ᠬᠦᠮᠦᠨ ᠤ ᠡᠷᠡᠬᠦᠯ ᠮᠡᠨᠳᠤ ᠳᠤ ᠲᠤᠰᠠᠲᠡᠢ ᠭᠤᠪᠢ ᠶᠢᠨ ᠲᠡᠮᠡᠭᠡᠨ ᠤ ᠪᠠᠶᠢᠭᠠᠯᠢᠯᠢᠭ ᠦᠢᠯᠡᠳᠬᠦᠨ
ᠨᠡᠶᠢᠲᠡᠯᠡᠭᠰᠡᠨ ᠴᠠᠭ᠄
2019/11/13
    ᠭᠤᠪᠢ ᠶᠢᠨ ᠲᠡᠮᠡᠭᠡ ᠪᠤᠯ ᠮᠠᠩᠬᠠᠨ ᠨᠤᠳᠤᠭ ᠤᠨ ᠬᠦᠮᠦᠰ ᠤᠨ ᠵᠠᠮ ᠬᠠᠷᠢᠯᠴᠠᠭ᠎ᠠ ᠶᠢᠨ ᠲᠠᠯ᠎ᠠ ᠪᠠᠷ ︽ᠡᠯᠡᠰᠤᠨ ᠴᠦᠯ ᠤᠨ ᠵᠠᠪᠢ︾ ᠪᠤᠯᠬᠤ ᠪᠠᠷ ᠪᠠᠷᠠᠬᠤ ᠦᠭᠡᠢ ᠲᠡᠭᠦᠨ ᠤ ᠨᠤᠤᠰᠤ᠂ ᠰᠦ᠂ ᠮᠢᠬ᠎ᠠ᠂ ᠠᠷᠠᠰᠤ᠂ ᠶᠠᠰᠤ ᠨᠢ ᠬᠦᠷᠳᠡᠯ᠎ᠡ ᠬᠦᠮᠦᠰ ᠤᠨ ᠠᠮᠢᠳᠤᠷᠠᠯ ᠦᠢᠯᠡᠳᠪᠦᠷᠢᠯᠡᠯ ᠳᠤ ᠬᠡᠷᠡᠭᠴᠡᠭᠡᠳᠤ ᠡᠷᠳᠡᠨᠢ ᠶᠢᠨ ᠵᠦᠢᠯ ᠪᠤᠯᠳᠠᠭ᠃     ᠭᠠᠩᠭᠠᠩ ᠭᠤᠪᠢ ᠪᠠᠶᠢᠭᠠᠯᠢ ᠳᠠᠭᠠᠨ ᠵᠤᠬᠢᠴᠠᠭᠰᠠᠨ ᠭᠤᠪᠢ ᠶᠢᠨ ᠲᠡᠮᠡᠭᠡ ᠲᠤᠷᠭᠠᠨ ᠡᠯᠡᠰᠤᠨ ᠤ ᠪᠠᠨ ᠦᠩᠭᠡ ᠲᠠᠢ ᠠᠳᠠᠯᠢᠬᠠᠨ ᠭᠠᠯ ᠰᠢᠷᠭᠠᠯ ᠨᠤᠤᠰᠤ ᠲᠠᠢ᠃ ᠨᠤᠤᠰᠤᠨ ᠤ ᠭᠠᠷᠤᠯᠳᠠ ᠶᠡᠭᠡ᠂ ᠲᠡᠮᠡᠭᠡ ᠪᠦᠷᠢ ᠲᠡᠭᠰᠢᠳᠬᠡᠬᠡᠳ 8 ᠵᠢᠩ ᠳᠤ ᠬᠦᠷᠳᠡᠭ᠃ ᠨᠤᠤᠰᠤᠨ ᠳᠤᠨᠢ ᠨᠤᠯᠤᠤᠷ ᠤᠨ ᠠᠭᠤᠯᠤᠭᠳᠠᠴᠠ ᠶᠡᠭᠡ᠂ ᠦᠩᠭᠡ ᠰᠠᠶᠢᠬᠠᠨ ᠠᠴᠠ ᠦᠨ᠎ᠡ ᠴᠦ ᠦᠨᠳᠤᠷ ᠪᠠᠶᠢᠳᠠᠭ᠃ ᠳᠡᠮᠡᠭᠡᠨ ᠨᠤᠤᠰᠤᠨ ᠤ ᠬᠠᠷᠢᠮᠠᠬᠠᠢ ᠤᠶᠠᠨ ᠴᠢᠨᠠᠷ ᠨᠢ ᠬᠤᠨᠢᠨ ᠨᠤᠤᠰᠤᠨ ᠠᠴᠠ ᠰᠠᠶᠢᠨ ᠲᠤᠯᠠ ᠲᠡᠭᠦᠨ ᠢᠶᠠᠷ ᠬᠢᠭᠰᠡᠨ ᠨᠡᠬᠡᠮᠡᠯ ᠬᠠᠨᠳᠠᠭᠠᠰᠤ᠂ ᠦᠮᠦᠳᠤ ᠨᠢ ᠶᠠᠩᠵᠤ ᠬᠡᠯᠪᠡᠷᠢ ᠪᠠᠷ ᠭᠤᠶᠤ᠂ ᠡᠮᠦᠰᠬᠦ ᠳᠤ ᠵᠦᠬᠡᠯᠡᠨ᠂ ᠲᠤᠯᠠᠭᠠᠨ᠂ ᠨᠢᠮᠬᠡᠨ᠂ ᠬᠦᠩᠭᠡᠨ ᠮᠡᠳᠤ ᠶᠢᠨ ᠰᠠᠶᠢᠬᠠᠨ ᠤᠨᠴᠠᠯᠢᠭ ᠲᠠᠢ᠃ ᠳᠡᠮᠡᠭᠡᠨ ᠨᠤᠤᠰᠤ ᠵᠤᠯᠤᠵᠤ ᠬᠢᠭᠰᠡᠨ ᠬᠦᠨᠵᠢᠯᠡ ᠲᠡᠪᠢᠰᠬᠡᠷ ᠨᠢ ᠴᠦ ᠵᠦᠬᠡᠯᠡᠨ᠂ ᠲᠤᠯᠠᠭᠠᠨ᠂ ᠬᠦᠩᠭᠡᠨ ᠮᠦᠷᠳᠡᠭᠡᠨ ᠬᠦᠪᠦᠩ ᠢ ᠪᠤᠳᠤᠪᠠᠯ ᠪᠠᠬᠢᠯᠢᠭ᠌ ᠪᠠᠶᠢᠳᠠᠭ᠃     ᠳᠡᠮᠡᠭᠡᠨ ᠤ ᠵᠤᠭᠳᠤᠷ ᠨᠤᠤᠰᠤ ᠪᠠᠷ ᠲᠠᠮᠤᠵᠤ ᠬᠢᠭᠰᠡᠨ ᠳᠡᠭᠡᠰᠤ ᠨᠢ ᠪᠤᠰᠤᠳ ᠶᠠᠮᠠᠷ ᠴᠦ ᠳᠡᠭᠡᠰᠤ ᠠᠴᠠ ᠪᠠᠬᠢ ᠪᠠᠶᠢᠳᠠᠭ᠃ ᠴᠤᠯ ᠵᠤᠭᠳᠤᠷ ᠨᠤᠤᠰᠤ ᠪᠠᠷ ᠬᠢᠭᠰᠡᠨ ᠳᠡᠪᠢᠰᠬᠡᠷ ᠨᠢ ᠪᠦᠭᠡᠷ᠎ᠡ ᠨᠢᠷᠤᠭᠤ᠂ ᠦᠶ᠎ᠡ ᠬᠡᠰᠢᠬᠦᠦ ᠶᠢᠨ ᠡᠪᠡᠳᠴᠢᠨ ᠤᠯᠬᠤ ᠶᠢ ᠰᠡᠷᠬᠡᠶᠢᠯᠡᠵᠤ ᠴᠢᠳᠠᠳᠠᠭ ᠤᠨᠴᠠᠭᠠᠢ ᠡᠳ᠋ ᠪᠤᠯᠬᠤ ᠶᠤᠮ᠃ ᠪᠠᠰᠠ ᠬᠦᠮᠦᠨ ᠤ ᠶᠠᠩᠵᠤ ᠶᠠᠩᠵᠤ ᠶᠢᠨ ᠭᠤᠶᠤ ᠰᠠᠶᠢᠬᠠᠨ ᠬᠢᠮᠡᠯ ᠦᠰᠦ ᠰᠠᠬᠠᠯ ᠬᠢᠳᠡᠭ ᠠᠴᠠ ᠦᠨ᠎ᠡ ᠨᠢ ᠨᠤᠤᠰᠤ ᠠᠴᠠ ᠪᠠᠨ ᠭᠤᠷᠪᠠ ᠳᠠᠬᠢᠨ ᠦᠨ᠎ᠡ ᠲᠠᠢ ᠪᠠᠶᠢᠳᠠᠭ᠃    ᠲᠡᠭᠡᠷ᠎ᠠ ᠵᠠᠭᠤᠨ ᠤ ᠨᠠᠶᠠᠭᠠᠳ ᠤᠨ ᠠᠴᠠ ᠬᠤᠶᠢᠰᠢ ᠠᠯᠠᠱᠠ ᠠᠶᠢᠮᠠᠭ ᠤᠨ ᠬᠤᠰᠢᠭᠤ ᠪᠤᠯᠭᠠᠨ ᠳᠤ ᠲᠡᠮᠡᠭᠡᠨ ᠨᠤᠤᠰᠤᠨ ᠤ ᠦᠢᠯᠡᠳᠬᠦᠨ ᠢ ᠦᠢᠯᠡᠳᠪᠦᠷᠢᠯᠡᠬᠦ ᠦᠢᠯᠡᠳᠪᠦᠷᠢ ᠲᠠᠢ ᠪᠤᠯᠵᠤ᠂ ᠳᠡᠬᠡᠷᠡᠬᠢ ᠮᠡᠳᠤ ᠶᠢᠨ ᠲᠡᠮᠡᠭᠡᠨ ᠨᠤᠤᠰᠤᠨ ᠤ ᠶᠠᠩᠵᠤ ᠶᠠᠩᠵᠤ ᠶᠢᠨ ᠰᠤᠳᠤᠨ ᠲᠠᠸᠠᠷ ᠢ ᠦᠢᠯᠡᠳᠪᠦᠷᠢᠯᠡᠵᠤ᠂ ᠤᠯᠤᠰ ᠤᠨ ᠲᠤᠳᠤᠭᠠᠳᠤ ᠳᠤ ᠪᠤᠷᠤᠯᠠᠭᠤᠯᠬᠤ ᠪᠠᠷ ᠪᠠᠷᠠᠬᠤ ᠦᠭᠡᠢ᠂ ᠭᠧᠷᠮᠠᠨ᠂ ᠠᠩᠭ᠍ᠯᠢ᠂ ᠰᠸᠧᠳᠧᠨ᠂ ᠹᠷᠠᠨᠼᠢ᠂  ᠠᠦ᠋ᠰᠲᠷᠡᠯᠢᠶ᠎ᠠ᠂ ᠶᠠᠫᠤᠨ ᠵᠡᠷᠬᠡ ᠶᠢᠨ ᠤᠯᠤᠰ ᠲᠤ ᠭᠠᠷᠭᠠᠵᠤ ᠪᠤᠢ᠃    ᠳᠡᠮᠡᠭᠡᠨ ᠤ ᠰᠦ ᠪᠤᠰᠤᠳ ᠠᠮᠢᠳᠠᠨ ᠤ ᠰᠦ ᠠᠴᠠ ᠢᠯᠡᠬᠦᠦ ᠴᠢᠨᠠᠷᠲᠡᠢ ᠪᠠᠶᠢᠬᠤ ᠶᠢ ᠤᠳᠤ ᠶᠢᠨ ᠰᠢᠨᠵᠢᠯᠡᠬᠦ ᠤᠬᠠᠭᠠᠨ ᠤ ᠰᠤᠳᠤᠯᠤᠯᠲᠠ ᠪᠠᠷ ᠨᠤᠳᠠᠯᠠᠵᠤ᠂ ᠡᠨᠡ ᠲᠤᠬᠠᠢ ᠰᠤᠷᠠᠭ ᠵᠠᠩᠬᠢ ᠮᠡᠳᠡᠭᠡ ᠡᠳᠤᠷ ᠢᠷᠡᠬᠦᠶ᠎ᠡ ᠤᠯᠠᠰᠢᠷᠠᠭᠰᠠᠨ ᠪᠠᠶᠢᠨ᠎ᠠ᠃     ᠳᠡᠮᠡᠭᠡᠨ ᠤ ᠰᠦ ᠨᠢ ᠪᠤᠰᠤᠳ ᠠᠮᠢᠳᠠᠨ ᠤ ᠰᠦᠨ ᠠᠴᠠ ᠳᠠᠪᠠᠭᠤ ᠰᠤᠪᠢᠯᠠᠯ ᠤᠨ ᠴᠢᠨᠠᠷ ᠲᠠᠢ ᠤᠴᠢᠷ ᠮᠤᠩᠭᠤᠯᠴᠤᠳ ᠬᠡᠤᠬᠡᠳ ᠢᠶᠠᠨ ᠲᠡᠵᠢᠬᠡᠳᠡᠭ᠂ ᠳᠡᠵᠢᠬᠡᠭᠰᠡᠨ ᠬᠡᠤᠬᠡᠳ ᠨᠢ ᠬᠤᠳᠤᠭᠤᠳᠤᠨ ᠤ ᠰᠢᠩᠭᠡᠭᠡᠯᠳᠡ ᠰᠠᠶᠢᠳᠡᠢ ᠪᠤᠯᠵᠤ᠂ ᠪᠡᠶ᠎ᠡ ᠶᠢᠨ ᠺᠠᠯᠼ ᠳᠤᠳᠠᠭᠳᠠᠬᠤ ᠦᠭᠡᠢ᠂ ᠢᠳᠡᠷ ᠴᠢᠬᠢᠷᠠᠭ ᠪᠤᠯᠳᠠᠭ᠃ ᠮᠦᠨ ᠴᠦ ᠦᠳᠡᠯᠦᠭᠡ ᠨᠠᠰᠤᠲᠠᠨ ᠢᠶᠠᠨ ᠲᠡᠮᠡᠭᠡᠨ ᠰᠦ ᠪᠠᠷ ᠰᠤᠪᠢᠯᠠᠵᠤ ᠰᠢᠩᠭᠡᠭᠡᠯᠳᠡ ᠶᠢ ᠨᠢ ᠰᠠᠶᠢᠵᠢᠷᠠᠭᠤᠯᠵᠤ᠂ ᠰᠢᠮ᠎ᠡ ᠳᠡᠵᠢᠬᠡᠯ ᠬᠦᠷᠳᠡᠭᠡᠵᠤ᠂ ᠲᠠᠮᠢᠷ ᠴᠢᠳᠠᠯ ᠤᠷᠤᠭᠤᠯᠳᠠᠭ ᠲᠤᠷᠰᠢᠯᠭ᠎ᠠ ᠲᠠᠢ ᠶᠤᠮ᠃ ᠢᠩᠭᠡᠨ ᠤ ᠬᠦᠬᠡᠷᠦᠬᠦᠯᠦᠭᠰᠡᠨ ᠰᠦ᠂ ᠬᠤᠭᠤᠷᠮᠠᠭ ᠨᠢ ᠭᠤᠶᠢᠳᠠ ᠰᠠᠶᠢᠬᠠᠨ ᠤᠮᠳᠠᠭᠠᠨ ᠪᠢᠵᠠ᠃ ᠠᠳᠠᠭ ᠲᠠᠭᠠᠨ ᠲᠡᠮᠡᠭᠡᠨ ᠤ ᠰᠦ ᠪᠠᠷ ᠰᠦᠯᠡᠭᠰᠡᠨ ᠴᠠᠢ᠂ ᠠᠶᠢᠷᠠᠭ ᠮᠢᠬ᠎ᠠ ᠲᠠᠢ ᠭᠤᠯᠢᠷ ᠪᠤᠳᠠᠭ᠎ᠠ ᠶᠢ ᠢᠳᠡᠵᠤ ᠦᠵᠡᠭᠰᠡᠨ ᠬᠦᠮᠦᠨ ᠪᠤᠯᠭᠠᠨ ᠲᠡᠭᠦᠨ ᠢ ᠭᠤᠪᠢ ᠶᠢᠨ ᠤᠨᠴᠠ ᠶᠢᠨ ᠠᠮᠳᠠᠳᠤ ᠲᠦᠬᠦᠮ ᠬᠤᠭᠤᠯᠠ ᠤᠮᠳᠠᠭᠠᠨ ᠬᠡᠵᠤ ᠬᠡᠯᠡᠬᠦ ᠨᠢ ᠶᠠᠷᠢᠶᠠᠨ ᠦᠭᠡᠢ᠃ ᠪᠤᠰᠤᠳ ᠠᠯᠢᠪᠠ ᠠᠮᠢᠳᠠᠨ ᠤ ᠰᠦ ᠶᠢ ᠬᠠᠯᠠᠭᠤᠨ ᠳᠤ ᠤᠳᠠᠭᠠᠨ ᠬᠠᠳᠠᠭᠠᠯᠠᠵᠤ ᠪᠤᠯᠳᠠᠭ ᠦᠭᠡᠢ᠂ ᠲᠤᠤᠷ᠎ᠠ ᠪᠠᠨ ᠭᠠᠰᠢᠯᠳᠠᠭ᠃ ᠬᠡᠳᠡᠯ᠎ᠡ ᠲᠡᠮᠡᠬᠡᠨ ᠤ ᠰᠦ ᠲᠡᠶᠢᠮᠦ ᠪᠢᠰᠢ ᠶᠤᠮ᠃ ᠪᠠᠷᠤᠭᠲᠡᠢ ᠬᠠᠯᠠᠭᠤᠨ ᠳᠤ ᠭᠠᠰᠢᠯᠵᠤ ᠬᠤᠪᠢᠯᠳᠠᠭ ᠦᠭᠡᠢ ᠦᠪᠡᠷᠮᠢᠴᠡ ᠤᠨᠴᠠᠯᠢᠭ ᠲᠠᠢ᠃ ᠬᠡᠬᠦ ᠳᠡᠭᠡᠨ ᠪᠠᠳᠡᠢ ᠶᠢᠨ ᠵᠢᠷᠠᠨ ᠤ ᠳᠡᠮᠡᠭᠡᠴᠢᠨ ᠠᠶᠢᠯ ᠡᠪᠤᠯ ᠬᠤᠷᠢᠶᠠᠭᠰᠠᠨ ᠲᠡᠮᠡᠬᠡᠨ ᠤ ᠠᠶᠢᠷᠠᠭ ᠢᠶᠠᠨ ᠡᠯᠡᠰᠤᠨ ᠤ ᠲᠤᠤᠷ᠎ᠠ ᠬᠦᠨ ᠪᠤᠯᠠᠵᠤ ᠬᠠᠳᠠᠭᠠᠯᠠᠭᠠᠳ ᠵᠢᠯ ᠭᠠᠷᠤᠢ ᠨᠦᠬᠡᠴᠡᠯᠡᠨ ᠢᠳᠡᠭᠰᠡᠨ ᠴᠦ ᠮᠦᠨ ᠯᠡ ᠰᠢᠨ᠎ᠡ ᠰᠤᠷᠭᠤᠭ ᠢᠶᠠᠷ ᠢᠶᠠᠨ ᠪᠠᠶᠢᠳᠠᠭ᠃ ᠬᠠᠷᠢᠨ ᠪᠤᠰᠤᠳ ᠮᠠᠯ ᠤᠨ ᠠᠶᠢᠷᠠᠭ ᠢ ᠢᠩᠬᠢᠵᠤ ᠬᠠᠳᠠᠭᠠᠯᠠᠵᠤ ᠢᠳᠡᠪᠡᠯ ᠪᠤᠯᠳᠠᠭ ᠦᠭᠡᠢ ᠪᠢᠯᠡ᠃    ᠶᠡᠷᠤᠨᠢ ᠲᠡᠮᠡᠭᠡᠨ ᠤ ᠰᠦ᠂ ᠠᠶᠢᠷᠠᠭ᠂ ᠠᠭᠠᠷᠤᠤᠯ ᠢ ᠴᠠᠭᠠᠨ ᠢᠳᠡᠭᠡᠨ ᠤ ᠤᠬᠢ ᠬᠡᠵᠤ ᠬᠡᠯᠡᠵᠤ ᠪᠤᠯᠬᠤ ᠶᠤᠮ᠃ ᠤᠴᠢᠷ ᠨᠢ ᠲᠡᠮᠡᠭᠡᠨ ᠤ ᠴᠠᠭ᠎ᠠ ᠲᠠᠢ ᠢᠳᠡᠭᠡᠨ ᠤᠮᠳᠠᠭᠠᠨ ᠬᠦᠮᠦᠰ ᠤᠨ ᠡᠯᠳᠡᠪ ᠶᠠᠳᠠᠷᠠᠭ᠎ᠠ ᠶᠢ ᠲᠠᠶᠢᠯᠬᠤ᠂ ᠬᠡᠳᠡᠰᠤ ᠲᠤᠳᠤᠷ ᠤᠨ ᠡᠪᠡᠳᠴᠢᠨ ᠢ ᠵᠠᠰᠠᠬᠤ᠂ ᠬᠠᠪᠤᠩ ᠬᠠᠪᠤᠳᠠᠷ᠂ ᠴᠢᠬᠢᠭ ᠪᠠᠮ ᠤᠨ ᠡᠪᠡᠳᠴᠢᠨ ᠠᠴᠠ ᠰᠠᠯᠭᠠᠬᠤ᠂ ᠲᠠᠮᠢᠷ ᠲᠡᠩᠬᠡᠬᠡ ᠨᠦᠬᠦᠬᠦ᠂ ᠪᠡᠶ᠎ᠡ ᠲᠡᠩᠬᠡᠯᠡᠬᠦᠨ ᠴᠤᠭ ᠰᠦᠯᠳᠡ ᠲᠠᠢ ᠪᠤᠯᠭᠠᠳᠠᠭ᠃ ᠳᠡᠮᠡᠭᠡᠨ ᠤ ᠰᠦ ᠶᠢ ᠦᠷᠬᠦᠯᠵᠢ ᠢᠳᠡᠵᠤ ᠤᠤᠭᠤᠪᠠᠯ ᠠᠭᠤᠰᠬᠢᠨ ᠤ ᠰᠦᠷᠢᠶ᠎ᠡ ᠡᠪᠡᠳᠴᠢᠨ᠂ ᠴᠢᠰᠦᠨ ᠲᠠᠷᠤᠯᠳᠠ ᠦᠨᠳᠦᠷ ᠡᠪᠡᠳᠴᠢᠨ᠂ ᠰᠢᠬᠢᠷ ᠰᠢᠵᠢᠩ ᠡᠪᠡᠳᠴᠢᠨ ᠢ ᠵᠠᠰᠠᠬᠤ ᠵᠢᠴᠢ ᠬᠤᠳᠤᠭᠤᠳᠤᠨ ᠤ ᠰᠢᠩᠭᠡᠭᠡᠯᠳᠡ ᠶᠢ ᠰᠠᠶᠢᠵᠢᠷᠠᠭᠤᠯᠬᠤ ᠪᠠ ᠵᠢᠷᠤᠭᠡᠨ ᠤ ᠲᠠᠮᠢᠷ ᠢ ᠰᠠᠶᠢᠵᠢᠷᠠᠭᠤᠯᠬᠤ ᠳᠤ ᠲᠤᠰᠠ ᠲᠠᠢ ᠪᠠᠶᠢᠳᠠᠭ᠃     ᠡᠭᠦᠨ ᠤ ᠨᠢᠭᠤᠴᠠ ᠨᠢ ᠲᠡᠭᠦᠨ ᠳᠤ ᠡᠳᠡᠭᠡᠷ ᠡᠪᠡᠳᠴᠢᠨ ᠡᠮᠬᠡᠭ ᠢ ᠵᠠᠰᠠᠬᠤ ᠡᠮ ᠤᠨ ᠡᠯᠧᠮᠧᠨ᠋ᠲ ᠲᠠᠢ ᠪᠠᠷ ᠪᠠᠷᠠᠬᠤ ᠦᠭᠡᠢ ᠰᠢᠮ᠎ᠡ ᠲᠡᠵᠢᠬᠡᠯ ᠤᠨ ᠡᠷᠤᠳᠡᠰᠤ ᠸᠢᠲ᠋ᠠᠮᠢᠨ ᠤ ᠲᠦᠷᠦᠯ ᠵᠦᠢᠯ ᠠᠷᠪᠢᠨ ᠠᠭᠤᠯᠤᠭᠳᠠᠵᠤ ᠪᠠᠶᠢᠭ᠎ᠠ ᠳᠤ ᠪᠤᠢ ᠬᠡᠰᠡᠨ ᠢ ᠡᠸᠦ᠋ᠷᠤᠫᠠ ᠶᠢᠨ ᠤᠯᠤᠰ ᠤᠳ ᠨᠢᠭᠡᠨᠳᠡ ᠰᠤᠳᠤᠯᠵᠤ ᠮᠡᠳᠡᠭᠰᠡᠨ ᠪᠠᠶᠢᠨ᠎ᠠ᠃ ᠮᠦᠨ ᠴᠦ ᠡᠨᠡ ᠲᠤᠬᠠᠢ ᠠᠯᠢ ᠡᠷᠲᠡ ᠮᠤᠩᠭᠤᠯᠴᠤᠳ ᠲᠡᠮᠡᠭᠡᠨ ᠰᠦ ᠪᠠᠷ ᠪᠠᠳᠠᠬᠢ ᠡᠪᠡᠳᠴᠢᠨ ᠢ ᠵᠠᠰᠠᠵᠤ ᠪᠠᠶᠢᠭᠰᠠᠨ ᠢ ︽ᠲᠠᠶᠠᠨ ᠬᠠᠭᠠᠨ ᠪᠠᠳᠠᠬᠢ ᠡᠪᠡᠳᠴᠢᠨ ᠲᠠᠢ ᠪᠤᠯᠤᠭᠰᠠᠨ ᠠᠵᠤᠭᠤ᠃ ᠲᠡᠷᠡ ᠡᠪᠡᠳᠴᠢᠨ ᠢ ᠴᠠᠭᠠᠨ ᠲᠡᠮᠡᠭᠡᠨ ᠤ ᠰᠦ ᠪᠠᠷ ᠭᠤᠷᠪᠠᠨ ᠮᠦᠩᠭᠦᠨ ᠠᠶᠠᠭ᠎ᠠ ᠴᠤᠭᠤᠷᠠᠳᠠᠯ᠎ᠠ ᠢᠯᠢᠨ ᠡᠮᠨᠡᠪᠡ᠃ ᠳᠡᠭᠡᠵᠤ ᠡᠮᠨᠡᠭᠰᠡᠨ ᠴᠦ ᠵᠠᠮᠠᠭ ᠮᠡᠳᠤ ᠲᠤᠯᠤᠭᠠᠨ ᠬᠡᠰᠡᠭ ᠡᠪᠡᠳᠴᠢᠨ ᠤᠨᠠᠵᠤ ᠰᠠᠶᠢᠨ ᠪᠤᠯᠪᠠ︾ ᠬᠡᠵᠤ ᠮᠤᠩᠭᠤᠯ ᠤᠨ ᠲᠡᠤᠬᠡ ᠰᠤᠷᠪᠤᠯᠵᠢ ᠪᠢᠴᠢᠭ ᠲᠤ ᠲᠡᠮᠳᠡᠭᠯᠡᠭᠰᠡᠨ ᠪᠠᠶᠢᠳᠠᠭ᠃     ᠦᠬᠡᠷ᠂ ᠬᠤᠨᠢ ᠢᠮᠠᠭᠠᠨ ᠤ ᠠᠶᠢᠷᠠᠭ ᠨᠢ ᠵᠠᠷᠢᠮ ᠳᠠᠭᠠᠨ ᠬᠦᠮᠦᠨ ᠤ ᠰᠢᠷ᠎ᠠ ᠰᠦᠰᠦ ᠪᠤᠰᠬᠠᠳᠠᠭ ︵ᠰᠢᠷ᠎ᠠ ᠬᠤᠰᠤᠬᠤ︶ ᠪᠤᠯ ᠲᠡᠮᠡᠭᠡᠨ ᠤ ᠠᠶᠢᠷᠠᠭ ᠲᠡᠶᠢᠮᠦ ᠪᠢᠰᠢ᠂ ᠬᠡᠳᠤᠷᠬᠡᠢ ᠢᠰᠬᠦᠯᠡᠩ ᠪᠠᠶᠢᠭᠰᠠᠨ ᠴᠦ ᠰᠢᠷ᠎ᠠ ᠰᠦᠰᠦ ᠪᠤᠰᠬᠠᠬᠤ ᠦᠭᠡᠢ᠂ ᠬᠠᠷᠢᠨ ᠡᠳᠤᠷ ᠤᠨ ᠦᠯ ᠤᠮᠳᠠᠭᠠᠨ ᠪᠤᠯᠵᠤ᠂ ᠲᠡᠷᠡᠴᠢᠯᠡᠨ ᠠᠷᠢᠬᠢᠨ ᠤ ᠬᠤᠤᠷ ᠮᠡᠳᠤ ᠶᠢᠨ ᠢᠳᠡᠰᠢ ᠤᠤᠭᠤᠰᠢ ᠶᠢᠨ ᠬᠤᠤᠷ ᠢ ᠲᠠᠶᠢᠯᠬᠤ ᠤᠨᠴᠠ ᠦᠢᠯᠡᠳᠤᠯ ᠲᠠᠢ᠃ ᠲᠡᠶᠢᠨ ᠬᠦ ︽ᠢᠩᠬᠡᠨ ᠤ ᠴᠠᠭ᠎ᠠ ᠪᠤᠯ ᠰᠦ ᠴᠦ ᠮᠦᠨ᠂ ᠡᠮ ᠴᠦ ᠮᠦᠨ᠂ ᠡᠮ ᠡᠮ ᠳᠡᠭᠡᠨ ᠬᠦᠮᠦᠨ ᠤ ᠪᠡᠶ᠎ᠡ ᠳᠤ ᠡᠷᠳᠡᠨᠢ ᠮᠡᠳᠤ ᠴᠢᠬᠤᠯᠠ︾ ᠬᠡᠵᠤ ᠮᠠᠯᠴᠢᠳ ᠮᠠᠨᠢ ᠬᠡᠯᠡᠳᠡᠭ ᠨᠢ ᠦᠨᠡᠨ᠃     ᠭᠤᠪᠢ ᠪᠠᠶᠢᠭᠠᠯᠢ ᠶᠢᠨ ᠡᠪᠡᠰᠤᠨ ᠤ ᠰᠤᠷᠭᠤᠭ᠂ ᠤᠰᠤᠨ ᠤ ᠲᠤᠩᠭᠠᠯᠠᠭ ᠲᠤ ᠲᠦᠰᠢᠭᠯᠡᠨ ᠲᠦᠷᠦᠵᠤ ᠦᠰᠴᠤ ᠶᠠᠪᠤᠳᠠᠭ ᠲᠡᠮᠡᠭᠡ ᠬᠡᠭᠴᠢ ᠠᠮᠢᠳᠠᠨ ᠤ ᠮᠢᠬ᠎ᠠ ᠪᠠᠰᠠ ᠯᠠ ᠬᠤᠪᠤᠷ ᠰᠠᠶᠢᠬᠠᠨ ᠢᠳᠡᠭᠡᠨ ᠪᠢᠯᠡ᠃  ᠳᠡᠮᠡᠭᠡᠨ ᠮᠢᠬᠠᠨ ᠤ ᠰᠢᠷᠬᠡᠭ ᠨᠢ ᠪᠦᠳᠦᠭᠦᠨ᠂ ᠦᠬᠡᠬᠦ ᠨᠢ ᠪᠠᠭ᠎ᠠ᠂ ᠬᠠᠷ᠎ᠠ ᠮᠢᠬ᠎ᠠ ᠶᠡᠭᠡ ᠪᠠᠶᠢᠳᠠᠭ᠃ ᠨᠠᠰᠤ ᠪᠡᠶ᠎ᠡ ᠬᠦᠢᠴᠡᠭᠰᠡᠨ ᠲᠡᠮᠡᠭᠡ 250 — 350 ᠺᠢᠯᠦᠭᠷᠠᠮ ᠮᠢᠬ᠎ᠠ ᠲᠠᠢ᠃ ᠮᠢᠬᠠᠨ ᠳᠤᠨᠢ ᠺᠠᠯᠢ᠂ ᠺᠠᠯᠼ᠂ ᠲᠡᠮᠤᠷ᠂ ᠮᠠᠭᠨᠢ᠂ ᠹᠤᠰᠹᠤᠷ ᠵᠡᠷᠬᠡ ᠶᠢᠨ ᠤᠯᠠᠨ ᠡᠷᠤᠳᠠᠰᠤ ᠪᠠᠶᠢᠬᠤ ᠪᠠᠷ ᠪᠠᠷᠠᠬᠤ ᠦᠭᠡᠢ᠂ ᠪᠠᠰᠠ ᠪᠦᠬᠦ ᠲᠦᠷᠦᠯ ᠤᠨ ᠸᠢᠲ᠋ᠠᠮᠢᠨ ᠢᠶᠠᠷ ᠪᠤᠰᠤᠳ ᠮᠠᠯ ᠤᠨ ᠬᠢ ᠠᠴᠠ ᠢᠯᠡᠬᠦᠦ ᠪᠠᠶᠢᠳᠠᠭ᠃  ᠬᠡᠬᠦ ᠳᠡᠭᠡᠨ ᠪᠠᠰᠠ ᠦᠬᠡᠷ ᠤᠨ ᠮᠢᠬ᠎ᠠ ᠠᠴᠠ ᠢᠯᠭᠠᠭᠳᠠᠬᠤ ᠶᠠᠭᠤᠮ᠎ᠠ ᠦᠭᠡᠢ᠃ ᠢᠯᠠᠩᠭᠤᠶ᠎ᠠ ᠲᠡᠮᠡᠭᠡᠨ ᠤ ᠪᠤᠷᠴᠠ ᠨᠢ ᠦᠬᠡᠷ᠎ᠡ ᠮᠠᠯ ᠤᠨ ᠪᠤᠷᠴᠠ ᠠᠴᠠ ᠰᠠᠶᠢᠬᠠᠨ ᠠᠮᠳᠠᠳᠠᠢ ᠬᠡᠵᠤ ᠬᠡᠯᠡᠬᠦ ᠳᠤ ᠶᠠᠭ ᠠᠬᠠᠳᠠᠬᠤ ᠪᠠᠷ ᠦᠭᠡᠢ᠃     ᠲᠡᠮᠡᠬᠡᠨ ᠮᠢᠬ᠎ᠠ ᠪᠠᠷ ᠬᠢᠭᠰᠡᠨ ᠪᠠᠩᠰᠢ ᠴᠦ ᠦᠬᠡᠷ᠎ᠡ ᠮᠠᠯ ᠤᠨ ᠮᠢᠬᠠᠨ ᠤ ᠪᠠᠩᠰᠢ ᠠᠴᠠ ᠰᠠᠶᠢᠬᠠᠨ ᠠᠮᠳᠠᠳᠡᠢ ᠪᠤᠯᠳᠠᠭ᠃  ᠲᠡᠮᠡᠭᠡᠨ ᠤ ᠲᠠᠪᠠᠭ᠂ ᠪᠦᠬᠦ᠂ ᠬᠡᠯᠡ ᠨᠢ ᠨᠠᠷᠡᠳᠤ ᠠᠮᠳᠠᠳᠡᠢ ᠨᠤᠭᠤᠭ᠎ᠠ ᠵᠠᠭᠤᠰᠢ ᠪᠤᠯᠵᠤ᠂ ᠤᠳᠤᠨ ᠲᠡᠰ ᠤᠨ ᠬᠤᠭᠤᠯᠠᠨ ᠬᠡᠷ ᠲᠤ ᠨᠢᠭᠡ ᠫᠢᠯᠠ ᠲᠡᠮᠡᠭᠡᠨ ᠲᠠᠪᠠᠭ ᠤᠨ ᠵᠠᠭᠤᠰᠢ ᠶᠢᠨ ᠦᠨ᠎ᠡ ᠴᠦ ᠦᠨᠳᠦᠷ᠂ ᠲᠡᠯᠡᠭᠡᠢ ᠳᠤ ᠠᠯᠳᠠᠷᠲᠡᠢ ᠪᠠᠭᠠᠪᠠᠭᠠᠢ ᠶᠢᠨ ᠲᠠᠪᠠᠭ ᠲᠠᠢ ᠲᠡᠩᠴᠡᠬᠦᠦ ᠵᠠᠭᠤᠰᠢ ᠪᠤᠯᠬᠤ ᠶᠤᠮ᠃     ᠳᠡᠮᠡᠭᠡᠨ ᠤ ᠠᠷᠠᠰᠤ ᠪᠤᠯ ᠮᠦᠨ ᠯᠠ ᠪᠤᠰᠤᠳ ᠮᠠᠯ ᠤᠨ ᠠᠷᠠᠰᠤ ᠲᠠᠢ ᠠᠳᠠᠯᠢ ᠠᠷᠠᠰᠤ ᠰᠢᠷᠢ ᠶᠢᠨ ᠦᠢᠯᠡᠳᠪᠦᠷᠢ ᠶᠢᠨ ᠴᠢᠬᠤᠯᠠ ᠲᠦᠬᠦᠭᠡᠢ ᠮᠠᠲ᠋ᠧᠷᠢᠶᠠᠯ ᠪᠤᠯᠬᠤ ᠲᠤᠯᠠ ᠠᠷᠠᠰᠤᠨ ᠱᠠᠬᠠᠢ ᠭᠤᠳᠤᠯ᠂ ᠬᠦᠯᠢᠮ ᠰᠤᠷ ᠵᠡᠷᠭᠡ ᠶᠢᠨ ᠠᠷᠠᠰᠤᠨ ᠡᠳ᠋ᠯᠡᠯ ᠢ ᠦᠢᠯᠡᠳᠪᠦᠷᠢᠯᠡᠵᠤ ᠪᠤᠯᠳᠠᠭ᠃ ᠲᠡᠮᠡᠭᠡᠨ ᠶᠠᠰᠤ ᠪᠠᠷ ᠪᠠᠰᠠ ᠤᠯᠠᠨ ᠵᠦᠢᠯ ᠤᠨ ᠶᠠᠰᠤᠨ ᠤᠷᠠᠯᠠᠯ ᠤᠨ ᠰᠤᠳᠤᠨ ᠪᠦᠳᠦᠬᠡᠭᠳᠡᠬᠦᠨ ᠬᠢᠵᠤ ᠪᠠᠶᠢᠳᠠᠭ ᠢᠶᠠᠷ ᠪᠠᠷᠠᠬᠤ ᠦᠭᠡᠢ ᠬᠢᠮᠢ ᠶᠢᠨ ᠦᠢᠯᠡᠳᠪᠦᠷᠢ ᠳᠤ ᠬᠡᠷᠡᠭᠰᠡᠬᠦ ᠲᠦᠬᠦᠬᠡᠢ ᠮᠠᠲ᠋ᠧᠷᠢᠶᠠᠯ ᠪᠤᠯᠳᠠᠭ᠃ ᠶᠡᠷᠤᠨᠢ ᠲᠡᠮᠡᠬᠡᠨ ᠤ ᠬᠤᠷᠭᠤᠯ ᠨᠢ ᠴᠦ ᠮᠠᠯᠴᠢᠳ ᠤᠨ ᠭᠤᠤᠯ ᠲᠦᠯᠡᠰᠢ ᠶᠢᠨ ᠨᠢᠭᠡ ᠪᠤᠯᠤᠭᠰᠠᠭᠠᠷ ᠢᠷᠡᠵᠡᠢ᠃
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号