ᠮᠤᠩᠭᠤᠯ ᠶᠤᠸᠡᠨ ᠤ ᠰᠤᠶᠤᠯ ᠤᠨ ᠲᠤᠶᠢᠮᠤ᠄ ᠰᠢᠯᠢ ᠶᠢᠨ ᠭᠤᠤᠯ ᠠᠶᠢᠮᠠᠭ ᠤᠨ ᠮᠦᠽᠸᠢ
ᠨᠡᠶᠢᠲᠡᠯᠡᠭᠰᠡᠨ ᠴᠠᠭ᠄
2019-10-11
   
      ᠰᠢᠯᠢ ᠶᠢᠨ ᠭᠤᠤᠯ ᠠᠶᠢᠮᠠᠭ ᠤᠨ ᠮᠦᠽᠸᠢ 2005 ᠤᠨ ᠳᠤ  ᠪᠡᠶᠢᠭᠤᠯᠤᠭᠳᠡᠵᠤ᠂ 2009 ᠤᠨ ᠤ 8 ᠰᠠᠷ᠎ᠠ ᠠᠴᠠ ᠵᠢᠩᠬᠢᠨᠢ ᠪᠠᠷ ᠰᠤᠶᠢᠤᠡᠭᠡᠯ ᠬᠤᠷᠢᠶᠡᠬᠤ ᠦᠭᠡᠢ ᠪᠠᠷ ᠲᠤᠭᠤᠷᠢᠨ ᠵᠤᠭᠠᠴᠬᠠᠰᠡᠳ ᠢ ᠬᠥᠯᠢᠶᠡᠨ ᠵᠤᠴᠢᠯᠡᠵᠤ ᠡᠬᠢᠯᠡᠵᠡᠢ᠃ ᠮᠦᠽᠸᠢ ᠶᠢᠨ ᠪᠦᠬᠦ ᠲᠡᠯᠡᠪᠡᠢ ᠨᠢ 21000 ᠬᠠᠪᠲᠠᠭᠠᠢ ᠳᠦᠷᠪᠡᠯᠵᠢᠨ ᠮᠧᠲᠷ ᠪᠡᠶᠢᠵᠤ᠂ ᠲᠦᠷᠪᠡᠨ ᠳᠠᠪᠬᠤᠷᠭ᠎ᠠ ᠳᠤ ᠨᠡᠶᠢᠲᠡ 13 ᠭᠤᠤᠯ ᠦᠵᠡᠭᠦᠯᠤᠯᠭᠡ ᠶᠢᠨ ᠲᠢᠩᠬᠢᠮ ᠢ ᠲᠤᠬᠢᠷᠠᠭᠤᠯᠵᠡᠢ᠃  ᠰᠢᠯᠢ ᠶᠢᠨ ᠭᠤᠤᠯ ᠠᠶᠢᠮᠠᠭ ᠤᠨ ᠮᠦᠽᠸᠢ ᠳᠤ ᠬᠠᠳᠠᠭᠠᠯᠠᠭᠳᠠᠵᠤ ᠪᠠᠶᠢᠭ᠎ᠠ ᠲᠡᠤᠭᠡ ᠶᠢᠨ ᠲᠤᠷᠡᠰᠬᠠᠯᠲᠤ ᠵᠤᠶᠢᠯᠠᠰ ᠪᠤᠯ ᠤᠮᠠᠷᠠᠳᠤ ᠶᠢᠨ ᠨᠡᠭᠦᠳᠠᠯᠴᠢᠨ ᠦᠡᠳᠤᠰᠤᠲᠠᠨ ᠤ ᠰᠤᠶᠤᠯ ᠤᠨ ᠤᠬᠢ ᠰᠤᠳᠤ ᠪᠤᠯᠤᠨ᠎ᠠ  ᠂  ᠮᠦᠡᠴᠤ ᠶᠤᠸᠡᠨ ᠤ ᠦᠶ᠎ᠠ ᠶᠢᠨ  ᠰᠤᠶᠤᠯ ᠤᠨ ᠲᠣᠶᠢᠮᠣ ᠮᠦᠨ᠃  ᠮᠦᠽᠸᠢ  ᠎ ᠳᠤ ᠶᠤᠸᠠᠨ ᠤ ᠦᠶ᠎ᠠ ᠶᠢᠨ ᠲᠡᠮᠠᠭ᠎ᠠ᠂  ᠬᠤᠪᠴᠡᠰᠤ ᠵᠠᠰᠠᠯ᠂ ᠠᠯᠲᠠ ᠮᠦᠩᠭᠦᠨ ᠡᠳᠠᠯᠡᠯ᠂ ᠴᠢᠯᠠᠭᠤᠨ ᠰᠡᠶᠢᠯᠤᠮᠡᠯ᠂  ᠸᠠᠭᠠᠷ  ᠱᠡᠭᠠᠵᠡᠩ᠂ ᠵᠢᠷᠤᠭ᠂ ᠴᠡᠷᠢᠭ ᠤᠨ ᠵᠡᠪᠰᠡᠭ ᠵᠡᠷᠭᠡ ᠲᠡᠤᠭᠡ ᠎ ᠶᠢᠨ ᠲᠤᠷᠡᠰᠬᠠᠯᠳᠤ ᠵᠤᠶᠢᠯᠡᠰ ᠢ ᠬᠠᠳᠠᠭᠠᠯᠠᠵᠤ᠂ ᠡᠳᠡᠭᠡᠷ ᠨᠢ ᠶᠤᠸᠠᠨ ᠤ ᠦᠶ᠎ᠠ ᠶᠢᠨ ᠤᠯᠤᠰ ᠲᠦᠷᠤ᠂  ᠠᠵᠤ  ᠠᠬᠤᠢ᠂ ᠰᠤᠶᠤᠯ᠂ ᠴᠡᠷᠢᠭ ᠤᠨ ᠶᠠᠪᠤᠳᠠᠯ ᠪᠤᠯᠤᠨ ᠰᠢᠨᠵᠢᠯᠡᠭᠡ ᠮᠠᠷᠭᠡᠵᠢᠯ ᠵᠡᠷᠭᠡ ᠤᠯᠡᠨ ᠬᠦᠷᠢᠶ᠎ᠠ ᠴᠡᠷ᠎ᠠ ᠶᠢ ᠬᠠᠮᠤᠷᠴᠤ᠂ ᠲᠡᠤᠭᠡ ᠶᠢᠨ ᠲᠤᠷᠡᠰᠬᠠᠯᠳᠤ ᠪᠤᠳᠠᠰ ᠢᠶᠠᠷ ᠲᠠᠮᠵᠢᠭᠤᠯᠤᠨ ᠶᠤᠸᠠᠨ ᠤ ᠦᠶ᠎ᠠ ᠶᠢᠨ ᠲᠡᠤᠭᠡ ᠪᠠ ᠲᠠᠯᠡᠭᠡᠢ ᠎ ᠶᠢᠨ ᠪᠤᠯᠪᠠᠰᠤᠨ ᠳᠤ ᠦᠵᠡᠭᠦᠯᠤᠭ᠍ᠰᠡᠨ ᠬᠤᠪᠢ ᠨᠠᠮᠠᠷᠢ ᠶᠢ ᠭᠡᠷᠡᠴᠢᠯᠠᠵᠡᠢ᠃  ᠰᠢᠯᠢ ᠶᠢᠨ ᠭᠤᠤᠯ ᠠᠶᠢᠮᠠᠭ ‍ᠤᠨ‌ᠮᠦ᠋ᠽᠸᠢ ᠎ ᠨᠢ ᠵᠢᠯ ᠪᠦᠷᠢ ᠲᠡᠭᠰᠢᠤᠡᠭᠡᠭᠡᠳ 80 ᠭᠠᠷᠤᠢ ᠲᠦᠮᠠᠨ ᠬᠦᠮᠤᠨ ᠤᠳᠠᠭ᠎ᠠ ᠶᠢ ᠬᠦᠯᠢᠶᠠᠨ  ᠵᠤᠴᠢᠯᠠᠵᠤ᠂ ᠤᠯᠠᠨ ᠲᠦᠮᠠᠨ ᠳᠤ ᠰᠢᠯᠢᠳᠡᠭ ᠦᠡᠳᠤᠰᠤᠲᠠᠨ ᠤ ᠰᠤᠶᠤᠯ ᠪᠠ ᠤᠷᠲᠤ ᠤᠳᠠᠭᠠᠨ ᠦᠡᠳᠤᠰᠤᠲᠠᠨ ᠤ ᠲᠡᠤᠭᠡ ᠶᠢ ᠦᠢᠯᠠᠭᠠᠭᠤᠯᠵᠤ ᠪᠡᠶᠢᠨ᠎ᠠ᠃                                ᠰᠤᠷᠪᠤᠯᠵᠢᠯᠠᠭᠴᠢ᠄ ᠯᠢᠤᠢ ᠳ᠋ᠠᠨ ᠳ᠋ᠠᠨ      ᠡᠤ ᠲᠢᠶᠡᠨ ᠰᠢᠶᠠᠩ  
 
ᠢᠷᠡᠯᠲᠡ᠄ ᠰᠢᠯᠢ ᠶᠢᠨ ᠭᠤᠣᠯ ᠤᠨ ᠷᠠᠳᠢᠣ᠋ ᠲᠧᠯᠸᠢᠰ ᠤᠨ ᠮᠣᠩᠭᠤᠯ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号