ᠭᠠᠯ ᠲᠠᠬᠢᠬᠤ ᠶᠣᠰᠣ ᠵᠠᠩᠰᠢᠯ ᠢ ᠦᠭᠦᠯᠡᠬᠦ ᠨᠢ
ᠨᠡᠶᠢᠲᠡᠯᠡᠭᠰᠡᠨ ᠴᠠᠭ᠄
2019/12/20
   
        ᠭᠠᠯ ᠲᠠᠬᠢᠬᠤ ᠪᠣᠯ ᠮᠣᠩᠭᠤᠯᠴᠣᠳ ᠤᠨ ᠳᠣᠮᠳᠠ ᠳᠦᠬᠡᠮᠡᠯ ᠣᠷᠣᠰᠢᠬᠤ ᠶᠣᠰᠣ ᠵᠠᠩᠰᠢᠯ ᠶᠣᠮ᠃ ᠬᠦᠮᠦᠨ ᠲᠦᠷᠦᠯᠬᠢᠲᠡᠨ ᠭᠠᠯ ᠢ ᠠᠰᠢᠭᠯᠠᠬᠤ ᠪᠣᠯᠣᠭᠰᠠᠨ ᠠᠴᠠ ᠪᠣᠯᠪᠠᠰᠣᠨ ᠲᠡᠦᠬᠡ ᠡᠬᠢᠯᠡᠵᠡᠢ᠃ ᠭᠠᠯ ᠬᠦᠮᠦᠨ ᠲᠦᠷᠦᠯᠬᠢᠲᠡᠨ ᠳᠤ ᠭᠡᠷᠡᠯ᠂ ᠢᠯᠴᠢ᠂ ᠡᠷᠴᠢ ᠬᠦᠴᠦ ᠶᠢ ᠣᠯᠭᠤᠭᠰᠠᠨ ᠪᠠᠶᠢᠨ᠎ᠠ᠃ ᠮᠣᠩᠭᠤᠯᠴᠣᠳ ᠤᠨ ᠭᠠᠯ ᠲᠠᠬᠢᠬᠤ ᠶᠣᠰᠣ ᠵᠠᠩᠰᠢᠯ ᠪᠦᠭᠡ ᠶᠢᠨ ᠰᠢᠲᠦᠯᠭᠡ ᠠᠴᠠ ᠡᠭᠦᠰᠦᠯᠲᠡᠢ ᠭᠡᠵᠦ ᠡᠷᠳᠡᠮᠲᠡᠳ ᠦᠵᠡᠳᠡᠭ᠃ ᠪᠦᠭᠡ ᠶᠢᠨ ᠰᠢᠲᠦᠯᠭᠡ ᠢᠳᠣᠭᠠᠨ ᠰᠢᠲᠦᠯᠭᠡ ᠠᠴᠠ ᠡᠭᠦᠰᠴᠦ ᠪᠦᠭᠡ ᠶᠢᠨ ᠦᠶ᠎ᠡ ᠳᠤ ᠲᠦᠯᠦᠪᠵᠢᠭᠰᠡᠨ ᠭᠡᠵᠦ ᠪᠠᠰᠠ ᠬᠡᠯᠡᠳᠡᠭ᠃ ᠲᠠᠶᠢᠮᠦ ᠠᠴᠠ ᠮᠣᠩᠭᠤᠯᠴᠣᠳ ᠤᠨ ᠭᠠᠯ ᠲᠠᠬᠢᠬᠤ ᠶᠣᠰᠣ ᠵᠠᠩᠰᠢᠯ ᠨᠢ ᠦᠨᠢ ᠣᠳᠠᠭᠠᠨ ᠲᠡᠦᠬᠡ ᠲᠠᠢ ᠶᠣᠮ᠃ ᠮᠣᠩᠭᠤᠯ ᠣᠷᠣᠨ ᠳᠤ ᠪᠣᠷᠬᠠᠨ ᠤ ᠱᠠᠰᠢᠨ ᠶᠡᠬᠡᠪᠡᠷ ᠳᠡᠯᠭᠡᠷᠠᠵᠦ᠂ ᠪᠦᠭᠡ ᠶᠢᠨ ᠰᠢᠲᠦᠯᠭᠡ ᠶᠢ ᠮᠣᠩᠭᠤᠯ ᠠᠴᠠ ᠰᠢᠬᠠᠵᠦ ᠭᠠᠷᠭᠠᠬᠤ ᠶᠠᠪᠣᠴᠠ ᠳᠤ ᠭᠠᠯ ᠤᠨ ᠲᠠᠬᠢᠯᠭ᠎ᠠ ᠶᠢ ᠪᠣᠷᠬᠠᠨ ᠤ ᠱᠠᠰᠢᠨ ᠳᠤ ᠠᠭᠤᠰᠬᠠᠨ ᠠᠪᠣᠭᠰᠠᠨ ᠪᠠᠶᠢᠨ᠎ᠠ᠃ ᠭᠠᠯ ᠲᠠᠬᠢᠬᠤ ᠭᠡᠳᠡᠭ ᠪᠣᠯ ᠭᠠᠯ ᠤᠨ ᠪᠣᠷᠬᠠᠨ ᠪᠣᠶᠣ ᠭᠠᠯ ᠤᠨ ᠰᠠᠬᠢᠭᠤᠰᠣ ᠶᠢ ᠲᠠᠬᠢᠵᠦ ᠪᠠᠶᠢᠭ᠎ᠠ ᠬᠡᠷᠡᠭ ᠶᠣᠮ᠃ ᠭᠠᠯ ᠤᠨ ᠪᠣᠷᠬᠠᠨ ᠵᠢᠯ ᠪᠦᠷᠢ ᠶᠢᠨ ᠬᠦᠬᠡᠭᠡ ᠰᠠᠷ᠎ᠠ ᠶᠢᠨ ᠬᠤᠷᠢᠨ ᠭᠤᠷᠪᠠᠨ ᠪᠣᠶᠣ ᠬᠤᠷᠢᠨ ᠳᠦᠷᠪᠡᠨ ᠳᠤ ᠠᠶᠢᠯ ᠪᠦᠬᠦᠨ ᠤ ᠭᠤᠯᠣᠮᠲᠠ ᠶᠢ ᠡᠷᠭᠢᠨ ᠦᠵᠡᠬᠦ ᠪᠠᠷ ᠠᠮᠠᠯᠠᠭᠰᠠᠨ ᠶᠣᠮ ᠪᠠᠶᠢᠨ᠎ᠠ᠃ ᠲᠡᠶᠢᠮᠦ ᠠᠴᠠ ᠲᠡᠷᠡᠬᠦ ᠲᠣᠬᠢᠶᠠᠯ ᠢᠶᠠᠷ ᠭᠠᠯ ᠢᠶᠠᠨ ᠲᠠᠬᠢᠵᠦ ᠭᠠᠯ ᠤᠨ ᠪᠣᠷᠬᠠᠨ ᠢ ᠪᠠᠶᠠᠰᠬᠠᠨ ᠨᠢᠭᠡ ᠵᠢᠯ ᠤᠨ ᠭᠠᠢ ᠪᠠᠷᠴᠢᠳ ᠢ ᠵᠠᠶᠢᠯᠠᠭᠤᠯᠣᠨ᠂ ᠪᠣᠵᠡᠷ ᠪᠣᠷᠲᠠᠭ ᠢᠶᠠᠨ ᠠᠷᠢᠭᠤᠰᠬᠠᠨ᠂ ᠡᠳ᠋ ᠮᠠᠯ ᠤᠨ ᠭᠡᠰᠢᠭ ᠢᠪᠡᠬᠡᠬᠦ ᠶᠢ ᠳᠠᠭᠠᠳᠬᠠᠵᠦ ᠪᠠᠶᠢᠳᠠᠭ ᠪᠠᠶᠢᠨ᠎ᠠ᠃ ᠭᠠᠯ ᠤᠨ ᠪᠣᠷᠬᠠᠨ ᠠᠶᠢᠯ ᠤᠨ ᠲᠣᠲᠤᠭ ᠳᠡᠭᠡᠷ᠎ᠡ ᠪᠠᠭᠤᠳᠠᠭ ᠭᠡᠨ᠎ᠡ᠃ ᠲᠣᠲᠤᠭ ᠭᠡᠵᠦ ᠮᠣᠩᠭᠤᠯ ᠭᠡᠷ ᠤᠨ ᠬᠠᠭᠠᠯᠭ᠎ᠠ ᠶᠢᠨ ᠳᠡᠭᠡᠷᠡᠬᠢ ᠵᠢᠷᠭᠤᠭᠠᠨ ᠣᠨᠢ ᠲᠣᠭᠲᠠᠭᠠᠬᠤ ᠬᠦᠨᠳᠡᠯᠡᠨ ᠮᠣᠳᠣ ᠶᠢ ᠬᠡᠯᠡᠨ᠎ᠡ᠃ ᠲᠡᠶᠢᠮᠦ ᠠᠴᠠ ᠭᠠᠯ ᠲᠠᠬᠢᠬᠤ ᠳᠤ ᠪᠠᠨ ᠲᠣᠲᠤᠭ ᠢᠶᠠᠨ ᠰᠢᠷ᠎ᠠ ᠲᠣᠰᠣ ᠪᠠᠷ ᠮᠢᠯᠢᠶᠠᠬᠤ ᠶᠣᠰᠣ ᠪᠠᠶᠢᠳᠠᠭ᠃     ᠳᠡᠭᠡᠷ᠎ᠡ ᠦᠶ᠎ᠡ ᠳᠤ ᠮᠣᠩᠭᠤᠯᠴᠣᠳ ᠭᠠᠯ ᠤᠨ ᠪᠣᠷᠬᠠᠨ ᠤ ᠬᠦᠷᠦᠭ ᠢ ᠲᠠᠬᠢᠳᠠᠭ ᠪᠠᠶᠢᠪᠠ᠃ ᠭᠠᠯ ᠤᠨ ᠪᠣᠷᠬᠠᠨ ᠣᠯᠠᠭᠠᠨ ᠨᠢᠭᠤᠷ ᠲᠠᠢ᠂ ᠣᠷᠲᠦ ᠴᠠᠭᠠᠨ ᠰᠠᠬᠠᠯ ᠲᠠᠢ᠂ ᠠᠮᠣᠷᠯᠢᠩᠭᠤᠢ ᠳᠦᠷᠢ ᠲᠠᠢ᠂ ᠴᠠᠭᠠᠨ ᠲᠣᠷᠭᠠᠨ ᠳᠡᠪᠡᠯ ᠡᠮᠦᠰᠴᠦ ᠪᠠᠷᠠᠭᠤᠨ ᠮᠣᠲᠣᠷ ᠲᠤ ᠪᠠᠨ ᠴᠠᠭᠠᠨ ᠰᠢᠯᠦᠨ ᠡᠷᠢᠬᠡ ᠪᠠᠷᠢᠵᠦ᠂ ᠵᠡᠭᠦᠨ ᠮᠣᠲᠣᠷ ᠲᠤ ᠪᠠᠨ ᠷᠠᠰᠢᠶᠠᠨ ᠠᠭᠤᠯᠣᠭᠰᠠᠨ ᠬᠤᠮᠬ᠎ᠠ ᠪᠠᠷᠢᠵᠦ᠂ ᠯᠢᠩᠬᠸ᠎ᠠ ᠴᠡᠴᠡᠭ ᠤᠨ ᠰᠠᠭᠤᠳᠠᠯ ᠳᠡᠭᠡᠷ᠎ᠡ ᠸᠴᠢᠷ ᠵᠠᠪᠢᠯᠠᠭ᠎ᠠ ᠪᠠᠷ ᠰᠠᠭᠠᠲᠠᠵᠦ᠂ ᠨᠦᠬᠦᠷ ᠰᠡᠯᠳᠡ ᠪᠠᠷ ᠢᠶᠠᠨ ᠬᠦᠷᠢᠶᠡᠯᠡᠭᠦᠯᠥᠭᠰᠡᠨ ᠪᠠᠶᠢᠳᠠᠭ᠃ ᠭᠠᠯ ᠤᠨ ᠪᠣᠷᠬᠠᠨ ᠠᠶᠢᠯ ᠤᠨ ᠪᠡᠷᠢ ᠬᠦᠮᠦᠨ ᠳᠤ ᠡᠭᠡᠯᠢᠲᠡᠢ ᠪᠠᠶᠢᠳᠠᠭ ᠭᠡᠳᠡᠭ᠃ ᠪᠡᠷᠢ ᠬᠦᠮᠦᠨ ᠡᠳᠦᠷ ᠲᠣᠲᠣᠮ ᠭᠠᠯ ᠲᠣᠭᠤᠭ᠎ᠠ ᠪᠠᠷ ᠣᠷᠣᠯᠳᠣᠵᠦ ᠦᠷᠭᠦᠯᠵᠢ ᠭᠠᠯ ᠳᠠᠭᠠᠨ ᠦᠭᠡᠬᠦ ᠲᠣᠰᠣ ᠡᠷᠭᠦᠵᠦ ᠪᠠᠶᠢᠳᠠᠭ ᠠᠴᠠ ᠲᠡᠭᠡᠵᠦ ᠬᠡᠯᠡᠳᠡᠭ ᠪᠠᠶᠢᠬ᠎ᠠ᠃ ᠮᠣᠩᠭᠤᠯᠴᠣᠳ ᠶᠡᠷᠦ ᠠᠴᠠ ᠢᠳᠡᠭᠡᠨ ᠰᠠᠷᠬᠤᠳ ᠤᠨ ᠳᠡᠭᠡᠵᠢ ᠪᠠᠨ ᠭᠠᠯ ᠳᠠᠭᠠᠨ ᠡᠷᠭᠦᠬᠦ ᠵᠠᠩᠰᠢᠯ ᠲᠠᠢ᠃ ᠵᠢᠯ ᠰᠠᠷ᠎ᠠ ᠬᠤᠷᠢᠮ ᠨᠠᠶᠢᠷ ᠲᠤ ᠣᠭᠤᠴᠠ ᠰᠢᠭᠦᠰᠣ ᠬᠦᠨᠳᠡᠬᠦ ᠳᠤ ᠳᠡᠭᠡᠵᠢ ᠶᠢ ᠨᠢ ᠲᠡᠭᠷᠢ ᠪᠣᠷᠬᠠᠨ ᠭᠠᠯ ᠭᠤᠯᠣᠮᠲᠠ ᠳᠤ ᠪᠠᠨ ᠡᠷᠭᠦᠳᠡᠭ᠃ ᠬᠡᠭᠡᠷ᠎ᠡ ᠭᠠᠳᠠᠨ᠎ᠠ ᠬᠤᠭᠤᠯᠠ ᠣᠮᠳᠠ ᠪᠣᠯᠭᠤᠬᠤ ᠳᠤ ᠠᠭᠤᠯᠠ ᠣᠰᠣᠨ ᠳᠤ ᠪᠠᠨ ᠰᠠᠴᠣᠯᠢ ᠡᠷᠭᠦᠵᠦ ᠭᠠᠯ ᠳᠠᠭᠠᠨ ᠢᠳᠡᠭᠡᠨ ᠤ ᠳᠡᠭᠡᠵᠢ ᠪᠠᠨ ᠡᠷᠭᠦᠳᠡᠭ᠃ ᠮᠣᠩᠭᠤᠯ ᠬᠦᠮᠦᠨ ᠭᠠᠯ ᠭᠤᠯᠣᠮᠲᠠ ᠪᠠᠨ ᠠᠷᠢᠭᠤᠨ ᠳᠠᠬᠱᠢᠨ ᠪᠠᠶᠢᠯᠭᠠᠬᠤ ᠭᠡᠵᠦ ᠲᠣᠯᠭ᠎ᠠ ᠵᠣᠣᠬᠠᠨ ᠤ ᠭᠠᠯ ᠳᠤ ᠪᠣᠵᠠᠷ ᠪᠣᠷᠲᠠᠭ ᠶᠠᠭᠤᠮ᠎ᠠ ᠲᠦᠯᠠᠬᠦ᠂ ᠣᠰᠣ ᠴᠢᠰᠣ ᠰᠠᠴᠣᠬᠤ᠂ ᠲᠣᠯᠭ᠎ᠠ ᠵᠣᠣᠬᠠᠨ ᠳᠡᠭᠡᠭᠦᠷ ᠦᠰᠦᠷᠴᠦ ᠬᠠᠷᠠᠶᠢᠬᠤ ᠶᠢ ᠴᠡᠭᠡᠷᠯᠡᠳᠡᠭ᠃ ᠨᠡᠭᠦᠳᠡᠯ ᠰᠠᠭᠤᠳᠠᠯ ᠬᠢᠬᠦ ᠳᠤ ᠲᠣᠯᠭ᠎ᠠ ᠵᠣᠤᠬ᠎ᠠ ︵ᠲᠡᠮᠦᠷ ᠵᠣᠤᠬ᠎ᠠ︶ ᠪᠠᠨ ᠠᠴᠢᠶᠠᠨ ᠤ ᠳᠡᠭᠡᠷ᠎ᠡ ᠠᠴᠢᠵᠦ ᠶᠠᠪᠣᠳᠠᠭ᠃      ᠭᠠᠯ ᠤᠨ ᠲᠠᠬᠢᠯᠭ᠎ᠠ ᠪᠣᠯ ᠮᠣᠩᠭᠤᠯᠴᠣᠳ ᠤᠨ ᠵᠢᠯ ᠪᠦᠷᠢ ᠶᠢᠨ ᠲᠣᠭᠲᠠᠮᠠᠯ ᠡᠳᠦᠷ ᠭᠦᠢᠴᠠᠳᠭᠡᠬᠦ ᠶᠣᠰᠣᠲᠠᠢ ᠣᠯᠠᠮᠵᠢᠯᠠᠯᠲᠦ ᠵᠠᠩ ᠦᠢᠯᠡ ᠪᠣᠯᠣᠨ᠎ᠠ᠃ ᠭᠠᠯ ᠲᠠᠬᠢᠬᠤ ᠳᠤ ᠵᠡᠷᠭᠡ ᠵᠢᠩᠰᠡ ᠪᠠᠶᠠᠨ ᠶᠠᠳᠠᠭᠤ ᠶᠢᠨ ᠢᠯᠭᠠᠯ ᠦᠭᠡᠢ᠃ ᠭᠠᠯ ᠭᠤᠯᠣᠮᠲᠠ ᠲᠠᠢ ᠲᠣᠭᠤᠷᠭ᠎ᠠ ᠳᠣᠰᠠᠭᠠᠷ ᠠᠶᠢᠯ ᠪᠦᠬᠦᠨ ᠭᠠᠯ ᠢᠶᠠᠨ ᠲᠠᠬᠢᠳᠠᠭ᠃ ᠬᠠᠮᠢᠭ᠎ᠠ ᠭᠠᠵᠠᠷ ᠤᠨ ᠮᠣᠩᠭᠤᠯᠴᠣᠳ ᠭᠡᠰᠡᠨ ᠦᠭᠡᠢ ᠭᠠᠯ ᠲᠠᠬᠢᠬᠤ ᠦᠨᠳᠦᠰᠣᠨ ᠣᠨᠴᠠᠯᠢᠭ ᠨᠢ ᠠᠳᠠᠯᠢ ᠪᠠᠶᠢᠳᠠᠭ᠃ ᠰᠢᠯᠢ ᠶᠢᠨ ᠭᠤᠣᠯ ᠤᠨ ᠡᠯ᠎ᠡ ᠭᠠᠵᠠᠷ᠂ ᠣᠷᠳᠣᠰ᠂ ᠣᠷᠠᠳ᠂ ᠬᠤᠷᠴᠢᠨ ᠵᠡᠷᠭᠡ ᠨᠣᠲᠤᠭ ᠤᠨ ᠬᠢᠨ ᠲᠠᠢ ᠵᠣᠭᠤᠭᠳᠠᠵᠦ ᠰᠠᠭᠤᠬᠤ ᠳᠤ᠂ ᠬᠤᠷᠢᠨ ᠭᠤᠷᠪᠠᠨ ᠳᠤ ᠬᠤᠨᠢᠨ ᠤ ᠡᠪᠴᠢᠭᠦᠦ ᠪᠠᠷ ᠭᠠᠯ ᠢᠶᠠᠨ ᠲᠠᠬᠢᠬᠤ ᠪᠠ ᠡᠪᠴᠢᠭᠦᠦ ᠴᠢᠨᠠᠭᠰᠠᠨ ᠱᠦᠯᠦᠨ ᠳᠤ ᠪᠣᠳᠠᠭ᠎ᠠ ᠠᠬᠰᠢᠶᠠᠵᠦ ᠢᠳᠡᠳᠡᠭ ᠨᠢ ᠦᠨᠳᠦᠰᠣᠨ ᠳᠡᠭᠡᠨ ᠣᠶᠢᠷᠠᠯᠴᠠᠭ᠎ᠠ ᠣᠴᠢᠨ᠎ᠠ᠃ ᠪᠠᠰᠠ ᠲᠠᠶᠢᠵᠢ ᠠᠶᠢᠯ ᠬᠤᠷᠢᠨ ᠳᠦᠷᠪᠡᠨ ᠳᠤ ᠲᠠᠬᠢᠳᠠᠭ ᠭᠡᠬᠦ ᠦᠭᠡ ᠪᠠᠶᠢᠳᠠᠭ᠃ ᠭᠡᠪᠡᠴᠣ ᠣᠡᠭᠭᠤᠶᠢᠪᠣᠷᠣ ᠶᠢᠨ ᠭᠡᠭᠴᠢ ᠣᠯᠠᠭᠠᠨ ᠱᠢᠷᠦᠨ ᠵᠢᠩᠰᠡ ᠲᠠᠢ ᠲᠠᠶᠢᠵᠢ ᠶᠢᠨ ᠬᠢ ᠬᠤᠷᠢᠨ ᠭᠤᠷᠪᠠᠨ ᠳᠤ ᠲᠠᠬᠢᠳᠠᠭ ᠪᠠᠶᠢᠭᠰᠠᠨ᠃ ᠰᠦᠨᠢᠳ ᠪᠠᠷᠠᠭᠤᠨ ᠬᠤᠰᠢᠭᠤᠨ ᠤ ᠲᠣᠰᠠᠯᠠᠭᠴᠢ ᠬᠡᠷᠬᠡᠮ ᠲᠠᠢ ᠲᠡᠷᠢᠭᠦᠨ ᠲᠠᠶᠢᠵᠢ ᠶᠢᠨ ᠬᠤᠶᠢᠴᠢᠰ ᠪᠣᠯᠬᠤ ᠵᠣᠬᠢᠶᠠᠯᠴᠢ ᠬᠦᠡᠭ᠊ · ᠪᠠᠳᠠᠷᠠᠬᠤ ᠶᠢᠨ ᠳᠡᠭᠡᠳᠦᠰ ᠮᠦᠨ ᠬᠤᠷᠢᠨ ᠭᠤᠷᠪᠠᠨ ᠳᠤ ᠲᠠᠬᠢᠳᠠᠭ ᠪᠠᠶᠢᠯ᠎ᠠ ᠭᠡᠵᠦ ᠪᠣᠢ᠃ ᠡᠭᠦᠨ ᠢᠶᠠᠷ ᠦᠵᠡᠪᠡᠯ ᠬᠡᠳᠦᠨ ᠳᠤ ᠲᠠᠬᠢᠬᠤ ᠨᠢ ᠲᠠᠶᠢᠵᠢ ᠨᠠᠷ ᠤᠨ ᠲᠣᠲᠣᠷ᠎ᠠ ᠴᠥ ᠳᠡᠭᠡᠲᠦᠰ ᠤᠨ ᠬᠢᠨᠢ ᠣᠯᠠᠮᠵᠢᠯᠠᠵᠦ ᠢᠷᠡᠭᠰᠡᠨ ᠶᠣᠰᠣ ᠪᠠᠶᠢᠳᠠᠭ ᠪᠠᠶᠢᠨ᠎ᠠ᠃     ᠮᠣᠩᠭᠤᠯᠴᠣᠳ ᠬᠤᠨᠢᠨ ᠤ ᠡᠪᠴᠢᠭᠦᠦ ᠪᠠᠷ ᠭᠠᠯ ᠲᠠᠬᠢᠬᠤ ᠪᠣᠯᠣᠭᠰᠠᠨ ᠨᠢ ᠠᠡᠭ ᠠᠩᠨᠠᠯ ᠢᠶᠠᠷ ᠭᠤᠣᠯᠯᠠᠵᠦ ᠪᠠᠶᠢᠭᠰᠠᠨ ᠠᠴᠠ ᠮᠠᠯ ᠮᠠᠯᠵᠢᠯᠭ᠎ᠠ ᠪᠠᠷ ᠭᠤᠣᠯᠯᠠᠬᠤ ᠪᠣᠯᠣᠭᠰᠠᠨ ᠤ ᠬᠤᠶᠢᠨᠠᠬᠢ ᠶᠣᠰᠣ ᠪᠣᠯᠣᠯᠲᠠᠢ᠃ ᠬᠤᠨᠢᠨ ᠤ ᠡᠪᠴᠢᠭᠦᠦ ᠨᠢ ᠡᠯᠢᠭᠡ ᠵᠢᠷᠦᠬᠡ ᠶᠢ ᠲᠣᠯᠵᠦ ᠪᠠᠶᠢᠳᠠᠭ ᠡᠷᠬᠢᠮ ᠬᠡᠰᠡᠭ ᠪᠣᠯᠬᠤ ᠪᠦᠭᠡᠳ ᠰᠡᠶᠢᠮᠡᠬᠡᠢ ᠵᠦᠭᠡᠯᠡᠨ ᠲᠣᠰᠣᠯᠢᠭ ᠪᠠᠶᠢᠳᠠᠭ ᠲᠣᠯᠠ ᠬᠢᠯᠪᠠᠷᠬᠠᠨ ᠨᠣᠴᠣᠵᠦ᠂ ᠨᠡᠭᠦᠷᠡᠰᠦᠲᠡᠨ ᠬᠠᠷᠠᠯᠠᠬᠤ ᠦᠭᠡᠢ ᠠᠴᠠ ᠰᠣᠩᠭᠤᠭᠳᠠᠭᠰᠠᠨ ᠪᠣᠯᠣᠯᠲᠠᠢ᠃ ᠭᠠᠯ ᠲᠠᠬᠢᠬᠤ ᠪᠣᠯ ᠠᠶᠢᠯ ᠭᠡᠷ ᠤᠨ ᠣᠯᠠᠮᠵᠢᠯᠠᠯᠲᠦ ᠵᠠᠩ ᠦᠢᠯᠡ ᠪᠣᠯᠪᠠᠴᠣ ᠭᠠᠳᠠᠨ᠎ᠠ ᠶᠢᠨ ᠬᠦᠮᠦᠨ ᠣᠷᠣᠯᠴᠠᠵᠦ ᠭᠠᠯ ᠤᠨ ᠭᠡᠰᠢᠭ ᠠᠴᠠ ᠠᠮᠰᠠᠵᠦ ᠪᠣᠯᠳᠠᠭ᠃ ᠴᠢᠯᠦᠭᠡᠯᠡᠭᠳᠡᠬᠦ ᠶᠢᠨ ᠡᠮᠦᠨ᠎ᠡ ᠬᠤᠶᠢᠨ᠎ᠠ ᠮᠣᠩᠭᠤᠯ ᠣᠷᠣᠨ ᠳᠤ ᠨᠡᠶᠢᠲᠠᠮ ᠮᠠᠯ ᠴᠦᠭᠡᠨ ᠪᠠᠶᠢᠭᠰᠠᠨ ᠲᠣᠯᠠ ᠬᠡᠳᠦ ᠬᠡᠳᠦᠨ ᠠᠶᠢᠯ ᠨᠢᠭᠡ ᠬᠤᠲᠠᠨ ᠳᠤ ᠨᠣᠲᠣᠭᠯᠠᠳᠠᠭ ᠪᠠᠶᠢᠵᠠᠢ᠃ ᠲᠡᠶᠢᠮᠦ ᠠᠴᠠ ᠠᠶᠢᠯ ᠰᠠᠭᠠᠬᠠᠯᠳᠡ ᠪᠠᠷ ᠢᠶᠠᠨ ᠪᠦᠬᠦᠳᠡᠭᠡᠷ ᠣᠷᠣᠯᠴᠠᠵᠦ ᠲᠠᠬᠢᠬᠤ ᠵᠠᠩᠰᠢᠯ ᠲᠠᠢ ᠪᠠᠶᠢᠵᠠᠢ᠃ ᠡᠮᠡᠭᠲᠡᠢ ᠬᠦᠮᠦᠨ ᠬᠠᠷᠢ ᠳᠤ ᠮᠣᠷᠳᠠᠬᠤ ᠰᠢᠬᠠᠭᠰᠠᠨ ᠦᠬᠢᠨ ᠬᠦᠮᠦᠨ ᠣᠴᠢᠳᠠᠭ ᠦᠭᠡᠢ᠃ ᠬᠠᠷᠢ ᠳᠤ ᠮᠣᠷᠳᠠᠭᠰᠠᠨ ᠬᠡᠣᠬᠡᠨ ᠳᠦᠷᠬᠦᠮ ᠤᠨ ᠬᠢ ᠪᠠᠨ ᠭᠠᠯ ᠤᠨ ᠳᠠᠬᠢᠯᠭ᠎ᠠ ᠳᠤ ᠣᠷᠣᠯᠴᠠᠳᠠᠭ ᠦᠭᠡᠢ᠃ ᠡᠨᠡ ᠨᠢ ᠭᠠᠯ ᠤᠨ ᠪᠣᠷᠬᠠᠨ ᠢ ᠡᠮᠡᠭᠲᠡᠢ ᠬᠦᠮᠦᠨ ᠤ ᠪᠣᠷᠬᠠᠨ ᠭᠡᠳᠡᠭ ᠠᠴᠠ ᠪᠣᠯᠣᠭᠰᠠᠨ ᠪᠣᠯᠣᠯᠲᠠᠢ᠃ ᠭᠠᠯ ᠢ ︽ᠭᠠᠯ ᠤᠨ ᠰᠣᠳᠣᠷ︾ ᠣᠡᠭᠰᠢᠵᠦ ᠲᠠᠬᠢᠳᠠᠭ᠃ ᠦᠡᠭᠭᠡᠷᠡᠭᠰᠡᠨ ᠳᠤ ᠲᠦᠪᠡᠳ ᠮᠣᠩᠭᠤᠯ ᠰᠣᠳᠣᠷ ᠣᠯᠠᠨ ᠪᠠᠶᠢᠳᠠᠭ ᠴᠥ ᠠᠶᠢᠯ ᠪᠦᠬᠦᠨ ᠳᠤ ᠰᠣᠳᠣᠷ ᠣᠡᠭᠰᠢᠵᠦ ᠴᠢᠳᠠᠬᠤ ᠬᠦᠮᠦᠨ ᠪᠠᠶᠢᠭ᠎ᠠ ᠦᠭᠡᠢ ᠪᠦᠭᠡᠳ ᠬᠤᠷᠢᠨ ᠭᠤᠷᠪᠠᠨ ᠤ ᠰᠦᠨᠢ ᠳᠣᠮᠳᠠ ᠠᠴᠠ ᠡᠮᠦᠨ᠎ᠡ ᠠᠶᠢᠯ ᠪᠦᠬᠦᠨ ᠲᠠᠬᠢᠵᠦ ᠳᠠᠭᠤᠰᠬᠠᠬᠤ ᠶᠣᠰᠣᠲᠠᠢ᠃ ᠣᠷᠦ᠋ᠢᠲᠠᠪᠠᠯ ᠭᠠᠯ ᠤᠨ ᠪᠣᠷᠬᠠᠨ ᠵᠠᠯᠠᠷᠠᠴᠢᠬᠠᠨ᠎ᠠ ᠭᠡᠳᠡᠭ ᠲᠣᠯᠠ ᠰᠣᠳᠣᠷ ᠦᠭᠡᠢ ᠴᠥ ᠲᠠᠬᠢᠬᠤ ᠶᠣᠰᠣᠲᠠᠢ᠃      ᠡᠳᠦᠭᠡ ᠴᠠᠭ ᠲᠤ ᠮᠣᠩᠭᠤᠯ ᠭᠡᠷ ᠪᠠ ᠲᠣᠯᠭ᠎ᠠ ᠪᠠᠨ ᠪᠦᠷᠢᠨ ᠪᠦᠲᠦᠨ ᠠᠪᠴᠦ ᠶᠠᠪᠣᠭ᠎ᠠ ᠠᠶᠢᠯ ᠪᠣᠯ ᠣᠯᠠᠮᠵᠢᠯᠠᠯᠳᠥ ᠶᠣᠰᠣᠭᠠᠷ ᠢᠶᠠᠨ ᠦᠨᠢᠷ ᠰᠠᠶᠢᠬᠠᠨ ᠲᠠᠬᠢᠵᠦ ᠪᠠᠶᠢᠭ᠎ᠠ ᠪᠠᠶᠢᠯᠭᠦᠢ᠃ ᠮᠣᠩᠭᠤᠯ ᠭᠡᠷ ᠦᠭᠡᠢ ᠪᠠᠶᠢᠰᠢᠩ ᠳᠤ ᠰᠠᠭᠤᠭ᠎ᠠ ᠠᠶᠢᠯ ᠪᠣᠯ ᠵᠣᠣᠬᠠᠨ ᠳᠤ ᠪᠠᠨ ᠠᠷᠭᠠᠴᠠᠭᠠᠬᠤ ᠯᠠ ᠬᠡᠷᠡᠭ᠃ ᠬᠤᠲᠠ ᠶᠢᠨ ᠠᠰᠠᠷ ᠲᠤ ᠠᠮᠢᠳᠣᠷᠠᠵᠦ ᠪᠠᠶᠢᠭ᠎ᠠ ᠠᠶᠢᠯ ᠪᠣᠯ ᠨᠡᠩ ᠬᠦᠴᠢᠷ ᠶᠣᠮ᠃ ᠣᠶᠢᠷ᠎ᠠ ᠶᠢᠨ ᠵᠢᠯ ᠤᠳ ᠲᠤ ᠵᠠᠷᠢᠮ ᠬᠤᠲᠠ ᠪᠠᠯᠭᠠᠰᠣᠨ ᠳᠤ ︽ᠬᠠᠮᠳᠥ ᠶᠢᠨ ᠭᠠᠯ ᠲᠠᠬᠢᠯᠭ᠎ᠠ︾ ᠭᠡᠵᠦ ᠬᠢᠬᠦ ᠪᠣᠯᠪᠠ᠃ ᠡᠨᠡᠬᠦ ᠦᠢᠯᠡ ᠠᠵᠢᠯᠯᠠᠭ᠎ᠠ ᠨᠢ ᠦᠷᠭᠦᠯᠵᠢᠯᠡᠨ ᠶᠠᠪᠣᠭᠳᠠᠵᠦ ᠴᠢᠳᠠᠨ᠎ᠠ ᠦᠦ ᠦᠭᠡᠢ ᠦᠦ ᠭᠡᠳᠡᠭ ᠲᠤ ᠡᠷᠡᠭᠡᠯᠵᠠᠵᠦ ᠪᠠᠶᠢᠨ᠎ᠠ᠃ ᠲᠡᠶᠢᠮᠦ ᠠᠴᠠ ᠦᠪᠡᠷ ᠤᠨ ᠭᠠᠯ ᠲᠣᠭᠤᠭᠠᠨ ᠭᠡᠷ ᠤᠨ ᠠᠭᠠᠷ ᠤᠨ ᠰᠣᠷᠣᠭᠤᠯ ᠳᠣᠣᠷ᠎ᠠ ᠨᠠᠷᠠᠪᠴᠢ ᠶᠢᠨ ᠴᠣᠩᠬᠤ ᠳᠤ ᠣᠶᠢᠷᠠᠬᠠᠨ ᠶᠣᠰᠣ ᠭᠦᠢᠴᠠᠳᠭᠡᠪᠡᠯ ᠬᠡᠣᠬᠡᠳ ᠪᠠᠭᠠᠴᠣᠳ ᠦᠵᠡᠵᠦ ᠶᠡᠭᠡ ᠲᠦᠯᠦᠪ ᠶᠣᠰᠣ ᠶᠢ ᠨᠢ ᠣᠶᠢᠯᠠᠭᠠᠵᠦ ᠪᠣᠯᠣᠨ᠎ᠠ᠃      ᠭᠠᠯ ᠲᠠᠬᠢᠯᠭ᠎ᠠ ᠶᠢᠨ ᠣᠯᠠᠮᠵᠢᠯᠠᠯᠳᠥ ᠶᠣᠰᠥ ᠵᠠᠩᠰᠢᠯ ᠢ ᠥᠷ᠎ᠠ ᠬᠤᠶᠢᠴᠢᠰ ᠲᠠᠭᠠᠨ ᠣᠯᠠᠮᠵᠢᠯᠠᠬᠤ ᠨᠢ ᠣᠯᠠᠮᠵᠢᠯᠠᠯᠳᠥ ᠰᠣᠶᠣᠯ ᠢᠶᠠᠨ ᠡᠷᠬᠢᠮᠯᠠᠨ ᠲᠠᠬᠡᠳᠥᠯᠠᠬᠦ ᠡᠷᠬᠢᠮ ᠨᠠᠠᠳᠢᠨ ᠶᠣᠰᠣ ᠵᠠᠩᠰᠢᠯ ᠪᠠᠶᠢᠵᠥ ᠲᠠᠭᠠᠷᠠᠨ᠎ᠠ᠃ ᠣᠣᠯ ᠤᠨ ᠴᠠᠬᠠᠷ ᠱᠠᠩᠳᠣ ᠠᠳᠣᠭᠤᠴᠢᠨ ᠤ ᠬᠢᠨ ᠤ ᠭᠠᠯ ᠲᠠᠬᠢᠵᠦ ᠪᠠᠶᠢᠭᠰᠠᠨ ᠶᠣᠰᠣ ᠵᠠᠩᠰᠢᠯ ᠠᠴᠠ ᠮᠡᠳᠡᠬᠦ ᠬᠢᠷᠢ ᠪᠠᠷ ᠲᠠᠨᠢᠯᠴᠠᠭᠤᠯᠣᠶ᠎ᠠ᠃      ᠬᠦᠳᠡᠭᠡ ᠨᠣᠲᠤᠭ ᠲᠤ ᠭᠠᠯ ᠲᠠᠬᠢᠬᠤ ᠶᠢ ᠡᠷᠲᠡ ᠠᠴᠠ ᠪᠡᠯᠠᠳᠭᠡᠵᠦ ᠢᠳᠡᠰᠢ ᠬᠢᠬᠦ ᠳᠤ ᠪᠠᠨ ᠲᠠᠷᠭᠤ ᠬᠦᠴᠦ ᠲᠡᠩᠴᠡᠭᠦᠨ ᠭᠡᠮ ᠬᠡᠵᠢᠭ ᠦᠭᠡᠢ ᠢᠷᠭᠡ ᠭᠠᠷᠭᠠᠵᠦ᠂ ᠬᠤᠷᠮᠣᠢ ᠲᠠᠢ ᠡᠪᠴᠢᠭᠦᠦ᠂ ᠰᠡᠮᠵᠢᠨ ᠦᠭᠡᠬᠦ᠂ ᠵᠦᠪ ᠲᠠᠯ᠎ᠠ ᠶᠢᠨ ᠱᠠᠭᠠᠨᠲᠦ᠂ ᠳᠦᠷᠪᠡᠨ ᠦᠨᠳᠦᠷ ᠢ ᠨᠢ ᠠᠪᠴᠦ ᠬᠤᠰᠬᠢᠨᠠᠭ ᠢ ᠨᠢ ᠴᠠᠪᠠᠷ ᠰᠠᠶᠢᠬᠠᠨ ᠴᠢᠬᠢᠵᠦ ᠲᠣᠰᠬᠠᠢ ᠬᠠᠳᠠᠭᠠᠯᠠᠳᠠᠭ᠃ ᠡᠪᠴᠢᠭᠦᠨ ᠤ ᠬᠤᠷᠣᠭᠤ ᠰᠦᠪᠡᠷᠭᠡ ᠶᠢ ᠭᠡᠮᠲᠦᠭᠡᠬᠦ ᠦᠭᠡᠢ᠂ ᠡᠪᠴᠢᠭᠦᠨ ᠤ ᠠᠷᠠᠰᠣ ᠶᠢ ᠨᠠᠷᠢᠨ ᠵᠣᠷᠪᠣᠰᠯᠠᠨ ᠦᠯᠠᠳᠡᠭᠡᠵᠦ ᠬᠠᠯᠠᠭᠤᠨ ᠣᠰᠣᠨ ᠳᠤ ᠵᠣᠮᠣᠯᠠᠵᠦ ᠴᠡᠪᠡᠷᠯᠡᠨ᠎ᠡ᠃ ᠭᠠᠯ ᠲᠠᠬᠢᠬᠤ ᠠᠴᠠ ᠠᠷᠪᠠᠭᠠᠳ ᠡᠳᠦᠷ ᠤᠨ ᠡᠮᠦᠨ᠎ᠡ ᠦᠵᠢᠷᠡᠭᠰᠡᠨ ᠴᠠᠪᠠᠷ ᠬᠠᠶᠢᠯᠠᠰᠣᠨ ᠮᠣᠳᠣᠨ ᠤ ᠨᠠᠷᠢᠪᠲᠣᠷ ᠮᠦᠴᠢᠷ ᠢ ᠨᠠᠢᠮᠠᠨ ᠰᠢᠷᠬᠡᠭ ᠲᠡᠭᠦᠵᠦ᠂ ᠳᠣᠷᠠᠰᠣ ᠶᠢ ᠨᠢ ᠠᠷᠢᠯᠭᠠᠨ ᠲᠣᠯᠭ᠎ᠠ ᠶᠢᠨ ᠴᠠᠭᠢᠷᠠᠭ ᠳᠡᠭᠡᠷ᠎ᠡ ᠳᠠᠮᠵᠢᠭᠤᠷᠯᠠᠨ ᠲᠠᠯᠪᠢᠵᠦ ᠪᠣᠯᠬᠤ ᠪᠠᠷ ᠲᠠᠭᠠᠷᠢᠵᠦ ᠬᠠᠲᠠᠭᠠᠨ᠎ᠠ᠃ ᠭᠠᠯ ᠲᠠᠬᠢᠬᠤ ᠡᠳᠦᠷ ᠣᠶᠢᠷᠠᠳᠴᠦ ᠢᠷᠡᠬᠦ ᠳᠤ ᠬᠡᠭᠡᠷ᠎ᠡ ᠶᠢᠨ ᠬᠢᠯᠭᠠᠨ᠎ᠠ ᠪᠠᠭ᠎ᠠ ᠵᠡᠷᠭᠡ ᠲᠡᠭᠦᠵᠦ ᠬᠤᠨᠢᠨ ᠤ ᠴᠡᠪᠡᠷ ᠨᠣᠣᠰᠣ ᠠᠳᠬᠤ ᠬᠢᠷᠢ ᠰᠣᠪᠣᠨ ᠠᠪᠴᠦ ᠨᠠᠷᠢᠨ ᠣᠲᠠᠰᠣ ᠪᠣᠯᠭᠠᠨ ᠡᠭᠡᠷᠠᠵᠦ᠂ ᠲᠠᠪᠣᠨ ᠦᠡᠭᠭᠡ ᠶᠢᠨ ᠫᠠᠩᠰᠠ ᠶᠢᠨ ᠦᠭᠡᠳᠡᠰᠦ ᠲᠣᠰ ᠪᠦᠷᠢ ᠲᠠᠪᠣᠨ ᠰᠢᠷᠬᠡᠭ ᠨᠠᠷᠢᠨ ᠬᠠᠶᠢᠴᠢᠯᠠᠵᠦ ᠨᠢᠭᠡ ᠦᠵᠦᠭᠦᠷ ᠢ ᠨᠢ ᠲᠣᠷᠭᠠᠨ ᠣᠲᠠᠰᠣ ᠪᠠᠷ ᠣᠷᠢᠶᠠᠵᠦ ᠪᠡᠯᠠᠳᠭᠡᠭᠰᠡᠨ ᠪᠠᠶᠢᠳᠠᠭ᠃      ᠬᠤᠷᠢᠨ ᠭᠤᠷᠪᠠᠨ ᠤ ᠡᠳᠦᠷ ᠭᠡᠷ ᠢᠶᠠᠨ ᠱᠦᠭᠦᠷᠳᠡᠵᠦ ᠴᠡᠪᠡᠷᠯᠡᠨ ᠲᠣᠭᠤᠰᠣ ᠪᠣᠭ ᠢᠶᠠᠨ ᠭᠦᠪᠢᠵᠦ ᠪᠣᠷᠬᠠᠨ ᠭᠦᠡᠭᠭᠡᠷᠪᠡ ᠪᠠᠨ ᠠᠷᠴᠢᠵᠦ᠂ ᠭᠡᠷ ᠤᠨ ᠬᠤᠶᠢᠮᠣᠷ ᠪᠠᠷᠠᠭᠤᠨᠲᠠᠢ ᠪᠠᠷ ᠠᠶᠠᠭᠠᠨ ᠰᠢᠷᠡᠭᠡ ᠪᠠᠨ ᠦᠷᠦᠵᠦ ᠲᠠᠯᠪᠢᠳᠠᠭ᠃ ᠭᠠᠯ ᠤᠨ ᠭᠡᠰᠢᠭ ᠢᠶᠠᠨ ᠴᠡᠪᠡᠷ ᠣᠰᠣᠨ ᠳᠤ ᠵᠦᠭᠡᠯᠡᠨ ᠭᠠᠯ ᠢᠶᠠᠷ ᠭᠦᠢᠴᠡᠳ ᠪᠣᠯᠭᠤᠵᠦ ᠱᠦᠯᠦᠨ ᠳᠤᠨᠢ ᠬᠤᠨᠤᠭ ᠪᠣᠳᠠᠭ᠎ᠠ ᠠᠬᠰᠢᠭᠠᠵᠦ ᠪᠠᠭ᠎ᠠ ᠵᠡᠷᠭᠡ ᠦᠵᠦᠮ ᠪᠣᠶᠣ ᠴᠢᠪᠠᠭ᠎ᠠ ᠬᠢᠵᠦ ᠠᠮᠳᠡ ᠦᠵᠠᠮᠵᠢ ᠨᠡᠮᠡᠭᠳᠡᠭᠦᠯᠳᠡᠭ᠃ ᠣᠷᠣᠢ ᠪᠣᠯᠵᠦ ᠮᠠᠯ ᠢᠶᠠᠨ ᠬᠤᠲᠠᠯᠠᠵᠦ ᠠᠵᠢᠯ ᠢᠶᠠᠨ ᠳᠠᠭᠤᠰᠬᠠᠭᠰᠠᠨ ᠤ ᠬᠤᠶᠢᠨ᠎ᠠ ᠨᠢᠭᠤᠷ ᠭᠠᠷ ᠢᠶᠠᠨ ᠣᠬᠢᠶᠠᠵᠦ ᠰᠢᠨ᠎ᠡ ᠶᠢᠨ ᠬᠤᠪᠴᠠᠰᠣ ᠪᠠᠨ ᠡᠮᠦᠰᠴᠡᠭᠡᠨ ᠡᠷᠡᠭᠲᠡᠶᠢᠴᠣᠳ ᠳᠠᠭᠠᠯᠢᠩ ᠬᠦᠭᠦᠷᠭᠡ ᠬᠡᠲᠡ ᠬᠢᠲᠤᠭ᠎ᠠ ᠪᠠᠨ ᠵᠡᠭᠦᠵᠦ᠂ ᠡᠮᠡᠭᠲᠡᠶᠢᠴᠣᠣᠯ ᠲᠣᠷᠭᠠᠨ ᠳᠡᠪᠡᠯ᠂ ᠣᠭᠤᠵᠢ ᠪᠠᠨ ᠡᠮᠦᠰᠴᠦ᠂ ᠡᠭᠡᠮᠡᠭ ᠰᠦᠢᠬᠡ ᠪᠠᠨ ᠵᠡᠭᠦᠴᠡᠭᠡᠨ᠎ᠡ᠃ ᠭᠡᠷ ᠤᠨ ᠬᠤᠶᠢᠮᠣᠷ ᠪᠠ ᠪᠠᠷᠠᠭᠤᠨ ᠲᠠᠯ᠎ᠠ ᠶᠢᠨ ᠰᠢᠷᠡᠭᠡᠨ ᠳᠡᠭᠡᠷ᠎ᠡ ᠲᠠᠪᠠᠭ ᠲᠠᠢ ᠢᠳᠡᠭᠡ ᠲᠠᠯᠪᠢᠵᠦ᠂ ᠬᠤᠶᠢᠮᠣᠷ ᠤᠨ ᠭᠤᠣᠯ ᠰᠢᠷᠡᠭᠡᠨ ᠳᠡᠭᠡᠷ᠎ᠡ ᠵᠠᠰᠠᠭᠰᠠᠨ ᠡᠪᠴᠢᠭᠦᠦ᠂ ᠳᠠᠯᠠᠯᠭ᠎ᠠ ᠶᠢᠨ ᠰᠠᠭᠤᠯᠠᠭ᠎ᠠ ᠪᠠᠨ ᠵᠡᠷᠭᠡᠴᠡᠭᠦᠯᠵᠥ ᠲᠠᠯᠪᠢᠭᠰᠠᠨ ᠪᠠᠶᠢᠳᠠᠭ᠃ ᠭᠠᠯ ᠤᠨ ᠲᠠᠬᠢᠯᠭ᠎ᠠ ᠡᠬᠢᠯᠡᠬᠦ ᠳᠤ ᠭᠡᠷ ᠤᠨ ᠡᠵᠡᠨ ᠪᠣᠯᠣᠨ ᠲᠠᠬᠢᠯᠭ᠎ᠠ ᠳᠤ ᠢᠷᠡᠭᠰᠡᠨ ᠬᠦᠮᠦᠰ ᠨᠠᠰᠣ ᠶᠣᠰᠣᠨ ᠤ ᠳᠠᠷᠠᠮ ᠢᠶᠠᠷ ᠰᠠᠭᠤᠵᠠᠭᠠᠵᠦ᠂ ᠲᠣᠯᠭᠠᠨ ᠳᠤ ᠪᠠᠨ ᠬᠠᠭᠤᠷᠠᠢ ᠰᠢᠷ᠎ᠠ ᠠᠷᠭᠠᠯ ᠬᠢᠵᠦ᠂ ᠲᠣᠯᠭᠠᠨ ᠤ ᠳᠡᠭᠡᠳᠦ ᠴᠠᠭᠠᠷᠢᠬ ᠳᠡᠭᠡᠷ᠎ᠡ ᠬᠠᠶᠢᠯᠠᠰᠣᠨ ᠮᠣᠳᠣᠨ ᠤ ᠮᠦᠴᠢᠷ ᠢᠶᠠᠨ ᠬᠤᠶᠠᠷ ᠳᠠᠪᠬᠤᠷᠯᠠᠨ ᠳᠠᠮᠵᠢᠭᠤᠷᠯᠠᠨ ᠲᠠᠯᠪᠢᠵᠦ᠂ ᠲᠣᠯᠭᠠᠨ ᠤ ᠳᠦᠷᠪᠡᠨ ᠣᠲᠤᠭ ᠳᠡᠭᠡᠷ᠎ᠡ ᠲᠠᠪᠣᠨ ᠦᠡᠭᠭᠡ ᠶᠢᠨ ᠫᠠᠩᠰᠠ ᠶᠢᠨ ᠦᠭᠡᠳᠡᠰᠣ ᠣᠨᠵᠢᠭᠤᠯᠵᠦ ᠭᠠᠯ ᠢᠶᠠᠨ ᠠᠰᠠᠭᠠᠵᠦ ᠬᠠᠶᠢᠯᠠᠰᠣᠨ ᠮᠣᠳᠣ ᠰᠢᠲᠠᠵᠦ ᠭᠠᠯ ᠬᠦᠭᠵᠢᠭᠰᠡᠨ ᠤ ᠬᠤᠶᠢᠨ᠎ᠠ ᠭᠡᠷ ᠤᠨ ᠡᠵᠡᠨ ᠬᠤᠶᠢᠮᠣᠷ ᠠᠴᠠ ᠵᠠᠰᠠᠭᠰᠠᠨ ᠡᠪᠴᠢᠭᠦᠦ ᠪᠠᠨ ᠭᠠᠯ ᠳᠠᠭᠠᠨ ᠡᠷᠭᠦᠵᠦ ︵ᠵᠠᠷᠢᠮ ᠠᠶᠢᠯ ᠡᠭᠦᠳᠡᠨ ᠠᠴᠠ ᠪᠠᠨ ᠡᠷᠭᠦᠬᠦ ᠴᠥ ᠪᠣᠢ︶ ᠭᠤᠷᠪᠠ ᠪᠣᠶᠣ ᠶᠢᠰᠣ ᠮᠦᠷᠭᠦᠳᠡᠭ᠃ ᠡᠨᠡ ᠦᠶ᠎ᠡ ᠰᠣᠳᠣᠷᠴᠢ ᠣᠲᠣᠯᠭ᠎ᠠ ᠰᠠᠩ ᠢᠶᠠᠨ ᠣᠭᠤᠬᠢᠭᠤᠯᠵᠦ ᠰᠣᠳᠣᠷ ᠢᠶᠠᠨ ᠣᠡᠭᠰᠢᠵᠦ ᠡᠬᠢᠯᠡᠨ᠎ᠡ᠃ ᠭᠡᠷ ᠤᠨ ᠡᠵᠡᠭᠲᠡᠢ ᠨᠠᠰᠣ ᠶᠠᠷᠢᠬᠤ ᠦᠭᠡᠢ ᠴᠦᠮ ᠲᠣᠯᠭᠠᠨ ᠤ ᠵᠡᠭᠦᠨ ᠠᠴᠠ ᠵᠣᠭᠰᠤᠭ᠎ᠠ ᠪᠠᠷ ᠢᠶᠠᠨ ᠭᠠᠯ ᠳᠠᠭᠠᠨ ᠳᠣᠰᠣᠭᠠᠯ ᠳᠣᠰᠣᠭᠠᠨ᠎ᠠ᠃ ᠳᠣᠰᠣᠭᠠᠯ ᠭᠡᠳᠡᠭ ᠪᠣᠯ ᠰᠢᠷ᠎ᠠ ᠲᠣᠰᠣ᠂ ᠦᠷᠦᠮ᠎ᠠ ᠨᠡᠮᠡᠵᠦ ᠲᠠᠪᠣᠨ ᠲᠠᠷᠢᠶᠠᠨ ᠤ ᠦᠷ᠎ᠡ ᠶᠢᠨ ᠲᠦᠯᠦᠭᠡᠯᠡᠯ ᠪᠣᠯᠬᠤ ᠬᠤᠨᠤᠭ ᠪᠣᠳᠠᠭ᠎ᠠ ᠬᠦᠪᠦᠭᠦᠯᠥᠭᠰᠡᠨ ᠰᠠᠭᠠᠯᠢ ᠶᠢᠨ ᠠᠷᠢᠬᠢ ᠶᠣᠮ᠃ ᠪᠣᠳᠠᠭ᠎ᠠ ᠬᠢᠳᠡᠭ ᠨᠢ ᠦᠷ᠎ᠡ ᠦᠠᠳᠣᠰᠣ ᠪᠠ ᠮᠠᠯ ᠰᠦᠷᠦᠭ ᠢᠶᠠᠨ ᠪᠣᠳᠠᠭ᠎ᠠ ᠰᠢᠭ᠋ ᠣᠯᠠᠨ ᠪᠣᠯᠲᠣᠭᠠᠢ ᠭᠡᠰᠡᠨ ᠪᠡᠯᠡᠭᠳᠡᠯ ᠤᠨ ᠰᠠᠨᠠᠭ᠎ᠠ ᠠᠬᠤᠭᠤᠯᠵᠦ ᠪᠠᠶᠢᠳᠠᠭ ᠶᠣᠮ᠃     ᠭᠡᠷ ᠤᠨ ᠡᠵᠡᠳ ᠬᠢᠭᠡᠳ ᠲᠠᠬᠢᠯᠭ᠎ᠠ ᠳᠤ ᠣᠷᠣᠯᠴᠠᠵᠦ ᠪᠠᠶᠢᠭ᠎ᠠ ᠬᠦᠮᠦᠰ ᠰᠡᠳᠭᠢᠯ ᠲᠣᠲᠣᠷ᠎ᠠ ᠪᠠᠨ ᠰᠦᠰᠦᠭᠯᠡᠨ ᠰᠢᠨ᠎ᠡ ᠵᠢᠯ ᠳᠤ ᠭᠠᠢ ᠪᠠᠷᠴᠢᠳ ᠮᠠᠭᠤ ᠮᠠᠭᠤᠬᠠᠢ ᠪᠦᠬᠦᠨ ᠢ ᠵᠠᠶᠢᠯᠠᠭᠤᠯᠵᠦ ᠭᠡᠰᠢᠭ ᠬᠡᠶᠢᠮᠣᠷᠢ ᠲᠠᠢ ᠪᠠᠶᠢᠬᠤ ᠪᠠᠨ ᠳᠠᠭᠠᠳᠬᠠᠳᠠᠭ᠃ ᠰᠣᠳᠣᠷ ᠠᠶᠢᠯᠠᠳᠴᠦ ︽ᠠᠴᠢᠷ ᠦᠷ᠎ᠡ ᠶᠢᠨ ᠪᠣᠶᠠᠨ ᠰᠣᠶᠣᠷᠬ᠎ᠠ  ᠂ ᠠᠳᠣᠭᠤ ᠮᠠᠯ ᠤᠨ ᠭᠡᠰᠢᠭ ᠰᠣᠶᠣᠷᠬ᠎ᠠ  ᠂ ᠡᠷᠳᠡᠮ ᠨᠣᠮ ᠤᠨ ᠪᠣᠶᠠᠨ ᠰᠣᠶᠣᠷᠬ᠎ᠠ  ᠂ ᠡᠩᠬᠡ ᠮᠡᠨᠳᠣ ᠶᠢᠨ ᠬᠤᠲᠤᠭ ᠰᠣᠶᠣᠷᠬ᠎ᠠ︾ ᠭᠡᠬᠦ ᠵᠡᠷᠭᠡ ᠦᠭᠡᠰ ᠢ ᠣᠡᠭᠰᠢᠬᠤ ᠳᠤ ᠪᠦᠭᠦᠳᠡᠭᠡᠷ ᠨᠢᠭᠡᠨ ᠳᠠᠭᠤᠨ ᠢᠶᠠᠷ ᠬᠤᠷᠦ᠋ᠢᠯᠠᠨ᠎ᠠ᠃ ᠭᠡᠷ ᠤᠨ ᠡᠵᠡᠨ ᠪᠢᠲᠡᠭᠦᠮᠵᠢᠯᠡᠭᠰᠡᠨ ᠳᠠᠯᠠᠯᠭ᠎ᠠ ᠶᠢ ᠰᠠᠭᠤᠯᠠᠭ᠎ᠠ ᠪᠠᠨ ᠬᠤᠶᠠᠷ ᠭᠠᠷ ᠢᠶᠠᠷ ᠢᠶᠠᠨ ᠡᠷᠭᠦᠵᠦ ᠨᠠᠷᠠᠨ ᠤ ᠡᠷᠭᠢᠯᠲᠡ ᠶᠢᠨ ᠴᠢᠭᠯᠡᠯ ᠢᠶᠠᠷ ᠵᠦᠪ ᠡᠷᠭᠢᠭᠦᠯᠦᠨ ᠪᠣᠰᠣᠳ ᠬᠦᠮᠦᠰ ᠪᠠᠷᠠᠭᠤᠨ ᠭᠠᠷ ᠲᠠᠭᠠᠨ ᠠᠬᠰᠢᠭᠠᠭᠰᠠᠨ ᠪᠣᠳᠠᠭ᠎ᠠ᠂ ᠪᠣᠭᠤᠷᠰᠤᠭ ᠬᠤᠷᠣᠳ᠂ ᠴᠢᠪᠠᠭ᠎ᠠ ᠵᠡᠷᠭᠡ ᠪᠠᠷᠢᠵᠦ ᠬᠤᠷᠦ᠋ᠢᠯᠠᠳᠠᠭ᠃ ᠲᠦᠪᠡᠳ ᠰᠣᠳᠣᠷ ᠣᠡᠭᠰᠢᠵᠦ ᠪᠠᠶᠢᠭ᠎ᠠ ᠪᠣᠯ ᠰᠣᠳᠣᠷᠴᠢ ᠨᠢ ᠪᠠᠷᠠᠭᠤᠨ ᠢᠶᠠᠷ ᠢᠶᠠᠨ ᠬᠤᠷᠦ᠋ᠢᠯᠠᠬᠤ ᠳᠦᠷᠢ ᠦᠵᠡᠭᠦᠯᠬᠦ ᠳᠤ ᠪᠣᠰᠣᠳ ᠨᠢ ᠳᠠᠭᠠᠵᠦ ᠴᠢᠩᠭ᠎ᠠ ᠳᠠᠭᠤᠨ ᠢᠶᠠᠷ ᠬᠤᠷᠦ᠋ᠢᠯᠠᠵᠠᠭᠠᠳᠠᠭ᠃ ᠡᠪᠴᠢᠭᠦᠦ ᠡᠷᠭᠦᠭᠰᠡᠨ ᠭᠠᠯ ᠤᠨ ᠳᠦᠯᠦ ᠳᠡᠭᠡᠭᠰᠢ ᠪᠣᠰᠴᠦ ᠵᠣᠭᠰᠤᠭ᠎ᠠ ᠬᠦᠮᠦᠨ ᠤ ᠬᠢᠷᠢ ᠣᠶᠢᠯᠠᠵᠦ ᠪᠠᠶᠢᠳᠠᠭ᠃ ᠭᠡᠷ ᠤᠨ ᠡᠵᠡᠭᠲᠡᠢ ᠦᠶ᠎ᠡ ᠦᠶ᠎ᠡ ᠳᠣᠰᠣᠭᠠᠯ ᠳᠣᠰᠣᠭᠠᠬᠤ ᠳᠤ ᠭᠠᠯ ᠣᠯᠠᠮ ᠬᠦᠭᠵᠢᠵᠦ ᠭᠠᠯ ᠤᠨ ᠳᠦᠯᠦ ᠲᠣᠭᠤᠨᠣ ᠳᠤ ᠲᠣᠯᠬᠤ ᠰᠢᠬᠠᠨ᠎ᠠ᠃ ᠡᠨᠡ ᠦᠶ᠎ᠡ ᠬᠦᠷᠵᠡ ᠶᠢᠨ ᠲᠡᠮᠦᠷ ᠢᠶᠠᠷ ᠭᠠᠯ ᠤᠨ ᠲᠣᠯᠣᠭᠠᠢ ᠶᠢ ᠳᠣᠷᠣᠬᠰᠢ ᠳᠠᠷᠣᠬᠤ ᠦᠭᠡᠢ ᠪᠣᠯ ᠲᠣᠭᠤᠨᠣ ᠳᠤ ᠭᠠᠯ ᠠᠪᠠᠯᠴᠠᠬᠤ ᠠᠶᠣᠯᠲᠠᠢ᠃ ᠲᠠᠬᠢᠯᠭ᠎ᠠ ᠶᠢᠨ ᠳᠠᠷᠠᠭ᠎ᠠ ᠬᠦᠮᠦᠰ ᠬᠡᠨ ᠤ ᠬᠡᠨ ᠤ ᠭᠠᠯ ᠰᠠᠶᠢᠬᠠᠨ ᠡᠭᠦᠰᠭᠡᠭᠰᠡᠨ᠂ ᠲᠡᠳᠡᠨᠠᠶᠢᠬᠢ ᠰᠢᠨ᠎ᠡ ᠵᠢᠯ ᠳᠤ ᠭᠡᠰᠢᠭ ᠬᠡᠶᠢᠮᠣᠷᠢ ᠰᠠᠶᠢᠲᠠᠢ ᠪᠠᠶᠢᠬᠤ ᠨᠢ ᠭᠡᠵᠦ ᠮᠠᠬᠲᠠᠨ ᠶᠠᠷᠢᠵᠠᠭᠠᠳᠠᠭ ᠪᠢᠯᠡ᠃      ᠡᠪᠴᠢᠭᠦᠦ ᠡᠭᠦᠰᠴᠦ ᠠᠶᠠᠳᠠᠬᠤ ᠳᠤ ᠰᠣᠳᠣᠷ ᠴᠥ ᠣᠡᠭᠰᠢᠵᠦ ᠳᠠᠭᠤᠰᠣᠨ᠎ᠠ᠃ ᠡᠨᠡ ᠦᠶ᠎ᠡ ᠭᠡᠷ ᠤᠨ ᠡᠵᠡᠨ ᠳᠠᠯᠠᠯᠭ᠎ᠠ ᠶᠢᠨ ᠰᠠᠭᠤᠯᠠᠭ᠎ᠠ ᠲᠠᠢ ᠭᠡᠰᠢᠭ ᠢᠶᠠᠨ ᠪᠣᠷᠬᠠᠨ ᠤ ᠪᠠᠨ ᠵᠠᠬ᠎ᠠ ᠳᠤ ᠭᠢᠴᠢᠶᠡᠩᠭᠦ᠋ᠢᠯᠡᠨ ᠲᠠᠯᠪᠢᠭᠠᠳ ᠲᠠᠬᠢᠯᠭ᠎ᠠ ᠳᠤ ᠣᠷᠣᠯᠴᠠᠭᠰᠠᠨ ᠬᠦᠮᠦᠰ ᠢ ᠵᠣᠴᠢᠯᠠᠨ᠎ᠠ᠃ ᠭᠡᠷ ᠤᠨ ᠡᠵᠡᠭᠲᠡᠢ ᠠᠷᠢᠬᠢ ᠬᠡᠮᠨᠡᠵᠦ ᠳᠡᠪᠰᠢ ᠫᠢᠯᠠ ᠲᠠᠢ ᠮᠢᠬ᠎ᠠ ᠲᠠᠯᠪᠢᠵᠦ ᠪᠦᠭᠦᠳᠡᠭᠡᠷ ᠴᠢᠨᠠᠭᠰᠠᠨ ᠮᠢᠬ᠎ᠠ ᠠᠬᠰᠢᠭᠠᠭᠰᠠᠨ ᠪᠣᠳᠠᠭ᠎ᠠ ᠢᠳᠡᠵᠡᠭᠡᠨ ᠭᠡᠷ ᠤᠨ ᠡᠵᠡᠳ ᠤᠨ ᠪᠠᠷᠢᠭᠰᠠᠨ ᠬᠡᠳᠦᠨ ᠬᠤᠨᠳᠠᠭ᠎ᠠ ᠠᠷᠢᠬᠢ ᠶᠢ ᠣᠣᠭᠤᠵᠦ ᠨᠢᠭᠡᠨ ᠵᠡᠷᠭᠡ ᠨᠠᠶᠢᠷᠯᠠᠭᠠᠳ ᠳᠠᠷᠠᠭ᠎ᠠ ᠠᠶᠢᠯ ᠤᠨ ᠲᠠᠬᠢᠯᠭ᠎ᠠ ᠳᠤ ᠣᠷᠣᠯᠴᠠᠬᠤ ᠪᠠᠷ ᠶᠠᠪᠣᠵᠠᠭᠠᠳᠠᠭ ᠪᠠᠶᠢᠪᠠ᠃     ᠡᠪᠴᠢᠭᠦᠦ ᠵᠠᠰᠠᠬᠤ ᠳᠤ ᠪᠦᠳᠦᠷᠬᠡᠢ ᠶᠢᠨ ᠳᠡᠭᠡᠷᠡᠬᠢ ᠭᠡᠷᠰᠡᠩ ᠢ ᠢᠮᠠᠬᠤ ᠬᠢᠷᠢ ᠦᠯᠠᠳᠡᠭᠡᠵᠦ ᠪᠣᠰᠣᠳ ᠭᠡᠷᠰᠡᠩ ᠪᠦᠬᠦᠨ ᠢ ᠴᠣᠷᠣᠢ ᠲᠠᠢ ᠨᠢ ᠦᠷᠭᠦᠯᠵᠢ ᠠᠪᠴᠦ ᠳᠠᠯᠠᠯᠭ᠎ᠠ ᠶᠢᠨ ᠰᠠᠭᠤᠯᠠᠭ᠎ᠠ ᠳᠤ ᠪᠠᠨ ᠬᠢᠨ᠎ᠡ᠃ ᠰᠠᠭᠤᠯᠠᠭ᠎ᠠ ᠶᠢᠨ ᠢᠷᠣᠭᠠᠷ ᠲᠤ ᠪᠠᠭ᠎ᠠ ᠵᠡᠷᠭᠡ ᠦᠷᠦᠮ᠎ᠠ ᠰᠢᠷ᠎ᠠ ᠲᠣᠰᠣ᠂ ᠲᠦᠭᠦᠬᠡᠢ ᠪᠣᠳᠠᠭ᠎ᠠ ᠬᠢᠭᠰᠡᠨ ᠪᠠᠶᠢᠳᠠᠭ᠃ ᠨᠢᠭᠡ ᠬᠤᠶᠠᠷ ᠬᠡᠰᠡᠭ ᠮᠦᠰᠣᠨ ᠰᠢᠬᠢᠷ ᠬᠢᠬᠦ ᠴᠥ ᠪᠣᠢ᠃ ᠲᠡᠭᠦᠨ ᠤ ᠳᠡᠭᠡᠷ᠎ᠡ ᠳᠦᠷᠪᠡᠨ ᠦᠨᠳᠦᠷ᠂ ᠱᠠᠭᠠᠨᠲᠦ ᠶᠢᠨ ᠮᠢᠬ᠎ᠠ᠂ ᠬᠤᠰᠬᠢᠨᠠᠭ ᠵᠡᠷᠭᠡ ᠪᠠᠨ ᠬᠢᠵᠦ ᠴᠠᠭᠠᠨ ᠬᠤᠷᠠᠭᠠᠨ ᠤ ᠠᠷᠠᠰᠣ ᠪᠣᠶᠣ ᠴᠠᠭᠠᠨ ᠬᠠᠳᠠᠭ ᠢᠶᠠᠷ ᠪᠦᠲᠡᠭᠡᠵᠦ ᠪᠢᠲᠡᠭᠦᠮᠵᠢᠯᠠᠳᠡᠭ᠃ ᠵᠠᠰᠠᠵᠦ ᠪᠠᠶᠢᠭ᠎ᠠ ᠡᠪᠴᠢᠭᠦᠦ ᠶᠠᠰᠣᠨ ᠤ ᠡᠯᠢᠭᠡᠨ ᠲᠠᠯ᠎ᠠ ᠶᠢ ᠳᠡᠭᠡᠭᠰᠢ ᠬᠠᠷᠠᠭᠤᠯᠵᠦ ᠲᠣᠲᠣᠷ᠎ᠠ ᠨᠢ ᠴᠢᠮᠬᠢ ᠪᠣᠳᠠᠭ᠎ᠠ ᠰᠢᠷ᠎ᠠ ᠲᠣᠰᠣ ᠵᠡᠷᠭᠡ ᠶᠢ ᠬᠢᠵᠦ ᠰᠡᠮᠵᠢᠨ ᠦᠭᠡᠬᠦ ᠪᠠᠷ ᠪᠦᠲᠡᠭᠡᠵᠦ ᠪᠦᠳᠦᠷᠬᠡᠢ ᠪᠣᠯᠣᠨ ᠬᠤᠶᠠᠷ ᠰᠦᠪᠡᠷᠭᠡ ᠶᠢ ᠶᠠᠰᠣ ᠶᠢ ᠨᠣᠣᠰᠣᠨ ᠣᠲᠠᠰᠣ ᠪᠠᠷ ᠭᠤᠷᠪᠠᠯᠵᠢᠨ ᠬᠤᠯᠪᠣᠵᠦ ᠪᠦᠳᠦᠷᠬᠡᠢ ᠰᠦᠪᠡᠷᠭᠡ ᠶᠢ ᠭᠤᠷᠪᠠ ᠭᠤᠷᠪᠠ ᠣᠷᠢᠶᠠᠵᠦ᠂ ᠳᠡᠭᠡᠷ᠎ᠡ ᠨᠢ ᠲᠠᠪᠣᠨ ᠦᠡᠭᠭᠡ ᠶᠢᠨ ᠫᠠᠩᠰᠠ ᠪᠠ ᠬᠢᠯᠭᠠᠨ᠎ᠠ ᠡᠪᠡᠰᠣ ᠪᠠᠭ᠎ᠠ ᠵᠡᠷᠭᠡ ᠲᠠᠯᠪᠢᠪᠠᠯ ᠪᠣᠯᠴᠢᠬᠠᠳᠠᠭ᠃ ᠭᠠᠯ ᠲᠠᠬᠢᠭᠰᠠᠨ ᠤ ᠳᠠᠷᠠᠭ᠎ᠠ ᠳᠠᠯᠠᠯᠭ᠎ᠠ ᠶᠢᠨ ᠰᠠᠭᠤᠯᠠᠭ᠎ᠠ ᠪᠠᠨ ᠨᠡᠭᠡᠭᠡᠬᠦ ᠪᠣᠯᠲᠠᠯ᠎ᠠ ᠭᠠᠯ ᠪᠠ ᠡᠳ᠋ ᠮᠠᠯ ᠢ ᠭᠠᠳᠠᠭᠰᠢ ᠭᠠᠷᠭᠠᠬᠤ ᠶᠢ ᠡᠷᠡᠰ ᠴᠡᠭᠡᠷᠯᠡᠳᠡᠭ᠃ ᠪᠢᠲᠡᠭᠦᠮᠵᠢᠯᠡᠭᠰᠡᠨ ᠳᠠᠯᠠᠯᠭ᠎ᠠ ᠶᠢᠨ ᠰᠠᠭᠤᠯᠠᠭ᠎ᠠ ᠪᠠᠨ ᠭᠤᠷᠪᠠ ᠪᠣᠶᠣ ᠳᠣᠯᠣᠭᠠᠨ ᠬᠤᠨᠤᠭ ᠳᠡᠭᠡᠷ᠎ᠡ ᠨᠡᠭᠡᠭᠡᠵᠦ ᠭᠠᠯ ᠤᠨ ᠭᠡᠰᠢᠭ ᠢᠶᠠᠨ ᠭᠡᠷ ᠤᠨ ᠪᠦᠬᠦᠨ ᠢᠶᠠᠷ ᠠᠮᠰᠠᠬᠤ ᠪᠦᠭᠡᠳ ᠲᠦᠷᠦᠯ ᠰᠠᠳᠣᠨ ᠳᠤ ᠪᠠᠨ ᠶᠠᠪᠣᠭᠤᠯᠬᠤ ᠪᠡᠯᠡᠭ ᠰᠡᠯᠳᠡ ᠳᠤ ᠪᠣᠭᠤᠵᠦ ᠢᠯᠡᠭᠡᠬᠦ ᠪᠠ ᠵᠢᠯ ᠰᠠᠷ᠎ᠠ ᠪᠠᠷ ᠢᠷᠡᠬᠦ ᠰᠠᠳᠣᠨ ᠳᠤ ᠪᠠᠨ ᠬᠠᠳᠠᠭᠠᠯᠠᠵᠦ ᠪᠠᠶᠢᠭᠠᠳ ᠵᠠᠪᠠᠯ ᠠᠮᠰᠠᠭᠤᠯᠳᠠᠭ ᠶᠣᠰᠣᠲᠠᠢ᠃       ᠭᠠᠯ ᠲᠠᠬᠢᠯᠭ᠎ᠠ ᠶᠢᠨ ᠶᠣᠰᠣ ᠵᠠᠩᠰᠢᠯ ᠪᠤᠯ ᠣᠯᠠᠮᠵᠢᠯᠠᠯᠳᠥ ᠶᠣᠰᠥ ᠵᠠᠩᠰᠢᠯ ᠪᠤᠯᠬᠤᠷ ᠲᠠᠬᠦᠨ ᠢᠶᠠᠨ ᠡᠷᠬᠢᠮᠯᠠᠨ ᠲᠠᠬᠡᠳᠥᠯᠠᠵᠥ᠂ ᠥᠶ᠎ᠠ ᠶᠢᠨ ᠥᠶ᠎ᠠ ᠳᠡᠭᠡᠨ ᠣᠯᠠᠮᠵᠢᠯᠠᠨ ᠪᠠᠳᠠᠷᠠᠭᠤᠯᠣᠶ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号