︽ᠠᠯᠳᠠᠨ ᠪᠦᠰᠡ︾᠎ ᠶᠢᠨ ᠡᠵᠡᠨ ᠰᠢᠯᠢ ᠶᠢᠨ ᠭᠤᠣᠯ ᠠᠶᠢᠮᠠᠭ ᠠᠴᠠ ᠳᠤᠳᠤᠷᠡᠯ᠎ᠡ
ᠨᠡᠶᠢᠲᠡᠯᠡᠭᠰᠡᠨ ᠴᠠᠭ᠄
2019/12/26
     12 ᠰᠠᠷ᠎ᠡ ᠶᠢᠨ 22᠎ ᠤᠨ ᠡᠳᠦᠷ᠂ ᠤᠷᠳᠤᠰ ᠬᠤᠳᠠ ᠶᠢᠨ ᠪᠡᠶ᠎ᠡ ᠶᠢᠨ ᠳᠠᠮᠢᠷ ᠤᠨ ᠳᠦᠪ ᠲᠤ ᠵᠢᠷᠭᠤᠳᠡᠬᠢ ᠤᠳᠠᠭᠠᠨ ᠤ ᠤᠯᠠᠨ ᠤᠯᠤᠰ ᠤᠨ ᠮᠤᠩᠭᠤᠯ ᠪᠦᠬᠡ ᠶᠢᠨ ᠠᠯᠳᠠᠨ ᠪᠦᠰᠡ ᠶᠢᠨ ᠳᠡᠮᠡᠴᠡᠬᠡᠨ ᠨᠢᠵᠢᠬᠢᠷ ᠶᠠᠪᠤᠬᠳᠠᠯ᠎ᠠ᠃ ᠬᠤᠷᠴᠡ ᠰᠢᠷᠦᠬᠦᠨ ᠦᠷᠢᠰᠦᠯᠳᠦᠬᠡᠨ ᠢᠶᠠᠷ ᠳᠡᠮᠵᠢᠵᠤ ᠦᠪᠤᠷ ᠮᠤᠩᠭᠤᠯ ᠤᠨ ᠵᠡᠬᠦᠨ ᠦᠵᠦᠮᠦᠴᠢᠨ ᠬᠤᠰᠢᠭᠤᠨ ᠤ ᠦᠯᠵᠡᠶᠢᠪᠠᠭᠠᠳᠤᠷ ᠳᠡᠷᠢᠬᠦᠯᠡᠨ ᠵᠢᠷᠭᠤᠳᠠᠬᠢ ᠤᠳᠠᠭᠠᠨ ᠤ ᠠᠯᠳᠠᠨ ᠪᠦᠰᠡ ᠶᠢᠨ ᠡᠵᠡᠨ ᠢᠶᠠᠷ ᠳᠤᠳᠤᠷᠠᠵᠤ᠂ ᠮᠤᠩᠭᠤᠯ ᠤᠯᠤᠰ ᠤᠨ ᠤᠯᠤᠰ ᠤᠨ ᠬᠠᠷᠴᠠᠭᠠᠢ ᠬᠠᠨᠭ᠍ᠭᠠᠢ ᠳᠡᠳ᠋ᠯᠡᠪᠡ᠃ ᠢᠡᠭᠬᠢᠵᠤ ᠠᠯᠳᠠᠨ ᠪᠦᠰᠡ ᠶᠢᠨ ᠡᠵᠡᠨ ᠳᠠᠬᠢᠨᠳᠠ ᠦᠪᠤᠷ ᠮᠤᠩᠭᠤᠯ ᠠᠴᠠ ᠳᠤᠳᠤᠷᠠᠯ᠎ᠠ᠃      ᠵᠢᠷᠭᠤᠳᠠᠬᠢ ᠤᠳᠠᠭᠠᠨ ᠤ ᠤᠯᠠᠨ ᠤᠯᠤᠰ ᠤᠨ ᠮᠤᠩᠭᠤᠯ ᠪᠦᠬᠡ ᠶᠢᠨ ︽ᠠᠯᠳᠠᠨ ᠪᠦᠰᠡ︾᠎ ᠶᠢᠨ ᠳᠡᠮᠡᠴᠡᠬᠡᠨ ᠳᠤ ᠤᠷᠤᠰ ᠤᠯᠤᠰ᠂ ᠮᠤᠩᠭᠤᠯ ᠤᠯᠤᠰ᠂ ᠳᠤᠮᠳᠠᠳᠤ ᠤᠯᠤᠰ ᠤᠨ ᠦᠪᠤᠷ ᠮᠤᠩᠭᠤᠯ ᠠᠴᠠ ᠢᠷᠡᠭᠰᠡᠨ 256 ᠬᠦᠴᠦᠳᠦ ᠪᠦᠬᠡ ᠵᠤᠳᠤᠬᠯᠠᠵᠠᠢ᠂ ᠡᠬᠦᠨ ᠳᠤ ᠮᠤᠩᠭᠤᠯ ᠤᠯᠤᠰ ᠠᠴᠠ ᠤᠯᠤᠰ ᠤᠨ ᠠᠷᠰᠯᠡᠨ ᠪᠦᠷᠢᠨᠳᠡᠬᠦᠰ᠂ ᠤᠯᠤᠰ ᠤᠨ ᠬᠠᠷᠴᠠᠭᠠᠢ ᠬᠠᠨᠭ᠍ᠭᠠᠢ᠂ ᠪᠠᠰᠠᠩᠬᠦᠦ ᠪᠠᠷ ᠮᠠᠩᠯᠠᠶᠢᠯᠠᠭᠤᠯᠤᠬᠰᠠᠨ ᠳᠠᠪᠢᠭᠠᠳ ᠬᠦᠴᠦᠳᠡᠨ ᠵᠤᠳᠤᠬᠯᠠᠬᠰᠠᠨ ᠪᠠᠶᠢᠨ᠎ᠠ᠃     ᠳᠡᠮᠡᠴᠡᠬᠡᠨ ᠤ ᠳᠡᠬᠡᠳᠦ ᠳᠦᠷᠪᠡ ᠳᠤ ᠮᠤᠩᠭᠤᠯ ᠤᠯᠤᠰ ᠤᠨ ᠫᠦᠷᠪᠦᠭᠠᠷᠤᠳᠢ᠂ ᠮᠤᠩᠭᠤᠯ ᠤᠯᠤᠰ ᠤᠨ ᠠᠮᠤᠷᠵᠢᠷᠭᠠᠯ᠂ ᠮᠤᠩᠭᠤᠯ ᠤᠯᠤᠰ ᠤᠨ ᠬᠠᠨᠭ᠍ᠭᠠᠢ᠂ ᠦᠪᠤᠷ ᠮᠤᠩᠭᠤᠯ ᠤᠨ ᠵᠡᠬᠦᠨ ᠦᠵᠦᠮᠦᠴᠢᠨ ᠤ ᠦᠯᠵᠡᠶᠢᠪᠠᠭᠠᠳᠤᠷ ᠨᠠᠷ ᠳᠤᠳᠤᠷᠠᠵᠠᠢ᠃ ︽ᠠᠯᠳᠠᠨ ᠪᠦᠰᠡ︾᠎ ᠶᠢᠨ ᠡᠮᠦᠨᠡᠬᠢ ᠳᠠᠪᠤ ᠤᠳᠠᠭ᠎ᠠ ᠶᠢᠨ ᠠᠯᠳᠠᠨ ᠪᠦᠰᠡ ᠶᠢᠨ ᠡᠵᠡᠳ ᠳᠤᠰᠪᠤᠷᠢ ᠮᠤᠩᠭᠤᠯ ᠤᠯᠤᠰ ᠤᠨ ᠰᠠᠩᠵᠠᠶᠢᠳᠠᠮᠪᠠ᠂ ᠮᠤᠩᠭᠤᠯ ᠤᠯᠤᠰ ᠤᠨ ᠪᠦᠷᠢᠨᠳᠡᠬᠦᠰ᠂ ᠮᠤᠩᠭᠤᠯ ᠤᠯᠤᠰ ᠤᠨ ᠫᠦᠷᠪᠦᠳᠠᠬᠪᠠ᠂ ᠦᠪᠤᠷ ᠮᠤᠩᠭᠤᠯ ᠤᠨ ᠴᠠᠭᠠᠨᠵᠠᠭᠠᠨ᠂ ᠮᠤᠩᠭᠤᠯ ᠤᠯᠤᠰ ᠤᠨ ᠬᠠᠨᠭ᠍ᠭᠠᠢ ᠪᠤᠯᠤᠨ᠎ᠡ᠃
 
ᠢᠷᠡᠯᠲᠡ᠄ ᠣᠷᠳᠣᠰ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号