᠷ ᠬᠤᠭᠤᠴᠠᠭᠠᠨ ᠤ ᠪᠦᠭᠦ ᠤᠯᠤᠰ ᠤᠨ ᠡᠪᠤᠯ ᠤᠨ ᠤᠯᠠᠷᠢᠯ ᠤᠨ ᠪᠡᠶ᠎ᠠ ᠶᠢᠨ ᠳᠠᠮᠢᠷ ᠤᠨ ᠴᠤᠬᠯᠠᠭᠠᠨ︾᠎ ᠢ ᠰᠤᠨᠢᠷᠬᠠᠬᠤ — ᠬᠢᠯᠢ ᠶᠢᠨ ᠤᠷᠤᠨ ᠤ ᠵᠠᠩ ᠵᠠᠩᠰᠢᠯ ᠢ ᠤᠢᠢᠯᠠᠭᠠᠬᠤ ᠭᠤᠷᠪᠠᠨ ᠡᠳᠤᠷ ᠤᠨ ᠵᠤᠭᠠᠴᠠᠯ᠂ ᠬᠠᠶᠢᠯᠠᠷ — ᠦᠪᠦᠷ ᠮᠤᠩᠭᠤᠯ ᠤᠨ ᠮᠦᠰᠤᠨ ᠳᠡᠭᠡᠷᠡᠬᠢ ᠳᠠᠮᠢᠷ ᠤᠨ ᠪᠤᠯᠪᠠᠰᠤᠷᠠᠯ ᠤᠨ ᠲᠦᠪ — ᠶᠠᠬᠰᠢ ᠬᠤᠳᠠ ᠶᠢᠨ ᠭᠠᠷᠤᠳᠢ ᠶᠢᠨ ᠠᠭᠤᠯᠠ ᠴᠠᠨᠠᠯᠠᠯᠳᠠ ᠶᠢᠨ ᠳᠠᠯᠠᠪᠠᠢ / ᠵᠡᠯᠡᠨ ᠠᠶᠢᠯ ᠬᠤᠳᠠ ᠶᠢᠨ ᠶᠢᠨ ᠯᠦᠡᠭ ᠠᠭᠤᠯᠠᠨ ᠤ ᠴᠠᠨᠠᠯᠠᠯᠳᠠ ᠶᠢᠨ ᠳᠠᠯᠠᠪᠠᠢ — ᠬᠠᠭᠤᠴᠢᠨ ᠪᠠᠷᠭᠤ ᠬᠤᠰᠢᠭᠤᠨ ᠤ ᠪᠠᠶᠠᠨᠬᠠᠳᠠ ᠦᠵᠡᠮᠵᠢ ᠶᠢᠨ ᠤᠷᠤᠨ — ᠮᠠᠨᠵᠤᠤᠷ — ᠬᠠᠶᠢᠯᠠᠷ᠃   ᠤᠨᠴᠠᠯᠢᠬᠳᠤ ᠪᠡᠶᠡᠴᠢᠯᠠᠨ ᠤᠢᠢᠯᠠᠭᠠᠯᠳᠠ᠄ ᠦᠪᠤᠷ ᠮᠤᠩᠭᠤᠯ ᠤᠨ ᠮᠦᠰᠤᠨ ᠳᠡᠭᠡᠷᠡᠬᠢ ᠳᠠᠮᠢᠷ ᠤᠨ ᠪᠤᠯᠪᠠᠰᠤᠷᠠᠯ ᠤᠨ ᠲᠦᠪ ᠲᠤ ᠲᠦᠷᠬᠡᠨ ᠳᠠᠰᠢᠯᠳᠠ ᠤᠢᠢᠷ᠎ᠠ ᠵᠠᠢ ᠶᠢᠨ ᠳᠠᠰᠢᠯᠳᠠ᠂ ᠤᠷᠠᠨ ᠳᠠᠰᠢᠯᠳᠠ᠂ ᠮᠦᠰᠤᠨ ᠳᠡᠪᠤᠷ᠎ᠠ ᠵᠡᠷᠭᠡ ︽ᠠᠷᠪᠠᠨ ᠲᠦᠷᠪᠡᠳᠤᠭᠡᠷ ᠬᠤᠭᠤᠴᠠᠭᠠᠨ ᠤ ᠪᠦᠭᠦ ᠤᠯᠤᠰ ᠤᠨ ᠡᠪᠤᠯ ᠤᠨ ᠤᠯᠠᠷᠢᠯ ᠤᠨ ᠳᠠᠮᠢᠷ ᠤᠨ ᠴᠤᠬᠯᠠᠭᠠᠨ︾᠎ ᠤ ᠤᠷᠤᠯᠳᠤᠭᠠᠨ ᠢ ᠰᠤᠨᠢᠷᠬᠠᠨ᠂ ᠶᠠᠬᠰᠢ ᠬᠤᠳᠠ ᠶᠢᠨ ᠭᠠᠷᠤᠳᠢ ᠶᠢᠨ ᠠᠭᠤᠯᠠ ᠴᠠᠨᠠᠯᠠᠯᠳᠠ ᠶᠢᠨ ᠳᠠᠯᠠᠪᠠᠢ ᠪᠤᠶᠤ ᠵᠡᠯᠡᠨ ᠠᠶᠢᠯ ᠬᠤᠳᠠ ᠶᠢᠨ ᠶᠢᠨ ᠯᠦᠡᠭ ᠠᠭᠤᠯᠠᠨ ᠤ ᠴᠠᠨᠠᠯᠠᠯᠳᠠ ᠶᠢᠨ ᠳᠠᠯᠠᠪᠠᠢ ᠳᠤ ᠬᠦᠷᠴᠤ᠂ ᠬᠡᠬᠡᠷᠡᠯᠡᠨ ᠴᠠᠨᠠᠯᠠᠯᠳᠠ᠂ ᠴᠢᠯᠦᠬᠡᠳᠤ ᠴᠠᠨᠠᠯᠠᠯᠳᠠ ᠵᠡᠷᠭᠡ ᠤᠨᠴᠠᠯᠢᠬᠳᠤ ᠤᠷᠤᠯᠳᠤᠭᠠᠨ ᠢ ᠰᠤᠨᠢᠷᠠᠬᠬᠤ ᠪᠤᠯᠤᠨ᠎ᠠ᠃   ᠬᠠᠭᠤᠴᠢᠨ ᠪᠠᠷᠭᠤ ᠬᠤᠰᠢᠭᠤᠨ ᠤ ᠪᠠᠶᠠᠨᠬᠠᠳᠠ ᠦᠵᠡᠮᠵᠢ ᠶᠢᠨ ᠤᠷᠤᠨ ᠳᠤ ᠬᠠᠶᠢᠨ ᠰᠤᠷᠪᠦᠯᠵᠢᠯᠠᠵᠤ᠂ ᠨᠠᠭᠠᠳᠤᠮ ᠢ ᠰᠤᠨᠢᠷᠬᠠᠠ᠂ ᠦᠨᠳᠤᠰᠤᠳᠡᠨ ᠤ ᠵᠠᠩ ᠵᠠᠩᠰᠢᠯ ᠢ ᠪᠡᠶᠡᠴᠢᠯᠡᠨ ᠤᠢᠢᠯᠠᠭᠠᠵᠤ ᠪᠤᠯᠤᠨ᠎ᠠ᠃ ᠮᠠᠨᠵᠤᠤᠷ ᠬᠤᠳᠠ ᠶᠢᠨ ᠬᠡᠤᠬᠡᠯᠳᠡᠢ ᠠᠭᠤᠳᠠᠮ ᠳᠠᠯᠠᠪᠠᠢ ᠂ ᠤᠯᠤᠰ ᠤᠨ ᠡᠬᠦᠳᠡᠨ ᠤ ᠦᠵᠡᠮᠵᠢ᠂ ᠬᠤᠷᠢᠮ ᠤᠨ ᠶᠤᠰᠤᠯᠠᠯ ᠤᠨ ᠤᠷᠳᠤᠨ ᠳᠤ ᠵᠤᠭᠠᠯᠠᠬᠰᠠᠨ ᠤ ᠳᠠᠷᠠᠭ᠎ᠠ᠂ ᠬᠤᠳᠠ ᠶᠢᠨ ᠦᠵᠡᠰᠭᠦᠯᠡᠩᠳᠤ ᠰᠦᠨᠢ ᠶᠢᠨ ᠦᠵᠡᠮᠵᠢ ᠪᠠ ᠤᠷᠤᠰ ᠮᠠᠶ᠋ᠢᠭ ᠤᠨ ᠪᠠᠷᠢᠯᠭ᠎ᠠ ᠶᠢ ᠰᠣᠨᠢᠷᠬᠠᠯ᠎ᠠ᠃     ᠵᠠᠮ ᠱᠤᠭᠤᠮ 3᠄ ᠴᠠᠰᠤᠳᠤ ᠳᠠᠯ᠎ᠡ ᠶᠢᠨ ᠠᠷᠢᠭᠤᠨ ᠤᠷᠤᠨ · ᠠᠰᠬᠠᠳᠤ ᠪᠠᠷ ᠵᠤᠭᠠᠴᠠᠬᠤᠢ    ︽ᠠᠷᠪᠠᠨ ᠲᠦᠷᠪᠡᠳᠤᠭᠡᠷ ᠬᠤᠭᠤᠴᠠᠭᠠᠨ ᠤ ᠪᠦᠭᠦ ᠤᠯᠤᠰ ᠤᠨ ᠡᠪᠤᠯ ᠤᠨ ᠤᠯᠠᠷᠢᠯ ᠤᠨ ᠳᠠᠮᠢᠷ ᠤᠨ ᠴᠤᠬᠯᠠᠭᠠᠨ ︾᠎ ᠢ ᠰᠤᠨᠢᠷᠬᠠᠬᠤ — ᠠᠰᠬᠠᠳᠤ ᠬᠢᠭᠡᠳ ᠬᠠᠯᠠᠭᠤᠨ ᠷᠠᠰᠢᠶᠠᠨ ᠤ ᠬᠤᠶᠠᠷ ᠡᠳᠤᠷ ᠤᠨ ᠰᠡᠯᠡᠭᠦᠴᠡᠯ ᠵᠤᠭᠠᠴᠠᠯ᠂ ᠤᠯᠠᠭᠠᠨᠬᠠᠳᠠ ᠬᠤᠳᠠ ᠳᠤᠭᠤᠷᠢᠭ — ᠬᠠᠷᠠᠴᠢᠨ ᠬᠤᠰᠢᠭᠤᠨ ᠤ ᠮᠠᠶᠢᠷᠠᠨ ᠭᠤᠤ ᠴᠠᠨᠠᠯᠠᠯᠳᠠ ᠶᠢᠨ ᠳᠠᠯᠠᠪᠠᠢ — ᠬᠡᠰᠢᠭᠳᠡᠨ ᠬᠤᠰᠢᠭᠤᠨ ᠤ ᠬᠠᠯᠠᠭᠤᠨ ᠷᠠᠰᠢᠶᠠᠨ — ᠬᠡᠰᠢᠭᠳᠡᠨ ᠬᠤᠰᠢᠭᠤᠨ ᠤ ᠠᠰᠬᠠᠳᠤ ᠦᠵᠡᠮᠵᠢ ᠶᠢᠨ ᠤᠷᠤᠨ — ᠤᠯᠠᠭᠠᠨᠬᠠᠳᠠ ᠬᠤᠳᠠ ᠳᠤᠭᠤᠷᠢᠭ᠃  ᠤᠨᠴᠠᠯᠢᠬᠳᠤ ᠪᠡᠶᠡᠴᠢᠯᠠᠨ ᠤᠢᠢᠯᠠᠭᠠᠯᠳᠠ᠄ ᠤᠯᠠᠭᠠᠨᠬᠠᠳᠠ ᠬᠤᠳᠠ ᠳᠤᠭᠤᠷᠢᠭ — ᠬᠠᠷᠠᠴᠢᠨ ᠬᠤᠰᠢᠭᠤᠨ ᠤ ᠮᠠᠶᠢᠷᠠᠨ ᠭᠤᠤ ᠴᠠᠨᠠᠯᠠᠯᠳᠠ ᠶᠢᠨ ᠳᠠᠯᠠᠪᠠᠢ ᠳᠤ ︽ᠠᠷᠪᠠᠨ ᠲᠦᠷᠪᠡᠳᠤᠭᠡᠷ ᠬᠤᠭᠤᠴᠠᠭᠠᠨ ᠤ ᠪᠦᠭᠦ ᠤᠯᠤᠰ ᠤᠨ ᠡᠪᠤᠯ ᠤᠨ ᠤᠯᠠᠷᠢᠯ ᠤᠨ ᠳᠠᠮᠢᠷ ᠤᠨ ᠴᠤᠬᠯᠠᠭᠠᠨ︾᠎ ᠤ ᠦᠨᠳᠤᠷ ᠠᠭᠤᠯᠠᠨ ᠤ ᠴᠠᠨᠠᠯᠠᠯᠳᠠ᠂ ᠳᠠᠩ ᠬᠠᠪᠳᠠᠰᠤᠳᠤ ᠴᠠᠨᠠᠯᠠᠯᠳᠠ ᠵᠡᠷᠭᠡ ᠤᠷᠤᠯᠳᠤᠭᠠᠨ ᠢ ᠰᠤᠨᠢᠷᠬᠠᠨ᠎ᠠ︔ ᠬᠡᠰᠢᠭᠳᠡᠨ ᠬᠤᠰᠢᠭᠤᠨ ᠤ ᠬᠠᠯᠠᠭᠤᠨ ᠷᠠᠰᠢᠶᠠᠨ ᠳᠤ ᠬᠦᠷᠴᠤ᠂ ᠷᠠᠰᠢᠶᠠᠨ ᠳᠤ ᠰᠠᠭᠤᠵᠤ᠂ ᠠᠯᠵᠢᠶᠠᠯ ᠴᠢᠯᠡᠭᠡ ᠪᠠᠨ ᠳᠠᠶᠢᠯᠤᠨ᠎ᠠ︔ ᠬᠡᠰᠢᠭᠳᠡᠨ ᠤ ᠠᠰᠬᠠᠳᠤ ᠶᠢᠨ ᠦᠵᠡᠮᠵᠢ ᠶᠢᠨ ᠤᠷᠤᠨ ᠳᠤ ᠴᠢᠯᠠᠭᠤᠨ ᠰᠢᠭᠤᠢ ᠶᠢᠨ ᠮᠦᠡᠭᠭᠦᠨ ᠵᠤᠪᠴᠠᠭ᠎ᠠ ᠭᠡᠳᠤᠷᠦᠭᠰᠡᠨ ᠰᠦᠷᠯᠢᠭ ᠭᠠᠶᠢᠬᠠᠮᠰᠢᠬᠳᠤ ᠡᠪᠤᠯ ᠤᠨ ᠦᠵᠡᠮᠵᠢ ᠶᠢ ᠰᠤᠨᠢᠷᠬᠠᠨ᠎ᠠ︔ ᠤᠯᠠᠭᠠᠬᠬᠳᠠ ᠶᠢᠨ ᠤᠨᠴᠠᠯᠢᠬᠳᠤ ᠢᠳᠡᠬᠡᠨ ᠢ ᠠᠮᠳᠠᠷᠬᠠᠨ᠎ᠠ᠃     ᠵᠠᠮ ᠱᠤᠭᠤᠮ 4᠄ ᠴᠠᠰᠤ ᠮᠦᠰᠤᠨ ᠳᠤ ᠨᠠᠭᠠᠳᠴᠤ᠂ ᠤᠯᠠᠭᠠᠨᠴᠠᠪ ᠢ ᠤᠢᠢᠯᠠᠭᠠᠬᠤᠢ    ︽ᠠᠷᠪᠠᠨ ᠲᠦᠷᠪᠡᠳᠤᠭᠡᠷ ᠬᠤᠭᠤᠴᠠᠭᠠᠨ ᠤ ᠪᠦᠬᠦ ᠤᠯᠤᠰ ᠤᠨ ᠡᠪᠤᠯ ᠤᠨ ᠤᠯᠠᠷᠢᠯ ᠤᠨ ᠳᠠᠮᠢᠷ ᠤᠨ ᠴᠤᠬᠯᠠᠭᠠᠨ ︾᠎ ᠢ ᠰᠤᠨᠢᠷᠬᠠᠬᠤ — ᠷᠠᠰᠢᠶᠠᠠ᠂ ᠬᠤᠳᠠᠯᠳᠤᠭ᠎ᠠ᠂ ᠠᠮᠳᠠᠳᠤ ᠢᠳᠡᠭᠡᠨ ᠤ ᠬᠤᠶᠠᠷ ᠡᠳᠤᠷ ᠤᠨ ᠵᠤᠭᠠᠴᠠᠯ᠂ ᠤᠯᠠᠭᠠᠨᠴᠠᠪ ᠬᠤᠳᠠ — ᠳᠠᠭ᠎ᠠ ᠶᠢᠨ ᠨᠠᠭᠤᠷ ᠤᠯᠠᠨ ᠤᠯᠤᠰ ᠤᠨ ᠴᠠᠨᠠᠯᠠᠯᠳᠠ ᠶᠢᠨ ᠳᠠᠯᠠᠪᠠᠢ — ᠳᠠᠭ᠎ᠠ ᠶᠢᠨ ᠷᠠᠰᠢᠶᠠᠨ — ᠵᠢᠨᠢᠩ ᠤᠨ ᠳᠠᠶᠢᠯᠠᠯᠳᠤᠭᠠᠨ ᠤ ᠬᠤᠪᠢᠰᠬᠠᠯᠳᠤ ᠳᠤᠷᠠᠰᠬᠠᠯ ᠤᠨ ᠬᠦᠷᠢᠶᠡᠯᠡᠩ — ᠵᠢᠨᠢᠩ ᠤᠨ ᠤᠯᠠᠨ ᠤᠯᠤᠰ ᠤᠨ ᠠᠷᠠᠰᠤ ᠰᠢᠷᠢ ᠶᠢᠨ ᠬᠤᠳᠠ᠃  ᠤᠨᠴᠠᠯᠢᠬᠳᠤ ᠪᠡᠶᠡᠴᠢᠯᠠᠨ ᠤᠢᠢᠯᠠᠭᠠᠯᠳᠠ᠄ ᠳᠠᠭ᠎ᠠ ᠶᠢᠨ ᠨᠠᠭᠤᠷ ᠤᠯᠠᠨ ᠤᠯᠤᠰ ᠤᠨ ᠴᠠᠨᠠᠯᠠᠯᠳᠠ ᠶᠢᠨ ᠳᠠᠯᠠᠪᠠᠢ ᠳᠤ ᠴᠢᠯᠦᠬᠡᠳᠤ ᠴᠠᠨᠠᠯᠠᠯᠳᠠ ᠪᠠ ᠳᠠᠩ ᠬᠠᠪᠳᠠᠰᠤᠳᠤ ᠴᠠᠨᠠᠯᠠᠯᠳᠠ ᠶᠢᠨ ᠰᠠᠭᠠᠳ ᠳᠠᠪᠠᠭ᠋ᠤ ᠤᠷᠤᠯᠳᠤᠭᠠᠨ ᠢ ᠰᠤᠨᠢᠷᠬᠠᠨ᠎ᠠ︔ ᠳᠠᠭ᠎ᠠ ᠶᠢᠨ ᠷᠠᠰᠢᠶᠠᠨ ᠤᠰᠤ ᠪᠠᠷ ᠤᠮᠳᠠᠯᠠᠨ᠂ ᠡᠪᠤᠯ ᠤᠨ ᠤᠯᠠᠷᠢᠯ ᠤᠨ ᠬᠡᠭᠡᠷᠡᠯᠡᠨ ᠠᠶᠠᠯᠠᠬᠤ ᠪᠠᠶᠠᠷ ᠪᠠᠭ᠋ᠠᠳᠤᠯ ᠢ ᠪᠡᠶ᠎ᠠ ᠪᠠᠷ ᠢᠶᠠᠨ ᠡᠳ᠋ᠯᠡᠬᠦ ᠪᠤᠯᠤᠨ᠎ᠠ᠃ ᠵᠢᠨᠢᠩ ᠤᠨ ᠳᠠᠶᠢᠯᠠᠯᠳᠤᠭᠠᠨ ᠤ ᠬᠤᠪᠢᠰᠬᠠᠯᠳᠤ ᠳᠤᠷᠠᠰᠬᠠᠯ ᠤᠨ ᠬᠦᠷᠢᠶᠡᠯᠡᠩ ᠢᠶᠠᠷ ᠳᠤᠭᠤᠷᠢᠨ᠂ ᠵᠢᠨᠢᠩ ᠤᠨ ᠳᠡᠤᠬᠡ ᠰᠤᠶᠤᠯ ᠢ ᠤᠢᠢᠯᠠᠭᠠᠨ᠂ ᠠᠬᠠᠮᠠᠳ ᠨᠢᠭᠡ ᠦᠶ᠎ᠠ ᠶᠢᠨ ᠬᠤᠪᠢᠰᠬᠠᠯᠴᠢᠳ ᠤᠨ ᠠᠭᠤᠤ ᠭᠠᠪᠢᠶ᠎ᠡ ᠠᠤᠭ᠎ᠠ ᠵᠢᠳᠬᠦᠯ ᠢ ᠰᠠᠨᠠᠭᠠᠯᠵᠠᠨ᠎ᠡ︔ ᠵᠢᠨᠢᠩ ᠤᠨ ᠤᠯᠠᠨ ᠤᠯᠤᠰ ᠤᠨ ᠠᠷᠠᠰᠤ ᠰᠢᠷᠢ ᠶᠢᠨ ᠬᠤᠳᠠ ᠳᠤ ᠴᠢᠯᠤᠬᠡᠳᠡᠢ ᠪᠠᠷ ᠰᠢᠨ᠎ᠠ ᠡᠷᠢᠨ ᠤ ᠠᠷᠠᠰᠤᠨ ᠬᠤᠪᠴᠠᠰᠤ ᠵᠡᠷᠭᠡ ᠶᠢ ᠬᠤᠳᠠᠯᠳᠤᠨ ᠠᠪᠴᠤ᠂ ᠳᠤᠮᠳᠠᠳᠤ ᠤᠯᠤᠰ ᠤᠨ ᠤᠮᠠᠷᠠᠳᠤ ᠶᠢᠨ ᠭᠠᠵᠠᠷ ᠤᠷᠤᠨ ᠤ ᠰᠢᠨ᠎ᠠ ᠴᠠᠬ ᠦᠶ᠎ᠠ ᠶᠢᠨ ᠴᠤᠭ ᠵᠢᠪᠬᠤᠭ᠎ᠠ ᠶᠢ ᠣᠶᠢᠯᠠᠭᠠᠵᠣ ᠪᠠᠶᠢᠨ᠎ᠠ᠃     ᠵᠠᠮ ᠱᠤᠭᠤᠮ 5᠄ ᠮᠦᠰᠤᠨ ᠳᠡᠭᠡᠷᠡᠬᠢ ᠯᠤᠤᠳᠤ ᠤᠡᠭᠭᠤᠴᠠ · ᠰᠢᠯᠢ ᠶᠢᠨ ᠭᠤᠤᠯ ᠢ ᠰᠤᠨᠢᠷᠬᠠᠬᠤᠢ     ᠮᠦᠰᠤᠨ ᠳᠡᠭᠡᠷᠡᠬᠢ ᠯᠤᠤᠳᠤ ᠤᠡᠭᠭᠤᠴᠠ — ᠡᠪᠤᠯ ᠤᠨ ᠤᠯᠠᠷᠢᠯ ᠳᠠᠬᠢ ᠠᠮᠳᠠᠳᠤ ᠢᠳᠡᠭᠡᠨ ᠵᠠᠩ ᠵᠠᠩᠰᠢᠯ ᠢ ᠰᠤᠨᠢᠷᠬᠠᠬᠤ ᠬᠤᠶᠠᠷ ᠡᠳᠤᠷ ᠤᠨ ᠠᠶᠠᠯᠠᠯ᠂ ᠰᠢᠯᠢ ᠶᠢᠨ ᠬᠤᠳᠠ — ᠰᠢᠯᠦᠭᠤᠨ ᠬᠦᠬᠡ ᠶᠢᠨ ᠪᠠᠶᠢᠭᠠᠯᠢ ᠵᠢᠭᠤᠯᠴᠢᠯᠠᠯ ᠮᠠᠯᠵᠢᠯ ᠤᠨ ᠳᠠᠯᠠᠪᠠᠢ — ᠳᠤᠯᠤᠨ ᠨᠤᠤᠷ — ᠯᠦᠡᠭ ᠽᠧ ᠬᠡᠤ ᠴᠡᠴᠡᠷᠯᠢᠭ — ᠳᠤᠯᠤᠨ ᠨᠠᠭᠤᠷ ᠤᠨ ᠦᠵᠡᠮᠵᠢ ᠶᠢᠨ ᠤᠷᠤᠨ᠃  ᠤᠨᠴᠠᠯᠢᠬᠳᠤ ᠪᠡᠶᠡᠴᠢᠯᠠᠨ ᠤᠢᠢᠯᠠᠭᠠᠯᠳᠠ᠄ ᠡᠷᠳᠡᠨᠢ ᠤᠪᠤᠭ᠎ᠠ ᠳᠤ ᠭᠠᠷᠴᠤ᠂ ᠰᠢᠯᠢ ᠶᠢᠨ ᠭᠤᠤᠯ ᠠᠶᠢᠮᠠᠭ ᠤᠨ ᠮᠦᠽᠸᠢ ᠶᠢ ᠳᠤᠭᠤᠷᠢᠨ ᠦᠵᠡᠵᠤ᠂ ᠭᠡᠷᠡᠯ ᠰᠠᠴᠤᠷᠠᠩᠭᠤᠢ ᠮᠤᠩᠭᠤᠯ ᠶᠤᠸᠠᠨ ᠤ ᠰᠤᠶᠤᠯ ᠢ ᠬᠦᠨᠵᠡᠬᠡᠢ ᠤᠢᠢᠯᠠᠭᠠᠨ᠎ᠠ︔ ᠪᠠᠶᠢᠭᠠᠯᠢ ᠵᠢᠭᠤᠯᠴᠢᠯᠠᠯ ᠮᠠᠯᠵᠢᠯ ᠤᠨ ᠳᠠᠯᠠᠪᠠᠢ ᠳᠤ ᠡᠪᠤᠯ ᠤᠨ ᠢᠳᠡᠰᠢᠨ ᠤ ᠦᠨᠤᠷ ᠠᠮᠳᠠ ᠶᠢ ᠠᠮᠳᠠᠯᠠᠨ᠂ ᠮᠠᠯᠴᠢᠨ ᠬᠦᠮᠦᠨ ᠤ ᠠᠮᠢᠳᠤᠷᠠᠯ ᠤᠨ ᠠᠵᠢᠯᠯᠠᠭ᠎ᠠ ᠳᠤ ᠪᠡᠶᠡᠴᠢᠯᠡᠨ ᠤᠷᠤᠯᠴᠠᠵᠤ᠂ ᠰᠢᠯᠢ ᠶᠢᠨ ᠭᠤᠤᠯ ᠤᠨ ᠳᠠᠯ᠎ᠠ ᠨᠤᠳᠤᠭ ᠤᠨ ᠡᠪᠤᠯ ᠤᠨ ᠤᠯᠠᠷᠢᠯ ᠤᠨ ᠠᠮᠢᠳᠤᠷᠠᠯ ᠢ ᠤᠢᠢᠯᠠᠭᠠᠨ᠎ᠠ᠂ ᠯᠦᠡᠭ ᠽᠧ ᠬᠡᠤ ᠴᠡᠴᠡᠷᠯᠢᠭ ᠲᠤ ︽ᠠᠷᠪᠠᠨ ᠲᠦᠷᠪᠡᠳᠤᠭᠡᠷ ᠬᠤᠭᠤᠴᠠᠭᠠᠨ ᠤ ᠪᠦᠭᠦ ᠤᠯᠤᠰ ᠤᠨ ᠡᠪᠤᠯ ᠤᠨ ᠤᠯᠠᠷᠢᠯ ᠤᠨ ᠳᠠᠮᠢᠷ ᠤᠨ ᠴᠤᠬᠯᠠᠭᠠᠨ︾᠎ ᠤ ᠤᠯᠠᠨ ᠲᠦᠮᠡᠨᠴᠢ ᠲᠦᠷᠦᠯ ᠤᠨ ︽ᠮᠦᠰᠤᠨ ᠳᠡᠭᠡᠷᠡᠬᠢ ᠯᠤᠤᠳᠤ ᠤᠡᠭᠭᠤᠴᠠ︾᠎ ᠶᠢᠨ ᠤᠷᠤᠯᠳᠤᠭᠠᠨ ᠢ ᠰᠤᠨᠢᠷᠬᠠᠨ᠎ᠠ︔ ᠳᠤᠯᠤᠨ ᠨᠤᠤᠷ ᠤᠨ ᠦᠵᠡᠮᠵᠢ ᠶᠢᠨ ᠤᠷᠤᠨ ᠳᠤ ᠨᠠᠭᠤᠷ ᠳᠡᠭᠡᠷᠡᠬᠢ ᠮᠦᠰᠤᠨ ᠳᠡᠷᠭᠡᠨ ᠳᠤ ᠰᠠᠭᠤᠬᠤ᠂ ᠳᠤᠯᠤᠨ ᠨᠤᠤᠷ ᠤᠨ ᠡᠪᠤᠯ ᠤᠨ ᠤᠯᠠᠷᠢᠯ ᠤᠨ ᠵᠢᠭᠠᠰᠤ ᠬᠦᠬᠢᠳᠡᠬᠦ ᠶᠢ ᠪᠡᠶᠡᠴᠢᠯᠡᠨ ᠤᠢᠢᠯᠠᠭᠠᠵᠤ᠂ ᠳᠤᠯᠤᠨ ᠨᠤᠤᠷ ᠤᠨ ᠵᠢᠭᠠᠰᠤ ᠶᠢ ᠠᠮᠳᠠᠯᠠᠨ᠎ᠠ᠃     ᠵᠠᠮ ᠱᠤᠭᠤᠮ 6᠄ ᠮᠦᠰᠤ ᠴᠠᠰᠤᠳᠤ ᠤᠢ ᠰᠢᠭᠤᠢ · ᠷᠠᠰᠢᠶᠠᠨ ᠢ ᠰᠢᠨᠵᠢᠯᠡᠬᠦᠢ     ᠬᠦᠷᠳᠤᠳᠤ ᠳᠠᠰᠢᠯᠳᠠ ᠶᠢᠨ ᠮᠦᠰᠤᠨ ᠪᠦᠮᠪᠦᠭᠡ ᠶᠢᠨ ᠤᠷᠤᠯᠳᠤᠭᠠᠨ ᠢ ᠰᠤᠨᠢᠷᠠᠬᠬᠤ — ᠮᠦᠰᠤ ᠴᠠᠰᠤᠳᠤ ᠤᠢ ᠰᠢᠭᠤᠢ ᠶᠢᠨ ᠷᠠᠰᠢᠶᠠᠨ ᠳᠠᠬᠢ ᠭᠤᠷᠪᠠᠨ ᠡᠳᠤᠷ ᠤᠨ ᠰᠡᠯᠡᠬᠦᠴᠡᠯ ᠵᠤᠭᠠᠴᠠᠯ — ᠤᠯᠠᠭᠠᠨᠬᠤᠳᠠ — ᠲᠦ᠋ ᠴᠢᠤᠸᠠᠨ ᠰᠢᠶᠠᠨ — ︽ᠳᠠᠪᠦ‍ ᠨᠢᠭᠡ ᠶᠢᠨ ᠶᠡᠭᠡ ᠬᠤᠷᠠᠯ︾᠎ ᠤᠨ ᠬᠤᠷᠠᠯ ᠤᠨ ᠪᠠᠭᠤᠷᠢ — ᠷᠠᠰᠢᠶᠠᠨ — ᠷᠠᠰᠢᠶᠠᠨ ᠤᠯᠠᠨ ᠤᠯᠤᠰ ᠤᠨ ᠤᠢ ᠰᠢᠭᠤᠢ ᠶᠢᠨ ᠴᠡᠴᠡᠷᠯᠢᠭ᠃    ᠤᠨᠴᠠᠯᠢᠬᠳᠤ ᠪᠡᠶᠡᠴᠢᠯᠠᠨ ᠤᠢᠢᠯᠠᠭᠠᠯᠳᠠ᠄ ᠲᠦ᠋ ᠴᠢᠤᠸᠠᠨ ᠰᠢᠶᠠᠨ ᠤ ᠪᠡᠶ᠎ᠠ ᠶᠢᠨ ᠳᠠᠮᠢᠷ ᠤᠨ ᠤᠷᠳᠤᠨ ᠳᠤ ︽ᠠᠷᠪᠠᠨ ᠲᠦᠷᠪᠡᠳᠤᠭᠡᠷ ᠬᠤᠭᠤᠴᠠᠭᠠᠨ ᠤ ᠪᠦᠬᠦ ᠤᠯᠤᠰ ᠤᠨ ᠡᠪᠤᠯ ᠤᠨ ᠤᠯᠠᠷᠢᠯ ᠤᠨ ᠪᠡᠶ᠎ᠠ ᠶᠢᠨ ᠳᠠᠮᠢᠷ ᠤᠨ ᠴᠤᠬᠯᠠᠭᠠᠨ︾᠎ ᠤ ᠬᠦᠷᠳᠤᠳᠤ ᠳᠠᠰᠢᠯᠳᠠ ᠶᠢᠨ ᠮᠦᠰᠤᠨ ᠪᠦᠮᠪᠦᠭᠡ ᠶᠢᠨ ᠤᠷᠤᠯᠳᠤᠭᠠᠨ ᠢ ᠰᠤᠨᠢᠷᠬᠠᠨ᠎ᠠ︔ ︽ᠳᠠᠪᠤ ᠨᠢᠭᠡ ᠶᠢᠨ ᠶᠡᠭᠡ ᠬᠤᠷᠠᠯ︾᠎ ᠤᠨ ᠬᠤᠷᠠᠯ ᠤᠨ ᠪᠠᠭᠤᠷᠢ ᠳᠤ ᠬᠦᠷᠴᠤ ᠦᠪᠤᠷ ᠮᠤᠩᠭᠤᠯ ᠤᠨ ᠬᠤᠪᠢᠰᠬᠠᠯ ᠤᠨ ᠰᠤᠶᠤᠯ ᠢ ᠤᠢᠢᠯᠠᠭᠠᠨ᠎ᠡ᠂ ᠷᠠᠰᠢᠶᠠᠨ ᠤᠯᠠᠨ ᠤᠯᠤᠰ ᠤᠨ ᠤᠢ ᠰᠢᠭᠤᠢ ᠶᠢᠨ ᠴᠡᠴᠡᠷᠯᠢᠭ ᠲᠤ ᠬᠦᠷᠴᠤ᠂ ᠴᠠᠰᠤ ᠮᠦᠰᠤᠨ ᠳᠤ ᠬᠤᠴᠢᠬᠳᠠᠬᠰᠠᠨ ᠭᠠᠯᠳᠤ ᠠᠭᠤᠯᠠᠨ ᠤ ᠭᠠᠵᠠᠷ ᠰᠢᠨᠵᠢᠯᠡᠬᠡᠨ ᠤ ᠲᠦᠷᠰᠤ ᠪᠠᠶᠢᠳᠠᠯ ᠢ ᠬᠠᠶᠢᠨ ᠰᠢᠨᠵᠢᠯᠡᠬᠦ ᠂ ᠬᠦᠯᠳᠡᠳᠡᠭ ᠦᠬᠡᠢ ᠭᠤᠤᠯ ᠵᠢᠴᠢ ᠰᠠᠬᠰᠤᠷᠭ᠎ᠠ ᠶᠢᠨ ᠭᠤᠴᠤ ᠦᠵᠡᠮᠵᠢᠳᠤ ᠪᠠᠶᠢᠳᠠᠯ ᠢ ᠰᠡᠭᠦᠳᠡᠷᠯᠡᠨ᠂ ᠤᠢ ᠰᠢᠭᠤᠢ ᠶᠢᠨ ᠴᠠᠰᠤ ᠮᠦᠰᠤᠳᠤ ᠦᠵᠡᠮᠵᠢ ᠶᠢ ᠰᠤᠨᠢᠷᠬᠠᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号