ᠰᠢᠯᠢ ᠶᠢᠨ ᠬᠤᠲᠠ ᠨᠤᠲᠤᠭ ᠪᠡᠯᠴᠢᠭᠡᠷ ᠤᠨ ᠲᠠᠭᠠᠭᠠᠴᠢᠯᠠᠯᠳᠠ ᠶᠢᠨ ᠡᠷᠬᠡ ᠶᠢ ᠲᠤᠳᠤᠷᠬᠠᠶᠢᠯᠠᠬᠤ ᠠᠵᠢᠯ ᠤᠨ 90%᠎ ᠶᠢ ᠪᠡᠶᠡᠯᠡᠭᠦᠯᠪᠡ
ᠨᠡᠶᠢᠲᠡᠯᠡᠭᠰᠡᠨ ᠴᠠᠭ᠄
2017-05-16
    ᠰᠢᠯᠢ ᠶᠢᠨ ᠬᠤᠳᠠ ᠨᠤᠳᠤᠭ ᠪᠡᠯᠴᠢᠭᠡᠷ ᠤᠨ ᠳᠠᠭᠠᠭᠠᠴᠢᠯᠠᠯᠳᠠ ᠶᠢᠨ ᠡᠷᠬᠡ ᠶᠢ ᠲᠤᠳᠤᠷᠬᠠᠶᠢᠯᠠᠬᠤ ᠠᠵᠢᠯ ᠢ ᠴᠢᠬᠤᠯᠠᠴᠢᠯᠠᠨ ᠠᠳᠬᠤᠵᠦ᠂ ᠳᠤᠰᠬᠠᠢ ᠠᠵᠢᠯ ᠤᠨ ᠳᠦᠰᠦᠪ ᠲᠦᠯᠦᠪᠯᠡᠭᠡ ᠳᠤᠬᠳᠠᠭᠠᠵᠦ᠂ ᠭᠠᠴᠠᠭ᠎ᠠ ᠪᠤᠯᠭᠠᠨ ᠮᠠᠯᠴᠢᠳ ᠤᠨ ᠬᠤᠷᠠᠯ ᠬᠤᠷᠠᠯᠳᠤᠭᠤᠯᠤᠨ᠂ ᠮᠠᠯᠴᠢᠳ ᠤᠨ ᠤᠢᠢᠯᠠᠭᠠᠵᠥ ᠮᠡᠲᠡᠬᠦ ᠥᠭᠡᠢ ᠠᠰᠠᠭᠤᠯᠲᠠ ᠳᠤ ᠲᠤᠲᠤᠷᠬᠠᠢ ᠬᠠᠷᠢᠭᠤᠯᠲᠠ ᠥᠭᠴᠥ᠂ ᠪᠦᠬᠦ ᠬᠤᠳᠠ ᠶᠢᠨ 2349 ᠮᠠᠯᠵᠢᠬᠤ ᠡᠷᠦᠬᠡ ᠶᠢᠨ ᠦᠨᠳᠦᠰᠦᠨ ᠪᠦᠳᠦᠭᠡᠨ ᠪᠠᠶᠢᠭᠤᠯᠤᠯᠳᠠ᠂ ᠨᠤᠳᠤᠭ ᠪᠡᠯᠴᠢᠭᠡᠷ ᠤᠨ ᠲᠠᠯᠠᠪᠠᠢ ᠶᠢ ᠬᠡᠮᠵᠢᠨ ᠵᠢᠷᠤᠬᠤ᠂ ᠲᠤᠭ᠎ᠠ ᠪᠠᠷᠢᠮᠳᠠ ᠶᠢ ᠴᠤᠬᠯᠠᠭᠤᠯᠵᠦ ᠡᠮᠬᠢᠯᠡᠬᠦ ᠵᠡᠷᠭᠡ ᠠᠵᠢᠯ ᠢ ᠨᠠᠷᠢᠨ ᠨᠢᠮᠪᠠᠢ ᠬᠥᠢᠴᠡᠳᠭᠡᠵᠡᠢ᠃       ᠤᠳᠤᠬᠠᠨ ᠪᠤᠯᠳᠠᠯ᠎ᠠ᠂ ᠰᠢᠯᠢ ᠶᠢᠨ ᠬᠤᠳᠠ ᠶᠢᠨ 4 ᠰᠤᠮᠤ ᠪᠠᠯᠭᠠᠰᠤᠨ ᠤ 13 ᠭᠠᠴᠠᠭᠠᠨ ᠤ 1511 ᠡᠷᠦᠬᠡ ᠶᠢᠨ 716.5 ᠲᠦᠮᠡᠨ ᠮᠦ ᠨᠤᠳᠤᠭ ᠪᠡᠯᠴᠢᠭᠡᠷ ᠤᠨ ᠵᠠᠭᠠᠭ ᠱᠤᠭᠤᠮ ᠢ ᠢᠯᠭᠠᠨ ᠳᠤᠳᠤᠷᠬᠠᠢᠢᠯᠠᠵᠦ᠂ ᠬᠢᠨᠠᠨ ᠬᠡᠮᠵᠢᠯᠳᠠ ᠪᠠᠷ ᠳᠠᠮᠵᠢᠭᠠᠳ 82 ᠬᠦᠮᠦᠨ ᠳᠤ ᠬᠤᠯᠪᠤᠬᠳᠠᠬᠰᠡᠨ 12.3 ᠲᠦᠮᠡᠨ ᠮᠦ ᠢᠯᠡᠬᠦᠴᠡ ᠨᠤᠲᠤᠭ ᠢ ᠡᠬᠡᠬᠦᠯᠥᠨ ᠠᠪᠴᠦ᠂ 62 ᠬᠦᠮᠦᠨ ᠳᠤ ᠬᠤᠯᠪᠤᠬᠳᠠᠬᠰᠡᠨ 9.4 ᠲᠦᠮᠡᠨ ᠮᠦ ᠨᠤᠲᠤᠭ ᠪᠡᠯᠴᠢᠭᠡᠷ ᠢ ᠰᠢᠨ᠎ᠠ ᠪᠠᠷ ᠠᠶᠢᠯ ᠡᠷᠦᠬᠡ ᠳᠤ ᠨᠦᠬᠦᠪᠦᠷᠢᠯᠡᠵᠦ ᠦᠭᠴᠡᠢ᠃ ᠴᠢᠶᠤᠤ ᠰᠢᠶᠤᠤ ᠴᠦᠨ ᠪᠣᠯ ᠷᠠᠰᠢᠶᠠᠨᠪᠤᠯᠠᠭ ᠪᠠᠯᠭᠠᠰᠤ ᠶᠢᠨ ᠰᠢᠨᠡᠮᠠᠨᠳᠤᠯ᠎ᠠ ᠭᠠᠴᠠᠭᠠᠨ ᠤ ᠮᠠᠯᠴᠢᠨ᠃ ᠲᠤᠰ ᠤᠳᠠᠭᠠᠨ ᠤ ᠨᠤᠳᠤᠭ ᠪᠡᠯᠴᠢᠭᠡᠷ ᠤᠨ ᠳᠠᠭᠠᠭᠠᠴᠢᠯᠠᠯᠳᠠ ᠶᠢᠨ ᠡᠵᠡᠩᠨᠡᠯᠳᠠ ᠶᠢᠨ ᠡᠷᠬᠡ ᠶᠢ ᠲᠤᠳᠤᠷᠬᠠᠶᠢᠯᠠᠬᠤ ᠳᠤᠮᠳᠠ᠂ ᠲᠡᠲᠡᠨᠡᠶᠢᠬᠢᠨ ᠤ 3000 ᠭᠠᠷᠤᠢ ᠮᠥ ᠨᠤᠲᠤᠭ ᠪᠡᠯᠴᠢᠭᠡᠷ ᠲᠤᠲᠠᠭᠤ ᠪᠠᠶᠢᠭᠰᠠᠨ ᠢ ᠤᠳᠤᠬᠢᠴᠢᠯᠠᠬᠰᠡᠨ ᠬᠡᠮᠵᠢᠯᠳᠠ ᠶᠢᠨ ᠪᠠᠭᠠᠵᠢ ᠳᠦᠬᠦᠭᠡᠷᠦᠮᠵᠢ ᠪᠠᠷ ᠬᠢᠨᠠᠨ ᠬᠡᠮᠵᠢᠬᠦ ᠲᠤᠮᠲᠠ ᠮᠡᠲᠡᠵᠥ᠂ ᠬᠤᠯᠪᠤᠬᠳᠠᠯ ᠪᠦᠬᠦᠢ ᠬᠠᠤᠯᠢ ᠳᠦᠷᠢᠮ ᠶᠤᠰᠤᠭᠠᠷ ᠲᠦᠪ ᠭᠤᠤᠯᠴᠢ᠂ ᠡᠷᠬᠡ ᠳᠡᠭᠰᠢ᠂ ᠦᠨᠡᠨ ᠪᠤᠳᠠᠳᠠᠢ ᠪᠠᠷ ᠨᠠᠷᠢᠯᠢᠭ ᠲᠤᠳᠤᠷᠬᠠᠶᠢᠯᠠᠨ ᠨᠦᠬᠦᠵᠦ ᠦᠭᠭᠦᠭᠰᠡᠨ ᠪᠠᠶᠢᠵᠠᠢ᠃ ᠴᠢᠶᠤᠤ ᠰᠢᠶᠤᠤ ᠴᠦᠨ᠄ ︽ᠡᠨᠡ ᠤᠳᠠᠭ᠎ᠠ ᠮᠠᠨ ᠤ ᠳᠤᠳᠠᠵᠦ ᠪᠠᠶᠢᠬᠰᠡᠨ 3000 ᠭᠠᠷᠤᠢ ᠮᠦ ᠪᠡᠯᠴᠢᠭᠡᠷ ᠢ ᠨᠦᠬᠦᠵᠦ ᠦᠭᠭᠦᠯ᠎ᠠ᠃ ᠨᠤᠳᠤᠭ ᠪᠡᠯᠴᠢᠭᠡᠷ ᠭᠡᠳᠡᠭ ᠴᠢᠨᠢ ᠮᠠᠯᠴᠢᠳ ᠤᠨ ᠠᠮᠢᠨ ᠡᠷᠳᠡᠨᠢ ᠰᠢᠤ︾ ᠭᠡᠵᠦ ᠪᠠᠶᠠᠷᠯᠠᠨ ᠶᠠᠷᠢᠵᠦ ᠪᠠᠶᠢᠯ᠎ᠠ᠃       ᠤᠶᠢᠯᠠᠭᠠᠬᠰᠡᠨ ᠢᠶᠠᠷ᠂ ᠤᠳᠤᠬᠠᠨ ᠪᠤᠯᠳᠠᠯ᠎ᠠ ᠰᠢᠯᠢ ᠶᠢᠨ ᠬᠤᠳᠠ ᠨᠤᠳᠤᠭ ᠪᠡᠯᠴᠢᠭᠡᠷ ᠤᠨ ᠳᠠᠭᠠᠭᠠᠴᠢᠯᠠᠯᠳᠠ ᠶᠢᠨ ᠡᠵᠡᠩᠨᠡᠯᠳᠠ ᠶᠢᠨ ᠡᠷᠬᠡ ᠶᠢ ᠲᠤᠳᠤᠷᠬᠠᠶᠢᠯᠠᠬᠤ ᠠᠵᠢᠯ ᠤᠨ 90%᠎ ᠶᠢ ᠪᠡᠶᠡᠯᠡᠬᠦᠯᠵᠦ᠂ ᠳᠡᠭᠡᠷ᠎ᠠ ᠬᠠᠭᠠᠰ ᠵᠢᠯ ᠳᠤ ᠬᠡᠮᠵᠢᠵᠦ ᠬᠤᠪᠢᠶᠠᠷᠢᠯᠠᠬᠤ ᠠᠵᠢᠯ ᠢ ᠦᠨᠳᠦᠰᠦᠨ ᠳᠡᠭᠡᠨ ᠲᠠᠭᠤᠰᠬᠠᠨ᠎ᠠ᠃ ᠡᠨᠡᠬᠦ ᠰᠠᠭᠤᠷᠢᠨ ᠳᠡᠭᠡᠷ᠎ᠠ ᠲᠠᠷᠠᠭᠠᠴᠢ ᠪᠠᠷ᠂ ᠭᠠᠴᠠᠭᠠᠨ ᠤ ᠬᠠᠮᠳᠦ ᠶᠢᠨ ᠨᠤᠳᠤᠭ ᠪᠡᠯᠴᠢᠭᠡᠷ ᠤᠨ ᠦᠮᠴᠢᠯᠡᠬᠦ ᠡᠷᠬᠡ ᠶᠢᠨ ᠦᠨᠡᠮᠯᠡᠯ᠂ ᠤᠯᠤᠰ ᠤᠨ ᠡᠵᠡᠩᠨᠡᠯᠲᠡ ᠶᠢᠨ ᠮᠠᠯᠵᠢᠯ ᠲᠠᠷᠢᠶᠠᠯᠠᠩ ᠤᠨ ᠲᠠᠯᠠᠪᠠᠢ ᠶᠢᠨ ᠨᠤᠳᠤᠭ ᠪᠡᠯᠴᠢᠭᠡᠷ ᠤᠨ ᠬᠡᠷᠡᠭᠯᠡᠬᠦ ᠡᠷᠬᠡ ᠶᠢᠨ ᠦᠨᠡᠮᠯᠡᠯ ᠪᠠ ᠮᠠᠯᠴᠢᠳ ᠤᠨ ᠳᠠᠭᠠᠭᠠᠴᠢᠯᠠᠯᠳᠠ ᠶᠢᠨ ᠡᠵᠡᠩᠨᠡᠯᠳᠠ ᠶᠢᠨ ᠡᠷᠬᠡ ᠶᠢᠨ ᠦᠨᠡᠮᠯᠡᠯ ᠵᠡᠷᠭᠡ ︽ᠭᠤᠷᠪᠠᠨ ᠦᠨᠡᠮᠯᠡᠯ︾᠎ ᠢ ᠤᠯᠭᠤᠬᠤ ᠪᠤᠯᠤᠨ᠎ᠠ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃   ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ : 010098    蒙ICP备05000248号