ᠱᠠᠭ᠎ᠠ ᠨᠠᠭᠠᠳᠤᠮ ᠤᠨ ᠤᠯᠠᠮᠵᠢᠯᠠᠭᠴᠢ ᠢ᠊ · ᠳᠦᠳᠦᠪ
ᠨᠡᠶᠢᠲᠡᠯᠡᠭᠰᠡᠨ ᠴᠠᠭ᠄
2019/12/27
     ᠢ᠊ · ᠳᠦᠳᠦᠪ  ᠂  ᠱᠠᠭ᠎ᠠ ᠨᠠᠭᠠᠳᠤᠮ ᠤᠨ ᠤᠷᠤᠨ ᠤ ᠲᠠᠰ ᠤᠨ ᠦᠪᠯᠡᠨ ᠤᠯᠠᠮᠵᠢᠯᠠᠭᠴᠢ᠃ 1962 ᠣᠨ ᠳᠤ ᠰᠢᠯᠢ ᠶᠢᠨ ᠭᠤᠣᠯ ᠠᠶᠢᠮᠠᠭ ᠤᠨ ᠰᠦᠨᠢᠳ ᠵᠡᠬᠦᠨ ᠬᠤᠰᠢᠭᠤᠨ ᠤ ᠨᠠᠷᠠᠨᠪᠤᠯᠠᠭ ᠰᠤᠮᠤᠨ ᠤ ᠲᠠᠷᠭᠤᠨᠨᠠᠭᠤᠷ ᠭᠠᠴᠠᠭᠠᠨ ᠤ ᠮᠠᠯᠴᠢᠨ ᠢᠰᠢᠳᠤᠷᠵᠢ᠂ ᠬᠤᠷᠯᠤ ᠶᠢᠨ ᠳᠦᠷᠪᠡᠳᠦᠭᠡᠷ ᠬᠦᠪᠡᠬᠦᠨ ᠨᠢ ᠪᠣᠯᠵᠦ ᠵᠠᠶᠠᠭᠠᠵᠠᠢ᠃ ᠬᠠᠷᠠᠬᠠᠨ ᠪᠠᠭ᠎ᠠ ᠠᠴᠠ ᠪᠠᠨ ᠱᠠᠭ᠎ᠠ ᠨᠠᠭᠠᠳᠤᠮ ᠳᠤ ᠳᠤᠷ᠎ᠠ ᠪᠠᠭ᠋ᠠᠳᠠᠢ ᠪᠠᠶᠢᠵᠦ᠂ ᠱᠠᠭ᠎ᠠ  ᠨᠠᠭᠠᠳᠬᠤ ᠶᠢᠨ ᠵᠡᠷᠭᠡᠪᠡᠷ ᠴᠤᠬᠯᠠᠭᠤᠯᠵᠦ᠂  30 ᠰᠢᠬᠠᠮ ᠵᠢᠯ ᠳᠤᠳᠤᠷ᠎ᠠ 15000 ᠱᠠᠭ᠎ᠠ ᠴᠤᠭᠯᠠᠭᠤᠯᠤᠭᠰᠠᠨ ᠪᠠᠶᠢᠨ᠎ᠠ᠃ 2006 ᠣᠨ ᠳᠤ ᠰᠦᠨᠢᠳ ᠵᠡᠬᠦᠨ ᠬᠤᠰᠢᠭᠤᠨ ᠤ ᠱᠠᠭ᠎ᠠ ᠶᠢᠨ ᠰᠤᠶᠤᠯ ᠤᠨ ᠨᠡᠶᠢᠭᠡᠮᠯᠢᠭ ᠢ ᠰᠠᠨᠠᠭᠠᠴᠢᠯᠠᠨ ᠪᠠᠶᠢᠭᠤᠯᠵᠦ᠂ ᠠᠷᠪᠠᠨ ᠵᠢᠯ ᠳᠤᠳᠤᠷ᠎ᠠ ᠭᠡᠭᠡᠭᠳᠡᠮᠡᠷ ᠪᠠᠶᠢᠭᠰᠠᠨ ᠱᠠᠭ᠎ᠠ ᠨᠠᠭᠠᠳᠤᠮ ᠢ ᠰᠢᠯᠢ ᠶᠢᠨ ᠭᠤᠣᠯ ᠤᠨ ᠬᠡᠪᠴᠢᠶᠠᠨ ᠳᠤ ᠰᠡᠷᠬᠦᠭᠡᠨ ᠦᠷᠨᠢᠬᠦᠯᠬᠦ ᠳᠤ ᠴᠢᠬᠤᠯᠠ ᠦᠢᠯᠡᠳᠦᠯ ᠦᠵᠡᠬᠦᠯᠪᠠ᠃ 2013 ᠤᠨ ᠳᠤ ᠱᠠᠭ᠎ᠠ ᠨᠠᠭᠠᠳᠤᠮ ᠤᠨ ᠤᠷᠤᠨ ᠤ ᠳᠡᠰ ᠤᠨ ᠪᠤᠳᠠᠰ ᠤᠨ ᠪᠤᠰᠤ ᠰᠤᠶᠤᠯ ᠤᠨ ᠥᠪ ᠤᠨ ᠤᠯᠠᠮᠵᠢᠯᠠᠬᠴᠢ ᠪᠠᠷ ᠦᠨᠡᠯᠡᠭᠳᠡᠵᠠᠢ᠃   ᠲᠡᠷᠡ   ᠪᠠᠷ ᠤᠳᠣ ᠰᠦᠨᠢᠳ ᠵᠡᠬᠦᠨ ᠬᠤᠰᠢᠭᠤᠨ ᠤ ᠱᠠᠭ᠎ᠠ ᠶᠢᠨ ᠰᠤᠶᠤᠯ ᠤᠨ ᠨᠡᠶᠢᠭᠡᠮᠯᠢᠭ ᠤᠨ ᠲᠡᠷᠢᠬᠦᠯᠡᠭᠴᠢ᠂ ᠪᠠᠶᠠᠨᠨᠠᠭᠤᠷ ᠪᠠᠯᠭᠠᠰᠤᠨ ᠤ ᠴᠠᠭᠠᠠᠨᠠᠭᠤᠷ ᠭᠠᠴᠠᠭᠠᠨ ᠤ ᠳᠠᠷᠤᠭ᠎ᠠ ᠶᠢᠨ ᠠᠵᠢᠯ ᠢ ᠬᠢᠵᠦ ᠪᠤᠢ᠃     ᠱᠠᠭ᠎ᠠ ᠨᠠᠭᠠᠳᠤᠮ  ᠂ ᠮᠤᠩᠭᠤᠯᠴᠤᠳ ᠤᠨ ᠦᠢᠯᠡᠳᠪᠦᠷᠢᠯᠡᠯ ᠠᠮᠢᠳᠤᠷᠠᠯ ᠤᠨ ᠦᠪᠡᠷᠮᠢᠴᠠ ᠴᠢᠨᠠᠷ ᠢ ᠬᠠᠷᠠᠭᠤᠯᠤᠭᠰᠠᠨ ᠨᠠᠭᠠᠳᠤᠮ᠃ ᠱᠠᠭ᠎ᠠ ᠨᠢ ᠮᠤᠩᠭᠤᠯᠴᠤᠳ ᠤᠨ ᠲᠠᠪᠣᠨ ᠬᠤᠰᠢᠭᠤ ᠮᠠᠯ ᠤᠨ ᠦᠰᠴᠤ ᠦᠷᠡᠵᠢᠬᠦ ᠶᠢᠨ ᠪᠡᠯᠭᠡ᠂ ᠳᠠᠩᠰᠤᠭ ᠰᠠᠶᠢᠬᠠᠨ ᠠᠮᠢᠳᠤᠷᠠᠯ ᠤᠨ ᠦᠭᠡᠳᠡᠯᠡᠵᠦ ᠳᠡᠭᠵᠢᠷᠡᠬᠦ ᠶᠢᠨ ᠲᠡᠮᠳᠡᠭ ᠪᠣᠯᠵᠦ᠂ ᠲᠠᠯ᠎ᠠ ᠪᠦᠷᠢ ᠶᠢ ᠨᠢ ᠨᠢᠭᠡ ᠡᠷᠳᠡᠨᠢ ᠭᠡᠵᠦ ᠨᠡᠷᠡᠯᠡᠳᠡᠭ᠃ ᠱᠠᠭ᠎ᠠ ᠨᠠᠭᠠᠳᠤᠮ ᠳᠤ ᠤᠷᠬᠢᠬᠤ ᠪᠤᠯᠤᠨ ᠦᠷᠦᠬᠦ ᠬᠤᠶᠠᠷ ᠵᠦᠢᠯ ᠤᠨ ᠬᠡᠯᠪᠡᠷᠢ ᠶᠢᠨ 240 ᠭᠠᠷᠤᠢ ᠨᠠᠭᠠᠳᠤᠮ ᠤᠨ ᠠᠷᠭ᠎ᠠ ᠪᠠᠶᠢᠳᠠᠭ ᠭᠡᠰᠡᠨ ᠲᠡᠮᠳᠡᠭᠯᠡᠯ ᠪᠣᠢ᠃ ᠤᠳᠤᠬᠠᠨ ᠪᠤᠯᠳᠠᠯ᠎ᠠ  ᠨᠠᠭᠠᠳᠴᠤ ᠪᠠᠶᠢᠭ᠎ᠠ ᠨᠢ ᠭᠤᠤᠯᠳᠠᠭᠤ ᠰᠧᠶ᠋ᠢᠩ ᠤᠷᠬᠢᠬᠤ᠂ ᠮᠤᠷᠢ ᠤᠷᠤᠯᠳᠤᠬᠤ᠂ ᠠᠵᠠ ᠶᠢᠨ ᠳᠦᠷᠪᠡᠨ ᠪᠡᠷᠬᠡ ᠬᠠᠶᠠᠬᠤ᠂ ᠪᠦᠭᠴᠦᠭ ᠬᠠᠷᠪᠤᠬᠤ ᠁ ᠵᠡᠷᠭᠡ ᠠᠷᠪᠠᠨ ᠬᠡᠳᠦᠨ ᠳᠦᠷᠦᠯ ᠪᠤᠢ᠃ ᠱᠠᠭ᠎ᠠ ᠨᠠᠭᠠᠳᠤᠮ ᠤᠨ ᠬᠠᠮᠤᠭ ᠬᠦᠨᠳᠦᠳᠭᠡᠯ ᠲᠠᠢ᠂ ᠶᠤᠰᠤᠯᠠᠯ ᠤᠨ ᠭᠦᠨ ᠤᠳᠬ᠎ᠠ ᠪᠦᠬᠦᠢ ᠨᠠᠭᠠᠳᠤᠮ ᠨᠢ ᠠᠯᠠᠭ ᠮᠠᠯᠡᠭᠡᠢ ᠦᠷᠦᠬᠦ ᠶᠤᠮ᠃ ᠠᠯᠠᠭ ᠮᠡᠯᠡᠭᠡᠢ ᠶᠢ ᠭᠠᠭᠴᠠ ᠴᠠᠭᠠᠨ ᠰᠠᠷ᠎ᠠ ᠪᠠᠷ 92 ᠪᠠ 108 ᠱᠠᠭ᠎ᠠ ᠪᠠᠷ ᠦᠷᠦᠵᠦ ᠨᠠᠭᠠᠳᠤᠨ᠎ᠠ᠃ ᠢᠩᠬᠢᠬᠦ ᠨᠢ ᠲᠡᠷᠡ ᠠᠶᠢᠯ ᠪᠠ ᠪᠤᠰᠤᠳ ᠠᠮᠢᠳᠠᠨ ᠬᠦᠮᠦᠨ ᠳᠤ ᠡᠪᠡᠳᠴᠢᠨ ᠵᠤᠪᠠᠯᠠᠩ ᠤᠴᠠᠷᠠᠬᠤ ᠦᠭᠡᠢ᠂ ᠮᠠᠯ ᠰᠦᠷᠦᠭ ᠦᠰᠴᠤ ᠦᠷᠡᠵᠢᠬᠦ ᠭᠡᠰᠢᠭ ᠦᠯᠵᠠᠢ ᠲᠠᠢ ᠬᠡᠮᠡᠨ ᠪᠡᠯᠭᠡᠰᠢᠶᠠᠨ ᠦᠵᠡᠳᠡᠭ ᠭᠡᠨ᠎ᠡ᠃     ᠮᠣᠷᠢ ᠤᠷᠤᠯᠳᠤᠬᠤ᠂ ᠠᠵᠠ ᠶᠢᠨ ᠳᠦᠷᠪᠡᠨ ᠪᠡᠷᠬᠡ ᠬᠠᠶᠠᠬᠤ᠂ ᠰᠡᠮᠪᠡᠭᠡ ᠠᠪᠬᠤ ᠁ ᠮᠠᠯᠵᠢᠬᠤ ᠨᠣᠲᠤᠭ ᠲᠤ ᠳᠦᠷᠦᠵᠦ ᠥᠰᠦᠭᠰᠡᠨ ᠬᠦᠮᠦᠰ ᠪᠠᠭ᠎ᠠ ᠨᠠᠰᠤᠨ ᠤ ᠬᠢᠨᠢ ᠵᠤᠭ᠎ᠠ ᠪᠣᠯᠣᠭᠰᠠᠨ ᠱᠠᠭ᠎ᠠ ᠨᠠᠭᠠᠳᠤᠮ ᠤᠨ ᠳᠣᠬᠠᠢ ᠶᠠᠷᠢᠬᠤ ᠳᠤ ᠬᠠᠮᠤᠭ ᠤᠶᠢᠷᠠᠬᠠᠨ ᠰᠠᠨᠠᠭᠳᠠᠬᠤ ᠨᠢ ᠳᠠᠮᠵᠢᠭ ᠦᠭᠡᠢ᠃ ᠬᠤᠷᠠᠭ᠎ᠠ ᠲᠣᠭᠤᠯ ᠢᠶᠠᠷ ᠨᠠᠭᠠᠳᠤᠮ ᠤᠨ ᠬᠠᠨᠢ ᠪᠣᠯᠭᠠᠵᠦ᠂ ᠬᠤᠷᠤᠳ ᠥᠷᠥᠮ᠎ᠡ ᠪᠠᠷ ᠥᠯ ᠪᠤᠯᠭᠠᠵᠦ᠂ ᠱᠠᠭᠠᠵᠠᠩ ᠤᠨ ᠬᠠᠭᠠᠷᠬᠠᠢ ᠴᠤᠬᠯᠠᠭᠤᠯᠵᠦ ᠠᠶᠢᠯ ᠪᠤᠯᠵᠦ ᠲᠣᠭᠯᠠᠨ᠂ ᠰᠠᠭᠠᠷᠢ ᠲᠠᠢ ᠳᠠᠪᠠᠭ ᠭᠢᠯᠠᠯᠵᠠᠭᠤᠯᠤᠨ ᠬᠦᠶᠦᠭᠰᠡᠨ ᠪᠠᠭ᠎ᠠ ᠨᠠᠰᠤᠨ ᠤ ᠳᠤᠷᠠᠰᠤᠮᠵᠢ ᠳᠣᠳᠣᠷ᠎ᠠ ᠱᠠᠭ᠎ᠠ ᠨᠠᠭᠠᠳᠤᠨ ᠰᠠᠭᠤᠭᠰᠠᠨ ᠮᠢᠨᠢ ᠬᠠᠮᠤᠭ ᠤᠨ ᠳᠤᠮᠤᠭ᠎ᠠ ᠲᠠᠢ ᠴᠠᠭ ᠪᠣᠯᠵᠦ ᠪᠠᠶᠢᠬᠰᠠᠨ ᠳᠠᠭᠠᠷᠠᠨ᠎ᠠ᠃ ︽ᠮᠢᠨᠤ ᠰᠢᠷᠭ᠎ᠠ ᠮᠣᠷᠢ᠂ ᠴᠢᠨᠤ ᠬᠡᠭᠡᠷ ᠮᠣᠷᠢ ᠁︾ ᠥᠪᠡᠷ ᠥᠪᠡᠷ ᠤᠨ ᠥᠮᠴᠢ ᠪᠤᠯᠤᠭᠰᠠᠨ ︽ᠮᠣᠷᠢ︾ ᠪᠠᠨ ᠤᠷᠤᠯᠳᠤᠭᠠᠨ ᠳᠤ ᠬᠦᠶᠦᠯᠭᠡᠵᠦ ᠬᠦᠭᠡᠷᠦᠨ ᠪᠠᠶᠠᠰᠴᠤ᠂ ︽ᠬᠠᠨᠵᠤᠨ ᠪᠦᠳᠡᠭᠡᠯᠭᠡ ᠶᠢ ᠴᠤᠭᠤᠯᠴᠢᠬᠠᠯ᠎ᠠ ᠁ ᠣᠳᠣ ᠪᠤᠯᠢ︾ ᠭᠡᠵᠦ ᠡᠵᠢ ᠠᠪᠤ ᠪᠠᠷ ᠢᠶᠠᠨ ᠵᠠᠩᠨᠠᠭᠤᠯᠵᠦ᠂ ︽ᠬᠠᠪᠤᠷ ᠤᠨ ᠲᠥᠯ ᠤᠨ ᠴᠠᠭ ᠲᠤ ᠱᠠᠭ᠎ᠠ ᠪᠦᠦ ᠨᠠᠭᠠᠳ᠂  ᠮᠠᠶᠢᠭ ᠲᠥᠯ ᠭᠠᠷᠤᠨ᠎ᠠ︾ ᠭᠡᠰᠡᠨ ᠠᠬᠠᠮᠠᠳ ᠤᠨ ᠰᠣᠷᠭᠠᠯ ᠢ ᠰᠤᠨᠤᠰᠴᠤ᠂ ᠶᠠᠭᠠᠬᠢᠵᠦ ᠭᠤᠷᠢ ᠨᠢ ᠬᠥᠳᠡᠯᠵᠦ ᠪᠠᠶᠢᠭᠰᠠᠨ ᠴᠦ ᠮᠠᠶᠢᠭ ᠬᠤᠷᠠᠭ᠎ᠠ ᠲᠠᠢ ᠪᠣᠯᠬᠤ ᠠᠴᠠ ᠠᠶᠤᠵᠦ ᠪᠠᠶ᠎ᠡ ᠪᠠᠨ ᠪᠠᠷᠢᠵᠦ ᠪᠠᠶᠢᠭᠰᠠᠨ ᠨᠢ ᠣᠯᠠᠨ ᠬᠦᠮᠦᠨ ᠤ ᠭᠡᠦᠭᠡᠳ ᠨᠠᠰᠤᠨ ᠤ ᠳᠤᠷᠠᠰᠤᠮᠵᠢ ᠪᠠᠶᠢᠬ᠎ᠠ᠃ ᠱᠠᠭ᠎ᠠ ᠳᠤᠭᠯᠠᠭᠠᠮ ᠤᠨ ᠲᠣᠬᠠᠢ ︽ᠮᠣᠩᠭᠤᠯ ᠤᠨ ᠨᠢᠭᠤᠴᠠ ᠳᠣᠪᠴᠢᠶᠠᠨ︾ ᠳᠤ ︽ᠳᠠᠮᠤᠵᠢᠨ ᠵᠠᠮᠤᠬ᠎ᠠ ᠬᠤᠶᠠᠷ ᠁ ᠠᠩᠬ᠎ᠠ ᠤᠷᠢᠳᠦ ᠠᠨᠳᠠ ᠪᠤᠯᠤᠯᠴᠠᠬᠤ ᠳᠤ ᠲᠡᠮᠦᠵᠢᠨ ᠠᠷᠪᠠᠨ ᠨᠢᠭᠡᠨ ᠨᠠᠰᠤᠳᠠᠢ ᠪᠠᠶᠢᠭᠰᠠᠨ ᠪᠢᠯᠡ᠃ ᠲᠡᠷᠡ ᠴᠠᠭ ᠲᠤ ᠵᠠᠮᠤᠬ᠎ᠠ ᠨᠢᠭᠡᠨ ᠭᠤᠷ ᠤᠨ ᠱᠠᠭᠠᠢ ᠶᠢ ᠳᠠᠮᠤᠵᠢᠨ ᠳᠤ ᠦᠭᠴᠦ᠂ ᠲᠡᠮᠦᠵᠢᠨ ᠨᠢᠭᠡᠨ ᠴᠢᠳᠬᠤᠮᠠᠯ ᠱᠠᠭᠠᠢ ᠶᠢ ᠵᠠᠮᠤᠬ᠎ᠠ ᠳᠤ ᠦᠭᠴᠦ᠂ ᠣᠨᠣᠨ ᠤ ᠮᠦᠰᠦᠨ ᠳᠡᠭᠡᠷ᠎ᠡ ᠱᠠᠭᠠᠯᠴᠠᠨ ᠨᠠᠭᠠᠳᠴᠤ ᠠᠨᠳᠠ ᠪᠤᠯᠤᠯᠴᠠᠭᠰᠠᠨ ᠪᠦᠯᠦᠭᠡ ᠁︾ ᠭᠡᠰᠡᠨ ᠲᠡᠮᠳᠡᠭᠯᠡᠯ ᠪᠠᠶᠢᠳᠠᠭ᠃ ᠡᠨᠡ ᠨᠢ ᠱᠠᠭ᠎ᠠ ᠳᠤᠭᠯᠠᠭᠠᠮ ᠨᠢ ᠶᠡᠭᠡ ᠡᠷᠲᠡᠨ ᠠᠴᠠ ᠣᠯᠠᠮᠵᠢᠯᠠᠯ ᠲᠠᠢ ᠪᠠᠶᠢᠭᠰᠠᠨ ᠢ ᠬᠠᠷᠠᠭᠤᠯᠤᠨ᠎ᠠ᠃ ᠱᠠᠭ᠎ᠠ ᠨᠠᠭᠠᠡᠳᠤᠮ ᠤᠨ ᠡᠬᠢ ᠡᠬᠦᠰᠦᠯ ᠤᠨ ᠲᠣᠬᠠᠢ ᠳᠡᠦᠭᠡ ᠰᠤᠳᠤᠷ ᠲᠤ ᠲᠡᠮᠳᠡᠭᠯᠡᠨ ᠦᠯᠡᠳᠡᠭᠡᠭᠰᠡᠨ ᠦᠭᠡᠢ ᠪᠤᠯᠪᠠᠴᠤ ᠡᠷᠳᠡᠮᠳᠡᠳ ᠲᠡᠬᠦᠨ ᠤ ᠡᠬᠦᠰᠦᠯ ᠢ ᠪᠦᠬᠡ ᠶᠢᠨ ᠪᠠᠷᠢᠯᠳᠤᠭᠠᠨ᠂ ᠮᠣᠷᠢ ᠤᠷᠤᠯᠳᠤᠬᠤ ᠨᠠᠭᠠᠳᠤᠮ ᠤᠨ ᠲᠡᠦᠭᠡ ᠲᠠᠢ ᠤᠶᠢᠷᠠᠯᠴᠠᠭ᠎ᠠ ᠭᠡᠬᠦ ᠪᠣᠶᠣ ᠮᠠᠯ ᠠᠵᠦ ᠠᠬᠤᠢ ᠶᠢ ᠨᠡᠶᠢᠳᠡᠮ ᠡᠷᠬᠢᠯᠡᠨ ᠡᠵᠡᠩᠨᠡᠭᠰᠡᠨ ᠲᠡᠦᠭᠡ ᠶᠢᠨ ᠡᠬᠢᠯᠡᠯᠲᠡ ᠲᠠᠢ ᠰᠠᠴᠠᠭᠤ ᠭᠡᠵᠦ ᠦᠵᠡᠵᠦ ᠪᠤᠢ᠃ ᠱᠠᠭ᠎ᠠ ᠭᠡᠳᠡᠭ ᠦᠭᠡ ᠨᠢ ᠭᠠᠷᠤᠯ ᠤᠨ ᠬᠤᠪᠢ ᠳᠤ ᠡᠷᠲᠡᠨ ᠤ ᠮᠤᠩᠭᠤᠯ ᠬᠡᠯᠡᠨ ᠳᠤ ᠴᠢᠩᠭ᠎ᠠ ᠭᠡᠳᠡᠭ ᠦᠭᠡ ᠲᠠᠢ ᠬᠤᠯᠪᠤᠭ᠎ᠠ ᠲᠠᠢ ᠪᠦᠭᠡᠳ ᠭᠤᠶᠤ ᠪᠤᠶᠤ ᠭᠤᠶᠢᠳᠠ ᠭᠡᠰᠡᠨ ᠤᠳᠬ᠎ᠠ ᠲᠠᠢ ᠭᠡᠳᠡᠭ᠃ ᠡᠨᠡ ᠨᠢ ᠱᠠᠭ᠎ᠠ ᠶᠢ ᠮᠠᠯ ᠤᠨ ᠪᠤᠰᠤᠳ ᠶᠠᠰᠤᠨ ᠠᠴᠠ ᠡᠷᠬᠢᠮᠯᠡᠨ ᠦᠵᠡᠵᠦ ᠵᠦᠩ ᠪᠡᠯᠭᠡᠳᠡᠯ ᠤᠨ ᠤᠳᠬ᠎ᠠ ᠰᠢᠩᠭᠡᠭᠡᠵᠦ ᠳᠤᠭᠯᠠᠭᠠᠮ ᠳᠤ ᠤᠷᠤᠭᠤᠯᠤᠭᠰᠠᠨ ᠪᠠᠶᠢᠨ᠎ᠠ᠃     ᠮᠠᠯᠵᠢᠬᠤ ᠦᠢᠯᠡᠳᠪᠤᠷᠢᠯᠡᠯ ᠲᠠᠢ ᠨᠢᠭᠲᠠ ᠬᠤᠯᠪᠤᠭ᠎ᠠ ᠲᠠᠢ ᠱᠠᠭ᠎ᠠ ᠳᠤᠭᠯᠠᠭᠠᠮ ᠨᠢ ᠮᠤᠩᠭᠤᠯᠴᠤᠳ ᠤᠨ ᠦᠢᠯᠡᠳᠪᠤᠷᠢᠯᠡᠯ ᠬᠥᠭᠵᠢᠭᠡ ᠦᠭᠡᠢ ᠨᠡᠶᠢᠭᠡᠮ  ᠳᠤ ᠬᠢ ᠰᠣᠯᠠ ᠰᠡᠯᠡᠬᠦᠦ ᠴᠠᠭ ᠢᠶᠠᠨ ᠦᠩᠭᠡᠷᠡᠭᠡᠬᠦ ᠵᠤᠭ᠎ᠠ ᠳᠤᠭᠯᠠᠭᠠᠮ ᠤᠨ ᠵᠦᠢᠯ ᠪᠠᠶᠢᠭᠰᠠᠨ ᠢᠶᠠᠷ ᠪᠠᠷᠠᠬᠤ ᠦᠭᠡᠢ᠂ ᠥᠷ᠎ᠡ ᠭᠡᠦᠭᠡᠳ  ᠲᠤ ᠪᠠᠨ ᠠᠮᠢᠳᠤᠷᠠᠯ ᠤᠨ ᠶᠤᠰᠤᠨ ᠢ ᠳᠠᠨᠢᠭᠤᠯᠬᠤ᠂ ᠴᠡᠭᠡᠷ ᠶᠣᠰᠣ ᠶᠢ ᠮᠡᠳᠡᠬᠦᠯᠬᠦ ᠵᠡᠷᠭᠡ ᠭᠡᠷ ᠤᠨ ᠰᠤᠷᠭᠠᠯ ᠬᠦᠷᠳᠡᠭᠡᠭᠦ ᠠᠷᠭ᠎ᠠ ᠬᠡᠯᠪᠡᠷᠢ ᠨᠢ ᠪᠣᠯᠵᠦ ᠪᠠᠶᠢᠵᠠᠢ᠃ ᠬᠠᠷᠢᠨ ᠬᠤᠳᠠᠵᠢᠯᠳᠠ᠂ ᠠᠵᠦ ᠦᠢᠯᠡᠳᠪᠤᠷᠢᠯᠡᠯ ᠤᠨ ᠬᠦᠭᠵᠢᠯᠳᠡ ᠶᠢ ᠳᠠᠭᠠᠯᠳᠤᠨ ᠬᠦᠮᠦᠰ ᠤᠨ ᠵᠤᠭ᠎ᠠ ᠴᠡᠩᠭᠡᠯ ᠤᠨ ᠵᠦᠢᠯᠡᠰ ᠠᠷᠪᠢᠳᠤᠭᠰᠠᠨ ᠢᠶᠠᠷ ᠱᠠᠭ᠎ᠠ ᠳᠤᠭᠯᠠᠭᠠᠮ ᠨᠢ ᠪᠢᠳᠡᠨ ᠤ ᠠᠮᠢᠳᠤᠷᠠᠯ ᠠᠴᠠ ᠵᠠᠶᠢᠳᠠᠭᠰᠠᠨ ᠪᠠᠶᠢᠨ᠎ᠠ ᠃ ︽ᠪᠠᠭᠤᠴᠠᠨ ᠳᠤ ᠬᠠᠶᠠᠭᠳᠠᠭᠰᠠᠨ ᠱᠠᠭ᠎ᠠ ᠶᠢ ᠳᠠᠬᠦᠵᠦ ᠠᠪᠳᠠᠭ᠃︾ ᠪᠢᠳᠡ ᠭᠡᠷ  ᠲᠤ ᠪᠠᠨ ᠱᠥᠯᠥ ᠤᠤᠭᠤᠭᠰᠠᠨ ᠴᠦ ᠮᠢᠬ᠎ᠠ ᠪᠠᠨ ᠢᠳᠡᠭᠡᠳ ᠱᠠᠭ᠎ᠠ ᠪᠠᠨ ︽ᠬᠠᠶᠠᠳᠠᠭ︾ ᠪᠣᠯᠣᠭᠰᠠᠨ ᠨᠢ ᠨᠢᠭᠡ ᠬᠠᠷᠠᠮᠰᠠᠯ ᠭᠡᠯᠳᠠᠢ᠃ ᠬᠠᠷᠢᠨ ᠰᠤᠷᠪᠤᠯᠵᠢᠯᠠᠭᠴᠢ ᠰᠦᠨᠢᠳ ᠵᠠᠬᠦᠨ ᠬᠤᠰᠢᠭᠤᠨ ᠤ ᠰᠣᠶᠣᠯ ᠳᠠᠮᠢᠷ ᠤᠨ ᠳᠣᠪᠴᠢᠶᠠᠨ ᠤ ᠠᠯᠪᠠᠨ ᠠᠰᠠᠷ ᠲᠤ ᠪᠠᠶᠢᠭ᠎ᠠ ᠱᠠᠭ᠎ᠠ ᠶᠢᠨ ᠰᠤᠶᠤᠯ ᠤᠨ ᠨᠡᠶᠢᠭᠡᠮᠯᠢᠭ ᠤᠨ ᠱᠠᠭ᠎ᠠ ᠨᠠᠭᠠᠳᠤᠮ ᠤᠨ ᠦᠷᠦᠭᠡᠨ ᠳᠤ ᠤᠷᠤᠭᠠᠳ ᠱᠠᠭ᠎ᠠ ᠪᠠᠷ ᠬᠢᠭᠰᠡᠨ ᠲᠤᠯᠭ᠎ᠠ᠂ ᠲᠠᠮᠤ ᠶᠢᠨ ᠴᠠᠭᠤᠷᠭ᠎ᠠ ᠨᠡᠭᠡᠭᠡᠬᠦ ᠳᠤᠭᠯᠠᠭᠠᠮ᠂ ᠮᠤᠩᠭᠤᠯ ᠭᠡᠷ᠂ ᠬᠠᠰᠠᠭ ᠲᠡᠷᠭᠡ᠂ ᠬᠤᠨᠢᠨ ᠤ ᠶᠠᠰᠤ ᠪᠠᠷ ᠬᠢᠭᠰᠡᠨ ᠭᠠᠷ ᠤᠷᠠᠯᠠᠯ ᠤᠨ ᠵᠦᠢᠯᠡᠰ᠂ ᠲᠠᠪᠤᠨ ᠬᠤᠰᠢᠭᠤ ᠮᠠᠯ ᠤᠨ   ᠱᠠᠭ᠎ᠠ ᠵᠡᠷᠭᠡ ᠤᠯᠠᠨ ᠵᠦᠢᠯᠡᠰ ᠳᠡᠯᠭᠡᠭᠳᠡᠭᠰᠡᠨ ᠢ ᠬᠠᠷᠠᠵᠤ ᠶᠤᠰᠤᠳᠠᠢ ︽ᠱᠠᠭ᠎ᠠ ᠶᠢᠨ ᠤᠷᠠᠯᠠᠯ︾ ᠢᠶᠠᠷ ᠨᠢᠳᠦ ᠬᠤᠵᠢᠷᠯᠠᠭᠰᠠᠨ ᠶᠤᠮ᠃ ᠡᠳᠡᠭᠡᠷ ᠵᠦᠢᠯᠡᠰ ᠨᠢ ᠰᠦᠨᠢᠳ ᠵᠡᠬᠦᠨ ᠬᠤᠰᠢᠭᠤᠨ ᠤ ᠱᠠᠭ᠎ᠠ ᠶᠢᠨ ᠰᠤᠶᠤᠯ ᠤᠨ ᠨᠡᠶᠢᠭᠡᠮᠯᠢᠭ ᠤᠨ ᠲᠡᠷᠢᠬᠦᠯᠡᠭᠴᠢ ᠢ᠊ · ᠳᠦᠳᠦᠪ ᠭᠤᠸᠠᠢ ᠶᠢᠨ ᠴᠢᠷᠮᠠᠶᠢᠯᠭ᠎ᠠ ᠪᠠᠷ ᠬᠢᠭᠳᠡᠭᠰᠡᠨ ᠪᠦᠭᠡᠳ ᠠᠳᠡ ᠠᠴᠠ ᠱᠠᠭ᠎ᠠ ᠶᠢᠨ ᠰᠤᠶᠤᠯ ᠢ ᠥᠪᠯᠡᠨ ᠤᠯᠠᠮᠵᠢᠯᠠᠬᠤ ᠶᠢᠨ ᠳᠦᠯᠦᠭᠡ ᠵᠢᠳᠬᠦᠭᠰᠡᠨ ᠳᠦᠳᠦᠪ ᠭᠤᠸᠠᠢ ᠶᠢᠨ ᠦᠯᠢᠭᠡᠷ ᠡᠬᠢᠯᠡᠨ᠎ᠡ ᠁                                              ᠱᠠᠭ᠎ᠠ ᠴᠤᠭᠯᠠᠭᠤᠯᠤᠭᠰᠠᠨ ᠭᠤᠴᠢᠨ ᠵᠢᠯ       ᠢ᠊ · ᠳᠦᠳᠦᠪ ᠭᠤᠸᠠᠢ 1962 ᠣᠨ ᠳᠤ ᠰᠦᠨᠢᠳ ᠵᠠᠬᠦᠨ ᠬᠤᠰᠢᠭᠤᠨ ᠤ ᠨᠠᠷᠠᠨᠪᠤᠯᠠᠭ ᠰᠤᠮᠤᠨ ᠤ ᠲᠠᠷᠭᠤᠨᠨᠠᠭᠤᠷ ᠭᠠᠴᠠᠭᠠᠨ ᠤ ᠮᠠᠯᠴᠢᠨ ᠢᠰᠢᠳᠤᠷᠵᠢ᠂ ᠬᠤᠷᠯᠤ ᠶᠢᠨ ᠳᠦᠷᠪᠡᠳᠦᠭᠡᠷ ᠬᠦᠪᠡᠬᠦᠨ ᠨᠢ ᠪᠣᠯᠵᠦ ᠵᠠᠶᠠᠭᠠᠵᠦ᠂ ᠠᠮᠢᠳᠣᠷᠠᠯ ᠤᠨ ᠬᠦᠴᠢᠷᠳᠡᠯ ᠬᠤᠪᠢ ᠲᠠᠪᠢᠯᠠᠩ ᠤᠨ ᠡᠷᠬᠡ ᠪᠠᠷ ᠤᠢ ᠬᠦᠷᠦᠭᠡᠳᠦᠢ ᠪᠠᠷ ᠳᠡᠯᠭᠡᠷᠬᠠᠨ ᠰᠤᠮᠤ ᠶᠢᠨ ᠴᠠᠭᠠᠨᠨᠠᠭᠤᠷ ᠭᠠᠴᠠᠭᠠᠨ ᠳᠤ ᠡᠷᠭᠦᠭᠳᠡᠵᠦ ᠣᠴᠢᠵᠠᠢ᠃ ᠢ᠊ · ᠳᠦᠳᠦᠪ ᠭᠤᠸᠠᠢ ᠮᠡᠳᠡᠭᠡ ᠣᠷᠣᠭᠰᠠᠨ ᠦᠶ᠎ᠡ ᠠᠴᠠ ᠪᠠᠨ ᠠᠪᠤ ᠡᠵᠢ ᠶᠢᠨ ᠢᠶᠠᠨ ᠱᠠᠭ᠎ᠠ  ᠨᠠᠭᠠᠳᠬᠤ ᠶᠢ ᠬᠠᠷᠠᠵᠤ᠂ ᠰᠠᠮᠪᠡᠭᠡ ᠠᠪᠬᠤ᠂ ᠮᠣᠷᠢ ᠤᠷᠤᠯᠳᠤᠬᠤ᠂ ᠪᠤᠭᠤ ᠵᠢᠷᠭᠢᠭᠡ᠂ ᠱᠠᠭ᠎ᠠ ᠨᠢᠰᠤᠯᠬᠤ ᠵᠡᠷᠬᠡ ᠠᠷᠪᠠᠭᠠᠳ ᠵᠦᠢᠯ ᠤᠨ  ᠨᠠᠭᠠᠳᠬᠤ ᠠᠷᠭ᠎ᠠ ᠶᠢ ᠰᠤᠷᠤᠭᠰᠠᠨ ᠪᠠᠶᠢᠨ᠎ᠠ᠃     ᠪᠠᠭ᠎ᠠ ᠠᠴᠠ ᠪᠠᠨ  ᠨᠠᠭᠠᠳᠴᠤ ᠥᠰᠥᠭᠰᠡᠨ ᠤ ᠤᠴᠢᠷ ᠭᠡᠬᠦ ᠦᠦ᠂ ᠬᠤᠪᠢ ᠬᠦᠮᠦᠨ ᠤ ᠳᠣᠷ᠎ᠠ ᠪᠠᠬ᠎ᠠ ᠭᠡᠬᠦ ᠦᠦ  ᠂ ᠨᠢᠭᠡ ᠮᠡᠳᠡᠬᠦ ᠳᠤ ᠳᠦᠳᠦᠪ ᠱᠠᠭ᠎ᠠ ᠴᠤᠭᠯᠠᠭᠤᠯᠬᠤ ︽ᠰᠢᠨᠤᠯ︾ ᠲᠠᠢ ᠪᠤᠯᠤᠭᠰᠠᠨ ᠪᠠᠶᠢᠯ᠎ᠠ᠃ ︽ᠪᠢ ᠤᠬᠠᠭᠠᠨ ᠤᠷᠤᠬᠤ ᠦᠶ᠎ᠡ ᠳᠤ ᠮᠠᠨ ᠤ ᠳᠡᠭᠡᠳᠦᠬᠦᠯᠡ ᠶᠢᠨ ᠴᠤᠭᠯᠠᠭᠤᠯᠤᠭᠰᠠᠨ 100 ᠭᠠᠷᠤᠢ ᠱᠠᠭ᠎ᠠ ᠪᠠᠶᠢᠭᠰᠠᠨ᠃ ᠪᠢ ᠲᠡᠬᠦᠨ ᠢ ᠨᠠᠭᠠᠳᠴᠤ ᠦᠰᠦᠭᠰᠡᠨ ᠶᠤᠮ᠃ ᠳᠡᠭᠡᠬᠦ ᠪᠠᠷ ᠢᠶᠠᠨ ᠱᠠᠭ᠎ᠠ ᠴᠤᠭᠯᠠᠭᠤᠯᠬᠤ ᠳᠤᠷ᠎ᠠ ᠪᠠᠬ᠎ᠠ ᠲᠠᠢ  ᠂ ︿ᠮᠢᠩᠭᠠᠨ ᠱᠠᠭ᠎ᠠ ᠴᠤᠭᠯᠠᠭᠤᠯᠪᠠᠯ ᠮᠢᠩᠭᠠᠨ ᠮᠠᠯ ᠲᠠᠢ ᠪᠠᠶᠠᠨ ᠪᠤᠯᠣᠨ᠎ᠠ﹀ ᠭᠡᠰᠡᠨ ᠠᠬᠠᠮᠠᠳ ᠨᠠᠰᠤᠳᠠᠳ ᠤᠨ ᠶᠠᠷᠢᠶ᠎ᠡ ᠪᠠᠶᠢᠳᠠᠭ᠃ ᠡᠨᠡ ᠨᠢ ᠪᠠᠰᠠ ᠨᠠᠮᠠᠢᠢ ᠨᠦᠯᠦᠭᠡᠯᠡᠭᠰᠡᠨ ᠪᠠᠶᠢᠬ᠎ᠠ᠃ ᠲᠡᠷᠡ ᠦᠶ᠎ᠡ ᠠᠴᠠ ᠠᠪᠤᠭᠠᠳ ᠯᠡ ᠢᠳᠡᠰᠢᠨ ᠤ ᠱᠠᠭ᠎ᠠ᠂ ᠬᠡᠭᠡᠷ᠎ᠡ ᠭᠠᠳᠠᠨ᠎ᠠ ᠠᠴᠠ ᠤᠯᠤᠭᠰᠠᠨ ᠱᠠᠭ᠎ᠠ᠂ ᠠᠶᠢᠯ ᠳᠤ ᠮᠢᠬ᠎ᠠ ᠢᠳᠡᠭᠡᠳ ᠬᠠᠷᠭᠤᠭᠰᠠᠨ ᠱᠠᠭ᠎ᠠ ᠁ ᠭᠡᠳ ᠶᠠᠷᠦᠨᠢ ᠬᠠᠷᠭᠤᠭᠰᠠᠨ ᠪᠦᠬᠦᠨ ᠢ ᠴᠤᠭᠯᠠᠭᠤᠯᠳᠠᠭ ᠪᠣᠯᠣᠭᠰᠠᠨ᠃ ᠢᠩᠬᠢᠭᠡᠳ ᠪᠠᠷᠤᠭ ᠭᠤᠴᠢᠨ ᠵᠢᠯ ᠤᠨ ᠬᠤᠭᠤᠴᠠᠭᠠᠨ ᠳᠤ 15000 ᠱᠠᠭ᠎ᠠ ᠴᠤᠬᠯᠠᠭᠤᠯᠤᠭᠰᠠᠨ ᠶᠤᠮ᠃ ᠱᠠᠭ᠎ᠠ ᠶᠢᠨ ᠰᠤᠶᠤᠯ ᠤᠨ ᠨᠡᠶᠢᠭᠡᠮᠯᠢᠭ ᠪᠠᠶᠢᠭᠤᠯᠬᠤ ᠥᠶ᠎ᠡ ᠳᠤ ᠮᠢᠩᠭ᠎ᠠ ᠶᠢ ᠨᠢ ᠬᠠᠨᠳᠢᠪᠯᠡᠬᠰᠠᠨ ᠶᠤᠮ᠃ ᠶᠠᠷᠦᠨᠢ ᠮᠤᠩᠭᠤᠯ ᠬᠦᠮᠦᠨ ᠬᠡᠭᠡᠷ᠎ᠡ ᠭᠠᠳᠠᠨ᠎ᠠ ᠪᠤᠶᠤ ᠪᠠᠭᠤᠴᠠᠨ ᠳᠤ ᠤᠷᠬᠢᠭᠳᠠᠭᠰᠠᠨ ᠱᠠᠭ᠎ᠠ ᠶᠢ ᠦᠵᠡᠪᠠᠯ ᠠᠪᠴᠤ ᠶᠠᠪᠤᠳᠠᠭ᠃ ᠱᠠᠭ᠎ᠠ ︿ᠨᠠᠮᠠᠢᠢ ᠠᠪᠳᠠᠭ ᠪᠣᠯ ᠦᠦ︖﹀ ᠭᠡᠵᠦ ᠬᠠᠷᠠᠳᠠᠭ ᠭᠡᠨ᠎ᠡ︾ ᠭᠡᠵᠦ ᠢ᠊ · ᠳᠦᠳᠦᠪ ᠭᠤᠸᠠᠢ ᠱᠠᠭ᠎ᠠ ᠴᠤᠭᠯᠠᠭᠤᠯᠤᠭᠰᠠᠨ ︽ᠳᠡᠥᠭᠡ︾ ᠪᠠᠨ ᠶᠠᠷᠢᠨ᠎ᠠ᠃    ᠲᠡᠭᠡᠷ᠎ᠡ ᠵᠠᠭᠤᠨ ᠤ ᠨᠠᠶᠠᠭᠠᠳ ᠣᠨ ᠤ ᠰᠡᠬᠦᠯᠴᠢ ᠶᠡᠷᠡᠭᠡᠳ ᠣᠨ ᠤ ᠡᠬᠢ ᠪᠠᠷ ᠨᠡᠶᠢᠭᠡᠮ ᠠᠬᠤᠢ ᠶᠢᠨ ᠬᠥᠭᠵᠢᠯ ᠠᠴᠠ ᠪᠣᠯᠵᠦ ᠤᠯᠠᠨ ᠵᠦᠢᠯ ᠤᠨ ᠵᠤᠭ᠎ᠠ ᠴᠡᠩᠭᠡᠬᠦᠨ ᠤ ᠨᠠᠭᠠᠳᠤᠮ ᠭᠠᠷᠤᠭᠰᠠᠨ ᠢᠶᠠᠷ ᠬᠦᠮᠦᠰ ᠱᠠᠭ᠎ᠠ  ᠨᠠᠭᠠᠳᠬᠤ ᠪᠠᠨ ᠪᠤᠯᠢᠵᠦ᠂ ᠱᠠᠭ᠎ᠠ ᠨᠠᠭᠠᠳᠤᠮ ᠴᠦ ᠭᠡᠭᠡᠭᠳᠡᠵᠦ ᠤᠷᠬᠢᠬᠳᠠᠬᠤ ᠭᠡᠮᠵᠢᠶᠠᠨ ᠳᠤ ᠬᠦᠷᠦᠭᠰᠡᠨ ᠪᠠᠶᠢᠨ᠎ᠠ᠃ ᠡᠨᠡᠭᠦ ᠪᠠᠶᠢᠳᠠᠯ ᠳᠤ ᠢ᠊ · ᠳᠦᠳᠦᠪ ᠭᠤᠸᠠᠢ  ᠪᠦᠰᠡᠬᠦᠢ ᠲᠠᠢ ᠪᠠᠨ ᠬᠤᠶᠠᠭᠤᠯᠠ  ᠨᠠᠭᠠᠳᠬᠤ ᠪᠤᠶᠤ  ᠨᠠᠶᠢᠵᠠ ᠨᠦᠬᠦᠳ ᠨᠢ ᠢᠷᠡᠪᠠᠯ ᠱᠠᠭ᠎ᠠ ᠳᠤᠬᠯᠠᠵᠦ᠂  ᠡᠨᠡᠬᠦ ᠤᠯᠠᠮᠵᠢᠯᠠᠯᠳᠦ  ᠨᠠᠭᠠᠳᠤᠮ ᠢᠶᠠᠨ ᠤᠷᠬᠢᠭᠰᠠᠨ ᠦᠭᠡᠢ ᠪᠠᠷᠢᠮᠳᠠᠯᠠᠵᠦ ᠢᠷᠠᠵᠠᠢ᠃ ᠣᠯᠠᠨ ᠭᠠᠵᠠᠷ ᠱᠠᠭ᠎ᠠ ᠶᠢᠨ ᠨᠠᠭᠠᠳᠤᠮ ᠮᠠᠷᠳᠠᠬᠳᠠᠵᠦ ᠤᠷᠬᠢᠭᠳᠠᠭᠰᠠᠨ ᠪᠤᠯᠪᠠᠴᠤ ᠰᠦᠨᠢᠳ ᠵᠡᠭᠦᠨ ᠬᠤᠰᠢᠭᠤ ᠨᠢ ᠨᠠᠶᠢᠷ ᠨᠠᠭᠠᠳᠤᠮ ᠳᠡᠭᠡᠷ᠎ᠡ ᠱᠠᠭ᠎ᠠ ᠤᠷᠤᠯᠳᠤᠭᠤᠯᠳᠠᠭ ᠪᠣᠯᠪᠠ᠃ ᠡᠨᠡ ᠨᠢ ᠪᠠᠭ᠎ᠠ ᠠᠴᠠ ᠪᠠᠨ ᠱᠠᠭ᠎ᠠ ᠨᠠᠭᠠᠳᠤᠮ ᠳᠤ ᠪᠠᠭ᠋ᠠᠳᠠᠢ  ᠳᠦᠳᠦᠪ ᠭᠤᠸᠠᠢ ᠳᠤ ᠰᠠᠶᠢᠬᠠᠨ ᠵᠠᠪᠰᠢᠶᠠᠨ  ᠪᠤᠯᠵᠠᠢ᠃ ︽ᠤᠤᠯ ᠨᠢ ᠮᠠᠨ ᠤ ᠬᠤᠰᠢᠭᠤᠨ ᠤ ᠨᠠᠶᠢᠷ ᠳᠡᠭᠡᠷ᠎ᠡ ᠤᠯᠠᠨ ᠳᠦᠷᠦᠯ ᠤᠨ ᠤᠷᠤᠯᠳᠤᠭᠠᠨ ᠬᠢᠳᠡᠭ ᠦᠭᠡᠢ᠂ ︿ᠰᠡᠮᠪᠡᠭᠡ ᠠᠪᠬᠤ﹀ ᠨᠠᠭᠠᠳᠤᠮ ᠢ ᠯᠡ ᠤᠷᠤᠯᠳᠤᠳᠠᠭ᠃ ᠪᠢ ᠴᠤ ᠶᠠᠷᠦᠨᠢ ᠵᠢᠯ ᠵᠢᠯ ᠲᠡᠷᠢᠭᠦᠯᠡᠳᠡᠭ ᠪᠠᠶᠢᠭᠰᠠᠨ ᠳ᠋ᠠ ᠁︾ ᠱᠠᠭ᠎ᠠ ᠨᠠᠭᠠᠳᠤᠮ ᠤᠨ ᠳᠡᠷᠢᠬᠦᠨ ᠢ᠊ · ᠳᠦᠳᠦᠪ ᠭᠤᠸᠠᠢ ᠬᠤᠰᠢᠭᠤ ᠨᠤᠲᠤᠭ   ᠲᠤ ᠪᠠᠨ ᠨᠠᠷ᠎ᠡ ᠭᠠᠷᠴᠤ᠂ ᠡᠨᠡ ᠨᠢ ᠲᠡᠬᠦᠨ ᠤ ᠳᠠᠷᠠᠭᠠᠴᠢ ᠪᠠᠷ ᠱᠠᠭ᠎ᠠ ᠶᠢᠨ ᠰᠤᠶᠤᠯ ᠤᠨ ᠨᠡᠶᠢᠭᠡᠮᠯᠢᠭ ᠪᠠᠶᠢᠭᠤᠯᠬᠤ  ᠳᠤ ᠨᠢ ᠵᠤᠬᠢᠬᠤ ᠨᠦᠯᠦᠭᠡ ᠦᠵᠡᠬᠦᠯᠦᠭᠰᠡᠨ ᠢ ᠶᠠᠷᠢᠬᠤ ᠶᠤᠰᠤᠳᠠᠢ᠃                                                                        ᠰᠠᠨᠠᠵᠦ ᠶᠠᠪᠤᠪᠠᠯ ᠪᠦᠳᠦᠨ᠎ᠠ     ᠣᠨ ᠰᠠᠷ᠎ᠠ ᠣᠷᠴᠢᠬᠰᠠᠭᠠᠷ ᠬᠥᠮᠦᠨ ᠳᠦᠷᠦᠯᠬᠢᠳᠡᠨ ᠬᠤᠷᠢᠨ ᠨᠢᠭᠡᠳᠦᠭᠡᠷ ᠵᠠᠭᠤᠨ ᠤ ᠪᠤᠱᠤᠭ᠎ᠠ ᠶᠢ ᠠᠯᠬᠤᠵᠦ᠂   ᠺᠣᠮᠫᠢᠦ᠋ᠲ᠋ᠧᠷ᠂ ᠭᠠᠷ ᠤᠳᠠᠰᠣ ᠬᠦᠮᠦᠰ ᠤᠨ ᠠᠮᠢᠰᠬᠤᠵᠦ ᠪᠠᠶᠢᠭ᠎ᠠ ᠠᠭᠠᠷ ᠮᠡᠲᠦ ᠳᠤᠲᠠᠬᠳᠠᠵᠦ ᠪᠤᠯᠤᠰᠢ ᠦᠭᠡᠢ ᠬᠡᠷᠡᠭᠯᠡᠬᠦᠷ ᠪᠣᠯᠵᠦ᠂ ᠮᠦᠨ ᠡᠨᠡᠬᠦ ᠦᠷᠨᠢᠯ ᠢ ᠳᠠᠭᠠᠯᠳᠤᠨ ᠡᠯᠧᠺᠲᠷᠣᠨ ᠳᠤᠭᠯᠠᠭᠠᠮ ᠶᠡᠬᠡᠪᠡᠷ ᠳᠡᠯᠭᠡᠷᠡᠵᠦ᠂ ᠵᠠᠯᠠᠭᠤᠴᠤᠳ ᠤᠨ ᠳᠣᠮᠳᠠ ᠬᠠᠯᠠᠮᠰᠢᠯ ᠪᠤᠯᠣᠯ᠎ᠠ᠃ ᠡᠨᠡᠬᠦ ᠪᠠᠶᠢᠳᠠᠯ ᠳᠤᠤᠷ᠎ᠠ ᠤᠯᠠᠮᠵᠢᠯᠠᠯᠳᠦ ᠲᠣᠭᠯᠠᠭᠠᠮ ᠪᠣᠯᠬᠤ ᠱᠠᠭ᠎ᠠ ᠨᠠᠭᠠᠳᠤᠮ ᠢᠶᠠᠨ ᠶᠠᠭᠠᠬᠢᠵᠦ ᠥᠪᠯᠡᠵᠦ ᠦᠯᠡᠳᠡᠭᠡᠬᠦ ᠪᠣᠢ ᠭᠡᠳᠡᠭ ᠨᠢ ᠳᠦᠳᠦᠪ ᠭᠤᠸᠠᠢ ᠶᠢᠨ ᠳᠤᠯᠤᠭᠠᠢ ᠶᠢ ᠡᠪᠡᠳᠭᠡᠬᠦ ᠠᠰᠠᠭᠤᠳᠠᠯ ᠪᠣᠯᠵᠦ᠂ ᠤᠳᠠᠭᠠᠨ ᠬᠤᠭᠤᠴᠠᠭ᠎ᠠ ᠰᠡᠳᠬᠢᠯ ᠳᠤᠳᠤᠷ᠎ᠠ ᠪᠠᠨ ᠳᠠᠷᠤᠵᠦ ᠶᠠᠪᠤᠵᠠᠢ᠃    ︽ᠰᠠᠨᠠᠵᠦ ᠶᠠᠪᠤᠪᠠᠯ ᠪᠦᠳᠦᠨ᠎ᠠ᠂ ᠰᠠᠵᠢᠯᠠᠵᠦ ᠶᠠᠪᠤᠪᠠᠯ ᠬᠦᠷᠦᠨ᠎ᠡ︾ ᠭᠡᠳᠡᠭ ᠢᠶᠠᠷ ᠢ᠊ · ᠳᠦᠳᠦᠪ ᠤᠨ ᠰᠠᠨᠠᠭᠰᠠᠨ ᠬᠦᠰᠡᠯ ᠪᠡᠶᠡᠯᠡᠬᠦ ᠶᠢᠨ ᠰᠠᠶᠢᠬᠠᠨ ᠤᠴᠢᠷ 2005 ᠣᠨ ᠳᠤ ᠪᠤᠯᠵᠠᠢ᠃ ᠲᠣᠰ ᠵᠢᠯ ᠰᠦᠨᠢᠳ ᠵᠠᠬᠦᠨ ᠬᠤᠰᠢᠭᠤ ᠨᠢ ᠦᠪᠡᠷᠳᠡᠭᠡᠨ ᠵᠠᠰᠠᠬᠤ ᠤᠷᠤᠨ ᠤ ᠱᠠᠭ᠎ᠠ ᠶᠢᠨ ᠰᠤᠶᠤᠯ ᠢ ᠥᠪᠯᠡᠨ ᠤᠯᠠᠮᠵᠢᠯᠠᠬᠤ ᠰᠠᠭᠤᠷᠢᠨ ᠭᠠᠵᠠᠷ ᠢᠶᠠᠷ ᠨᠡᠷᠡᠶᠢᠳᠦᠭᠳᠡᠵᠦ᠂ ᠱᠠᠭ᠎ᠠ ᠨᠠᠭᠠᠳᠤᠮ ᠳᠠᠬᠢᠨ ᠬᠦᠭᠵᠢᠬᠦ ᠳᠤᠬᠢᠶᠠᠯ ᠲᠠᠢ ᠪᠣᠯᠪᠠ᠃ ᠡᠨᠡ ᠨᠢ ᠢ᠊ · ᠳᠦᠳᠦᠪ ᠭᠤᠸᠠᠢ ᠶᠢᠨ ᠱᠠᠭ᠎ᠠ ᠶᠢᠨ ᠰᠤᠶᠤᠯ ᠢᠶᠠᠨ ᠥᠪᠯᠡᠨ ᠬᠦᠭᠵᠢᠬᠦᠯᠬᠦ ᠭᠡᠰᠡᠨ ᠬᠦᠰᠡᠯ ᠪᠤᠳᠤᠯ ᠲᠠᠢ ᠶᠠᠪ ᠴᠠᠪ ᠨᠡᠶᠢᠴᠠᠵᠦ᠂ ᠳᠠᠷᠠᠭ᠎ᠠ ᠵᠢᠯ ᠤᠨ  ᠬᠢᠨᠢ ᠬᠠᠪᠤᠷ  ᠲᠡᠷᠡ ᠪᠠᠷ ᠰᠠᠶᠢᠨ  ᠨᠠᠶᠢᠵᠠ ᠬᠠ᠊ · ᠦᠯᠵᠠᠢ᠂ ᠵᠢᠷᠭᠠᠯᠲᠤ ᠨᠠᠷ ᠢᠶᠠᠨ ᠳᠠᠭᠤᠳᠠᠵᠦ᠂ ᠱᠠᠭ᠎ᠠ ᠶᠢᠨ ᠰᠤᠶᠤᠯ ᠤᠨ ᠨᠡᠶᠢᠭᠡᠮᠯᠢᠭ ᠪᠠᠶᠢᠭᠤᠯᠬᠤ ᠪᠤᠳᠤᠯ ᠢᠶᠠᠨ ᠶᠠᠷᠢᠵᠠᠢ᠃ ᠭᠤᠷᠪᠠᠨ  ᠨᠠᠶᠢᠵᠠ ᠶᠢᠨ ᠦᠵᠡᠯ ᠪᠤᠳᠤᠯ ᠶᠠᠭᠠᠬᠢᠬᠤ ᠶᠢᠨ ᠠᠷᠭ᠎ᠠ ᠦᠭᠡᠢ ᠨᠡᠶᠢᠯᠡᠵᠦ ︽ᠤᠤᠬᠠᠢ︕ ᠳᠡᠭᠡᠶ᠎ᠡ︾ ᠭᠡᠳ ᠯᠡ ᠱᠠᠭ᠎ᠠ ᠶᠢᠨ ᠨᠡᠶᠢᠭᠡᠮᠯᠢᠭ ᠪᠠᠶᠢᠭᠤᠯᠬᠤ ᠠᠵᠢᠯ ᠢᠶᠠᠨ ᠡᠬᠢᠯᠡᠬᠦᠯᠵᠦ᠂ ᠲᠣᠰ ᠵᠢᠯ ᠤᠨ  ᠬᠢᠨᠢ ᠨᠠᠮᠤᠷ ᠨᠡᠶᠢᠭᠡᠮᠯᠢᠭ ᠢᠶᠠᠨ ᠪᠠᠶᠢᠭᠤᠯᠵᠦ᠂ ᠢ᠊ · ᠳᠦᠳᠦᠪ ᠨᠡᠶᠢᠭᠡᠮᠯᠢᠭ ᠤᠨ ᠲᠡᠷᠢᠬᠦᠯᠡᠭᠴᠢ ᠪᠠᠷ ᠰᠤᠩᠭᠤᠭᠳᠠᠵᠠᠢ᠃ ︽ᠨᠣᠲᠤᠭ ᠤᠨ ᠠᠬ᠎ᠠ ᠳ᠋᠊ · ᠴᠠᠭᠠᠨ ᠪᠠᠭᠰᠢ ᠶᠢᠨ ︿ᠱᠠᠭ᠎ᠠ ᠨᠠᠭᠠᠳᠤᠮ﹀ ᠭᠡᠬᠦ ᠨᠣᠮ ᠬᠡᠪᠯᠡᠭᠳᠡᠭᠰᠡᠨ ᠨᠢ ᠮᠠᠨ ᠤ ᠬᠤᠰᠢᠭᠤ ᠶᠢ ᠱᠠᠭ᠎ᠠ ᠶᠢᠨ ᠰᠤᠶᠤᠯ ᠢ ᠥᠪᠯᠡᠨ ᠤᠯᠠᠮᠵᠢᠯᠠᠬᠤ ᠰᠠᠭᠤᠷᠢᠨ ᠪᠣᠯᠬᠤ ᠳᠤ ᠮᠠᠰᠢ ᠶᠡᠭᠡ ᠳᠦᠯᠬᠢᠴᠠ ᠬᠦᠴᠦᠨ ᠪᠤᠯᠤᠭᠰᠠᠨ᠃ ᠲᠣᠰ ᠨᠣᠮ ᠨᠢ ᠮᠦᠬᠦᠮᠠᠷ ᠪᠠᠶᠢᠭᠰᠠᠨ ᠱᠠᠭ᠎ᠠ ᠶᠢᠨ ᠨᠠᠭᠠᠳᠤᠮ ᠢ ᠳᠠᠬᠢᠵᠦ ᠰᠡᠷᠬᠦᠭᠡᠵᠦ ᠬᠦᠭᠵᠢᠬᠦᠯᠬᠦ ᠶᠢᠨ ᠡᠬᠦᠳ᠋ᠨ ᠶᠢ ᠨᠡᠭᠡᠭᠡᠯ᠎ᠡ ᠭᠡᠵᠦ ᠬᠡᠯᠡᠵᠦ ᠪᠣᠯᠣᠨ᠎ᠠ᠃ ᠡᠨᠡᠬᠦ ᠠᠰᠢᠬᠳᠠᠢ ᠨᠦᠬᠦᠴᠠᠯ ᠪᠠᠶᠢᠳᠠᠯ ᠳᠣᠣᠷ᠎ᠠ ᠮᠠᠨ ᠤ ᠱᠠᠭ᠎ᠠ ᠶᠢᠨ ᠰᠤᠶᠤᠯ ᠤᠨ ᠨᠡᠶᠢᠭᠡᠮᠯᠢᠭ ᠪᠠᠶᠢᠭᠤᠯᠤᠭᠳᠠᠭᠰᠠᠨ ᠶᠤᠮ᠃ ᠡᠨᠡ ᠪᠤᠭᠤᠷᠤᠯ ᠠᠬ᠎ᠠ ᠶᠢᠨ ᠮᠢᠨᠢ ᠠᠴᠢ ᠭᠠᠪᠢᠶ᠎ᠠ ᠶᠢ ᠮᠠᠷᠳᠠᠵᠦ ᠪᠣᠯᠬᠤ ᠦᠭᠡᠢ᠃ ᠳᠠᠬᠢᠪᠠᠯ ᠬᠤᠰᠢᠭᠤᠨ ᠤ ᠵᠠᠰᠠᠭ ᠤᠨ ᠤᠷᠳᠤᠨ ᠤ ᠬᠠᠮᠢᠶ᠎ᠠ ᠪᠦᠬᠦᠢ ᠤᠳᠤᠷᠢᠳᠤᠯᠭ᠎ᠠ᠂ ᠰᠤᠶᠤᠯ ᠳᠠᠮᠢᠷ ᠤᠨ ᠳᠤᠪᠴᠢᠶ᠎ᠠ ᠂ ᠰᠤᠶᠤᠯ ᠤᠨ ᠤᠷᠳᠤᠨ᠂ ᠠᠷᠠᠳ ᠤᠨ ᠶᠠᠪᠤᠳᠠᠯ ᠤᠨ ᠳᠤᠪᠴᠢᠶ᠎ᠠ ᠶᠢᠨ ᠤᠳᠤᠷᠢᠳᠤᠯᠭ᠎ᠠ ᠨᠠᠷ ᠤᠨ ᠬᠠᠯᠠᠭᠤᠨ ᠬᠠᠪᠰᠤᠷᠤᠯᠭ᠎ᠠ ᠳᠤ ᠳᠠᠯᠠᠷᠬᠠᠬᠤ ᠶᠤᠰᠤᠳᠠᠢ ᠁︾ ᠢ᠊ · ᠳᠦᠳᠦᠪ ᠭᠤᠸᠠᠢ ᠶᠢᠨ ᠤᠯᠠᠨ ᠵᠢᠯ ᠤᠨ ᠬᠦᠰᠡᠯ ᠪᠡᠶᠡᠯᠡᠭᠰᠡᠨ ᠨᠢ ᠤᠯᠠᠨ ᠲᠠᠯ᠎ᠠ ᠶᠢᠨ ᠬᠦᠮᠦᠰ ᠤᠨ ᠴᠢᠷᠮᠠᠶᠢᠯᠭ᠎ᠠ ᠬᠠᠪᠰᠤᠷᠤᠯᠭ᠎ᠠ ᠠᠴᠠ ᠰᠠᠯᠤᠰᠢ ᠦᠭᠡᠢ᠃ ᠡᠳᠡᠭᠡᠷ ᠬᠦᠮᠦᠰ ᠲᠡᠭᠡᠨ‌‍ᠲ᠋ᠡᠷᠡ ᠪᠠᠶᠠᠷᠯᠠᠨ ᠳᠠᠯᠠᠷᠬᠠᠵᠦ ᠶᠠᠪᠤᠳᠠᠭ ᠢᠶᠠᠨ ᠰᠡᠳᠬᠢᠯ ᠳᠤᠭᠳᠤᠯᠤᠨ ᠶᠠᠷᠢᠨ᠎ᠠ᠃    ᠨᠡᠷ᠎ᠡ ᠶᠢ ᠨᠢ ᠠᠪᠤᠭᠠᠳ ᠠᠵᠢᠯ ᠬᠢᠳᠡᠭ ᠦᠭᠡᠢ ᠣᠯᠠᠨ ︽ᠨᠡᠶᠢᠭᠡᠮᠯᠢᠭ︾ ᠪᠠᠶᠢᠳᠠᠭ᠃ ᠢ᠊ · ᠳᠦᠳᠦᠪ ᠭᠤᠸᠠᠢ ᠳᠡᠭᠡᠵᠦ ᠬᠤᠭᠤᠰᠤᠨ ᠨᠡᠷ᠎ᠡ ᠵᠡᠬᠦᠬᠦ ᠶᠢ ᠡᠷᠡᠰ ᠡᠰᠡᠷᠬᠦᠴᠡᠳᠡᠭ ᠤᠨ ᠨᠢᠭᠡ ᠨᠢ ᠪᠣᠯᠬᠤ ᠶᠢ ᠲᠠᠬᠦᠨ ᠤ ᠠᠷᠪᠠᠨ ᠵᠢᠯ ᠤᠨ ᠲᠣᠷᠰᠢ ᠬᠢᠵᠦ ᠢᠷᠡᠭᠰᠡᠨ ᠠᠵᠢᠯ ᠤᠳ ᠶᠠᠷᠢᠨ᠎ᠠ᠃ ᠨᠡᠶᠢᠭᠡᠮᠯᠢᠭ ᠤᠨ ᠬᠦᠮᠦᠰ ᠤᠨ  ᠨᠠᠭᠠᠰᠢ ᠴᠠᠭᠠᠰᠢ ᠬᠦᠶᠦᠵᠦ᠂ ᠡᠪ ᠵᠦᠢ ᠶᠢ ᠨᠢ ᠤᠯᠤᠨ ᠴᠢᠷᠮᠠᠶᠢᠭᠰᠠᠨ ᠢᠶᠠᠷ ᠵᠢᠯ ᠪᠦᠷᠢ ᠶᠢᠨ ᠬᠤᠰᠢᠭᠤ ᠨᠠᠶᠢᠷ᠂ ᠨᠠᠰᠤᠳᠠᠶᠢᠴᠤᠳ ᠤᠨ ᠨᠠᠶᠢᠷ ᠢᠶᠠᠷ ᠱᠠᠭ᠎ᠠ ᠶᠢᠨ ᠤᠷᠤᠯᠳᠤᠭᠠᠨ ᠵᠤᠬᠢᠶᠠᠨ ᠪᠠᠶᠢᠭᠤᠯᠵᠦ᠂ ᠱᠠᠩᠨᠠᠯ ᠤᠨ ᠮᠦᠩᠬᠦ ᠶᠢ ᠨᠢ ᠵᠠᠰᠠᠭ ᠤᠨ ᠤᠷᠳᠤᠨ ᠠᠴᠠ ᠭᠠᠷᠭᠠᠵᠦ ᠥᠭᠳᠡᠭ ᠪᠤᠯᠤᠭᠰᠠᠨ ᠪᠠᠶᠢᠨ᠎ᠠ᠃ ᠪᠦᠬᠦ ᠤᠷᠤᠨ ᠤ ᠨᠠᠢᠮᠠᠳᠤᠭᠠᠷ ᠤᠳᠠᠭᠠᠨ ᠤ ᠴᠦᠭᠡᠨ ᠲᠣᠭᠠᠳᠦ ᠦᠨᠳᠦᠰᠦᠳᠡᠨ ᠤ ᠲᠠᠮᠢᠷ ᠤᠨ ᠴᠤᠭᠯᠠᠭᠠᠨ ᠢ ᠰᠢᠯᠢᠩᠬᠤᠳᠠ ᠳᠤ ᠬᠢᠬᠦ ᠵᠠᠪᠰᠢᠶᠠᠨ ᠢᠶᠠᠷ ᠱᠠᠭ᠎ᠠ ᠶᠢᠨ ᠦᠵᠡᠬᠦᠯᠭᠡ ᠶᠢᠨ ᠤᠷᠤᠯᠳᠤᠭᠠᠨ ᠢ ᠤᠷᠤᠭᠤᠯᠵᠦ᠂ ᠰᠦᠨᠢᠳ ᠵᠡᠬᠦᠨ ᠬᠤᠰᠢᠭᠤᠨ ᠤ ᠱᠠᠭ᠎ᠠ ᠶᠢᠨ ᠨᠡᠶᠢᠭᠡᠮᠯᠢᠭ ᠠᠴᠠ ᠳᠠᠭᠠᠭᠠᠨ ᠡᠷᠬᠢᠯᠡᠭᠰᠡᠨ ᠪᠠᠶᠢᠨ᠎ᠠ᠃ ᠡᠨᠡ ᠨᠢ ᠰᠢᠯᠢ ᠶᠢᠨ ᠭᠤᠣᠯ ᠠᠶᠢᠮᠠᠭ᠂ ᠴᠢᠨᠠᠭᠰᠢᠯᠠᠪᠠᠯ ᠪᠦᠬᠦ ᠤᠷᠤᠨ ᠤ ᠬᠡᠪᠴᠢᠶᠠᠨ ᠳᠤ ᠱᠠᠭ᠎ᠠ ᠨᠠᠭᠠᠳᠤᠮ   ᠢ ᠰᠡᠷᠬᠦᠭᠡᠬᠦ ᠳᠤ ᠤᠬᠠᠭᠤᠯᠭ᠎ᠠ ᠶᠢᠨ ᠦᠢᠯᠡᠳᠦᠯ ᠦᠵᠡᠬᠦᠯᠦᠯ᠎ᠡ ᠭᠡᠵᠦ ᠬᠡᠯᠡᠵᠦ ᠪᠤᠯᠤᠨ᠎ᠠ᠃ ᠡᠭᠦᠨ ᠠᠴᠠ ᠠᠪᠤᠭᠠᠳ ᠰᠢᠯᠢ ᠶᠢᠨ ᠭᠤᠣᠯ ᠠᠶᠢᠮᠠᠭ ᠤᠨ ᠬᠡᠪᠴᠢᠶᠠᠨ ᠳᠤ ᠱᠠᠭ᠎ᠠ ᠶᠢᠨ ᠰᠤᠶᠤᠯ ᠢ ᠤᠯᠠᠮᠵᠢᠯᠠᠨ ᠬᠦᠭᠵᠢᠬᠦᠯᠬᠦ ᠦᠷᠨᠢᠯ ᠭᠠᠷᠴᠤ᠂ ᠠᠶᠢᠮᠠᠭ ᠤᠨ ᠰᠤᠶᠤᠯ ᠳᠠᠮᠢᠷ ᠤᠨ ᠲᠣᠪᠴᠢᠶ᠎ᠠ᠂ ᠨᠠᠰᠤᠳᠠᠶᠢᠴᠤᠳ ᠤᠨ ᠳᠤᠪᠴᠢᠶᠠᠨ ᠠᠴᠠ ᠢ᠊ · ᠳᠦᠳᠦᠪ ᠭᠤᠸᠠᠢ ᠶᠢᠨ ᠠᠵᠢᠯ ᠢ ᠶᠡᠭᠡᠪᠠᠷ ᠳᠠᠮᠵᠢᠵᠦ᠂ ᠨᠠᠶᠢᠷ ᠨᠠᠭᠠᠳᠤᠮ ᠢᠶᠠᠷ ᠱᠠᠭ᠎ᠠ ᠶᠢᠨ ᠨᠠᠭᠠᠳᠤᠮ ᠢ ᠨᠢᠭᠡ ᠤᠷᠤᠯᠳᠤᠭᠠᠨ ᠤ ᠳᠦᠷᠦᠯ ᠪᠤᠯᠭᠠᠨ ᠤᠷᠤᠭᠤᠯᠬᠤ ᠪᠤᠯᠤᠭᠰᠠᠨ ᠪᠠᠶᠢᠨ᠎ᠠ᠃ ᠡᠭᠦᠨ ᠢᠶᠠᠷ ᠪᠠᠷᠠᠬᠤ ᠦᠭᠡᠢ᠂ ᠨᠠᠶᠢᠭᠡᠮᠯᠢᠭ ᠠᠴᠠ ᠱᠠᠭ᠎ᠠ ᠶᠢᠨ ᠰᠤᠶᠤᠯ ᠢ ᠰᠤᠷᠭᠠᠭᠤᠯᠢ ᠶᠢᠨ ᠬᠦᠷᠢᠶᠠᠨ ᠳᠤ ᠤᠷᠤᠭᠤᠯᠬᠤ ᠠᠵᠢᠯ ᠢ ᠢᠳᠡᠪᠬᠢᠳᠠᠢ ᠬᠢᠵᠦ᠂ ᠱᠠᠭ᠎ᠠ ᠶᠢᠨ ᠰᠤᠶᠤᠯ ᠤᠨ ᠨᠡᠶᠢᠭᠡᠮᠯᠢᠭ ᠤᠨ ᠨᠠᠷᠢᠨ ᠪᠢᠴᠢᠭ ᠤᠨ ᠳᠠᠷᠤᠭ᠎ᠠ ᠪᠠᠶᠢᠭᠰᠠᠨ ᠬᠦᠷᠡᠯ ᠭᠤᠸᠠᠢ  ᠬᠢᠴᠢᠶᠠᠯ ᠤᠨ ᠪᠢᠴᠢᠭ ᠨᠠᠶᠢᠷᠠᠭᠤᠯᠵᠦ᠂ ᠬᠤᠰᠢᠭᠤᠨ ᠤ ᠪᠠᠨ ᠪᠠᠭ᠎ᠠ ᠰᠤᠷᠭᠠᠭᠤᠯᠢ ᠶᠢᠨ ᠬᠢᠴᠢᠶᠠᠯ ᠤᠨ ᠳᠦᠷᠦᠯ ᠢᠶᠠᠷ ᠤᠷᠤᠭᠤᠯᠤᠭᠰᠠᠨ ᠪᠠᠶᠢᠨ᠎ᠠ᠃ ᠱᠠᠭ᠎ᠠ ᠨᠠᠭᠠᠳᠤᠮ ᠤᠨ ᠬᠢᠴᠢᠶᠠᠯ ᠢ ᠨᠡᠶᠢᠭᠡᠮᠯᠢᠭ ᠤᠨ ᠬᠦᠮᠦᠰ ᠠᠴᠠ ᠤᠴᠢᠵᠦ ᠤᠷᠣᠳᠠᠭ ᠪᠦᠭᠡᠳ ᠮᠣᠷᠢ ᠤᠷᠤᠯᠳᠤᠭᠤᠯᠬᠤ᠂ ᠰᠡᠮᠪᠡᠭᠡ ᠠᠪᠬᠤ᠂ ᠪᠥᠭᠡ ᠪᠠᠷᠢᠯᠳᠤᠬᠤ ᠵᠡᠷᠭᠡ ᠬᠡᠳᠦᠨ ᠠᠭᠤᠯᠭ᠎ᠠ ᠶᠢ ᠵᠢᠭᠠᠬᠤ ᠶᠢᠨ ᠬᠠᠮᠳᠦ ᠭᠡᠦᠭᠡᠳ ᠲᠤ ᠱᠠᠭ᠎ᠠ ᠨᠠᠭᠠᠳᠤᠮ ᠤᠨ ᠳᠣᠬᠠᠢ ᠵᠠᠩ ᠦᠢᠯᠡ ᠶᠢ ᠮᠡᠳᠡᠬᠦᠯᠳᠡᠭ ᠪᠠᠶᠢᠨ᠎ᠠ᠃    ᠠᠷᠪᠠᠨ ᠵᠢᠯ ᠤᠨ ᠲᠣᠷᠰᠢ ᠬᠢᠵᠦ ᠢᠷᠡᠭᠰᠡᠨ ᠠᠵᠢᠯ ᠢ ᠨᠢᠭᠡ ᠨᠢᠭᠡ ᠪᠠᠷ ᠭᠡᠯᠡᠭᠡᠳ ᠪᠠᠷᠠᠬᠤ ᠪᠢᠰᠢ ᠳ᠋ᠧ᠃ ᠶᠠᠭᠤ ᠴᠤ ᠭᠡᠰᠡᠨ ᠢ᠊ · ᠳᠦᠳᠦᠪ ᠭᠤᠸᠠᠢ ᠶᠢᠨ ᠴᠢᠷᠮᠠᠶᠢᠯᠭ᠎ᠠ ᠪᠠᠷ ᠤᠳᠣ ᠱᠠᠭ᠎ᠠ ᠨᠠᠭᠠᠳᠤᠮ ᠨᠢ ᠪᠦᠬᠦ ᠰᠢᠯᠢ ᠶᠢᠨ ᠭᠤᠣᠯ ᠠᠶᠢᠮᠠᠬ ᠤᠨ ᠬᠡᠪᠴᠢᠶᠠᠨ ᠳᠤ ᠦᠷᠨᠢᠬᠦ ᠪᠣᠯᠵᠦ᠂ ᠰᠦᠨᠢᠳ ᠤᠨ ᠨᠠᠶᠢᠷ ᠨᠠᠭᠠᠳᠤᠮ ᠢᠶᠠᠷ ᠦᠵᠦᠮᠦᠴᠢᠨ᠂ ᠴᠠᠬᠠᠷ ᠤᠨ ᠬᠦᠮᠦᠰ ᠢᠷᠡᠵᠦ ᠱᠠᠭ᠎ᠠ ᠶᠢᠨ ᠤᠷᠤᠯᠳᠤᠭᠠᠨ ᠳᠤ ᠤᠷᠤᠯᠴᠠᠬᠤ ᠪᠣᠯᠣᠭᠰᠠᠨ ᠪᠠᠶᠢᠨ᠎ᠠ᠃ ︽ᠣᠳᠣ ᠮᠠᠨ ᠤ ᠬᠤᠰᠢᠭᠤᠨ ᠤ ᠰᠤᠮᠤ᠂ ᠭᠠᠴᠠᠭ᠎ᠠ ᠶᠢᠨ ᠨᠠᠶᠢᠷ ᠪᠤᠶᠤ ᠨᠠᠰᠤᠨ ᠪᠠᠶᠠᠷ ᠤᠨ ᠨᠠᠶᠢᠷ ᠢᠶᠠᠷ ᠴᠤ ᠱᠠᠭ᠎ᠠ ᠤᠷᠤᠯᠳᠤᠬᠤ ᠪᠤᠯᠤᠭᠰᠠᠨ᠃ ᠬᠤᠰᠢᠭᠤ ᠨᠠᠶᠢᠷ ᠢᠶᠠᠷ ᠪᠤᠰᠤᠳ ᠬᠤᠰᠢᠭᠤᠳ ᠤᠨ ᠬᠦᠮᠦᠰ ᠴᠦ ᠢᠷᠡᠵᠦ ᠤᠷᠤᠯᠳᠤᠳᠠᠭ᠃ ᠢᠳᠡᠷ ᠨᠠᠰᠤᠨ ᠤ ᠮᠠᠯᠴᠢᠳ ᠭᠤᠤᠯᠳᠠᠭᠤ  ᠨᠠᠭᠠᠳᠴᠣ ᠪᠤᠢ᠃ ᠣᠣᠯ ᠨᠢ ᠮᠠᠨ ᠤ ᠬᠤᠰᠢᠭᠤᠨ ᠤ ᠱᠠᠭᠠᠴᠢᠨ ᠤᠷᠤᠯᠳᠤᠭᠠᠨ   ᠳᠤ ᠳᠡᠷᠢᠬᠦᠯᠡᠳᠡᠭ ᠪᠠᠶᠢᠭᠰᠠᠨ᠃ ᠤᠷᠴᠢᠮ ᠤᠨ ᠭᠡᠳᠦᠨ ᠵᠢᠯ ᠠᠴᠠ ᠳᠡᠷᠢᠬᠦᠨ ᠢᠶᠠᠨ ᠦᠵᠦᠮᠦᠴᠢᠨ ᠳᠤ ᠠᠯᠳᠠᠬᠤ ᠪᠤᠯᠴᠢᠬᠠᠯ᠎ᠠ︾ ᠭᠡᠵᠦ ᠢ᠊ · ᠳᠦᠳᠦᠪ ᠭᠤᠸᠠᠢ ᠢᠨᠢᠶᠠᠨ ᠶᠠᠷᠢᠨ᠎ᠠ᠃ ᠲᠡᠬᠦᠨ ᠤ ᠡᠨᠡᠬᠦ ᠢᠨᠢᠶᠠᠳᠦᠨ ᠠᠴᠠ ᠱᠠᠭ᠎ᠠ ᠶᠢᠨ ᠰᠤᠶᠤᠯ ᠮᠢᠨᠢ ᠮᠤᠩᠭᠤᠯ ᠨᠣᠲᠤᠭ ᠪᠤᠯᠭᠠᠨ ᠳᠤ ᠳᠦᠭᠡᠨ ᠲᠡᠯᠭᠡᠷᠡᠵᠦ᠂ ᠦᠷᠨᠢᠨ ᠬᠥᠭᠵᠢᠬᠦ ᠰᠠᠶᠢᠬᠠᠨ ᠢᠷᠡᠭᠡᠳᠦᠢ ᠪᠠᠶᠢᠨ᠎ᠠ ᠭᠡᠳᠡᠭ  ᠲᠤ  ᠪᠠᠭ᠋ᠠᠳᠣᠨ ᠪᠠᠶᠠᠰᠤᠭᠰᠠᠨ ᠰᠡᠳᠬᠢᠯ ᠢᠯᠡᠬᠡᠨ ᠬᠠᠷᠠᠭᠳᠠᠨ᠎ᠠ᠃ ᠬᠠᠷᠢᠨ ︽ᠪᠥᠭᠡ ᠶᠢᠨ ᠱᠠᠩ ᠢᠶᠠᠨ ᠪᠤᠰᠤᠳ ᠲᠤ ᠠᠯᠳᠠᠴᠢᠬᠠᠯ᠎ᠠ︾ ᠭᠡᠳ ᠬᠤᠤᠷᠤᠨ ᠰᠠᠨᠠᠵᠦ ᠶᠠᠪᠤᠳᠠᠭ  ᠮᠠᠨ ᠤ ᠬᠢᠨ ᠤ ᠢᠪᠴᠤᠤ ᠪᠤᠳᠤᠯ ᠬᠠᠷᠠᠬᠳᠠᠭᠰᠠᠨ ᠦᠭᠡᠢ᠃                           ᠵᠠᠮ ᠬᠤᠯᠠ ᠡᠬᠦᠷᠭᠡ ᠬᠦᠨᠳᠦ     ᠢ᠊ · ᠳᠦᠳᠦᠪ ᠭᠤᠸᠠᠢ ᠤᠳᠣ ᠰᠦᠨᠢᠳ ᠵᠡᠬᠦᠨ ᠬᠤᠰᠢᠭᠤᠨ ᠤ ᠪᠠᠶᠠᠨᠨᠠᠭᠤᠷ ᠪᠠᠯᠭᠠᠰᠤᠨ ᠤ ᠴᠠᠭᠠᠨᠠᠭᠤᠷ ᠭᠠᠴᠠᠭᠠᠨ ᠤ ᠭᠠᠴᠠᠭᠠᠨ ᠳᠠᠷᠤᠭ᠎ᠠ ᠶᠢᠨ ᠠᠵᠢᠯ ᠢ ᠬᠢᠵᠦ ᠪᠤᠢ᠃ ᠭᠠᠴᠠᠭᠠᠨ ᠳᠠᠷᠤᠭ᠎ᠠ ᠶᠢᠨ ᠠᠵᠢᠯ ᠭᠡᠳᠡᠭ ᠵᠢᠩᠰᠠ ᠨᠢ ᠪᠠᠭ᠎ᠠ ᠴᠤ ᠬᠢᠬᠦ ᠠᠵᠢᠯ ᠳᠤᠳᠠᠳᠠᠭ ᠦᠭᠡᠢ ᠭᠡᠴᠡᠬᠦᠦ ᠠᠵᠢᠯ᠃ ᠭᠡᠪᠡᠴᠦ ᠢ᠊ · ᠳᠦᠳᠦᠪ ᠶᠠᠭᠠᠷᠠᠤ ᠠᠵᠢᠯ ᠢᠶᠠᠨ ᠵᠠᠶᠢᠴᠢᠯᠠᠵᠦ ᠪᠠᠶᠢᠭᠠᠳ ᠱᠠᠭ᠎ᠠ ᠶᠢᠨ ᠰᠤᠶᠤᠯ ᠤᠨ ᠨᠡᠶᠢᠭᠡᠮᠯᠢᠭ ᠢᠶᠠᠨ ︽ᠥᠭᠡᠳᠡ ᠲᠠᠢ ᠥᠩᠭᠡ ᠲᠠᠢ︾ ᠠᠪᠴᠤ ᠶᠠᠪᠤᠨ᠎ᠠ᠃ ᠤᠯᠠᠨ ᠵᠢᠯ ᠳᠤ ᠬᠢᠭᠰᠡᠨ ᠠᠵᠢᠯ ᠠᠷᠪᠢᠨ᠂ ᠭᠠᠷᠭᠠᠭᠰᠠᠨ ᠨᠦᠯᠦᠭᠡ ᠶᠡᠭᠡ ᠭᠡᠳᠡᠭ ᠪᠤᠯᠪᠠᠴᠤ ᠲᠡᠷᠡ ᠦᠪᠠᠷ ᠤᠨ ᠰᠠᠨᠠᠭᠠᠨ   ᠳᠤ ᠪᠠᠨ ᠳᠤᠯᠳᠠᠯ᠎ᠠ ᠬᠢᠵᠦ ᠳᠠᠶᠢᠯᠦᠭᠡ ᠦᠭᠡᠢ᠃ ᠲᠡᠬᠦᠨ ᠤ ᠬᠢᠬᠦ ᠠᠵᠢᠯ ᠪᠠᠰᠠᠯᠠ ᠤᠯᠠᠨ ᠪᠠᠶᠢᠭᠰᠠᠭᠠᠷ ᠁    ︽ᠱᠠᠭ᠎ᠠ ᠨᠠᠭᠠᠳᠤᠮ ᠤᠨ ᠳᠦᠷᠦᠯ ᠵᠦᠢᠯ 240 ᠭᠠᠷᠤᠢ ᠪᠤᠢ ᠭᠡᠵᠦ ᠨᠣᠮ ᠳᠡᠭᠡᠷ᠎ᠡ ᠲᠡᠮᠳᠡᠭᠯᠡᠵᠦ ᠪᠣᠢ᠃ ᠭᠡᠪᠡᠴᠦ ᠮᠠᠨ ᠤ ᠤᠳᠤᠬᠠᠨ ᠤ ᠦᠷᠬᠦᠯᠵᠢ  ᠨᠠᠭᠠᠳᠳᠠᠭ ᠨᠢ ᠳᠤᠯᠤᠭ᠎ᠠ ᠨᠠᠢᠮᠠᠨ ᠳᠦᠷᠦᠯ ᠠᠴᠠ ᠳᠠᠪᠠᠭ᠋ᠤ ᠦᠭᠡᠢ᠃ ᠮᠠᠨ ᠤ ᠨᠡᠶᠢᠭᠡᠮᠯᠢᠭ ᠤᠨ ᠬᠢᠨ ᠬᠦᠳᠡᠭᠡ ᠨᠣᠲᠤᠭ ᠢᠶᠠᠷ ᠰᠣᠷᠪᠤᠯᠵᠢᠯᠠᠨ ᠶᠠᠪᠤᠵᠦ ᠠᠬᠠᠮᠠᠳ ᠨᠠᠰᠤᠳᠠᠳ ᠠᠴᠠ ᠠᠰᠠᠭᠤᠵᠦ ᠰᠤᠷᠠᠵᠦ ᠪᠠᠶᠢᠭᠠᠳ 15 ᠳᠦᠷᠦᠯ ᠢ ᠰᠡᠷᠭᠦᠭᠡᠭᠰᠡᠨ ᠶᠤᠮ᠃ ᠣᠳᠣ ᠨᠠᠶᠢᠷ ᠨᠠᠭᠠᠳᠤᠮ ᠪᠣᠯᠪᠠᠯ ᠨᠦᠬᠦᠴᠡᠯ ᠪᠤᠯᠤᠯᠴᠠᠭ᠎ᠠ ᠶᠢᠨ ᠬᠢᠵᠠᠭᠠᠷ ᠠᠴᠠ ᠪᠤᠯᠤᠭᠠᠳ ᠡᠭᠡᠯᠵᠢᠯᠡᠵᠦ  ᠨᠠᠭᠠᠳᠴᠤ ᠪᠣᠢ᠃ ᠵᠢᠱᠢᠶᠠᠯᠠᠬᠦ ᠳᠤ  ᠂ ᠡᠨᠡ ᠤᠳᠠᠭᠠᠨ ᠤ ᠨᠠᠶᠢᠷ ᠳᠡᠭᠡᠷ᠎ᠡ 7 ᠳᠦᠷᠦᠯ ᠨᠠᠭᠠᠳᠤᠭᠰᠠᠨ ᠪᠣᠯ ᠳᠠᠷᠠᠭ᠎ᠠ ᠨᠠᠶᠢᠷ ᠲᠤ ᠪᠤᠰᠤᠳ  7 ᠳᠦᠷᠦᠯ ᠢ ᠨᠢ ᠨᠠᠭᠠᠳᠤᠨ᠎ᠠ᠃ ᠵᠠᠷᠢᠮ ᠨᠠᠭᠠᠳᠤᠮ ᠤᠨ ᠨᠡᠷ᠎ᠡ ᠶᠢ ᠨᠢ ᠮᠡᠳᠡᠵᠦ ᠪᠠᠶᠢᠭ᠎ᠠ ᠴᠤ ᠳᠦᠷᠢᠮ ᠢ ᠨᠢ ᠮᠡᠳᠡᠬᠦ ᠦᠭᠡᠢ ᠪᠠᠶᠢᠨ᠎ᠠ᠃ ᠡᠶᠢᠮᠤ ᠪᠠᠶᠢᠳᠠᠯ ᠳᠤᠤᠷ᠎ᠠ ᠠᠬᠠᠮᠠᠳ ᠨᠠᠰᠤᠳᠠᠨ ᠠᠴᠠ ᠰᠤᠷᠪᠤᠯᠵᠢᠯᠠᠨ ᠠᠰᠠᠭᠤᠬᠤ ᠬᠡᠷᠡᠭᠲᠡᠢ᠃ ᠱᠠᠭ᠎ᠠ ᠨᠠᠭᠠᠳᠤᠮ ᠢ ᠤᠶᠢᠯᠠᠭᠠᠳᠠᠭ ᠨᠠᠰᠤᠳᠠᠳ ᠦᠨᠳᠦᠰᠦᠨ ᠱᠠᠲᠣ ᠭᠠᠴᠠᠭ᠎ᠠ ᠳᠤᠭᠤᠶᠢᠯᠠᠩ ᠳᠤ ᠪᠠᠶᠢᠬᠤ ᠪᠣᠯᠬᠤᠷ ᠬᠦᠳᠡᠭᠡ ᠨᠣᠲᠤᠭ ᠢᠶᠠᠷ ᠬᠦᠨᠵᠡᠭᠡᠶᠢᠷᠡᠬᠦ ᠬᠡᠷᠡᠭᠲᠡᠢ᠃ ᠡᠨᠡ ᠴᠢᠨᠢ ᠲᠡᠷᠭᠡ ᠮᠠᠰᠢᠨ᠂ ᠲᠣᠰᠣ ᠭᠡᠳ ᠪᠠᠭ᠎ᠠ ᠦᠭᠡᠢ ᠵᠠᠷᠤᠳᠠᠯ ᠭᠠᠷᠤᠨ᠎ᠠ᠃ ᠡᠨᠡ ᠨᠢ ᠠᠵᠦ ᠠᠬᠤᠢ ᠶᠢᠨ ᠲᠠᠯ᠎ᠠ ᠶᠢᠨ ᠬᠦᠴᠢᠷᠳᠡᠯ᠃ ᠳᠠᠬᠢᠪᠠᠯ ᠵᠠᠷᠢᠮ ᠨᠠᠭᠠᠳᠤᠮ ᠤᠨ ᠠᠷᠭ᠎ᠠ ᠪᠠᠷᠢᠯ᠂ ᠳᠦᠷᠢᠮ ᠳᠤᠳᠤᠷ᠎ᠠ ᠬᠢᠲᠠᠳ ᠨᠠᠭᠠᠳᠤᠮ ᠤᠨ ᠳᠦᠷᠢᠮ ᠤᠷᠤᠭᠰᠠᠨ ᠵᠦᠢᠯᠡᠰ ᠪᠣᠢ᠃ ᠡᠭᠦᠨ ᠢ ᠨᠢ ᠮᠤᠩᠭᠤᠯ ᠶᠣᠰᠣ ᠪᠠᠷ ᠰᠤᠳᠣᠯᠵᠦ ᠤᠶᠢᠯᠠᠭᠠᠬᠤ ᠬᠡᠷᠡᠭᠲᠡᠢ᠃ ᠱᠠᠭ᠎ᠠ ᠨᠠᠭᠠᠳᠤᠮ ᠨᠢ ᠵᠦᠪᠭᠡᠨ ᠨᠠᠭᠠᠳᠤᠮ ᠪᠢᠰᠢ᠂ ᠬᠠᠷᠢᠨ ᠳᠤᠳᠤᠷ᠎ᠠ ᠨᠢ ᠮᠤᠩᠭᠤᠯᠴᠤᠳ ᠤᠨ ᠭᠡᠷ ᠤᠨ ᠰᠤᠷᠭᠠᠯ ᠤᠨ ᠠᠭᠤᠯᠭ᠎ᠠ ᠤᠯᠠᠨ ᠪᠠᠶᠢᠳᠠᠭ ᠰᠢᠦ ᠳ᠋ᠠ᠂ ᠱᠠᠭ᠎ᠠ ᠨᠠᠭᠠᠳᠤᠮ ᠨᠢ ᠭᠡᠦᠭᠡᠳ ᠤᠨ ᠮᠠᠯ ᠰᠦᠷᠦᠭ ᠢᠶᠠᠨ ᠬᠠᠶᠢᠷᠠᠯᠠᠬᠤ᠂ ᠬᠦᠳᠡᠯᠮᠤᠷᠢ ᠶᠢ ᠬᠠᠶᠢᠷᠠᠯᠠᠬᠤ᠂ ᠤᠢ ᠪᠢᠯᠢᠭ ᠢ ᠨᠢ ᠨᠡᠭᠡᠭᠡᠭᠳᠡᠬᠦᠯᠬᠦ᠂ ᠭᠠᠷ ᠤᠨ ᠬᠥᠳᠡᠯᠭᠡᠭᠡᠨ ᠢ ᠪᠤᠰᠢᠭᠤ ᠱᠠᠯᠠᠮᠠᠭᠠᠢ ᠪᠤᠯᠭᠠᠬᠤ᠂ ᠨᠢᠲᠦᠨ ᠤ ᠬᠠᠷᠠᠭ᠎ᠠ ᠶᠢ ᠬᠢᠷᠠᠬᠠᠢ ᠪᠤᠯᠭᠠᠬᠤ᠂ ᠠᠩᠬᠠᠷᠤᠯ ᠲᠥᠪᠯᠡᠷᠡᠬᠦᠯᠬᠦ ᠵᠡᠷᠭᠡ ᠦᠢᠯᠡᠳᠦᠯ ᠲᠠᠢ ᠪᠠᠶᠢᠳᠠᠭ᠃ ᠵᠢᠱᠢᠶᠠᠯᠠᠵᠦ ᠶᠠᠷᠢᠬᠤ ᠳᠤ᠂ ᠠᠷᠪᠠᠨ ᠬᠤᠶᠠᠷ ᠱᠠᠭ᠎ᠠ ᠪᠠᠷ ᠮᠣᠷᠢ ᠬᠠᠶᠠᠬᠤ ᠨᠠᠭᠠᠳᠤᠮ ᠪᠠᠶᠢᠳᠠᠭ᠃ ᠡᠨᠡ ᠴᠢᠨᠢ ᠭᠡᠦᠭᠡᠳ ᠲᠤ ᠠᠷᠪᠠᠨ ᠬᠤᠶᠠᠷ ᠵᠢᠯ ᠤᠨ ᠲᠠᠰ ᠳᠠᠷᠠᠭᠠᠯᠠᠯ ᠢ ᠮᠡᠳᠡᠬᠦᠯᠵᠦ ᠪᠠᠶᠢᠭ᠎ᠠ ᠶᠠᠪᠤᠳᠠᠯ ᠶᠤᠮ᠃ ᠱᠠᠭ᠎ᠠ ᠲᠠᠢ ᠭᠠᠷ ᠢᠶᠠᠷ ᠢᠶᠠᠨ ᠱᠠᠭ᠎ᠠ ᠲᠡᠭᠦᠵᠦ ᠪᠤᠯᠬᠤ ᠦᠭᠡᠢ ᠭᠡᠰᠡᠨ ᠴᠡᠭᠡᠷ ᠪᠠᠶᠢᠳᠠᠭ᠃ ᠡᠨᠡ ᠴᠢᠨᠢ ᠦᠨᠡᠨ ᠳᠤ ᠪᠠᠨ ᠭᠠᠷ  ᠲᠤ ᠪᠠᠨ ᠶᠠᠭᠤᠮ᠎ᠠ ᠪᠠᠷᠢᠵᠦ ᠪᠠᠶᠢᠭᠠᠳ ᠥᠭᠡᠷ᠎ᠡ ᠶᠠᠭᠤᠮ᠎ᠠ ᠠᠪᠬᠤ ᠶᠢ ᠴᠡᠭᠡᠷᠯᠡᠬᠦᠯᠦᠭᠰᠡᠨ ᠶᠠᠪᠤᠳᠠᠯ ᠶᠤᠮ᠃ ᠠᠯᠳᠠᠵᠦ ᠬᠠᠭᠠᠯᠬᠤ ᠠᠴᠠ ᠰᠡᠷᠭᠡᠶᠢᠯᠡᠵᠦ ᠪᠠᠶᠢᠭ᠎ᠠ ᠨᠢ ᠢᠯᠡᠭᠡᠨ᠃ ᠡᠶᠢᠮᠤ ᠠᠴᠠ ᠱᠠᠭ᠎ᠠ ᠨᠠᠭᠠᠳᠤᠭᠰᠠᠨ ᠭᠡᠦᠭᠡᠳ ᠭᠠᠷ  ᠲᠤ ᠪᠠᠨ ᠶᠠᠭᠤᠮ᠎ᠠ ᠪᠠᠷᠢᠵᠦ ᠪᠠᠶᠢᠭᠠᠳ ᠥᠭᠡᠷ᠎ᠡ ᠶᠠᠭᠤᠮ᠎ᠠ ᠶᠢ ᠠᠪᠬᠤ ᠦᠭᠡᠢ ᠨᠢ ᠮᠡᠳᠡᠭᠡᠵᠢ᠃ ᠡᠳᠡᠭᠡᠷ ᠵᠦᠢᠯᠡᠰ ᠢ ᠦᠷ᠎ᠡ ᠬᠤᠶᠢᠴᠢᠰ  ᠲᠤ ᠪᠠᠨ ᠮᠡᠳᠡᠬᠦᠯᠬᠦ ᠨᠢ ᠴᠢᠬᠤᠯᠠ᠃ ᠦᠨᠳᠦᠰᠦᠳᠡᠨ ᠤ ᠪᠠᠨ ᠰᠤᠶᠤᠯ ᠤᠷᠠᠯᠢᠭ ᠢ ᠤᠯᠠᠮᠵᠢᠯᠠᠨ ᠳᠡᠯᠭᠡᠷᠡᠬᠦᠯᠬᠦ ᠭᠡᠪᠠᠯ ᠴᠡᠪᠡᠷ ᠰᠠᠶᠢᠬᠠᠨ ᠢᠶᠠᠷ ᠨᠢ ᠤᠯᠠᠮᠵᠢᠯᠠᠨ ᠮᠡᠳᠡᠬᠦᠯᠵᠦ᠂ ᠭᠤᠣᠯ ᠴᠦᠮ᠎ᠠ ᠶᠢ ᠨᠢ ᠠᠯᠳᠠᠭᠳᠠᠭᠤᠯᠬᠤ ᠦᠭᠡᠢ ᠪᠠᠶᠢᠬᠤ ᠨᠢ ᠴᠢᠬᠤᠯᠠ᠃ ᠡᠳᠡᠭᠡᠷ ᠠᠵᠢᠯ ᠢ ᠬᠢᠬᠦ ᠳᠤ ᠴᠠᠭ ᠬᠡᠷᠡᠭᠲᠡᠢ᠂ ᠰᠤᠳᠤᠯᠭᠠᠨ ᠬᠡᠷᠡᠭᠲᠡᠢ ᠁︾ ᠢ᠊ · ᠳᠦᠳᠦᠪ ᠭᠤᠸᠠᠢ   ᠶᠢᠨ ᠱᠠᠭ᠎ᠠ ᠨᠠᠭᠠᠳᠤᠮ ᠤᠨ ᠳᠣᠬᠠᠢ ᠰᠡᠳᠬᠢᠵᠦ ᠪᠤᠳᠤᠭᠰᠠᠨ ᠵᠦᠢᠯᠡᠰ ᠢ ᠨᠢ ᠰᠤᠨᠤᠰᠤᠭᠠᠳ ᠰᠠᠭᠤᠬᠤ ᠳᠤ ᠵᠠᠩ ᠦᠢᠯᠡ ᠶᠢᠨ ᠬᠢᠴᠢᠶᠠᠯ ᠤᠷᠤᠭᠰᠠᠨ ᠰᠢᠭ᠋ ᠮᠠᠷᠲᠠᠬᠳᠠᠵᠦ ᠭᠡᠭᠡᠭᠳᠡᠵᠦ ᠪᠠᠶᠢᠭ᠎ᠠ ᠤᠯᠠᠨ ᠶᠠᠭᠤᠮᠠᠰ ᠰᠠᠨᠠᠭᠠᠨ ᠳᠤ ᠣᠷᠣᠬᠤ ᠶᠤᠮ᠃ ᠡᠳᠡᠭᠡᠷ ᠪᠤᠳᠤᠵᠦ ᠪᠠᠶᠢᠭ᠎ᠠ ᠵᠦᠢᠯᠡᠰ ᠢᠶᠠᠨ ᠪᠤᠳᠠᠳᠠᠢ ᠶᠠᠭᠤᠮ᠎ᠠ ᠪᠤᠯᠭᠠᠬᠤ ᠭᠡᠵᠦ ᠲᠡᠷᠡ  ᠨᠠᠭᠠᠰᠢ ᠴᠠᠭᠠᠰᠢ ᠶᠠᠭᠠᠷᠠᠵᠦ ᠯᠡ ᠶᠠᠪᠤᠨ᠎ᠠ᠃     ᠤᠤᠯ ᠤᠨ ᠨᠠᠭᠠᠳᠬᠤ ᠠᠷᠭ᠎ᠠ ᠶᠢ ᠰᠡᠷᠭᠦᠭᠡᠵᠦ᠂ ᠶᠣᠰᠣ ᠵᠠᠩ ᠢ ᠨᠢ ᠮᠡᠳᠡᠬᠦ ᠠᠴᠠ ᠠᠰᠳᠠᠭᠠᠨ ᠣᠳᠣᠬᠠᠨ ᠤ  ᠨᠠᠭᠠᠳᠴᠤ ᠪᠠᠶᠢᠭ᠎ᠠ ᠬᠥᠮᠦᠰ ᠨᠢ ᠢᠳᠡᠷ ᠨᠠᠰᠤᠨ ᠤ ᠮᠠᠯᠴᠢᠳ ᠭᠤᠤᠯᠳᠠᠭᠤ ᠪᠠᠶᠢᠳᠠᠭ ᠨᠢ ᠳᠦᠳᠦᠪ ᠤᠨ ᠰᠠᠨᠠᠭ᠎ᠠ ᠪᠣᠯᠵᠦ ᠪᠠᠶᠢᠭ᠎ᠠ ᠪᠠᠰᠠ ᠨᠢᠭᠡ ᠠᠰᠠᠭᠤᠳᠠᠯ ᠪᠠᠶᠢᠯ᠎ᠠ᠃ ᠱᠠᠭ᠎ᠠ ᠨᠠᠭᠠᠳᠤᠮ ᠢ ᠶᠠᠷᠦᠨᠢ ᠭᠡᠦᠭᠡᠳ ᠭᠤᠤᠯᠴᠠᠭᠤ ᠨᠠᠭᠠᠳᠳᠠᠭ ᠪᠤᠯᠪᠠᠴᠤ ᠵᠠᠯᠠᠭᠤᠴᠤᠳ᠂ ᠢᠳᠡᠷᠴᠤᠳ᠂ ᠪᠤᠭᠤᠷᠤᠯᠴᠤᠳ ᠭᠡᠰᠡᠨ ᠦᠭᠡᠢ ᠬᠦᠢᠰᠦ ᠢᠯᠭᠠᠯ ᠦᠭᠡᠢ ᠨᠠᠭᠠᠳᠤᠭᠰᠠᠭᠠᠷ ᠦᠨᠦᠳᠦᠷ ᠬᠦᠷᠦᠭᠰᠡᠨ ᠶᠤᠮ᠃ ᠭᠡᠬᠦ ᠳᠤ ᠣᠳᠣ ᠪᠣᠯᠬᠤ ᠳᠤ ᠱᠠᠭ᠎ᠠ ᠨᠠᠭᠠᠳᠤᠮ ᠤᠨ ᠭᠤᠣᠯ ︽ᠴᠡᠷᠢᠭ︾ ᠪᠣᠯᠬᠤ ᠭᠡᠦᠭᠡᠳ ᠤᠳ ᠨᠠᠭᠠᠳᠬᠤ ᠪᠠᠨ ᠪᠤᠯᠢᠬᠰᠠᠨ ᠪᠤᠶᠤ ᠴᠦᠭᠡᠷᠡᠵᠦ ᠪᠠᠶᠢᠭ᠎ᠠ ᠨᠢ ᠡᠨᠡᠬᠦ ᠨᠠᠭᠠᠳᠤᠮ ᠤᠨ ᠤᠯᠠᠮᠵᠢᠯᠠᠯ ᠳᠡᠯᠭᠡᠷᠡᠬᠦᠯᠦᠯ ᠳᠤ ᠠᠰᠢᠭ ᠦᠭᠡᠢ ᠪᠣᠯᠬᠤ ᠨᠢ ᠮᠡᠳᠡᠭᠡᠵᠢ᠃ ᠳᠠᠬᠢᠪᠠᠯ ᠤᠯᠠᠩᠬᠢ ᠭᠠᠵᠠᠷ ᠭᠠᠭᠴᠠ ᠬᠤᠶᠠᠷ ᠳᠦᠷᠦᠯ ᠤᠨ ᠱᠠᠭ᠎ᠠ ᠨᠠᠭᠠᠳᠤᠮ ᠨᠠᠭᠠᠳᠴᠣ ᠪᠠᠶᠢᠭ᠎ᠠ ᠪᠣᠯᠬᠤᠷ ᠤᠤᠯ ᠨᠠᠭᠠᠳᠤᠮ ᠤᠨ ᠵᠦᠢᠯᠡᠰ ᠢ ᠰᠡᠷᠭᠦᠭᠡᠨ᠎ᠡ ᠭᠡᠳᠡᠭ ᠨᠡᠩ ᠬᠦᠴᠢᠷ ᠠᠵᠢᠯ ᠪᠣᠯᠣᠭᠰᠠᠨ ᠪᠠᠶᠢᠨ᠎ᠠ᠃ ᠶᠠᠷᠦᠨᠢ ᠪᠢᠳᠡᠨ ᠤ ᠬᠠᠵᠠᠭᠤ  ᠳᠤ ᠨᠢᠭᠡ ᠵᠦᠢᠯ ᠤᠨ ᠶᠠᠭᠤᠮ᠎ᠠ ᠭᠡᠭᠡᠭᠳᠡᠵᠦ ᠪᠠᠶᠢᠨ᠎ᠠ ᠭᠡᠳᠡᠭ ᠨᠢ ᠲᠡᠬᠦᠨ ᠲᠠᠢ ᠬᠤᠯᠪᠤᠭ᠎ᠠ ᠲᠠᠢ ᠤᠯᠠᠨ ᠰᠤᠶᠤᠯ ᠮᠠᠷᠲᠠᠬᠳᠠᠯ᠎ᠠ ᠭᠡᠰᠡᠨ ᠦᠭᠡ᠃ ᠳᠡᠭᠡᠬᠦ ᠪᠠᠷ ᠰᠢᠨ᠎ᠡ ᠴᠠᠭ ᠦᠶ᠎ᠡ ᠳᠤ ᠦᠪᠠᠷ ᠤᠨ ᠤᠤᠭᠠᠯ ᠰᠤᠶᠤᠯ ᠢᠶᠠᠨ ᠶᠠᠭᠠᠬᠢᠵᠦ ᠤᠯᠠᠮᠵᠢᠯᠠᠵᠦ ᠬᠦᠭᠵᠢᠬᠦᠯᠵᠦ ᠶᠠᠪᠤᠬᠤ ᠶᠢ ᠪᠤᠳᠤᠵᠦ ᠶᠠᠪᠤᠳᠠᠭ ᠢ᠊ · ᠳᠦᠳᠦᠪ ᠭᠤᠸᠠᠢ ᠰᠢᠭ᠋ ᠬᠦᠮᠦᠰ ᠣᠯᠠᠨ ᠪᠤᠯᠤᠭᠠᠰᠠᠢ︕
 
ᠢᠷᠡᠯᠲᠡ᠄ ᠲᠥᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号