ᠮᠠᠯᠵᠢᠬᠤ ᠰᠤᠶᠤᠯ ᠬᠢᠭᠡᠳ ᠮᠠᠨ ᠤ ᠬᠡᠤᠬᠡᠳ ᠲᠡᠭᠦᠦ ᠨᠠᠷ
ᠨᠡᠶᠢᠲᠡᠯᠡᠭᠰᠡᠨ ᠴᠠᠭ᠄
2019/12/13
      ᠤᠰᠤᠨ ᠤ ᠲᠤᠩᠭᠠᠯᠠᠭ ᠡᠪᠡᠰᠤᠨ ᠤ ᠰᠣᠷᠭᠤᠬ ᠢᠶᠠᠷ ᠢᠲᠡᠰᠢᠯᠡᠬᠦ ᠲᠠᠪᠤᠨ ᠬᠤᠰᠢᠭᠤ ᠮᠠᠯ ᠢᠶᠠᠨ ᠮᠠᠯᠵᠢᠨ ᠠᠮᠢᠳᠣᠷᠠᠨ ᠣᠷᠣᠰᠢᠵᠥ ᠢᠷᠡᠭᠰᠡᠨ ᠨᠡᠬᠦᠲᠡᠯᠴᠢᠨ ᠮᠤᠩᠭᠤᠯᠴᠤᠳ ᠤᠨ ᠬᠤᠪᠢ ᠳᠤ ᠠᠪᠴᠤ ᠬᠡᠯᠡᠪᠡᠯ ᠮᠠᠯᠵᠢᠬᠤ ᠰᠤᠶᠤᠯ ᠤᠨ ᠥᠪᠡᠷᠮᠢᠴᠡ ᠤᠨᠴᠠᠯᠢᠭ ᠢᠶᠠᠷ ᠢᠶᠠᠨ ᠲᠡᠯᠡᠬᠡᠢ ᠲᠡᠭᠡᠷᠡᠬᠢ ᠠᠯᠢ ᠴᠤ ᠨᠢᠭᠡᠨ ᠦᠨᠲᠤᠰᠤᠲᠡᠨ ᠤᠭᠰᠠᠭᠠᠲᠠᠨ ᠠᠴᠠ ᠦᠰᠤᠳ ᠢᠯᠭᠠᠭᠲᠠᠵᠦ ᠢᠷᠡᠭᠰᠠᠨ ᠪᠢᠯᠡ᠃ ᠲᠠᠪᠤᠨ ᠬᠤᠰᠢᠭᠤ ᠮᠠᠯ ᠳᠤ ᠰᠠᠭᠤᠷᠢᠯᠠᠭᠰᠠᠨ ᠦᠪ ᠶᠡᠭᠡ ᠲᠠᠯᠠᠯᠭ᠎ᠠ ᠲᠠᠢ᠂ ᠦᠪᠡᠷ ᠤᠨ ᠭᠡᠰᠡᠨ ᠢᠮ ᠲᠠᠮᠠᠭ᠎ᠠ ᠲᠠᠢ ᠮᠠᠯᠵᠢᠬᠤ ᠰᠤᠶᠤᠯ ᠳᠤ ᠮᠠᠨᠢ ᠦᠷᠲᠡᠭᠯᠡᠵᠤ ᠶᠠᠷᠢᠬᠤ ᠶᠠᠭᠤᠮ᠎ᠠ ᠮᠠᠰᠢ ᠤᠯᠠᠨ ᠪᠠᠶᠢᠭ᠎ᠠ ᠶᠢ ᠲᠡᠯᠡᠬᠡᠢ ᠨᠠᠶᠢᠳᠠ ᠪᠠᠷ ᠢᠶᠠᠨ ᠴᠤ ᠮᠡᠲᠡᠷᠡᠨ ᠰᠤᠲᠤᠯᠤᠨ ᠰᠢᠨᠵᠢᠯᠡᠵᠤ ᠪᠠᠶᠢᠭ᠎ᠠ ᠶᠤᠮ᠃ ᠭᠡᠲᠡᠯ᠎ᠡ ᠦᠨᠤᠲᠤᠷ ᠪᠤᠯᠵᠤ ᠢᠷᠡᠬᠦ ᠳᠤ ᠮᠠᠯᠵᠢᠬᠤ ᠰᠤᠶᠤᠯ ᠮᠠᠨᠢ ᠮᠠᠨ ᠤ ᠬᠡᠤᠬᠡᠳ ᠲᠡᠬᠦᠤ ᠨᠡᠷ ᠠᠴᠠ ᠶᠠᠪᠤᠬᠤ ᠲᠤᠲᠤᠮ ᠵᠠᠶᠢᠲᠠᠵᠤ ᠪᠠᠶᠢᠬᠤ ᠶᠢ ᠠᠩᠬᠠᠷᠬᠤ ᠴᠢᠬᠤᠯᠠᠳᠠᠢ᠃       ᠨᠠᠬᠦᠳᠠᠯ ᠮᠠᠯᠵᠢᠯ ᠰᠣᠶᠣᠯ ᠮᠠᠨᠢ ᠬᠡᠣᠬᠡᠳ ᠲᠠᠬᠦᠥ ᠨᠠᠷ ᠠᠴᠠ ᠬᠤᠯᠠᠳᠠᠵᠥ ᠪᠠᠶᠢᠭ᠎ᠠ ᠳᠤ ᠪᠡᠶᠡᠴᠢ ᠪᠤᠰᠤᠳᠴᠢ ᠲᠠᠯ᠎ᠠ ᠶᠢᠨ ᠤᠯᠠᠨ ᠰᠢᠯᠲᠠᠭᠠᠨ ᠪᠠᠶᠢᠲᠠᠭ ᠪᠤᠯᠪᠠᠴᠥ ᠪᠢᠳᠠ ᠠᠯᠢ ᠪᠦᠬᠦᠢ ᠠᠰᠢᠭ ᠲᠠᠢ ᠲᠦᠷᠤ ᠶᠢᠨ ᠪᠤᠲᠤᠯᠭ᠎ᠠ ᠶᠢ ᠬᠡᠷᠡᠭᠵᠢᠬᠦᠯᠤᠨ᠂ ᠦᠪᠡᠷ ᠢ ᠪᠠᠨ ᠱᠠᠭᠠᠷᠲᠠᠵᠥ᠂ ᠨᠡᠬᠦᠲᠡᠯ ᠮᠠᠯᠵᠢᠯ ᠰᠤᠶᠤᠯ ᠤᠨ ᠢᠷᠡᠯᠲᠡ ᠨᠢ ᠴᠤᠬᠤᠮ ᠬᠠᠮᠢᠭ᠎ᠠ ᠪᠠᠶᠢᠬᠤ᠂ ᠶᠠᠭᠤᠨ ᠳᠤ ᠲᠦᠰᠢᠭᠯᠡᠨ ᠤᠷᠤᠰᠢᠨ ᠬᠦᠭᠵᠢᠵᠤ ᠪᠠᠶᠢᠬᠤ ᠶᠢᠨ ᠤᠴᠢᠷ ᠣᠳᠬ᠎ᠠ ᠶᠢ ᠣᠢᠢᠯᠠᠭᠠᠵᠥ ᠣᠬᠠᠮᠰᠠᠷᠯᠠᠬᠤ ᠨᠢ ᠠᠰᠠᠭᠤᠲᠠᠯ ᠢ ᠰᠢᠢᠳᠪᠤᠷᠢᠯᠡᠬᠦ ᠶᠢᠨ ᠭᠤᠤᠯ ᠲᠠᠯ᠎ᠠ ᠪᠤᠯᠤᠨ᠎ᠠ᠃ ᠲᠠᠬᠢᠭᠠᠳ ᠬᠡᠯᠡᠪᠡᠯ᠂ ᠶᠠᠭᠠᠬᠢᠵᠤ ᠤᠯᠠᠮᠵᠢᠯᠠᠨ᠎ᠠ ᠭᠡᠲᠡᠭ ᠲᠤᠮᠤᠬᠠᠨ ᠠᠰᠠᠭᠤᠲᠠᠯ ᠶᠠᠭᠤᠨ ᠤ ᠡᠮᠤᠨ᠎ᠡ ᠲᠤᠯᠭᠠᠷᠠᠭᠰᠠᠨ ᠪᠤᠯᠬᠤᠷ ᠡᠨᠡ ᠲᠤᠬᠠᠢ ᠤᠯᠠᠨ ᠢᠶᠠᠷ ᠢᠶᠠᠨ ᠢᠯᠡᠬᠦᠬᠡᠨ ᠠᠷᠭ᠎ᠠ ᠪᠤᠲᠤᠯᠭ᠎ᠠ ᠰᠦᠪᠡᠭᠴᠢᠯᠠᠨ ᠪᠤᠲᠠᠲᠠᠢ ᠬᠢᠬᠦ ᠴᠢᠬᠤᠯᠠᠲᠠᠢ ᠪᠤᠯᠵᠠᠢ᠃ ︽ᠬᠠᠭᠤᠴᠢᠨ ᠶᠠᠭᠤᠮ᠎ᠠ ᠤᠯᠠ ᠪᠤᠯᠵᠤ᠂ ᠰᠢᠨ᠎ᠠ ᠶᠠᠭᠤᠮ᠎ᠠ ᠵᠤᠯᠠ ᠪᠤᠯᠤᠨ᠎ᠠ︾ ᠭᠡᠲᠡᠭ ᠦᠭᠡ ᠪᠠᠷ ᠰᠡᠳᠬᠢᠯ ᠢᠶᠠᠨ ᠠᠷᠭᠠᠳᠠᠵᠥ᠂ ᠦᠷᠢᠰᠤᠯᠲᠤᠭᠡᠨ ᠬᠤᠷᠴᠠ ᠰᠢᠷᠤᠬᠦᠨ ᠪᠤᠯᠵᠤ ᠪᠠᠶᠢᠭ᠎ᠠ ᠤᠲᠤᠬᠢ ᠴᠠᠭ ᠦᠶ᠎ᠡ ᠶᠢᠨ ᠬᠦᠭᠵᠢᠯᠲᠠ ᠶᠢᠨ ᠬᠦᠴᠤᠲᠤ ᠤᠷᠤᠰᠬᠠᠯ ᠳᠤ ᠬᠠᠮᠤᠷᠤᠭᠲᠠᠨ ᠨᠡᠬᠦᠲᠡᠯ ᠮᠠᠯᠵᠢᠯ ᠰᠤᠶᠤᠯ ᠤᠨ ᠢᠶᠠᠨ ᠮᠦᠨ ᠴᠢᠨᠠᠷ ᠬᠢᠭᠡᠳ ᠵᠠᠩ ᠤᠶᠢᠯᠡ ᠪᠠᠨ ᠭᠡᠭᠡᠵᠤ ᠤᠷᠬᠢᠭᠲᠠᠭᠤᠯᠬᠤ ᠶᠢ ᠤᠨᠴᠠ ᠬᠢᠴᠢᠶᠡᠯᠲᠠᠢ᠃      ᠤᠲᠤ ᠦᠨᠡᠬᠡᠷ ᠬᠤᠲᠠ ᠬᠦᠲᠡᠭᠡ ᠭᠡᠰᠡᠨ ᠦᠭᠡᠢ᠂ ᠮᠤᠩᠭᠤᠯ ᠬᠡᠤᠬᠡᠳ ᠲᠡᠬᠦᠤ ᠨᠠᠷ ᠤᠨ ᠲᠤᠲᠤᠷ᠎ᠠ ᠨᠡᠬᠦᠲᠡᠯ ᠠᠮᠢᠲᠤᠷᠠᠯ᠂ ᠮᠠᠯᠵᠢᠬᠤ ᠰᠤᠶᠤᠯ᠂ ᠵᠠᠩ ᠤᠶᠢᠯᠡ ᠪᠠᠨ ᠮᠡᠲᠡᠬᠦ ᠦᠭᠡᠢ ᠬᠦᠮᠤᠰ ᠡᠲᠤᠷ ᠢᠷᠡᠬᠦᠶ᠎ᠡ ᠤᠯᠠᠰᠢᠷᠠᠨ᠂ ᠦᠨᠢᠶ᠎ᠡ ᠲᠣᠭᠤᠯᠯᠠᠬᠤ ᠶᠢ ︽ᠲᠤᠭᠤᠯ ᠲᠦᠷᠤᠪᠡ︾ ᠬᠡᠬᠦ᠂ ᠲᠡᠪᠤᠨ ᠬᠤᠰᠢᠭᠤ ᠮᠠᠯ ᠤᠨ ᠢᠶᠠᠨ ᠲᠦᠯ ᠤᠨ ᠨᠡᠷᠡᠶᠢᠲᠤᠯ ᠢ ︽ᠵᠤᠯᠵᠠᠭ᠎ᠠ︾ ᠬᠡᠬᠦ ᠵᠡᠷᠭᠡ ᠪᠠᠷ ᠬᠡᠯᠡᠵᠥ ᠪᠠᠶᠢᠭ᠎ᠠ ᠨᠢ ᠰᠤᠨᠤᠰᠳᠠᠵᠦ ᠪᠠᠶᠢᠨ᠎ᠠ᠃ ᠭᠡᠪᠡᠴᠤ ᠡᠨᠡ ᠨᠢ ᠵᠦᠪᠭᠡᠨ ᠬᠡᠤᠬᠡᠳ ᠲᠡᠬᠦᠤ ᠨᠡᠷ ᠤᠨ ᠪᠤᠷᠤᠭᠤ ᠪᠢᠰᠢ᠂ ᠬᠠᠷᠢᠨ ᠣᠨᠠᠭᠠᠨ ᠪᠠᠭ᠎ᠠ ᠨᠠᠰᠣᠨ ᠠᠴᠠ ᠪᠠᠨ ᠮᠠᠯᠵᠢᠬᠤ ᠠᠮᠢᠲᠤᠷᠠᠯ ᠳᠠᠭᠠᠨ ᠪᠡᠶᠡᠴᠢᠯᠡᠨ ᠤᠷᠤᠯᠴᠠᠬᠤ ᠲᠤᠬᠢᠶᠠᠯ ᠨᠦᠬᠦᠴᠡᠯ ᠨᠢ ᠢᠪᠴᠤᠷᠡᠵᠤ᠂ ᠭᠡᠲᠤ ᠬᠤᠯᠠᠲᠠᠵᠤ ᠵᠠᠶᠢᠲᠠᠭᠰᠠᠨ ᠠᠴᠠ ᠯᠠ ᠪᠤᠯᠤᠭᠰᠠᠨ ᠤ ᠦᠷ᠎ᠡ ᠳ᠋ᠦᠩ ᠪᠤᠯᠬᠤᠷ ᠡᠨᠡᠬᠦ ᠠᠰᠠᠭᠤᠲᠠᠯ ᠢ ᠲᠤᠮᠤᠴᠤᠤᠯ ᠨᠢ ᠡᠷᠬᠡᠪᠰᠢ ᠰᠠᠨᠠᠭᠠᠨ ᠳᠠᠭᠠᠨ ᠠᠪᠴᠤ᠂ ᠦᠨᠲᠤᠰᠤᠲᠠᠨ ᠤ ᠲᠡᠤᠬᠡ ᠰᠤᠶᠤᠯ᠂ ᠵᠠᠩ ᠤᠶᠢᠯᠡ ᠪᠠᠨ ᠬᠤᠶᠢᠴᠢ ᠦᠶ᠎ᠡ ᠶᠢᠨ ᠬᠢᠨ ᠳᠡᠭᠡᠨ ᠵᠥᠪ ᠢᠶᠠᠷ ᠤᠯᠠᠮᠵᠢᠯᠠᠵᠤ ᠮᠠᠳᠡᠬᠦᠯᠬᠦ ᠴᠢᠬᠤᠯᠠᠳᠠᠢ᠃       ᠪᠢᠲᠡ ᠶᠠᠭᠤ ᠪᠤᠯᠭᠠᠨ ᠢᠶᠠᠨ ᠮᠦᠽᠸᠢ ᠶᠢᠨ ᠰᠤᠶᠤᠯ ᠤᠷᠤᠭᠤ ᠴᠢᠬᠢᠭᠡᠳ ᠪᠠᠶᠢᠪᠠᠯ ︽ᠮᠦᠬᠦᠨ᠎ᠡ︾ ᠭᠡᠲᠡᠭ ᠠᠶᠤᠯ ᠡᠬᠦᠲᠡᠨ ᠭᠠᠲᠠᠨ᠎ᠠ ᠴᠢᠨᠢ ᠬᠦᠷᠤᠭᠡᠳ ᠢᠷᠡᠬᠦ ᠨᠢ ᠨᠢᠲᠤ ᠢᠷᠮᠡᠬᠦ ᠶᠢᠨ ᠵᠠᠭᠤᠷ᠎ᠠ ᠪᠤᠯᠤᠨ᠎ᠠ ᠰᠢᠥ⁈ ᠡᠶᠢᠮᠥ ᠠᠴᠠ ᠲᠤᠮᠤᠴᠤᠤᠯ ᠮᠠᠨᠢ ︽ᠬᠠᠷᠢᠭᠤᠴᠠᠯᠭ᠎ᠠ︾ ᠭᠡᠲᠡᠭ ᠦᠭᠡ ᠪᠠᠷ ᠦᠪᠡᠷ ᠢ ᠪᠠᠨ ᠲᠤᠯᠢᠲᠠᠵᠤ᠂ ᠨᠡᠬᠦᠲᠡᠯ ᠮᠠᠯᠵᠢᠯ ᠰᠤᠶᠤᠯ ᠤᠨ ᠢᠶᠠᠨ ᠭᠡᠭᠡᠨ ᠮᠠᠨᠲᠤᠯ ᠳᠤ ᠮᠤᠨᠲᠠᠭ᠎ᠠ ᠠᠳᠬᠤᠨ ᠮᠤᠷᠲᠠᠬᠤ ᠠᠯᠪᠠ ᠲᠠᠢ ᠪᠤᠯᠤᠭᠰᠠᠨ ᠪᠠᠶᠢᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号