ᠲᠠᠶᠢᠹᠤᠰᠧ ᠬᠤᠰᠢᠭᠤᠨ ᠤ 2015 ᠤᠨ ᠤ ᠵᠠᠰᠠᠭ ᠤᠨ ᠣᠷᠳᠣᠨ ᠤ ᠠᠵᠢᠯ ᠤᠨ ᠢᠯᠡᠳᠬᠡᠯ
ᠨᠡᠶᠢᠲᠡᠯᠡᠭᠰᠡᠨ ᠴᠠᠭ᠄
2016/9/6
        2016 ᠣᠨ ᠤ 3 ᠰᠠᠷᠠᠶᠢᠨ 2᠎ ᠤ ᠡᠳᠦᠷ ᠤᠨ ᠲᠠᠶᠢᠹᠤᠰᠧ ᠬᠤᠰᠢᠭᠤᠨ ᠤ ᠠᠷᠪᠠᠨ ᠲᠦᠷᠪᠡᠳᠦᠭᠡᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ  ᠶᠡᠭᠡ ᠬᠤᠷᠠᠯ  ᠎ ᠤᠨ ᠲᠠᠪᠤᠳᠤᠭᠠᠷ ᠤᠳᠠᠭᠠᠨ ᠤ ᠬᠤᠷᠠᠯᠳᠤᠭᠠᠨ ᠳᠡᠭᠡᠷ᠎ᠡ                                                                                                                    ᠬᠤᠰᠢᠭᠤ ᠲᠠᠷᠤᠭ᠎ᠠ         ᠬᠡᠤ  ᠴᠧᠩ  ᠳ᠋ᠦᠩ ᠲᠦᠯᠦᠭᠡᠯᠡᠭᠴᠢᠳ ᠡ  ᠄       ᠳᠣᠣᠷ᠎ᠠ  ᠪᠢ  ᠬᠤᠰᠢᠭᠤ  ᠵᠠᠰᠠᠭ  ᠎ ᠤᠨ ᠣᠷᠳᠣᠨ  ᠎ ᠢ ᠲᠦᠯᠦᠭᠡᠯᠡᠵᠦ  ᠶᠡᠭᠡ  ᠬᠤᠷᠠᠯ  ᠎ ᠳᠤ  ᠠᠵᠢᠯ ᠤᠨ  ᠢᠯᠡᠳᠭᠡᠯ  ᠬᠢᠶ᠎ᠡ  ᠂  ᠬᠢᠨᠠᠨ  ᠵᠥᠪᠯᠡᠬᠦ  ᠪᠣᠯᠪᠠᠤ  ᠃   ᠤᠯᠤᠰ  ᠲᠥᠷᠥ  ᠎ ᠶᠢᠨ  ᠵᠥᠪᠯᠡᠯᠭᠡᠨ  ᠎ ᠤ  ᠭᠡᠰᠢᠭᠦᠳ  ᠪᠣᠯᠣᠨ  ᠬᠤᠷᠠᠯ  ᠎ ᠳᠤ  ᠰᠤᠯᠨ ᠣᠷᠣᠯᠴᠠᠭᠰᠠᠨ  ᠨᠦᠬᠦᠳ  ᠎ ᠠᠴᠠ  ᠰᠠᠨᠠᠯ  ᠰᠢᠭᠦᠮᠵᠢ  ᠎ ᠪᠠᠨ  ᠳᠡᠪᠰᠢᠭᠦᠯᠦᠮᠦ᠃      ᠨᠢᠭᠡ  ᠂ 2015 ᠤᠨ ᠤ ᠠᠵᠢᠯ ᠤᠨ ᠡᠷᠬᠢᠴᠡᠬᠦᠯᠦᠯ ᠬᠢᠭᠡᠳ ︽ᠠᠷᠪᠠᠨ ᠬᠤᠶᠠᠳᠤᠭᠠᠷ ᠲᠠᠪᠤᠨ ᠵᠢᠯ︾ ᠎ ᠤᠨ ᠠᠵᠢᠯ ᠤᠨ ᠠᠮᠵᠢᠯᠳᠠ        ᠰᠠᠶ᠋ᠢᠬᠠᠨ ᠦᠩᠭᠡᠷᠡᠭᠰᠡᠨ 2015 ᠤᠨ ᠳᠤ  ᠬᠤᠰᠢᠭᠤ ᠨᠠᠮ ᠤᠨ ᠬᠤᠷᠢᠶᠠᠨ ᠤ ᠵᠦᠪ ᠤᠨᠤᠪᠴᠢᠳᠠᠢ ᠤᠳᠤᠷᠢᠳᠤᠯᠭ᠎ᠠ ᠲᠤᠤᠷ᠎ᠠ᠂ ᠬᠤᠰᠢᠭᠤ  ᠠᠷᠠᠳ  ᠎ ᠤᠨ  ᠲᠦᠯᠦᠭᠡᠯᠡᠭᠴᠢᠳ ᠤᠨ ᠶᠡᠭᠡ  ᠬᠤᠷᠠᠯ  ᠂ ᠤᠯᠤᠰ  ᠲᠦᠷᠦ  ᠎ ᠶᠢᠨ  ᠵᠦᠪᠯᠡᠯᠭᠡᠨ  ᠎ ᠤ  ᠬᠢᠨᠠᠯᠳᠠ  ᠪᠠ ᠲᠡᠮᠵᠢᠯᠬᠡ ᠲᠤᠤᠷ᠎ᠠ᠂  ᠪᠢᠳᠡ ᠪᠦᠬᠦ ᠬᠤᠰᠢᠭᠤᠨ ᠤ ᠡᠯ᠎ᠡ ᠦᠨᠳᠦᠰᠦᠳᠡᠨ ᠤ ᠺᠠᠳᠠᠷ ᠤᠯᠠᠨ ᠲᠦᠮᠡᠨ  ᠎ ᠢᠶᠠᠨ ᠪᠦᠯᠬᠦᠮᠳᠡᠬᠦᠯᠦᠨ ᠲᠠᠶᠢᠴᠢᠯᠠᠵᠤ  ᠂  ᠠᠵᠤ ᠠᠬᠤᠢ ᠨᠡᠶᠢᠬᠡᠮ ᠤᠨ ᠬᠦᠭᠵᠢᠯᠳᠡ ᠶᠢᠨ ᠰᠢᠨ᠎ᠡ ᠬᠡᠪ ᠪᠠᠶᠢᠳᠠᠯ ᠳᠤ ᠢᠳᠡᠪᠬᠢᠳᠡᠢ ᠪᠠᠷ ᠵᠤᠬᠢᠴᠠᠯᠳᠤᠨ᠂  ᠨᠡᠮᠡᠭᠳᠡᠯ ᠢ ᠲᠤᠭᠳᠠᠪᠤᠷᠢᠵᠢᠭᠤᠯᠬᠤ᠂ ᠪᠦᠷᠢᠯᠳᠦᠴᠡ ᠶᠢ ᠲᠤᠬᠢᠷᠠᠭᠤᠯᠬᠤ᠂ ᠦᠬᠡᠷᠡᠴᠢᠯᠡᠯᠳᠡ ᠶᠢ ᠠᠬᠢᠭᠤᠯᠬᠤ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠲᠡᠭᠡᠷ᠎ᠡ ᠬᠦᠴᠦ ᠲᠠᠯᠪᠢᠵᠤ᠂  ᠠᠵᠠ ᠲᠤᠬᠢᠶᠠᠯ ᠢ ᠡᠵᠡᠮᠳᠡᠨ᠂ ᠬᠦᠴᠢᠷ ᠪᠡᠷᠭᠡ ᠶᠢ ᠢᠯᠠᠵᠤ᠂   ᠡᠷᠴᠢᠮᠳᠡᠢ ᠠᠳᠬᠤᠵᠤ ᠪᠤᠳᠠᠳᠠᠢ ᠠᠵᠢᠯᠯᠠᠭᠰᠠᠨ ᠢᠶᠠᠷ  ᠠᠵᠤ ᠠᠬᠤᠢ ᠨᠡᠶᠢᠬᠡᠮ ᠤᠨ  ᠲᠤᠭᠳᠠᠭᠤᠨ  ᠪᠦᠬᠡᠳ ᠨᠡᠯᠢᠶᠡᠳ ᠲᠦᠷᠭᠡᠨ  ᠬᠦᠭᠵᠢᠯᠳᠡ ᠶᠢᠨ ᠪᠠᠶᠢᠳᠠᠯ ᠢᠶᠠᠨ  ᠪᠠᠳᠤᠯᠠᠵᠤ ᠢᠷᠡᠵᠡᠢ  ᠃   ᠣᠷᠣᠨ  ᠨᠤᠲᠤᠭ  ᠎ ᠤᠨ ᠦᠢᠯᠡᠳᠪᠦᠷᠢᠯᠡᠯ  ᠎ ᠤᠨ  ᠶᠡᠷᠦᠩᠬᠡᠢ  ᠥᠷᠲᠡᠭ 50.1 ᠳ᠋ᠦᠩᠰᠢᠭᠤᠷ ᠲᠥᠭᠦᠷᠢᠭ  ᠎ ᠢ ᠪᠡᠶᠡᠯᠡᠬᠦᠯᠵᠦ᠂   8 %᠎ ᠪᠠᠷ  ᠨᠡᠮᠡᠭᠳᠡᠨ  ︔   ᠨᠢᠬᠡᠳᠦᠭᠡᠷ ᠠᠵᠤ ᠦᠢᠯᠡᠰ 12.9  ᠳ᠋ᠦᠩᠰᠢᠭᠤᠷ ᠲᠦᠬᠦᠷᠢᠭ  ᠪᠡᠶᠡᠯᠡᠬᠦᠯᠵᠦ᠂ 4.5 %᠎ ᠪᠠᠷ  ᠨᠡᠮᠡᠭᠳᠡᠨ  ︔  ᠬᠤᠶᠠᠳᠤᠭᠠᠷ ᠠᠵᠤ ᠦᠢᠯᠡᠰ 20.4  ᠳ᠋ᠦᠩᠰᠢᠭᠤᠷ ᠲᠦᠬᠦᠷᠢᠭ  ᠪᠡᠶᠡᠯᠡᠬᠦᠯᠵᠦ᠂ 11.7 %᠎ ᠪᠠᠷ  ᠨᠡᠮᠡᠭᠳᠡᠨ  ︔  ᠭᠤᠷᠪᠠᠳᠤᠭᠠᠷ ᠠᠵᠤ ᠦᠢᠯᠡᠰ 16.8 ᠳ᠋ᠦᠩᠰᠢᠭᠤᠷ ᠲᠦᠬᠦᠷᠢᠭ  ᠪᠡᠶᠡᠯᠡᠬᠦᠯᠵᠦ᠂ 6 %᠎ ᠪᠠᠷ  ᠨᠡᠮᠡᠭᠳᠡᠨ︔  ᠪᠦᠬᠦ ᠨᠡᠶᠢᠬᠡᠮ ᠤᠨ ᠲᠤᠭᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ 31.3 ᠳ᠋ᠦᠩᠰᠢᠭᠤᠷ ᠲᠦᠬᠦᠷᠢᠭ ᠲᠤ  ᠬᠦᠷᠴᠦ᠂ 15.2 % ᠎ ᠪᠠᠷ ᠨᠡᠮᠡᠭᠳᠡᠪᠡ᠃  ᠨᠡᠶᠢᠳᠡ ᠶᠢᠨ ᠡᠳ᠋ ᠤᠨ ᠵᠠᠰᠠᠭ ᠤᠨ ᠲᠦᠰᠦᠪ ᠤᠨ ᠣᠷᠣᠯᠭ᠎ᠠ 1.19 ᠳ᠋ᠦᠩᠰᠢᠭᠤᠷ ᠲᠦᠬᠦᠷᠢᠭ ᠎ ᠲᠤ ᠬᠦᠷᠴᠦ 15 %᠎ ᠪᠠᠷ ᠨᠡᠮᠡᠭᠳᠡᠨ︔ ᠨᠡᠶᠢᠬᠡᠮ ᠤᠨ ᠭᠡᠷᠡᠭᠯᠡᠭᠡᠨ ᠤ ᠪᠤᠳᠠᠰ ᠤᠨ ᠵᠢᠵᠢᠭᠯᠡᠨ ᠪᠤᠷᠤᠯᠠᠭᠤᠯᠤᠭᠰᠠᠨ  ᠶᠡᠷᠦᠩᠬᠡᠢ ᠬᠡᠮᠵᠢᠶ᠎ᠡ 18.4 ᠳ᠋ᠦᠩᠰᠢᠭᠤᠷ ᠲᠦᠭᠦᠷᠢᠭ ᠲᠤ ᠬᠦᠷᠴᠦ᠂ 7 %᠎ ᠪᠠᠷ  ᠨᠡᠮᠡᠭᠳᠡᠨ︔ ᠬᠤᠳᠠ  ᠬᠦᠳᠡᠭᠡ ᠶᠢᠨ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ ᠬᠦᠮᠦᠨ ᠳᠤᠮᠳᠠᠴᠢ ᠲᠤᠬᠢᠷᠠᠭᠤᠯᠵᠤ ᠪᠤᠯᠬᠤᠶᠢᠴᠠ ᠤᠷᠤᠯᠭ᠎ᠠ 28113 ᠲᠦᠬᠦᠷᠢᠭ ᠪᠠ 9072 ᠲᠦᠭᠦᠷᠢᠭ ᠲᠤ ᠬᠦᠷᠴᠦ᠂ ᠲᠤᠰᠪᠤᠷᠢ 8.9 %  ᠪᠠ 7.9 %  ᠎ ᠪᠠᠷ ᠨᠡᠮᠡᠭᠳᠡᠪᠡ  ᠃   ᠡᠶᠢᠨᠬᠦ᠂ ᠠᠵᠤ ᠠᠬᠤᠢ ᠶᠢᠨ ᠡᠷᠬᠢᠯᠳᠦᠯ ᠲᠤᠭᠳᠠᠭᠤᠨ ᠤ ᠲᠤᠮᠳᠠ ᠠᠬᠢᠵᠤ᠂ ᠲᠤᠭᠳᠠᠭᠤᠨ ᠤ ᠲᠤᠮᠳᠠ ᠰᠠᠶᠢᠵᠢᠷᠠᠭᠰᠠᠨ ᠪᠠᠶᠢᠨ᠎ᠠ᠃       ᠲᠠᠷᠢᠶᠠᠯᠠᠩ ᠮᠠᠯ ᠠᠵᠤ ᠠᠬᠤᠢ ᠶᠢᠨ ᠰᠠᠭᠤᠷᠢ ᠤᠯᠠᠮ ᠨᠢᠬᠡ ᠠᠯᠬᠤᠮ ᠪᠠᠬᠢᠵᠢᠭ᠍ᠰᠡᠨ᠃  ᠲᠠᠷᠢᠶᠠᠯᠠᠩ ᠮᠠᠯᠵᠢᠯ ᠎ ᠤᠨ ᠪᠦᠷᠢᠯᠳᠦᠴᠡ ᠶᠢᠨ ᠲᠤᠬᠢᠷᠠᠭᠤᠯᠤᠯᠳᠠ ᠶᠢ ᠤᠯᠠᠮ ᠰᠠᠶᠢᠨ ᠠᠳᠬᠤᠵᠤ᠂  ︽ᠲᠦᠮᠦᠰᠦ ᠶᠢ ᠨᠡᠮᠡᠭᠳᠡᠬᠦᠯᠵᠦ ᠨᠤᠭᠤᠭ᠎ᠠ ᠶᠢ ᠲᠤᠭᠳᠠᠪᠤᠷᠢᠵᠢᠭᠤᠯᠬᠤ︾ ᠰᠡᠳᠬᠢᠴᠡ ᠶᠤᠰᠤᠭᠠᠷ᠂  ᠢᠳᠡᠰᠢᠨ ᠨᠤᠭᠤᠭ᠎ᠠ᠂ ᠲᠡᠵᠢᠬᠡᠯ ᠪᠤᠷᠳᠤᠭ᠎ᠠ ᠪᠠ ᠲᠦᠮᠦᠰᠦᠨ ᠤ ᠠᠵᠤ ᠦᠢᠯᠡᠰ ᠢ ᠪᠠᠳᠤᠳᠬᠠᠨ ᠬᠦᠭᠵᠢᠬᠦᠯᠵᠦ᠂  ᠭᠤᠷᠪᠠᠨ ᠲᠦᠷᠦᠯ ᠤᠨ ᠲᠠᠷᠢᠮᠠᠯ ᠤᠨ ᠲᠠᠯᠠᠪᠠᠢ ᠨᠢ  ᠶᠡᠷᠦᠩᠬᠡᠢ ᠲᠠᠷᠢᠶᠠᠯᠠᠩ ᠤᠨ ᠲᠠᠯᠠᠪᠠᠢ  ᠎ ᠶᠢᠨ 83 %᠎ ᠶᠢ ᠡᠵᠡᠯᠡᠵᠦ᠂ ᠲᠠᠷᠢᠮᠠᠯ ᠤᠨ ᠶᠡᠷᠦᠩᠬᠡᠢ ᠤᠨᠠᠯᠳᠠ 7 ᠳ᠋ᠦᠩᠰᠢᠭᠤᠷ ᠺᠢᠯᠤᠭ᠍ᠷᠠᠮ ᠳᠤ  ᠬᠦᠷᠴᠡᠢ᠃  ︽ ᠪᠤᠭ ᠮᠠᠯ ᠢ ᠪᠤᠳᠠ ᠮᠠᠯ  ᠎ ᠢᠶᠠᠷ ᠰᠤᠯᠢᠵᠤ᠂  ᠮᠠᠭᠤ ᠡᠬᠦᠯᠳᠡᠷ ᠢ ᠰᠠᠶᠢᠨ ᠡᠬᠦᠯᠳᠡᠷ ᠢᠶᠠᠷ ᠤᠷᠤᠯᠠᠭᠤᠯᠬᠤ︾ ᠠᠵᠢᠯ ᠢ ᠢᠳᠡᠪᠬᠢᠳᠡᠢ ᠲᠦᠯᠬᠢᠨ  ᠠᠬᠢᠭᠤᠯᠤᠭᠠᠳ᠂  ᠵᠤᠨ ᠤ ᠲᠤᠭᠠᠯᠠᠯᠭ᠎ᠠ ᠳᠤ 53.4 ᠲᠦᠮᠡᠨ ᠮᠠᠯ  ᠪᠦᠷᠢᠳᠭᠡᠵᠦ᠂ 31.8  ᠲᠦᠮᠡ ᠶᠢ ᠵᠠᠷᠤᠴᠠᠭᠤᠯᠤᠭᠠᠳ᠂  ᠮᠠᠯ ᠤᠨ ᠵᠠᠷᠤᠴᠠᠭᠤᠯᠤᠯᠳᠠ 45.7 %᠎ ᠢᠶᠠᠷ ᠨᠡᠮᠡᠭᠳᠡᠭᠰᠡᠨ ᠪᠠᠶᠢᠨ᠎ᠠ᠃ ᠲᠦᠬᠦᠭᠡᠷᠦᠮᠵᠢᠳᠦ ᠲᠠᠷᠢᠶᠠᠯᠠᠩ  ᠎ ᠤᠨ ᠲᠠᠯᠠᠪᠠᠢ 6900 ᠮᠤ᠋  ᠂  ᠤᠰᠤ ᠠᠷᠪᠢᠯᠠᠬᠤ ᠤᠰᠤᠯᠠᠯᠳᠠ ᠶᠢᠨ ᠲᠠᠯᠠᠪᠠᠢ 3.3 ᠲᠦᠮᠡᠨ ᠮᠤ᠋᠂ ᠮᠠᠯ ᠤᠨ  ᠫᠧᠩ 7.3 ᠲᠦᠮᠡᠨ ᠬᠠᠪᠳᠠᠭᠠᠢ ᠲᠦᠷᠪᠡᠯᠵᠢᠨ ᠮᠧᠲᠷ᠂  ᠡᠪᠡᠰᠦ ᠬᠠᠳᠠᠭᠠᠯᠠᠬᠤ ᠰᠠᠷᠠᠪᠴᠢ 0.5 ᠲᠦᠮᠡᠨ ᠬᠠᠪᠳᠠᠭᠠᠢ ᠲᠦᠷᠪᠡᠯᠵᠢᠨ ᠮᠧᠲᠷ᠂  ᠨᠤᠭᠤᠭᠠᠨ ᠲᠠᠷᠤᠰᠢ ᠶᠢᠨ ᠵᠤᠭᠤᠷᠢ 1.8 ᠲᠦᠮᠡᠨ ᠪᠤᠰᠤᠭ᠎ᠠ ᠲᠦᠷᠪᠡᠯᠵᠢᠨ ᠮᠧᠲᠷ᠂  ᠢᠳᠡᠰᠢᠨ ᠨᠤᠭᠤᠭᠠᠨ ᠤ ᠬᠦᠯᠡᠮᠵᠢ 100 ᠰᠠᠭᠤᠷᠢ᠂    ᠰᠠᠭᠠᠯᠢ ᠶᠢᠨ ᠦᠨᠢᠶ᠎ᠡ᠂ ᠮᠢᠬᠠᠨ ᠤ ᠦᠬᠡᠷ ᠬᠤᠨᠢᠨ ᠤ ᠪᠠᠷᠢᠮᠵᠢᠶᠠᠳᠤ ᠮᠠᠯᠵᠢᠯ ᠤᠨ ᠲᠠᠯᠠᠪᠠᠢ 10 ᠰᠠᠭᠤᠷᠢ  ᠨᠡᠮᠡᠭᠳᠡᠪᠡ  ᠃  ᠲᠤᠬᠢᠷᠠᠮᠵᠢᠳᠠᠢ ᠭᠡᠪᠴᠢᠶᠡᠵᠢᠭᠰᠡᠨ ᠡᠵᠡᠩᠨᠡᠯᠳᠡ  ᠬᠢᠭᠡᠳ ᠠᠵᠤ ᠦᠢᠯᠡᠰᠵᠢᠭᠰᠡᠨ ᠬᠦᠭᠵᠢᠯᠳᠡ ᠶᠢ ᠲᠠᠰᠤᠷᠠᠯᠳᠠ ᠦᠬᠡᠢ ᠲᠦᠯᠬᠢᠨ  ᠠᠬᠢᠭᠤᠯᠤᠭᠠᠳ᠂  ᠤᠷᠤᠨ ᠤ ᠲᠡᠰ ᠤᠨ ᠲᠠᠭᠠᠭᠤᠯᠤᠭᠴᠢ ᠠᠵᠤ ᠠᠬᠤᠶᠢᠯᠠᠯ 4 ᠡᠷᠦᠬᠡ  ᠂  ᠠᠶᠢᠮᠠᠭ ᠤᠨ ᠲᠡᠰ ᠤᠨ ᠲᠠᠭᠠᠭᠤᠯᠤᠭᠴᠢ ᠠᠵᠤ ᠠᠬᠤᠶᠢᠯᠠᠯ  3 ᠡᠷᠦᠬᠡ  ᠪᠤᠯᠵᠤ᠂ 50 ᠡᠷᠦᠬᠡ ᠲᠤᠰᠬᠠᠢ ᠬᠤᠷᠰᠢᠶᠠᠵᠢᠯ ᠢ ᠲᠦᠷᠢᠮᠵᠢᠬᠦᠯᠦᠨ ᠬᠦᠭᠵᠢᠬᠦᠯᠵᠦ᠂ 10 ᠡᠷᠦᠬᠡ ᠶᠢ ᠨᠡᠶᠢᠳᠡᠯᠢᠭ ᠵᠢᠱᠢᠶ᠎ᠡ ᠪᠤᠯᠭᠠᠭᠰᠠᠨ ᠪᠠᠶᠢᠨ᠎ᠠ᠃  ᠮᠡᠷᠭᠡᠵᠢᠯ ᠢᠶᠠᠷ ᠲᠤᠯᠭᠠᠭᠤᠷᠢᠯᠠᠬᠤ ᠠᠵᠢᠯ ᠢ ᠦᠷᠬᠦᠯᠵᠢᠯᠡᠨ ᠴᠢᠩᠭᠠᠳᠬᠠᠵᠤ᠂  ᠰᠢᠨ᠎ᠡ ᠬᠡᠯᠪᠡᠷᠢ ᠶᠢᠨ ᠲᠤᠬᠠᠶᠢᠯᠠᠭᠰᠠᠨ ᠠᠵᠢᠯ ᠤᠨ ᠮᠠᠯᠴᠢᠨ ᠲᠠᠷᠢᠶᠠᠴᠢᠨ ᠢᠶᠠᠷ 787  ᠬᠦᠮᠦᠨ ᠢ ᠬᠦᠮᠦᠵᠢᠬᠦᠯᠵᠡᠢ᠃  ᠨᠡᠷᠡᠳᠦ ᠲᠡᠮᠳᠡᠭ ᠤᠨ ᠪᠠᠶᠢᠭᠤᠯᠤᠯᠳᠠ ᠶᠢ ᠴᠢᠩᠭᠠᠳᠬᠠᠵᠤ᠂  ᠬᠤᠩ ᠵᠢᠩ ᠶᠤᠸᠠᠨ᠂ ᠭᠧ ᠷᠦᠢ ᠳ᠋ᠧ ᠵᠡᠷᠭᠡ ᠨᠡᠷᠡᠳᠦ ᠲᠡᠮᠳᠡᠭ  ᠎ ᠤᠨ  ᠨᠡᠷ᠎ᠡ ᠠᠯᠳᠠᠷᠰᠢᠯ ᠪᠠ ᠵᠠᠬ᠎ᠠ ᠲᠡᠯᠬᠡᠬᠦᠷ ᠤᠨ ᠡᠵᠡᠯᠡᠵᠡ ᠤᠯᠠᠮ ᠨᠢᠬᠡ ᠠᠯᠬᠤᠮ ᠨᠡᠮᠡᠭᠳᠡᠪᠡ᠃ ᠬᠦᠳᠡᠭᠡ ᠲᠤᠰᠬᠤᠨ ᠤ ᠭᠠᠵᠠᠷ ᠰᠢᠷᠤᠢ ᠶᠢᠨ ᠦᠮᠴᠢᠯᠡᠯ ᠤᠨ ᠡᠷᠭᠡ ᠶᠢ ᠲᠤᠳᠤᠯᠠᠬᠤ ᠠᠵᠢᠯ  ᠪᠦᠬᠦ ᠲᠠᠯᠠᠪᠠᠷ ᠦᠷᠨᠢᠵᠦ ᠡᠬᠢᠯᠡᠭᠰᠡᠨ ᠪᠠᠶᠢᠨ᠎ᠠ᠃     ᠰᠢᠨ᠎ᠡ ᠬᠡᠯᠪᠡᠷᠢ ᠶᠢᠨ ᠠᠵᠤ ᠦᠢᠯᠡᠳᠪᠦᠷᠢᠵᠢᠯᠳᠡ ᠶᠢᠨ ᠠᠯᠬᠤᠭ᠎ᠠ ᠲᠦᠷᠭᠡᠰᠦᠭᠰᠡᠨ᠃ ᠲᠠᠯᠳᠠ ᠬᠦᠴᠦᠨ  ᠬᠢᠭᠡᠳ  ᠲᠠᠪᠠᠭᠤᠯᠢᠭ ᠲᠠᠯ᠎ᠠ ᠪᠠᠨ ᠬᠦᠨᠵᠡᠬᠡᠢ ᠠᠭᠤᠳᠠᠯᠠᠨ ᠢᠯᠡᠷᠡᠬᠦᠯᠵᠦ᠂  ᠠᠵᠤ ᠦᠢᠯᠡᠳᠪᠦᠷᠢ ᠶᠢᠨ ᠶᠡᠷᠦᠩᠬᠡᠢ ᠬᠡᠮᠵᠢᠶ᠎ᠡ ᠶᠢ ᠬᠦᠴᠦ ᠲᠠᠯᠪᠢᠵᠤ  ᠶᠡᠭᠡᠰᠭᠡᠭᠡᠳ᠂  ᠭᠡᠪᠴᠢᠶᠡᠵᠢᠯ ᠠᠴᠠ ᠲᠡᠭᠡᠭᠰᠢᠬᠢ ᠠᠵᠤ ᠦᠢᠯᠡᠳᠪᠦᠷᠢ ᠶᠢᠨ ᠠᠵᠤ ᠠᠬᠤᠶᠢᠯᠠᠯ 1 ᠡᠷᠦᠬᠡ  ᠨᠡᠮᠡᠭᠳᠡᠨ᠂  ᠨᠡᠶᠢᠳᠡ 26 ᠡᠷᠦᠬᠡ ᠪᠤᠯᠵᠤ᠂  ᠠᠵᠤ ᠦᠢᠯᠡᠳᠪᠦᠷᠢ ᠶᠢᠨ ᠨᠡᠮᠡᠭᠳᠡᠯ ᠦᠷᠳᠡᠭ  17.4 ᠳ᠋ᠦᠩᠰᠢᠭᠤᠷ ᠲᠦᠬᠦᠷᠢᠭ ᠢ ᠪᠡᠶᠡᠯᠡᠬᠦᠯᠦᠨ᠂ 13.4 %᠎ ᠪᠠᠷ ᠨᠡᠮᠡᠭᠳᠡᠭᠰᠡᠨ ᠪᠠᠶᠢᠨ᠎ᠠ᠃ ᠪᠤᠤᠴᠠᠩ ᠤᠨ ᠲᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠤᠷᠤᠨ ᠲᠤᠭᠤᠷᠢᠭ ᠨᠢ 1.2 ᠳ᠋ᠦᠩᠰᠢᠭᠤᠷ ᠲᠦᠬᠦᠷᠢᠭ ᠤᠨ ᠪᠡᠯᠡ ᠤᠷᠤᠭᠤᠯᠤᠨ᠂ ᠰᠠᠭᠤᠷᠢ ᠲᠦᠬᠦᠭᠡᠷᠦᠮᠵᠢ  ᠎ ᠪᠠᠨ ᠤᠯᠠᠮ ᠨᠢᠬᠡ ᠠᠯᠬᠤᠮ  ᠪᠦᠷᠢᠨᠰᠢᠬᠦᠯᠵᠦ᠂ 12 ᠠᠵᠤ ᠠᠬᠤᠶᠢᠯᠠᠯ ᠤᠷᠤᠨ ᠲᠤᠭᠤᠷᠢᠭ ᠲᠤ ᠤᠷᠤᠵᠤ ᠨᠤᠳᠤᠭᠰᠢᠭᠰᠠᠨ ᠪᠠᠶᠢᠨ᠎ᠠ᠃  ᠲᠠᠯ᠎ᠠ ᠨᠤᠳᠤᠭ ᠠᠷᠢᠬᠢᠨ ᠦᠢᠯᠡᠳᠪᠦᠷᠢ ᠬᠢᠭᠡᠳ ᠬᠤᠩ ᠵᠢᠩ ᠶᠤᠸᠠᠨ ᠲᠤᠰᠤᠨ ᠤ ᠦᠢᠯᠡᠳᠪᠦᠷᠢ ᠶᠢᠨ ᠮᠡᠷᠭᠡᠵᠢᠯ ᠢᠶᠠᠨ ᠦᠬᠡᠷᠡᠴᠢᠯᠡᠵᠦ  ᠦᠢᠯᠡᠳᠪᠦᠷᠢ ᠪᠠᠨ  ᠨᠡᠬᠦᠯᠬᠡᠬᠦ ᠲᠦᠷᠦᠯ ᠵᠦᠢᠯ ᠨᠢ  ᠤᠷᠤᠭᠰᠢᠳᠠᠢ ᠶᠠᠪᠤᠭᠳᠠᠵᠤ᠂  ᠬᠠᠷ᠎ᠠ ᠠᠷᠢᠬᠢ ᠪᠠ ᠶᠠᠮᠠ ᠶᠢᠨ ᠲᠤᠰᠤᠨ ᠤ ᠨᠡᠷ᠎ᠡ ᠠᠯᠳᠠᠷᠰᠢᠯ ᠬᠢᠭᠡᠳ ᠵᠠᠬ᠎ᠠ ᠲᠡᠯᠬᠡᠬᠦᠷ ᠤᠨ ᠭᠠᠷᠭᠠᠯᠳᠠ ᠵᠡᠷᠭᠡᠪᠡᠷ ᠲᠡᠭᠡᠭᠰᠢᠯᠡᠵᠦ ᠢᠷᠡᠪᠡ᠃  ᠫᠧᠩ ᠰᠢᠶᠠᠩ ᠭᠤᠸᠠᠩ ᠳ᠋ᠠ ᠰᠢᠨ᠎ᠡ ᠡᠨᠧᠷᠬᠢ ᠶᠢᠨ ᠠᠵᠤ ᠦᠢᠯᠡᠰ᠂ ᠺᠧ ᠲᠠᠢ ᠯᠦᠩ ᠳ᠋ᠠ ᠴᠡᠪᠡᠷ ᠤᠰᠤᠨ ᠤ ᠲᠦᠬᠦᠭᠡᠷᠦᠮᠵᠢ ᠦᠢᠯᠡᠳᠬᠦ ᠲᠦᠷᠦᠯ ᠵᠦᠢᠯ ᠵᠡᠷᠭᠡ ᠨᠢ ᠲᠤᠷᠰᠢᠨ ᠦᠢᠯᠡᠳᠪᠦᠷᠢᠯᠡᠬᠦ ᠱᠠᠳᠤᠨ ᠳᠤ ᠤᠷᠤᠵᠤ᠂  ᠲᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ  ᠬᠦᠭᠵᠢᠯᠳᠡ ᠶᠢᠨ ᠭᠠᠷᠤᠭ᠎ᠠ  ᠎ ᠳᠤ  ᠨᠡᠯᠢᠶᠡᠳ ᠶᠡᠭᠡ  ᠬᠦᠴᠢᠷᠳᠡᠯ ᠲᠤᠯᠭᠠᠷᠠᠵᠤ ᠪᠠᠶᠢᠭ᠎ᠠ᠃ ᠳ᠋ᠠᠯᠢᠶᠠᠨ ᠤ ᠲᠡᠮᠦᠷᠯᠢᠭ ᠬᠠᠶᠢᠯᠤᠭᠤᠯᠵᠤ ᠲᠡᠩᠬᠡᠯᠢᠭ ᠦᠢᠯᠡᠳᠬᠦ ᠲᠦᠷᠦᠯ ᠵᠦᠢᠯ ᠨᠢ ᠭᠠᠵᠠᠷ ᠰᠢᠷᠤᠢ ᠲᠠᠳᠠᠪᠤᠷᠢᠯᠠᠬᠤ ᠵᠡᠷᠭᠡ ᠲᠦᠷᠦᠬᠦᠴᠢ ᠬᠤᠭᠤᠴᠠᠭᠠᠨ ᠤ ᠠᠵᠢᠯ ᠢᠶᠠᠨ ᠲᠠᠭᠤᠰᠬᠠᠪᠠ᠃  ᠲᠤᠮᠳᠠ ᠪᠠᠭ᠎ᠠ ᠠᠵᠤ ᠠᠬᠤᠶᠢᠯᠠᠯ ᠤᠨ ᠦᠢᠯᠡᠰ ᠪᠦᠳᠦᠬᠡᠬᠦ ᠤᠷᠤᠨ ᠲᠤᠭᠤᠷᠢᠭ ᠲᠤ 12 ᠠᠵᠤ ᠠᠬᠤᠶᠢᠯᠠᠯ  ᠨᠤᠳᠤᠭᠰᠢᠬᠤ ᠭᠡᠷ᠎ᠡ  ᠲᠤᠭᠳᠠᠭᠠᠳ  ᠂ 1 ᠡᠷᠦᠬᠡ ᠨᠢ ᠦᠢᠯᠡᠳᠪᠦᠷᠢᠯᠡᠯ ᠢᠶᠠᠨ ᠡᠬᠢᠯᠡᠭᠰᠡᠨ ᠪᠠᠶᠢᠨ᠎ᠠ᠃  ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠡᠳᠡᠰᠢᠬᠦᠯᠦᠨ ᠪᠤᠯᠪᠠᠰᠤᠷᠠᠭᠤᠯᠬᠤ ᠵᠢᠱᠢᠶ᠎ᠡ ᠦᠵᠡᠬᠦᠯᠬᠦ ᠤᠷᠤᠨ ᠲᠤᠭᠤᠷᠢᠭ ᠤᠨ ᠪᠦᠳᠦᠭᠡᠨ ᠪᠠᠶᠢᠭᠤᠯᠤᠯᠳᠠ ᠶᠢ ᠲᠦᠯᠦᠪᠵᠢᠬᠦᠯᠵᠦ᠂ ᠪᠡᠯᠡᠳᠭᠡᠯ ᠠᠵᠢᠯ ᠪᠦᠬᠦ ᠲᠠᠯᠠᠪᠠᠷ ᠡᠬᠢᠯᠡᠪᠡ᠃  ᠰᠢᠯᠢ ᠶᠢᠨ ᠭᠤᠤᠯ ᠠᠶᠢᠮᠠᠭ ᠎ ᠤᠨ ᠰᠢᠨ᠎ᠡ ᠡᠨᠧᠷᠬᠢ ᠶᠢᠨ ᠠᠵᠤ ᠦᠢᠯᠡᠰ  ᠎ ᠢ ᠬᠦᠭᠵᠢᠬᠦᠯᠬᠦ ᠬᠤᠯᠪᠤᠭᠠᠯᠠᠯ ᠢ ᠪᠠᠶᠢᠭᠤᠯᠵᠤ᠂  ᠪᠦᠬᠦ ᠵᠢᠯ ᠳᠤᠠᠷᠠᠯᠵᠢᠶᠠᠴᠢᠨ ᠤᠷᠢᠵᠤ ᠤᠷᠤᠭᠤᠯᠤᠭᠰᠠᠨ ᠪᠡᠯᠡ 18.85 ᠳ᠋ᠦᠩᠰᠢᠭᠤᠷ ᠲᠦᠬᠦᠷᠢᠭ ᠲᠤ ᠬᠦᠷᠴᠡᠢ᠃       ᠦᠢᠯᠡᠴᠢᠯᠡᠬᠡᠨ ᠤ ᠦᠢᠯᠡᠰ  ᠎ ᠤᠨ ᠬᠦᠭᠵᠢᠯᠳᠡ ᠶᠢᠨ ᠬᠠᠨᠳᠤᠰᠢ ᠰᠠᠶᠢᠨ ᠪᠠᠶᠢᠭ᠎ᠠ  ᠃   ᠵᠢᠭᠤᠯᠴᠢᠯᠠᠯ ᠤᠨ ᠦᠵᠡᠮᠵᠢ ᠶᠢᠨ ᠤᠷᠤᠨ ᠤ ᠪᠦᠳᠦᠬᠡᠨ ᠪᠠᠶᠢᠭᠤᠯᠤᠯᠳᠠ ᠶᠢ  ᠲᠦᠯᠬᠢᠨ ᠠᠬᠢᠭᠤᠯᠵᠤ᠂ ︽ᠬᠠᠭᠠᠨ ᠤ ᠠᠳᠤᠭᠤᠨ  ᠵᠤᠰᠠᠭᠠᠯ︾᠎ ᠤᠨ ᠲᠡᠷᠭᠡ ᠤᠨᠤᠭᠠᠨ ᠤ ᠰᠠᠭᠤᠷᠢᠨ᠂ ᠵᠤᠴᠢᠳ ᠲᠤ ᠦᠢᠯᠡᠴᠢᠯᠡᠬᠦ ᠲᠦᠪ ᠵᠡᠷᠭᠡ ᠢᠵᠢ ᠪᠦᠷᠢᠳᠦᠭᠰᠡᠨ ᠲᠦᠬᠦᠭᠡᠷᠦᠮᠵᠢ ᠶᠢᠨ ᠭᠤᠤᠯ ᠴᠤᠭᠴᠠ ᠶᠢᠨ ᠪᠠᠷᠢᠯᠭ᠎ᠠ ᠶᠢ ᠲᠠᠭᠤᠰᠬᠠᠨ᠂  ︽ᠪᠦᠷᠳᠡ ᠴᠢᠨ᠋ᠸ᠎ᠠ ᠶᠢᠨ  ᠨᠤᠳᠤᠭ︾ ᠦᠵᠡᠮᠵᠢ ᠶᠢᠨ ᠤᠷᠤᠨ ᠤ ᠪᠦᠳᠦᠭᠡᠨ ᠪᠠᠶᠢᠭᠤᠯᠤᠯᠳᠠ ᠡᠬᠢᠯᠡᠭᠰᠡᠨ ᠪᠠᠶᠢᠨ᠎ᠠ᠃ ᠲᠤᠮᠳᠠᠳᠤ ᠤᠯᠤᠰ ᠤᠨ  ᠮᠤᠷᠢᠨ ᠮᠡᠷᠭᠡᠵᠢᠯ ᠤᠨ ᠨᠡᠶᠢᠬᠡᠮᠯᠢᠭ ᠤᠨ ᠬᠤᠯᠠ ᠶᠢᠨ ᠮᠤᠷᠢ  ᠪᠤᠶᠢᠵᠢᠭᠤᠯᠵᠤ  ᠰᠤᠷᠭᠠᠬᠤ ᠰᠠᠭᠤᠷᠢᠨ ᠭᠠᠵᠠᠷ ᠬᠢᠭᠡᠳ ᠪᠡᠭᠡᠵᠢᠩ ᠤᠨ ᠮᠤᠷᠢᠨ ᠮᠡᠷᠭᠡᠵᠢᠯ ᠤᠨ ᠨᠡᠶᠢᠬᠡᠮᠯᠢᠭ ᠤᠨ ᠬᠤᠯᠠ  ᠎ ᠶᠢᠨ ᠮᠤᠷᠢ ᠰᠤᠷᠭᠠᠬᠤ ᠰᠠᠭᠤᠷᠢᠨ ᠭᠠᠵᠠᠷ ᠮᠠᠨ ᠤ ᠬᠤᠰᠢᠭᠤᠨ ᠳᠤ ᠪᠠᠶᠢᠭᠤᠯᠤᠭᠳᠠᠵᠤ ᠡᠷᠦᠬᠡ ᠰᠡᠬᠦᠪᠡ᠃  ᠫᠤᠤᠲ᠋ᠠᠶᠢᠶ᠋ᠢᠩᠽᠢ ᠶᠢ  ᠦᠪᠡᠷᠮᠢᠴᠡ ᠭᠡᠪ  ᠨᠠᠮᠪᠠ ᠲᠠᠢ ᠠᠳᠤᠭᠤᠳᠤ  ᠪᠠᠯᠭᠠᠰᠤ ᠪᠤᠯᠭᠠᠵᠤ ᠪᠦᠳᠦᠭᠡᠨ ᠪᠠᠶᠢᠭᠤᠯᠬᠤ  ᠲᠦᠰᠦᠪ  ᠲᠦᠯᠦᠪᠵᠢᠬᠦᠯᠬᠡ ᠶᠢ ᠪᠦᠷᠢᠨᠰᠢᠬᠦᠯᠦᠨ ᠲᠤᠭᠳᠠᠭᠠᠵᠤ ᠪᠤᠢ᠃  ᠮᠠᠯᠴᠢᠨ ᠲᠠᠷᠢᠶᠠᠴᠢᠨ ᠡᠷᠦᠬᠡ ᠶᠢᠨ ᠵᠢᠭᠤᠯᠴᠢᠯᠠᠯ ᠢ ᠲᠡᠰ ᠲᠡᠪᠰᠢᠬᠦᠯᠵᠦ᠂  ᠵᠢᠭᠤᠯᠴᠢᠯᠠᠯ ᠤᠨ ᠦᠢᠯᠡᠰ ᠡᠷᠬᠢᠯᠡᠬᠦ  ᠮᠠᠯᠴᠢᠨ ᠲᠠᠷᠢᠶᠠᠴᠢᠨ ᠲᠤᠰᠪᠤᠷᠢ 33 ᠡᠷᠦᠬᠡ ᠪᠠ 26 ᠡᠷᠦᠬᠡ ᠳᠤ ᠬᠦᠷᠴᠡᠢ᠃  ︽ᠠᠷᠪᠠ ᠎ ᠶᠢ ᠪᠦᠷᠬᠦᠬᠦᠯᠬᠦ︾ ᠭᠠᠴᠠᠭ᠎ᠠ ᠲᠤᠰᠬᠤᠨ ᠳᠤ ᠵᠢᠭᠤᠯᠴᠢᠯᠠᠯ ᠤᠨ ᠦᠢᠯᠡᠰ ᠬᠦᠭᠵᠢᠬᠦᠯᠬᠦ  ᠠᠷᠭ᠎ᠠ ᠶᠢ ᠢᠳᠡᠪᠬᠢᠳᠡᠢ ᠰᠦᠪᠡᠭᠴᠢᠯᠡᠵᠦ᠂  ᠬᠤᠩ ᠴᠢ ᠪᠠᠯᠭᠠᠰᠤᠨ ᠤ ᠰᠢᠨ ᠾᠧ ᠲᠤᠰᠬᠤᠨ᠂ ᠪᠤᠤᠴᠠᠩ ᠪᠠᠯᠭᠠᠰᠤᠨ ᠤ ᠴᠢᠶᠤᠤ ᠵᠢᠶᠠ ᠶᠢᠩᠽᠢ ᠶᠢᠨ ᠵᠢᠭᠤᠯᠴᠢᠯᠠᠯ ᠤᠨ ᠲᠦᠷᠦᠯ ᠵᠦᠢᠯ ᠤᠨ ᠲᠦᠯᠦᠪᠵᠢᠬᠦᠯᠬᠡ ᠶᠢ ᠨᠠᠶᠢᠷᠠᠭᠤᠯᠤᠨ ᠡᠬᠢᠯᠡᠪᠡ᠃  ᠲᠤᠰ ᠵᠢᠯ ᠎ ᠳᠤ 43 ᠲᠦᠮᠡ ᠭᠠᠷᠤᠢ ᠵᠢᠭᠤᠯᠴᠢᠯᠠᠭᠴᠢ ︵ᠤᠳᠠᠭ᠎ᠠ︶᠎ ᠶᠢ ᠤᠭᠳᠤᠨ ᠵᠤᠴᠢᠯᠠᠵᠤ᠂ ᠡᠨᠡ ᠨᠢ ᠲᠡᠭᠡᠷ᠎ᠡ ᠵᠢᠯ ᠠᠴᠠ 12 %᠎ ᠪᠠᠷ ᠨᠡᠮᠡᠭᠳᠡᠭᠰᠡᠨ ᠪᠠᠶᠢᠨ᠎ᠠ᠃  ᠠᠷᠠᠯᠵᠢᠶ᠎ᠠ ᠬᠦᠢᠯᠬᠡᠬᠡᠨ ᠤ ᠦᠢᠯᠡᠰ ᠲᠦᠷᠭᠡᠨ ᠬᠦᠭᠵᠢᠵᠦ᠂ ᠰᠤᠮᠤ ᠰᠢᠶᠠᠩ ᠪᠠᠯᠭᠠᠰᠤᠨ ᠤ ᠠᠷᠠᠯᠵᠢᠶᠠᠨ ᠤ ᠲᠦᠪ᠂ ᠠᠮᠤ ᠪᠤᠳᠠᠭᠠᠨ ᠤ ᠬᠦᠮᠦᠷᠭᠡ ᠶᠢᠨ ᠪᠦᠳᠦᠭᠡᠨ ᠪᠠᠶᠢᠭᠤᠯᠤᠯᠳᠠ ᠶᠢ ᠬᠢᠭᠰᠡᠨ ᠪᠠᠶᠢᠨ᠎ᠠ᠃ ᠲᠢᠶᠠᠨ ᠪᠤᠤ ᠮᠠᠰᠢᠨ ᠲᠡᠷᠭᠡ ᠵᠠᠰᠠᠬᠤ ᠪᠠ ᠠᠷᠠᠯᠵᠢᠶᠠᠯᠠᠬᠤ ᠤᠷᠤᠨ ᠲᠤᠭᠤᠷᠢᠭ ᠤᠨ ᠲᠦᠬᠦᠭᠡᠷᠦᠮᠵᠢ ᠶᠢ ᠢᠵᠢ ᠪᠦᠷᠢᠳᠦᠬᠦᠯᠵᠦ᠂  ᠠᠵᠤ ᠠᠬᠤᠶᠢᠯᠠᠯ ᠢ ᠤᠷᠢᠵᠤ ᠨᠤᠳᠤᠭᠰᠢᠭᠤᠯᠬᠤ ᠠᠵᠢᠯ ᠢ ᠬᠢᠪᠡ᠃ ᠡᠯᠧᠺᠲᠷᠤᠨ ᠠᠷᠠᠯᠵᠢᠶᠠᠨ ᠤ ᠶᠠᠪᠤᠳᠠᠯ ᠵᠡᠷᠭᠡ ᠰᠢᠨ᠎ᠡ ᠬᠡᠯᠪᠡᠷᠢ ᠶᠢᠨ ᠠᠵᠤ ᠦᠢᠯᠡᠰ ᠢ ᠢᠳᠡᠪᠬᠢᠳᠡᠢ  ᠬᠦᠭᠵᠢᠬᠦᠯᠵᠦ᠂ ᠶᠢᠦᠮᠠᠢ ᠶᠢᠨ ᠭᠤᠯᠢᠷ᠂ ᠶᠠᠮᠠ  ᠎ ᠶᠢᠨ ᠲᠤᠰᠤ᠂ ᠤᠯᠠᠭᠠᠨ ᠢᠳᠡᠭᠡᠨ᠂  ᠴᠠᠭᠠᠨ ᠢᠳᠡᠭᠡᠨ ᠵᠡᠷᠭᠡ  ᠨᠤᠳᠤᠭ ᠤᠨ ᠭᠠᠷᠤᠯᠳᠠ ᠶᠢ ᠰᠦᠯᠵᠢᠶ᠎ᠡ ᠲᠡᠭᠡᠷ᠎ᠡ ᠲᠠᠸᠠᠷᠴᠢᠯᠠᠨ ᠡᠵᠡᠩᠨᠡᠬᠦ ᠠᠵᠢᠯ ᠦᠷᠨᠢᠬᠦᠨ ᠶᠠᠪᠤᠭᠳᠠᠵᠤ ᠪᠤᠢ᠃  ᠲᠤᠰ ᠵᠢᠯ ᠳᠤ᠂ ᠮᠦᠩᠬᠦᠨ ᠬᠦᠢᠯᠬᠡᠬᠡᠨ ᠤ ᠪᠠᠶᠢᠭᠤᠯᠤᠮᠵᠢ ᠶᠢᠨ ᠬᠠᠳᠠᠭᠠᠯᠠᠮᠵᠢ ᠵᠢᠬᠡᠯᠡᠯᠬᠡ ᠶᠢᠨ ᠦᠯᠡᠳᠡᠪᠦᠷᠢ ᠲᠤᠰᠪᠤᠷᠢ 46.8 ᠳ᠋ᠦᠩᠰᠢᠭᠤᠷ ᠲᠦᠭᠦᠷᠢᠭ  ᠪᠠ 24.5 ᠳ᠋ᠦᠩᠰᠢᠭᠤᠷ ᠲᠦᠭᠦᠷᠢᠭ ᠲᠤ ᠬᠦᠷᠴᠦ᠂  ᠲᠤᠰᠪᠤᠷᠢ 25.8 %  ᠪᠠ 15 %᠎ ᠪᠠᠷ ᠨᠡᠮᠡᠭᠳᠡᠪᠡ᠃  ᠬᠠᠪᠰᠤᠷᠤᠨ  ᠲᠡᠳᠬᠦᠬᠦ ᠲᠦᠷᠦ ᠶᠢᠨ ᠪᠤᠳᠤᠯᠭ᠎ᠠ ᠶᠢ ᠨᠢᠮᠪᠠᠢ ᠨᠠᠶᠢᠳᠠᠪᠤᠷᠢᠵᠢᠭᠤᠯᠵᠤ᠂  ᠲᠤᠮᠳᠠ ᠪᠠᠭ᠎ᠠ ᠵᠢᠵᠢᠭ ᠠᠵᠤ ᠠᠬᠤᠶᠢᠯᠠᠯ ᠳᠤ ᠨᠡᠶᠢᠳᠡ 2600  ᠲᠦᠮᠡᠨ ᠲᠦᠬᠦᠷᠢᠭ ᠤᠨ ᠪᠡᠯᠡ  ᠮᠦᠩᠬᠦ ᠶᠢ ᠵᠤᠬᠢᠴᠠᠭᠤᠯᠤᠨ ᠬᠤᠷᠠᠮᠳᠤᠭᠤᠯᠵᠤ ᠤᠯᠭᠤᠭᠰᠠᠨ ᠪᠠᠶᠢᠨ᠎ᠠ᠃      ᠬᠦᠭᠵᠢᠯᠳᠡ ᠶᠢᠨ ᠨᠦᠬᠦᠴᠡᠯ ᠲᠠᠰᠤᠷᠠᠯᠳᠠ ᠦᠬᠡᠢ ᠰᠠᠶᠢᠵᠢᠷᠠᠭᠰᠠᠨ᠃  ᠠᠮᠢ ᠠᠬᠤᠢ ᠶᠢᠨ ᠬᠠᠮᠠᠭᠠᠯᠠᠯᠳᠠ ᠪᠠ ᠪᠦᠳᠦᠭᠡᠨ ᠪᠠᠶᠢᠭᠤᠯᠤᠯᠳᠠ ᠶᠢ ᠵᠡᠷᠭᠡᠪᠡᠷ ᠶᠠᠪᠤᠭᠳᠠᠭᠤᠯᠵᠤ᠂  ᠪᠡᠯᠴᠢᠭᠡᠷ ᠰᠡᠷᠬᠦᠬᠡᠵᠦ ᠪᠡᠯᠴᠢᠭᠡᠷᠯᠡᠬᠦᠯᠬᠦ ᠶᠢ ᠴᠠᠭᠠᠵᠠᠯᠠᠬᠤ ᠲᠦᠷᠢᠮ ᠢ ᠴᠢᠩᠭ᠎ᠠ ᠭᠡᠷᠡᠭᠵᠢᠬᠦᠯᠦᠨ᠂ ᠱᠠᠩᠨᠠᠵᠤ ᠨᠦᠬᠦᠪᠦᠷᠢᠯᠡᠬᠦ ᠲᠦᠷᠦ ᠶᠢᠨ ᠪᠤᠳᠤᠯᠭ᠎ᠠ ᠶᠢ ᠨᠢᠮᠪᠠᠢ ᠨᠠᠶᠢᠳᠠᠪᠤᠷᠢᠵᠢᠭᠤᠯᠵᠤ᠂  52 ᠲᠦᠮᠡᠨ ᠮᠤ᠋  ᠨᠤᠳᠤᠭ ᠪᠡᠯᠴᠢᠭᠡᠷ ᠲᠤ ᠬᠤᠭᠤᠴᠠᠭᠠᠳᠤ ᠴᠢᠨᠠᠷᠳᠠᠢ ᠪᠠᠷ ᠪᠡᠯᠴᠢᠭᠡᠷᠯᠡᠬᠦᠯᠬᠦ ᠶᠢ  ᠴᠠᠭᠠᠵᠠᠯᠠᠨ  ᠂  54 ᠲᠦᠮᠡᠨ ᠮᠤ᠋  ᠨᠤᠳᠤᠭ ᠪᠡᠯᠴᠢᠭᠡᠷ ᠲᠤ ᠮᠠᠯ ᠪᠡᠯᠴᠢᠭᠡᠷ ᠤᠨ ᠲᠡᠩᠴᠡᠬᠦᠷᠢ ᠎ ᠶᠢᠨ  ᠲᠦᠷᠢᠮ ᠢ ᠭᠡᠷᠡᠭᠵᠢᠬᠦᠯᠪᠡ᠃ ᠡᠯᠡᠰᠦᠨ ᠤ ᠡᠬᠢ ᠵᠠᠰᠠᠬᠤ ᠲᠠᠯᠠᠪᠠᠢ 1 ᠲᠦᠮᠡᠨ ᠮᠤ᠋  ᠂  ᠨᠦᠬᠦᠵᠦ ᠲᠠᠷᠢᠬᠤ ᠲᠠᠯᠠᠪᠠᠢ 10.3 ᠲᠦᠮᠡᠨ ᠮᠤ᠋  ᠂  ᠠᠰᠢᠭ ᠮᠠᠭᠤᠳᠠᠢ ᠤᠢ  ᠮᠤᠳᠤ ᠶᠢ ᠦᠬᠡᠷᠡᠴᠢᠯᠡᠬᠦ  ᠲᠠᠯᠠᠪᠠᠢ  2.25 ᠲᠦᠮᠡᠨ ᠮᠤ᠋  ᠂  ᠭᠤᠤᠯᠳᠠᠯᠭᠠᠳᠠᠢ ᠤᠷᠤᠨ ᠪᠦᠰᠡ ᠶᠢᠨ ᠨᠤᠭᠤᠭᠠᠷᠠᠭᠤᠯᠤᠯᠳᠠ 0.55 ᠲᠦᠮᠡᠨ ᠮᠤ᠋  ᠎ ᠶᠢ ᠪᠡᠶᠡᠯᠡᠬᠦᠯᠵᠦ᠂  ᠤᠢ ᠮᠤᠳᠤᠨ ᠤ ᠪᠦᠷᠬᠦᠴᠡ 23%᠎ ᠳᠤ ᠬᠦᠷᠦᠭᠰᠡᠨ ᠪᠠᠶᠢᠨ᠎ᠠ᠃   ᠡᠶ᠎ᠡ ᠵᠤᠬᠢᠴᠠᠯ ᠲᠠᠢ ᠠᠭᠤᠷᠬᠠᠢ ᠶᠢᠨ ᠤᠷᠤᠨ ᠎ ᠤ ᠪᠦᠳᠦᠭᠡᠨ ᠪᠠᠶᠢᠭᠤᠯᠤᠯᠳᠠ ᠶᠢ  ᠴᠢᠩᠭᠠᠳᠬᠠᠨ᠂ 14.4 ᠾᠧᠺᠲ᠋ᠠᠷ ᠤᠷᠴᠢᠨ ᠲᠤᠭᠤᠷᠢᠨ ᠢ ᠰᠡᠷᠬᠦᠬᠡᠨ ᠵᠠᠰᠠᠵᠠᠢ᠃  ᠤᠰᠤᠨ ᠤ ᠡᠬᠢ ᠪᠠᠶᠠᠯᠢᠭ ᠤᠨ ᠬᠠᠮᠢᠶᠠᠷᠤᠯᠳᠠ ᠶᠢ ᠴᠢᠩᠭᠠᠳᠬᠠᠵᠤ᠂ ᠰᠦᠷᠴᠢᠨ ᠤᠰᠤᠯᠠᠬᠤ ᠲᠤᠭᠤᠷᠢᠭ ᠰᠢᠨ᠎ᠡ ᠎ ᠪᠠᠷ ᠪᠠᠶᠢᠭᠤᠯᠬᠤ ᠶᠢ ᠴᠠᠭᠠᠵᠠᠯᠠᠨ᠂ ᠤᠰᠤᠨ ᠤ ᠰᠦᠢᠳᠭᠡᠯ ᠬᠤᠷᠢᠶᠠᠬᠤ ᠠᠵᠢᠯ ᠢ  ᠡᠬᠢᠯᠡᠪᠡ᠃  6.8 ᠳ᠋ᠦᠩᠰᠢᠭᠤᠷ ᠲᠦᠭᠦᠷᠢᠭ ᠤᠨ ᠪᠡᠯᠡ  ᠤᠷᠤᠭᠤᠯᠵᠤ᠂  ᠵᠠᠮ ᠬᠠᠷᠢᠯᠴᠠᠭ᠎ᠠ᠂ ᠴᠠᠬᠢᠯᠭᠠᠨ ᠬᠦᠴᠦᠨ᠂ ᠤᠰᠤᠨ ᠠᠰᠢᠭᠯᠠᠯᠳᠠ᠂ ᠬᠤᠳᠠ ᠪᠠᠯᠭᠠᠰᠤ ᠵᠡᠷᠭᠡ  ᠎ ᠳᠤ ᠬᠠᠮᠢᠶᠠᠳᠠᠢ ᠨᠢᠬᠡ ᠪᠦᠯᠦᠭ ᠰᠠᠭᠤᠷᠢ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠶᠢ ᠬᠢᠭᠰᠡᠨ ᠪᠠᠶᠢᠨ᠎ᠠ᠃  ︽222  ︾ ᠱᠤᠭᠤᠮ ᠤᠨ ᠬᠤᠶᠠᠳᠤᠭᠠᠷ ᠲᠡᠰ ᠤᠨ ᠵᠠᠮ ᠢ ᠦᠭᠡᠷᠡᠴᠢᠯᠡᠨ ᠪᠠᠶᠢᠭᠤᠯᠬᠤ ᠠᠵᠢᠯ ᠪᠠ ᠵᠢᠭᠤᠯᠴᠢᠯᠠᠯ ᠤᠨ ᠵᠠᠰᠠᠮᠠᠯ ᠵᠠᠮ ᠤᠨ ᠭᠤᠤᠯ ᠴᠤᠭᠴᠠ ᠶᠢᠨ ᠪᠠᠷᠢᠯᠭ᠎ᠠ ᠶᠢ ᠲᠠᠭᠤᠰᠬᠠᠵᠤ  ︔ ᠭᠠᠴᠠᠭ᠎ᠠ ᠲᠤᠰᠬᠤᠨ ᠳᠤ ᠨᠡᠪᠳᠡᠷᠡᠬᠦ ᠽᠧᠮᠧᠨ᠋ᠲ ᠵᠠᠮ 109 ᠺᠢᠯᠤᠮᠧᠲᠷ ᠢ ᠪᠠᠶᠢᠭᠤᠯᠤᠨ  ︔ S304  ︵ᠤᠤᠯ ᠤᠨ ᠺᠠᠩ ᠱᠠᠨ ᠱᠤᠭᠤᠮ︶ ᠵᠠᠰᠠᠮᠠᠯ ᠵᠠᠮ ᠤᠨ  ᠶᠡᠭᠡ ᠵᠠᠰᠠᠯᠳᠠ ᠪᠡᠶᠡᠯᠡᠭᠳᠡᠵᠦ᠂   ᠲᠡᠰ ᠲᠡᠪᠰᠢᠬᠦᠯᠬᠦ ᠦᠬᠡᠷᠡᠴᠢᠯᠡᠯᠳᠡ ᠶᠢᠨ ᠢᠨᠵᠧᠨᠧᠷᠢᠩ ᠯᠠᠪᠳᠠᠭᠤᠨ ᠢᠶᠠᠷ ᠶᠠᠪᠤᠭᠳᠠᠵᠤ ᠪᠤᠢ᠃  ᠲᠠᠷᠢᠶᠠᠯᠠᠩ ᠤᠨ ᠴᠠᠬᠢᠯᠭᠠᠨ ᠬᠠᠩᠭᠠᠯᠭ᠎ᠠ ᠶᠢᠨ ᠦᠬᠡᠷᠡᠴᠢᠯᠡᠯᠳᠡ ᠶᠢ  ᠲᠠᠭᠤᠰᠬᠠᠨ᠂   ᠭᠡᠤ ᠯᠤ᠋ ᠢᠦᠢ ᠭᠤᠤᠯ ᠤᠨ ᠦᠶᠡᠷ ᠰᠡᠷᠭᠡᠶᠢᠯᠡᠬᠦ ᠪᠠᠷᠢᠯᠭ᠎ᠠ ᠶᠢ ᠡᠬᠢᠯᠡᠬᠦᠯᠵᠦ᠂  16 ᠰᠠᠭᠤᠷᠢ ᠠᠶᠤᠯᠬᠦᠢ ᠤᠰᠤ ᠤᠮᠳᠠ ᠶᠢᠨ ᠢᠨᠵᠧᠨᠧᠷᠢᠩ ᠢ ᠭᠡᠷᠡᠭᠵᠢᠬᠦᠯᠪᠡ᠃  ᠪᠤᠤᠴᠠᠩ ᠤᠨ ᠬᠠᠭᠤᠴᠢᠨ ᠲᠤᠭᠤᠷᠢᠭ ᠤᠨ ᠦᠬᠡᠷᠡᠴᠢᠯᠡᠯᠳᠡ ᠶᠢ ᠢᠳᠡᠪᠬᠢᠳᠡᠢ ᠲᠦᠯᠬᠢᠨ ᠠᠬᠢᠭᠤᠯᠵᠤ᠂  ᠬᠤᠭ ᠨᠤᠪᠰᠢ ᠰᠢᠢᠳᠪᠦᠷᠢᠯᠡᠬᠦ ᠦᠢᠯᠡᠳᠪᠦᠷᠢ ᠶᠢ  ᠪᠠᠶᠢᠭᠤᠯᠤᠨ᠂ 3 ᠰᠠᠭᠤᠷᠢ ᠬᠤᠭ ᠨᠤᠪᠰᠢ ᠵᠦᠬᠡᠬᠡᠪᠦᠷᠢᠯᠡᠬᠦ ᠦᠷᠳᠡᠭᠡ ᠶᠢ ᠠᠰᠢᠭᠯᠠᠯᠳᠠ ᠳᠤ ᠤᠷᠤᠭᠤᠯᠵᠤ᠂  ᠤᠰᠤ ᠪᠠᠷ ᠵᠠᠶᠢᠯᠠᠬᠤ ᠨᠡᠶᠢᠳᠡ ᠶᠢᠨ ᠵᠤᠷᠯᠤᠩ 9  ᠎ ᠶᠢ ᠪᠠᠶᠢᠭᠤᠯᠤᠨ᠂ 5᠎ ᠶᠢ ᠨᠢ ᠠᠰᠢᠭᠯᠠᠯᠳᠠ ᠳᠤ ᠤᠷᠤᠭᠤᠯᠵᠤ᠂  ᠵᠡᠬᠡᠯᠢ ᠭᠤᠳᠤᠮᠵᠢᠨ ᠤ ᠦᠬᠡᠷᠡᠴᠢᠯᠡᠯᠳᠡ ᠶᠢ 3.8 ᠺᠢᠯᠤᠮᠧᠲᠷ ᠬᠢᠵᠦ᠂  ᠵᠠᠮ ᠤᠨ ᠳ᠋ᠧᠩ 280᠎ ᠶᠢ ᠤᠭᠰᠠᠷᠠᠪᠠ᠃ ᠢᠯᠴᠢ ᠬᠠᠩᠭᠠᠬᠤ ᠪᠦᠷᠬᠦᠴᠡ ᠶᠢ 18 ᠲᠦᠮᠡᠨ ᠬᠠᠪᠳᠠᠭᠠᠢ ᠲᠦᠷᠪᠡᠯᠵᠢᠨ ᠮᠧᠲᠷ ᠦᠷᠭᠡᠳᠭᠡᠵᠦ᠂  ᠢᠯᠴᠢ ᠰᠤᠯᠢᠭᠳᠠᠭᠤᠯᠬᠤ ᠦᠷᠳᠡᠭᠡ 6᠎ ᠶᠢ ᠨᠡᠮᠡᠵᠦ ᠪᠠᠶᠢᠭᠤᠯᠤᠨ᠂ 2 ᠠᠵᠤ ᠠᠬᠤᠶᠢᠯᠠᠯ  ᠎ ᠤᠨ ᠮᠡᠷᠭᠡᠵᠢᠯ ᠢ ᠰᠠᠶᠢᠵᠢᠷᠠᠭᠤᠯᠵᠤ᠂ 1.5 ᠺᠢᠯᠤᠮᠧᠲᠷ ᠲᠤᠤᠷ ᠬᠤᠭᠤᠯᠠᠢ ᠶᠢ ᠵᠠᠰᠠᠵᠤ ᠦᠬᠡᠷᠡᠴᠢᠯᠡᠪᠡ᠃  ᠰᠠᠭᠤᠭᠠᠯᠢ ᠠᠷᠠᠳ ᠤᠨ 7.1 ᠲᠦᠮᠡᠨ ᠬᠠᠪᠳᠠᠭᠠᠢ ᠲᠦᠷᠪᠡᠯᠵᠢᠨ ᠮᠧᠲᠷ ᠤᠷᠤᠨ ᠰᠠᠭᠤᠴᠠ ᠳᠤ ᠡᠨᠧᠷᠬᠢ ᠠᠷᠪᠢᠯᠠᠬᠤ ᠦᠬᠡᠷᠡᠴᠢᠯᠡᠯᠳᠡ  ᠬᠢᠭᠰᠡᠨ ᠪᠠᠶᠢᠨ᠎ᠠ᠃ ᠡᠬᠦᠨ ᠤ ᠬᠠᠮᠳᠤ᠂  ᠰᠢᠨ᠎ᠡ ᠲᠤᠭᠤᠷᠢᠭ  ᠎ ᠲᠤ ᠵᠠᠮ ᠬᠦᠬᠦᠷᠭᠡ᠂  ᠤᠰᠤᠨ ᠤ ᠦᠢᠯᠡᠳᠪᠦᠷᠢ᠂ ᠲᠤᠤᠷ ᠬᠤᠭᠤᠯᠠᠢ ᠵᠡᠷᠭᠡ ᠶᠢᠨ ᠪᠦᠳᠦᠭᠡᠨ ᠪᠠᠶᠢᠭᠤᠯᠤᠯᠳᠠ ᠪᠤᠶᠤ ᠵᠠᠰᠠᠯᠳᠠ ᠎ ᠶᠢ ᠬᠢᠵᠦ᠂  ᠪᠦᠬᠦ ᠬᠤᠰᠢᠭᠤᠨ ᠤ ᠭᠡᠪᠴᠢᠶᠡᠨ ᠳᠤ ᠬᠤᠳᠠ ᠬᠦᠳᠡᠭᠡ ᠶᠢᠨ ᠤᠷᠴᠢᠨ ᠲᠤᠭᠤᠷᠢᠨ ᠤ ᠲᠤᠰᠬᠠᠢ ᠴᠡᠭᠴᠡᠯᠡᠯᠳᠡ ᠶᠢ ᠦᠷᠨᠢᠬᠦᠯᠵᠡᠢ᠃      ᠠᠷᠠᠳ ᠤᠨ ᠠᠮᠢᠳᠤᠷᠠᠯ ᠡᠳᠦᠷ ᠢᠷᠡᠬᠦᠶ᠎ᠡ ᠦᠬᠡᠳᠡᠯᠡᠨ ᠰᠠᠶᠢᠵᠢᠷᠠᠭᠰᠠᠨ᠃  ᠲᠤᠰ ᠵᠢᠯ ᠳᠤ᠂ ᠠᠷᠠᠳ ᠤᠨ ᠠᠮᠢᠳᠤᠷᠠᠯ ᠲᠡᠭᠡᠷ᠎ᠡ ᠭᠡᠷᠡᠭᠯᠡᠭᠰᠡᠨ ᠡᠳ᠋ ᠤᠨ ᠵᠠᠰᠠᠭ ᠤᠨ ᠵᠠᠷᠤᠯᠭ᠎ᠠ  6.8 ᠳ᠋ᠦᠩᠰᠢᠭᠤᠷ ᠲᠦᠭᠦᠷᠢᠭ ᠲᠤ ᠬᠦᠷᠴᠦ  ᠂ ᠡᠳ᠋ ᠤᠨ ᠵᠠᠰᠠᠭ ᠤᠨ ᠲᠦᠰᠦᠪ ᠤᠨ ᠵᠠᠷᠤᠯᠭ᠎ᠠ ᠶᠢᠨ 44 %᠎ ᠶᠢ ᠡᠵᠡᠯᠡᠭᠰᠡᠨ ᠪᠠᠶᠢᠨ᠎ᠠ᠃  ︽ᠠᠷᠪᠠ ᠶᠢ ᠪᠦᠷᠬᠦᠬᠦᠯᠬᠦ︾ ᠢᠨᠵᠧᠨᠧᠷᠢᠩ ᠢ ᠪᠦᠬᠦ ᠬᠦᠴᠦᠨ ᠢᠶᠠᠷ ᠲᠦᠯᠬᠢᠨ ᠠᠬᠢᠭᠤᠯᠵᠤ᠂ 4.48 ᠳ᠋ᠦᠩᠰᠢᠭᠤᠷ ᠲᠦᠭᠦᠷᠢᠭ ᠎ ᠤᠨ ᠪᠡᠯᠡ ᠤᠷᠤᠭᠤᠯᠵᠤ᠂ ︽ᠤᠰᠤ᠂ ᠴᠠᠬᠢᠯᠭᠠᠨ᠂ ᠵᠠᠮ᠂ ᠷᠠᠳᠢᠤ᠋ ᠲᠧᠯᠸᠢᠰ᠂  ᠤᠷᠤᠨ ᠰᠠᠭᠤᠴᠠ᠂ ᠰᠤᠶᠤᠯ᠂ ᠰᠤᠷᠭᠠᠨ ᠬᠦᠮᠦᠵᠢᠯ᠂ ᠡᠷᠡᠬᠦᠯ ᠬᠠᠮᠠᠭᠠᠯᠠᠯ᠂ ᠨᠡᠶᠢᠬᠡᠮ ᠤᠨ ᠪᠠᠳᠤᠯᠠᠭ᠎ᠠ᠂  ᠠᠷᠠᠯᠵᠢᠶᠠᠨ ᠤ ᠦᠢᠯᠡᠰ︾ ᠠᠷᠪᠠᠨ ᠲᠦᠷᠦᠯ ᠤᠨ ᠢᠨᠵᠧᠨᠧᠷᠢᠩ ᠬᠢᠭᠡᠳ ᠤᠷᠤᠰᠢᠨ ᠰᠠᠭᠤᠷᠢᠰᠢᠬᠤ ᠤᠷᠴᠢᠨ ᠲᠤᠭᠤᠷᠢᠨ ᠤ ᠴᠡᠭᠴᠡᠯᠡᠯᠳᠡ ᠶᠢᠨ ᠢᠵᠢ ᠪᠦᠷᠢᠳᠦᠭᠰᠡᠨ ᠢᠨᠵᠧᠨᠧᠷᠢᠩ ᠢ ᠭᠡᠷᠡᠭᠵᠢᠬᠦᠯᠵᠦ᠂ ᠡᠪᠦᠯ ᠤᠨ ᠤᠯᠠᠷᠢᠯ ᠤᠨ ᠵᠠᠭᠤᠨ ᠡᠳᠦᠷ ᠤᠨ ᠪᠠᠬᠢᠯᠡᠯᠳᠡ ᠰᠢᠪᠳᠤᠯᠬᠤ ᠠᠵᠢᠯᠯᠠᠭ᠎ᠠ ᠶᠢ ᠦᠷᠨᠢᠬᠦᠯᠪᠡ᠃  ᠤᠨᠢᠨ ᠲᠡᠭᠡᠷ᠎ᠡ ᠨᠢ ᠲᠡᠳᠬᠦᠵᠦ ᠶᠠᠳᠠᠭᠤ ᠠᠴᠠ ᠠᠩᠬᠢᠵᠢᠷᠠᠭᠤᠯᠬᠤ ᠶᠢ ᠪᠠᠷᠢᠮᠳᠠᠯᠠᠨ᠂ 2.72 ᠳ᠋ᠦᠩᠰᠢᠭᠤᠷ  ᠲᠦᠬᠦᠷᠢᠭ ᠤᠨ ᠪᠡᠯᠡ ᠤᠷᠤᠭᠤᠯᠵᠤ ᠪᠠᠶᠢᠭᠠᠳ 7670  ᠶᠠᠳᠠᠭᠤ  ᠬᠦᠴᠢᠷᠳᠡᠢ ᠬᠦᠮᠦᠨ ᠠᠮᠠ ᠶᠢ ᠪᠠᠭᠠᠰᠬᠠᠵᠠᠢ᠃  ᠨᠡᠶᠢᠬᠡᠮ ᠤᠨ  ᠶᠠᠳᠠᠭᠤ ᠶᠢ ᠲᠡᠳᠬᠦᠬᠦ ᠠᠵᠢᠯ ᠢ ᠴᠢᠩᠭᠠᠳᠬᠠᠵᠤ᠂ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠪᠠ ᠦᠪᠡᠷᠳᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠬᠡᠨ ᠤ ᠲᠡᠮᠵᠢᠯᠬᠡ ᠳᠤ ᠲᠦᠰᠢᠭᠯᠡᠨ᠂  ᠪᠦᠬᠦ ᠤᠯᠤᠰ ᠤᠨ ᠨᠡᠶᠢᠬᠡᠮ ᠤᠨ ᠶᠠᠳᠠᠭᠤ ᠶᠢ ᠳᠡᠳᠬᠦᠬᠦ ᠠᠵᠢᠯ ᠤᠨ ᠰᠢᠨ᠎ᠡ ᠶᠢ ᠡᠬᠦᠳᠬᠦ ᠲᠤᠷᠰᠢᠯᠳᠠ ᠶᠢᠨ ᠴᠡᠭ ᠤᠨ ᠬᠤᠰᠢᠭᠤ  ᠪᠤᠯᠤᠭᠰᠠᠨ ᠪᠠᠶᠢᠨ᠎ᠠ᠃  ᠦᠢᠯᠡᠰ ᠪᠦᠳᠦᠭᠡᠵᠦ ᠠᠵᠢᠯ ᠤᠯᠬᠤ ᠢᠨᠵᠧᠨᠧᠷᠢᠩ ᠢ ᠬᠦᠴᠦ ᠲᠠᠯᠪᠢᠨ ᠭᠡᠷᠡᠭᠵᠢᠬᠦᠯᠵᠦ᠂ 1 ᠲᠦᠮᠡᠨ ᠠᠵᠢᠯ ᠤᠨ ᠪᠠᠶᠢᠷᠢ ᠡᠯᠰᠡᠵᠦ᠂  2360 ᠨᠡᠷ᠎ᠡ ᠬᠤᠳᠠ ᠪᠠᠯᠭᠠᠰᠤᠨ ᠤ ᠡᠯ᠎ᠡ ᠲᠦᠷᠦᠯ ᠤᠨ ᠬᠦᠮᠦᠨ ᠳᠤ ᠠᠵᠢᠯ ᠲᠤᠬᠢᠷᠠᠭᠤᠯᠤᠨ  ᠂ ᠦᠢᠯᠡᠰ ᠪᠦᠳᠦᠭᠡᠬᠦ ᠵᠢᠭᠡᠯᠡᠯᠬᠡ 2579 ᠲᠦᠮᠡᠨ ᠲᠦᠬᠦᠷᠢᠭ ᠲᠠᠷᠬᠠᠭᠠᠵᠤ᠂  443 ᠬᠦᠮᠦᠨ  ᠎ ᠢ  ᠲᠡᠳᠬᠦᠵᠦ ᠦᠢᠯᠡᠰ   ᠪᠦᠳᠦᠭᠡᠯᠭᠡᠭᠰᠡᠨ ᠪᠦᠬᠡᠳ ᠦᠢᠯᠡᠰ ᠪᠦᠳᠦᠭᠡᠬᠦ ᠰᠠᠭᠤᠷᠢᠨ ᠭᠠᠵᠠᠷ ᠤᠨ ᠪᠠᠶᠢᠭᠤᠯᠤᠯᠳᠠ ᠶᠢ ᠲᠦᠯᠦᠪᠵᠢᠬᠦᠯᠵᠦ ᠡᠬᠢᠯᠡᠪᠡ  ᠃  ᠨᠡᠶᠢᠬᠡᠮ ᠤᠨ ᠪᠠᠳᠤᠯᠠᠭᠠᠨ ᠤ ᠠᠵᠢᠯ ᠢ ᠯᠠᠪᠳᠠᠭᠤᠨ ᠢᠶᠠᠷ ᠲᠦᠯᠬᠢᠨ ᠠᠬᠢᠭᠤᠯᠵᠤ᠂  ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠨᠠᠰᠤᠵᠢᠯ ᠤᠨ ᠲᠠᠭᠠᠳᠬᠠᠯ᠂  ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ᠂ ᠲᠠᠪᠤᠨ ᠪᠠᠳᠤᠯᠠᠭ᠎ᠠ ᠵᠢᠴᠢ ᠠᠵᠤ ᠠᠬᠤᠶᠢᠯᠠᠯ ᠤᠨ ᠠᠵᠢᠯ ᠠᠴᠠ ᠪᠠᠨ  ᠠᠮᠠᠷᠠᠭᠰᠠᠳ ᠤᠨ ᠠᠰᠠᠷᠠᠮᠵᠢ ᠎ ᠶᠢᠨ ᠮᠦᠩᠬᠦ ᠶᠢᠨ ᠪᠠᠷᠢᠮᠵᠢᠶ᠎ᠠ ᠪᠠ ᠨᠦᠬᠦᠪᠦᠷᠢ ᠶᠢᠨ ᠲᠦᠪᠰᠢᠨ ᠢ ᠱᠠᠭᠠᠷᠳᠠᠯᠭ᠎ᠠ ᠶᠤᠰᠤᠭᠠᠷ ᠦᠰᠭᠡᠭᠰᠡᠨ ᠪᠠᠶᠢᠨ᠎ᠠ᠃ ᠰᠤᠷᠭᠠᠨ ᠬᠦᠮᠦᠵᠢᠯ ᠤᠨ ᠨᠦᠬᠦᠪᠦᠷᠢ 2111 ᠲᠦᠮᠡᠨ ᠲᠦᠬᠦᠷᠢᠭ ᠲᠠᠷᠬᠠᠭᠠᠵᠤ᠂ 8466 ᠬᠦᠮᠦᠨ ︵ᠤᠳᠠᠭ᠎ᠠ︶ ᠎ ᠳᠤ  ᠠᠰᠢᠭ ᠲᠤᠰᠠ ᠬᠦᠷᠳᠡᠭᠡᠵᠡᠢ᠃ ᠨᠡᠶᠢᠳᠡ ᠶᠢᠨ ᠲᠦᠷᠢᠶᠡᠰᠦᠨ ᠭᠡᠷ ᠤᠨ ᠪᠦᠳᠦᠭᠡᠨ ᠪᠠᠶᠢᠭᠤᠯᠤᠯᠳᠠ ᠪᠠ ᠪᠦᠳᠦᠬᠦᠯᠢᠭ ᠤᠷᠤᠨ ᠰᠠᠭᠤᠴᠠᠳᠤ ᠲᠤᠭᠤᠷᠢᠭ ᠤᠨ ᠦᠬᠡᠷᠡᠴᠢᠯᠡᠯᠳᠡ ᠶᠢ ᠲᠦᠯᠬᠢᠨ ᠠᠬᠢᠭᠤᠯᠵᠤ᠂    ᠬᠦᠮᠦᠨ ᠰᠠᠭᠤᠭᠠᠳᠤᠢ ᠨᠦᠬᠡᠴᠡ ᠭᠡᠷ 100 ᠢᠵᠢ ᠶᠢ ᠬᠤᠳᠠᠯᠳᠤᠨ ᠠᠪᠴᠤ᠂  ᠡᠷᠦᠬᠡ ᠳᠤ ᠤᠷᠤᠵᠤ ᠭᠡᠷ ᠪᠠᠶᠢᠰᠢᠩ  ᠪᠦᠷᠢᠳᠭᠡᠬᠦ ᠠᠵᠢᠯ ᠢ ᠬᠢᠪᠡ᠃ ᠮᠠᠯᠴᠢᠨ ᠲᠠᠷᠢᠶᠠᠴᠢᠨ ᠳᠤ ᠦᠨ᠎ᠡ ᠲᠦᠯᠦᠪᠦᠷᠢ ᠦᠬᠡᠢ ᠪᠠᠷ ᠪᠡᠶ᠎ᠡ ᠶᠢᠨ ᠪᠠᠶᠢᠴᠠᠭᠠᠯᠳᠠ ᠬᠢᠬᠦ ᠢᠨᠵᠧᠨᠧᠷᠢᠩ  ᠎ ᠢ ᠭᠡᠷᠡᠭᠵᠢᠬᠦᠯᠵᠦ᠂  1.33 ᠲᠦᠮᠡᠨ ᠬᠦᠮᠦᠨ ᠳᠤ ᠠᠰᠢᠭ ᠲᠤᠰᠠ ᠬᠦᠷᠳᠡᠭᠡᠵᠡᠢ᠃ 3.36 ᠲᠦᠮᠡᠨ ᠲᠤᠤᠷ᠎ᠠ ᠤᠷᠤᠯᠭ᠎ᠠ ᠲᠠᠢ ᠡᠷᠦᠬᠡ ᠳᠤ ᠨᠡᠶᠢᠳᠡ 2017 ᠲᠦᠮᠡᠨ ᠲᠦᠬᠦᠷᠢᠭ ᠤᠨ ᠨᠡᠬᠦᠷᠡᠰᠦᠨ ᠤ ᠨᠦᠬᠦᠪᠦᠷᠢ ᠲᠠᠷᠬᠠᠭᠠᠪᠠ᠃  ᠡᠨᠡ ᠮᠡᠳᠦ ᠪᠠᠷ᠂ ᠠᠶᠢᠮᠠᠭ ᠤᠨ ᠲᠤᠭᠳᠠᠭᠰᠠᠨ ︽ᠠᠷᠪᠠᠨ ᠪᠤᠳᠠᠳᠤ ᠠᠵᠢᠯ︾ ᠪᠠ ᠮᠠᠨ ᠤ ᠬᠤᠰᠢᠭᠤᠨ ᠤ ᠲᠤᠭᠳᠠᠭᠰᠠᠨ ᠠᠷᠠᠳ ᠲᠤ ᠲᠦᠬᠦᠮ ᠦᠵᠡᠬᠦᠯᠵᠦ ᠲᠤᠰᠠ ᠬᠦᠷᠭᠡᠬᠦ ︽ᠨᠠᠢᠮᠠᠨ ᠪᠤᠳᠠᠳᠤ ᠠᠵᠢᠯ︾᠎ ᠢ ᠤᠷᠤᠭᠰᠢᠳᠠᠢ ᠶᠠᠪᠤᠭᠳᠠᠭᠤᠯᠤᠭᠰᠠᠨ ᠪᠠᠶᠢᠨ᠎ᠠ᠃       ᠰᠤᠷᠭᠠᠨ ᠬᠦᠮᠦᠵᠢᠯ ᠤᠨ ᠦᠢᠯᠡᠰ ᠢ ᠤᠷᠢᠳᠠᠵᠤ  ᠬᠦᠭᠵᠢᠬᠦᠯᠬᠦ ᠶᠢ  ᠪᠠᠷᠢᠮᠳᠠᠯᠠᠨ᠂  ᠰᠤᠷᠭᠠᠭᠤᠯᠢ ᠶᠢᠨ ᠶᠡᠷᠦᠩᠬᠡᠶᠢᠯᠡᠭᠰᠡᠨ ᠠᠰᠠᠷ᠂ ᠰᠠᠯᠬᠢ ᠪᠤᠷᠤᠭᠠᠨ ᠬᠠᠯᠬᠠᠯᠠᠬᠤ ᠲᠠᠮᠢᠷ ᠤᠨ ᠲᠠᠯᠠᠪᠠᠢ᠂  ᠵᠦᠬᠡᠯᠡᠨ ᠲᠡᠪᠢᠰᠭᠡᠷᠳᠦ ᠬᠦᠶᠦᠯᠳᠡ ᠶᠢᠨ ᠱᠤᠭᠤᠮ ᠵᠡᠷᠭᠡ  ᠪᠦᠳᠦᠬᠡᠨ ᠪᠠᠶᠢᠭᠤᠯᠤᠯᠳᠠ ᠶᠢ ᠡᠬᠢᠯᠡᠵᠦ  ᠂  2 ᠰᠤᠷᠭᠠᠭᠤᠯᠢ  ᠎ ᠶᠢᠨ ᠪᠠᠷᠢᠮᠵᠢᠶᠠᠵᠢᠭᠰᠠᠨ ᠪᠦᠳᠦᠭᠡᠨ ᠪᠠᠶᠢᠭᠤᠯᠤᠯᠳᠠ ᠶᠢᠨ ᠰᠢᠯᠭᠠᠨ ᠦᠨᠡᠯᠡᠯᠳᠡ ᠶᠢ  ᠬᠢᠭᠰᠡᠨ ᠪᠦᠬᠡᠳ  93 ᠨᠡᠷ᠎ᠡ ᠪᠠᠭᠰᠢ ᠡᠯᠰᠡᠵᠦ  ᠪᠠᠭᠰᠢ ᠶᠢᠨ  ᠡᠩᠨᠡᠭᠡ ᠶᠢ ᠲᠠᠰᠤᠷᠠᠯᠳᠠ ᠦᠬᠡᠢ ᠰᠢᠯᠢᠳᠡᠭᠵᠢᠬᠦᠯᠵᠡᠢ᠃  ᠡᠮ ᠡᠮᠨᠡᠯᠬᠡ ᠡᠷᠡᠬᠦᠯ ᠬᠠᠮᠠᠭᠠᠯᠠᠯ ᠎ ᠤᠨ ᠦᠢᠯᠡᠴᠢᠯᠡᠬᠡᠨ ᠤ ᠴᠢᠳᠠᠪᠤᠷᠢ ᠶᠢ  ᠨᠡᠮᠡᠭᠳᠡᠬᠦᠯᠵᠦ᠂  ᠬᠢᠳᠠᠳ ᠮᠤᠩᠭᠤᠯ ᠡᠮᠨᠡᠯᠬᠡ ᠶᠢᠨ ᠬᠤᠷᠢᠶᠠᠨ ᠤ  ᠪᠠᠷᠢᠯᠭ᠎ᠠ ᠎ ᠶᠢ ᠡᠬᠢᠯᠡᠨ᠂  ᠰᠢᠩ ᠱᠧᠩ ᠡᠷᠡᠬᠦᠯ ᠬᠠᠮᠠᠭᠠᠯᠠᠯ ᠤᠨ ᠬᠤᠷᠢᠶ᠎ᠠ᠂  ᠰᠢᠩ ᠹᠦ᠋ ᠡᠷᠡᠬᠦᠯ ᠬᠠᠮᠠᠭᠠᠯᠠᠯ ᠤᠨ ᠬᠤᠷᠢᠶᠠᠨ ᠤ ᠲᠠᠭᠠᠭᠠᠴᠢᠯᠠᠯ ᠵᠠᠷᠯᠠᠬᠤ ᠵᠡᠷᠭᠡ ᠲᠦᠷᠦᠬᠦᠴᠢ ᠬᠤᠭᠤᠴᠠᠭᠠᠨ ᠤ ᠠᠵᠢᠯ ᠢ ᠪᠡᠶᠡᠯᠡᠬᠦᠯᠪᠡ᠃ ᠠᠯᠪᠠᠨ ᠠᠴᠠ ᠪᠠᠶᠢᠭᠤᠯᠤᠭᠰᠠᠨ ᠡᠮᠨᠡᠯᠬᠡ ᠶᠢᠨ ᠬᠤᠷᠢᠶᠠᠨ ᠤ ᠶᠡᠷᠦᠩᠬᠡᠶᠢᠯᠡᠭᠰᠡᠨ ᠦᠬᠡᠷᠡᠴᠢᠯᠡᠯᠳᠡ ᠶᠢᠨ ᠠᠵᠢᠯ ᠢ ᠪᠦᠬᠦ ᠲᠠᠯᠠᠪᠠᠷ ᠲᠦᠯᠬᠢᠨ ᠠᠬᠢᠭᠤᠯᠵᠤ᠂ ᠡᠮ ᠲᠠᠩ ᠲᠡᠭᠡᠷ᠎ᠡ ᠦᠨ᠎ᠡ ᠨᠡᠮᠡᠬᠦ ᠶᠢ ᠵᠤᠭᠰᠤᠭᠠᠭᠰᠠᠨ ᠪᠠᠶᠢᠨ᠎ᠠ᠃       ᠦᠬᠡᠷᠡᠴᠢᠯᠡᠯᠳᠡ ᠶᠢ ᠬᠦᠨᠵᠡᠬᠡᠶᠢᠷᠡᠬᠦᠯᠵᠦ ᠲᠤᠭᠳᠠᠭᠤᠨ ᠢ ᠬᠠᠮᠠᠭᠠᠯᠠᠭᠰᠠᠨ᠃  ︽ᠭᠤᠷᠪᠠᠨ ᠴᠢᠩᠭ᠎ᠠ ᠭᠤᠷᠪᠠᠨ ᠪᠤᠳᠠᠳᠠᠢ︾ ᠱᠠᠭᠠᠷᠳᠠᠯᠭ᠎ᠠ ᠶᠢ ᠨᠠᠷᠢᠨ ᠨᠢᠮᠪᠠᠢ ᠦᠢᠯᠡᠳᠦᠯᠬᠡᠵᠢᠬᠦᠯᠵᠦ᠂ ᠵᠠᠰᠠᠭ ᠵᠠᠬᠢᠷᠭᠠᠨ ᠤ ᠬᠢᠨᠠᠨ ᠪᠠᠶᠢᠴᠠᠭᠠᠯᠳᠠ ᠪᠠ ᠬᠢᠨᠠᠨ ᠪᠤᠳᠤᠯᠳᠠ ᠶᠢ ᠴᠢᠩᠭᠠᠳᠬᠠᠨ᠂ ᠠᠵᠢᠯ ᠤᠨ ᠰᠤᠷᠳᠠᠯ ᠢ ᠦᠷᠬᠦᠯᠵᠢᠯᠡᠨ ᠰᠠᠶᠢᠵᠢᠷᠠᠭᠤᠯᠪᠠ᠃  ︽ ᠲᠦᠷᠭᠡᠨ ᠬᠦᠢᠴᠡᠳᠭᠡᠬᠦ︾ ᠦᠢᠯᠡᠴᠢᠯᠡᠭᠡ ᠶᠢ ᠢᠳᠡᠪᠬᠢᠳᠡᠢ ᠲᠡᠯᠭᠡᠷᠡᠬᠦᠯᠵᠦ᠂  ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ ᠲᠦᠷᠦᠯ ᠵᠦᠢᠯ ᠢ ᠬᠤᠭᠤᠷᠤᠨᠳᠤ ᠨᠢ ᠵᠠᠯᠭᠠᠭᠤᠯᠬᠤ  ᠪᠠ ᠭᠡᠷᠡᠭᠴᠡᠭᠡ ᠦᠬᠡᠢ ᠵᠦᠢᠯ ᠢ ᠬᠠᠰᠤᠬᠤ ᠠᠵᠢᠯ ᠢ ᠪᠤᠳᠠᠳᠠᠢ ᠳᠤ ᠨᠠᠶᠢᠳᠠᠪᠤᠷᠢᠵᠢᠭᠤᠯᠤᠨ᠂ ᠵᠠᠰᠠᠭ ᠵᠠᠬᠢᠷᠭᠠᠨ ᠤ ᠦᠢᠯᠡᠴᠢᠯᠡᠬᠡᠨ ᠤ ᠲᠦᠪ ᠬᠢᠭᠡᠳ ᠨᠡᠶᠢᠳᠡ ᠎ ᠶᠢᠨ ᠡᠬᠢ ᠪᠠᠶᠠᠯᠢᠭ ᠤᠨ ᠰᠤᠯᠢᠯᠴᠠᠭᠠᠨ ᠤ ᠲᠦᠪ ᠢ ᠠᠰᠢᠭᠯᠠᠯᠳᠠ ᠳᠤ ᠤᠷᠤᠭᠤᠯᠪᠠ᠃  ᠡᠷᠡᠬᠦᠯ ᠬᠠᠮᠠᠭᠠᠯᠠᠯ᠂ ᠲᠦᠯᠦᠪᠯᠡᠬᠡᠳᠦ ᠦᠷᠡᠵᠢᠯ ᠤᠨ ᠰᠠᠯᠠᠭ᠎ᠠ ᠮᠦᠴᠢᠷ  ᠪᠠ ᠦᠢᠯᠡᠳᠪᠦᠷᠢ ᠬᠤᠳᠠᠯᠳᠤᠭ᠎ᠠ᠂ ᠶᠠᠰᠤ ᠴᠢᠨᠠᠷ᠂  ᠢᠳᠡᠭᠡᠨ ᠡᠮ ᠤᠨ ᠵᠦᠢᠯ ᠤᠨ ᠬᠢᠨᠠᠯᠳᠠ ᠬᠠᠮᠢᠶᠠᠷᠤᠯᠳᠠ ᠶᠢᠨ ᠰᠠᠯᠠᠭ᠎ᠠ ᠮᠦᠴᠢᠷ ᠢ ᠨᠢᠬᠡᠳᠭᠡᠬᠦ ᠠᠵᠢᠯ ᠢ ᠪᠡᠶᠡᠯᠡᠬᠦᠯᠵᠡᠢ᠃ ᠠᠮᠤᠭᠤᠯᠠᠩ ᠤᠨ ᠪᠠᠶᠢᠭᠤᠯᠤᠯᠳᠠ ᠶᠢᠨ ᠠᠷᠪᠠᠨ ᠲᠦᠷᠦᠯ ᠤᠨ ᠲᠤᠰᠬᠠᠢ ᠠᠵᠢᠯᠯᠠᠭ᠎ᠠ ᠶᠢ ᠬᠦᠨᠵᠡᠭᠡᠶᠢᠷᠡᠬᠦᠯᠵᠦ᠂ ᠬᠠᠷ᠎ᠠ  ᠪᠦᠯᠦᠭ ᠲᠤ ᠴᠤᠬᠢᠯᠳᠠ ᠦᠭᠬᠦ ᠪᠠ ᠵᠠᠮ ᠬᠠᠷᠢᠯᠴᠠᠭᠠᠨ ᠤ  ᠡᠮᠬᠢ ᠲᠢᠭᠯᠡᠮ ᠢ ᠪᠠᠶᠢᠴᠠᠭᠠᠨ ᠴᠡᠭᠴᠡᠯᠡᠬᠦ ᠵᠡᠷᠭᠡ ᠲᠤᠰᠬᠠᠢ ᠲᠦᠷᠦᠯ ᠤᠨ ᠠᠵᠢᠯᠯᠠᠭ᠎ᠠ ᠶᠢ ᠦᠷᠨᠢᠬᠦᠯᠦᠨ᠂  ᠨᠢᠬᠡ ᠪᠦᠯᠦᠭ ᠬᠠᠤᠯᠢ ᠪᠤᠰᠤ ᠭᠡᠷᠡᠭ ᠢ  ᠢᠯᠡᠷᠡᠬᠦᠯᠦᠨ ᠰᠢᠳᠭᠡᠵᠦ᠂  ᠨᠡᠶᠢᠬᠡᠮ ᠤᠨ ᠠᠮᠤᠷ ᠲᠤᠭᠳᠠᠭᠤᠨ ᠢ ᠪᠦᠳᠦᠮᠵᠢᠳᠡᠢ ᠬᠠᠮᠠᠭᠠᠯᠠᠭᠰᠠᠨ ᠪᠠᠶᠢᠨ᠎ᠠ᠃  ᠠᠶᠤᠯᠬᠦᠢ ᠦᠢᠯᠡᠳᠪᠦᠷᠢᠯᠡᠯ ᠤᠨ ᠬᠠᠷᠢᠭᠤᠴᠠᠯᠭ᠎ᠠ ᠶᠢᠨ ᠲᠦᠷᠢᠮ ᠢ ᠴᠢᠩᠭ᠎ᠠ ᠭᠡᠷᠡᠭᠵᠢᠬᠦᠯᠵᠦ᠂ ᠬᠤᠶᠠᠷ ᠤᠳᠠᠭᠠᠨ ᠤ ︽ᠵᠠᠭᠤᠨ ᠡᠳᠦᠷ ᠤᠨ ᠲᠤᠰᠬᠠᠢ ᠪᠠᠶᠢᠴᠠᠭᠠᠯᠳᠠ︾᠎ ᠶᠢ ᠦᠷᠨᠢᠬᠦᠯᠦᠨ᠂  ᠡᠯ᠎ᠡ ᠠᠵᠢᠯ ᠲᠦᠷᠦᠯ ᠤᠨ ᠬᠦᠷᠢᠶᠡᠨ ᠳᠤ ᠬᠦᠨᠳᠦ ᠶᠡᠭᠡ ᠠᠮᠤᠷ ᠲᠦᠪᠰᠢᠨ ᠤ ᠭᠡᠷᠡᠭ ᠡᠬᠦᠰᠬᠦ ᠶᠢ ᠰᠡᠷᠭᠡᠶᠢᠯᠡᠵᠡᠢ᠃ ᠤᠳᠤᠷᠢᠳᠤᠯᠭ᠎ᠠ ᠵᠠᠬᠢᠳᠠᠯ ᠰᠤᠷᠪᠤᠯᠵᠢᠯᠠᠭ᠎ᠠ ᠬᠦᠯᠢᠶᠡᠬᠦ ᠲᠦᠷᠢᠮ ᠪᠠ ︽1328︾ ᠵᠠᠬᠢᠳᠠᠯ ᠰᠤᠷᠪᠤᠯᠵᠢᠯᠠᠭ᠎ᠠ ᠶᠢᠨ ᠡᠳᠦᠷ ᠤᠨ ᠲᠦᠷᠢᠮ ᠢ ᠨᠢᠮᠪᠠᠢ ᠨᠠᠶᠢᠳᠠᠪᠤᠷᠢᠵᠢᠭᠤᠯᠵᠤ᠂  ᠨᠡᠶᠢᠬᠡᠮ ᠤᠨ ᠵᠦᠷᠢᠴᠡᠯ ᠢ ᠪᠠᠶᠢᠴᠠᠭᠠᠨ ᠰᠢᠢᠳᠪᠦᠷᠢᠯᠡᠬᠦ ᠠᠵᠢᠯ ᠢ ᠬᠦᠨᠵᠡᠬᠡᠢ ᠦᠷᠨᠢᠬᠦᠯᠦᠨ᠂  ᠨᠢᠬᠡ ᠪᠦᠯᠦᠭ ᠦᠯᠡᠳᠡᠭᠳᠡᠯ ᠭᠡᠷᠡᠭ ᠢ ᠬᠦᠴᠦ ᠲᠠᠯᠪᠢᠵᠤ ᠰᠢᠢᠳᠪᠦᠷᠢᠯᠡᠭᠰᠡᠨ ᠪᠠᠶᠢᠨ᠎ᠠ᠃       ᠲᠥᠯᠥᠭᠡᠯᠡᠭᠴᠢᠳ ᠡ᠂ 2015 ᠤᠨ ᠪᠤᠯ ︽ᠠᠷᠪᠠᠨ ᠬᠤᠶᠠᠳᠤᠭᠠᠷ ᠲᠠᠪᠤᠨ ᠵᠢᠯ︾᠎ ᠤᠨ ᠡᠴᠦᠰ ᠤᠨ ᠵᠢᠯ᠃  ᠲᠠᠪᠤᠨ ᠵᠢᠯ ᠤᠨ ᠬᠦᠭᠵᠢᠯᠳᠡ ᠪᠠᠨ ᠡᠷᠬᠢᠴᠡᠬᠦᠯᠪᠡᠯ ᠮᠠᠨ ᠤ ᠬᠤᠰᠢᠭᠤᠨ ᠤ ᠠᠵᠤ ᠠᠬᠤᠢ ᠨᠡᠶᠢᠬᠡᠮ ᠤᠨ ᠬᠦᠭᠵᠢᠯᠳᠡ ᠳᠤ ︽ᠨᠢᠬᠡ  ᠴᠢᠩᠭᠠᠷᠠᠨ᠂  ᠬᠤᠶᠠᠷ ᠲᠡᠭᠡᠭᠰᠢᠯᠡᠵᠦ᠂ ᠲᠦᠷᠪᠡ ᠰᠠᠶᠢᠵᠢᠷᠠᠭᠰᠠᠨ︾ ᠠᠰᠤᠷᠤ ᠰᠠᠶᠢᠨ ᠪᠠᠶᠢᠳᠠᠯ ᠢᠯᠡᠷᠡᠵᠡᠢ᠃  ᠶᠡᠷᠦᠩᠬᠡᠶᠢᠯᠡᠭᠰᠡᠨ ᠪᠤᠳᠠᠳᠤ ᠬᠦᠴᠦᠨ ᠢᠯᠡᠳᠳᠡ ᠴᠢᠩᠭᠠᠷᠠᠪᠠ᠃   ︽ᠠᠷᠪᠠᠨ ᠬᠤᠶᠠᠳᠤᠭᠠᠷ ᠲᠠᠪᠤᠨ ᠵᠢᠯ︾᠎ ᠤᠨ ᠡᠴᠦᠰ ᠪᠤᠯᠬᠤ ᠳᠤ᠂ ᠣᠷᠣᠨ  ᠨᠤᠲᠤᠭ  ᠎ ᠤᠨ ᠦᠢᠯᠡᠳᠪᠦᠷᠢᠯᠡᠯ  ᠎ ᠤᠨ  ᠶᠡᠷᠦᠩᠬᠡᠢ  ᠥᠷᠲᠡᠭ 50.1 ᠳ᠋ᠦᠩᠰᠢᠭᠤᠷ ᠲᠥᠭᠦᠷᠢᠭ  ᠎ ᠲᠤ ᠬᠦᠷᠴᠦ᠂   ᠵᠢᠯ ᠳᠤ 13 %᠎ ᠪᠠᠷ  ᠨᠡᠮᠡᠭᠳᠡᠨ᠂ ᠠᠵᠤ ᠠᠬᠤᠢ ᠶᠢᠨ ᠶᠡᠷᠦᠩᠬᠡᠢ ᠬᠡᠮᠵᠢᠶ᠎ᠡ  ︽ᠠᠷᠪᠠᠨ  ᠨᠢᠬᠡᠳᠦᠭᠡᠷ ᠲᠠᠪᠤᠨ ᠵᠢᠯ︾᠎ ᠤᠨ ᠡᠴᠦᠰ  ᠎ ᠲᠠᠢ ᠬᠠᠷᠢᠴᠠᠭᠤᠯᠪᠠᠯ ᠲᠠᠬᠢᠨ ᠢᠶᠠᠷ ᠦᠰᠦᠭᠰᠡᠨ ᠪᠠᠶᠢᠨ᠎ᠠ᠃ ᠨᠡᠶᠢᠬᠡᠮ ᠤᠨ ᠭᠡᠷᠡᠭᠯᠡᠭᠡᠨ ᠤ ᠪᠤᠳᠠᠰ ᠤᠨ ᠵᠢᠵᠢᠭᠯᠡᠨ ᠪᠤᠷᠤᠯᠠᠭᠤᠯᠤᠭᠰᠠᠨ  ᠶᠡᠷᠦᠩᠬᠡᠢ ᠬᠡᠮᠵᠢᠶ᠎ᠡ 18.4 ᠳ᠋ᠦᠩᠰᠢᠭᠤᠷ ᠲᠦᠭᠦᠷᠢᠭ ᠲᠤ ᠬᠦᠷᠴᠦ᠂  ᠵᠢᠯ ᠳᠤ 14 %᠎ ᠪᠠᠷ ᠨᠡᠮᠡᠭᠳᠡᠪᠡ  ᠃ ᠨᠡᠶᠢᠳᠡ ᠶᠢᠨ ᠡᠳ᠋ ᠤᠨ ᠵᠠᠰᠠᠭ ᠤᠨ ᠲᠦᠰᠦᠪ ᠤᠨ ᠣᠷᠣᠯᠭ᠎ᠠ ᠲᠠᠪᠤᠨ ᠵᠢᠯ ᠳᠤ ᠨᠡᠶᠢᠳᠡ 4.5 ᠳ᠋ᠦᠩᠰᠢᠭᠤᠷ ᠲᠦᠬᠦᠷᠢᠭ ᠲᠤ ᠬᠦᠷᠴᠦ  ᠂  ᠵᠢᠯ ᠳᠤ 18.9 %᠎ ᠪᠠᠷ ᠨᠡᠮᠡᠭᠳᠡᠨ︔   ᠲᠤᠭᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ 150 ᠳ᠋ᠦᠩᠰᠢᠭᠤᠷ ᠲᠦᠬᠦᠷᠢᠭ ᠲᠤ  ᠬᠦᠷᠴᠦ᠂  ᠵᠢᠯ ᠳᠤ 9 %᠎ ᠪᠠᠷ  ᠨᠡᠮᠡᠭᠳᠡᠨ︔   ᠭᠤᠤᠯᠳᠠᠯᠭᠠᠳᠠᠢ ᠲᠦᠷᠦᠯ ᠵᠦᠢᠯ 297᠎ ᠶᠢ ᠭᠡᠷᠡᠭᠵᠢᠬᠦᠯᠵᠦ᠂  ᠪᠡᠯᠡ  ᠤᠷᠤᠭᠤᠯᠤᠯᠳᠠ 76  ᠳ᠋ᠦᠩᠰᠢᠭᠤᠷ ᠲᠦᠭᠦᠷᠢᠭ ᠲᠤ ᠬᠦᠷᠴᠡᠢ᠃  ᠠᠵᠤ ᠦᠢᠯᠡᠰ ᠤᠨ ᠬᠦᠭᠵᠢᠯᠳᠡ ᠶᠢᠨ ᠲᠦᠪᠰᠢᠨ ᠪᠠ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠤᠷᠤᠯᠭ᠎ᠠ ᠶᠢᠨ ᠲᠦᠪᠰᠢᠨ ᠮᠡᠳᠡᠭᠳᠡᠮ᠎ᠡ ᠲᠡᠭᠡᠭᠰᠢᠯᠡᠪᠡ᠃  ᠨᠢᠬᠡᠳᠦᠭᠡᠷ᠂ ᠬᠤᠶᠠᠳᠤᠭᠠᠷ᠂ ᠭᠤᠷᠪᠠᠳᠤᠭᠠᠷ ᠠᠵᠤ ᠦᠢᠯᠡᠰ ᠤᠨ ᠪᠦᠷᠢᠯᠳᠦᠴᠡ  29.4᠄ 37.3᠄ 33.3 ᠪᠠᠶᠢᠭᠰᠠᠨ ᠠᠴᠠ ᠪᠠᠨ 26.4:40.8:32.8 ᠪᠤᠯᠤᠨ ᠬᠤᠪᠢᠷᠠᠵᠤ᠂  ᠠᠵᠤ ᠦᠢᠯᠡᠰ ᠤᠨ ᠪᠦᠷᠢᠯᠳᠦᠴᠡ ᠤᠯᠠᠮ ᠨᠢᠬᠡ ᠠᠯᠬᠤᠮ ᠰᠢᠯᠢᠳᠡᠭᠵᠢᠵᠦ᠂ ᠠᠵᠤ ᠦᠢᠯᠡᠳᠪᠦᠷᠢ ᠨᠢ ᠠᠵᠤ ᠠᠬᠤᠢ ᠶᠢᠨ ᠨᠡᠮᠡᠭᠳᠡᠯ ᠢ ᠲᠠᠶᠢᠴᠢᠯᠠᠬᠤ ᠴᠢᠬᠤᠯᠠ ᠬᠦᠳᠡᠯᠬᠡᠬᠦᠷ ᠪᠤᠯᠤᠭᠰᠠᠨ ᠪᠠᠶᠢᠨ᠎ᠠ᠃   ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠬᠦᠮᠦᠨ ᠲᠤᠮᠳᠠᠴᠢ ᠲᠤᠬᠢᠷᠠᠭᠤᠯᠵᠤ ᠪᠤᠯᠬᠤᠶᠢᠴᠠ ᠤᠷᠤᠯᠭ᠎ᠠ 2010 ᠤᠨ ᠳᠤ  ᠲᠤᠰᠪᠤᠷᠢ 14890 ᠲᠦᠬᠦᠷᠢᠭ ᠪᠠ 5302 ᠲᠦᠬᠦᠷᠢᠭ ᠪᠠᠶᠢᠭᠰᠠᠨ ᠠᠴᠠ 28113 ᠲᠦᠬᠦᠷᠢᠭ ᠪᠠ 9072 ᠲᠦᠬᠦᠷᠢᠭ ᠲᠤ ᠬᠦᠷᠴᠦ᠂  ᠵᠢᠯ ᠳᠤ 13.6 % ᠪᠠ 11.2 %᠎ ᠪᠠᠷ ᠨᠡᠮᠡᠭᠳᠡᠨ᠂  ᠰᠠᠭᠤᠭᠠᠯᠢ ᠠᠷᠠᠳ ᠤᠨ ᠤᠷᠤᠯᠭ᠎ᠠ ᠨᠢ ᠠᠵᠤ ᠠᠬᠤᠢ ᠶᠢᠨ ᠬᠦᠭᠵᠢᠯᠳᠡ ᠲᠠᠢ ᠵᠡᠷᠭᠡᠪᠡᠷ ᠨᠡᠮᠡᠭᠳᠡᠭᠰᠡᠨ ᠪᠠᠶᠢᠨ᠎ᠠ᠃ ᠠᠮᠢ ᠠᠬᠤᠢ ᠶᠢᠨ ᠤᠷᠴᠢᠨ ᠲᠤᠭᠤᠷᠢᠨ᠂  ᠬᠦᠭᠵᠢᠯᠳᠡ ᠶᠢᠨ ᠨᠦᠬᠦᠴᠡᠯ᠂ ᠬᠤᠳᠠ ᠬᠦᠳᠡᠭᠡ ᠶᠢᠨ ᠦᠩᠬᠡ ᠲᠦᠷᠬᠦ᠂  ᠠᠷᠠᠳ ᠤᠨ ᠠᠮᠢᠳᠤᠷᠠᠯ ᠤᠯᠠᠮ ᠨᠢᠬᠡ ᠠᠯᠬᠤᠮ ᠰᠠᠶᠢᠵᠢᠷᠠᠪᠠ᠃  ᠡᠯᠡᠰᠦᠨ ᠤ ᠡᠬᠢ ᠵᠠᠰᠠᠬᠤ᠂ ᠲᠠᠷᠢᠶᠠᠯᠠᠭ᠎ᠠ ᠶᠢ ᠵᠤᠭᠰᠤᠭᠠᠵᠤ ᠠᠮᠢ ᠠᠬᠤᠢ ᠶᠢ ᠰᠡᠷᠬᠦᠭᠡᠬᠦ᠂  ᠭᠤᠤᠯᠳᠠᠯᠭᠠᠳᠠᠢ ᠤᠢ ᠮᠤᠳᠤᠨ ᠤ ᠬᠠᠮᠠᠭᠠᠯᠠᠯᠳᠠ ᠶᠢ ᠬᠢᠬᠦ ᠵᠡᠷᠭᠡ ᠴᠢᠬᠤᠯᠠ  ᠢᠨᠵᠧᠨᠧᠷᠢᠩ ᠨᠢ ᠮᠡᠳᠡᠭᠳᠡᠮ᠎ᠡ ᠠᠮᠵᠢᠯᠳᠠ ᠤᠯᠵᠤ᠂ 14.1 ᠲᠦᠮᠡᠨ ᠮᠤ᠋ ᠲᠠᠯᠠᠪᠠᠢ ᠳᠤ ᠤᠢ ᠮᠤᠳᠤᠨ ᠤ ᠶᠡᠷᠦᠩᠬᠡᠶᠢᠯᠡᠭᠰᠡᠨ ᠪᠦᠳᠦᠬᠡᠨ ᠪᠠᠶᠢᠭᠤᠯᠤᠯᠳᠠ  ᠬᠢᠵᠦ᠂  ᠤᠢ ᠰᠢᠭᠤᠢ ᠶᠢᠨ ᠪᠦᠷᠬᠦᠴᠡ 23%᠎ ᠳᠤ ᠬᠦᠷᠴᠦ᠂  ᠡᠪᠡᠰᠦ ᠤᠷᠭᠤᠮᠠᠯ ᠤᠨ ᠬᠤᠴᠢᠯᠭ᠎ᠠ 45%᠎ ᠳᠤ ᠬᠦᠷᠴᠡᠢ᠃  ᠪᠦᠬᠦ ᠬᠤᠰᠢᠭᠤᠨ ᠤ  ᠵᠠᠰᠠᠮᠠᠯ ᠵᠠᠮ ᠤᠨ ᠶᠡᠷᠦᠩᠬᠡᠢ ᠤᠷᠳᠤ 1384 ᠺᠢᠯᠤᠮᠧᠲᠷ ᠲᠤ ᠬᠦᠷᠴᠦ᠂  ᠠᠩᠬᠠᠳᠤᠭᠴᠢ ᠲᠦᠷᠭᠡᠨ ᠤ ᠵᠠᠮ ᠪᠠᠶᠢᠭᠤᠯᠤᠭᠳᠠᠵᠤ ᠲᠡᠷᠭᠡ ᠨᠡᠪᠳᠡᠷᠡᠨ ᠂  ᠭᠠᠴᠠᠭ᠎ᠠ ᠲᠤᠰᠬᠤᠨ ᠳᠤ ᠽᠧᠮᠧᠨ᠋ᠲ ᠵᠠᠮ  ᠨᠡᠪᠳᠡᠷᠡᠭᠰᠡᠨ ᠨᠤᠷᠮ᠎ᠠ 30 %᠎ ᠳᠤ ᠬᠦᠷᠬᠦ ᠦᠬᠡᠢ ᠪᠠᠶᠢᠭᠰᠠᠨ ᠠᠴᠠ ᠤᠳᠤ  ᠪᠤᠯᠬᠤ ᠳᠤ 97.7 %᠎ ᠳᠤ ᠬᠦᠷᠴᠡᠢ᠃  ᠬᠤᠳᠠ ᠬᠦᠳᠡᠭᠡ ᠶᠢᠨ ᠴᠠᠬᠢᠯᠭᠠᠨ ᠬᠦᠴᠦᠨ ᠤ ᠦᠬᠡᠷᠡᠴᠢᠯᠡᠯᠳᠡ ᠶᠢ ᠦᠨᠳᠦᠰᠦᠨ ᠳᠡᠭᠡᠨ ᠲᠠᠭᠤᠰᠬᠠᠪᠠ᠃ 2.92 ᠲᠦᠮᠡᠨ ᠬᠦᠮᠦᠨ᠂  10.71 ᠲᠦᠮᠡᠨ ᠮᠠᠯ ᠎ ᠤᠨ ᠠᠶᠤᠯᠬᠦᠢ ᠤᠰᠤ ᠤᠮᠳᠠ ᠶᠢᠨ ᠠᠰᠠᠭᠤᠳᠠᠯ ᠢ ᠰᠢᠢᠳᠪᠦᠷᠢᠯᠡᠵᠡᠢ᠃  ᠪᠤᠤᠴᠠᠩ ᠪᠠᠯᠭᠠᠰᠤᠨ ᠤ ᠪᠦᠳᠦᠭᠡᠨ ᠪᠠᠶᠢᠭᠤᠯᠤᠭᠰᠠᠨ ᠤᠷᠤᠨ ᠲᠠᠯᠠᠪᠠᠢ 15 ᠬᠠᠪᠳᠠᠭᠠᠢ ᠲᠦᠷᠪᠡᠯᠵᠢᠨ ᠮᠧᠲᠷ ᠲᠤ ᠬᠦᠷᠴᠦ᠂  ᠪᠠᠶᠢᠩᠭᠤ ᠰᠠᠭᠤᠭ᠎ᠠ ᠬᠦᠮᠦᠨ ᠠᠮᠠ  ᠎ ᠶᠢᠨ ᠬᠤᠳᠠ ᠪᠠᠯᠭᠠᠰᠤᠵᠢᠯᠳᠠ ᠶᠢᠨ ᠨᠤᠷᠮ᠎ᠠ 44 %᠎ ᠳᠤ  ᠬᠦᠷᠪᠡ᠃  ᠬᠤᠳᠠ ᠪᠠᠯᠭᠠᠰᠤᠨ ᠤ ᠲᠦᠪᠯᠡᠷᠡᠬᠦᠯᠦᠨ ᠢᠯᠴᠢ ᠬᠠᠩᠭᠠᠬᠤ  ᠨᠤᠷᠮ᠎ᠠ 54%᠎ ᠳᠤ ᠬᠦᠷᠴᠦ᠂  ᠤᠰᠤ ᠭᠡᠷᠡᠭᠯᠡᠬᠦ ᠲᠦᠭᠡᠮᠡᠯᠵᠢᠯ ᠤᠨ ᠨᠤᠷᠮ᠎ᠠ 96 %᠎ ᠳᠤ ᠬᠦᠷᠴᠦ᠂  ᠪᠤᠬᠢᠷ ᠤᠰᠤ ᠰᠢᠢᠳᠪᠦᠷᠢᠯᠡᠬᠦ ᠨᠤᠷᠮ᠎ᠠ 67%᠎ ᠳᠤ  ᠬᠦᠷᠦᠭᠰᠡᠨ ᠪᠠᠶᠢᠨ᠎ᠠ᠃  ︽ᠠᠷᠪᠠ ᠎ ᠶᠢ ᠪᠦᠷᠬᠦᠬᠦᠯᠬᠦ︾ ᠢᠨᠵᠧᠨᠧᠷᠢᠩ ᠢ ᠪᠦᠬᠦ ᠲᠠᠯᠠᠪᠠᠷ ᠭᠡᠷᠡᠭᠵᠢᠬᠦᠯᠵᠦ᠂  ᠨᠡᠶᠢᠳᠡ 6  ᠳ᠋ᠦᠩᠰᠢᠭᠤᠷ ᠲᠦᠬᠦᠷᠢᠭ ᠤᠨ ᠪᠡᠯᠡ ᠤᠷᠤᠭᠤᠯᠤᠨ᠂  ᠮᠠᠯᠵᠢᠬᠤ ᠲᠠᠷᠢᠶᠠᠯᠠᠬᠤ ᠤᠷᠤᠨ ᠤ ᠦᠢᠯᠡᠳᠪᠦᠷᠢᠯᠡᠯ ᠠᠮᠢᠳᠤᠷᠠᠯ ᠤᠨ ᠨᠦᠬᠦᠴᠡᠯ ᠮᠡᠳᠡᠭᠳᠡᠮ᠎ᠡ ᠰᠠᠶᠢᠵᠢᠷᠠᠵᠠᠢ᠃ ᠨᠡᠶᠢᠬᠡᠮ ᠤᠨ ᠪᠠᠳᠤᠯᠠᠭᠠᠨ ᠤ ᠬᠢᠷᠢ ᠲᠦᠪᠰᠢᠨ ᠲᠡᠭᠡᠭᠰᠢᠯᠡᠵᠦ  ᠂  ᠠᠵᠤ ᠠᠬᠤᠶᠢᠯᠠᠯ ᠤᠨ ᠨᠠᠰᠤᠵᠢᠯ ᠎ ᠤᠨ ᠠᠰᠠᠷᠠᠮᠵᠢ ᠶᠢᠨ ᠲᠠᠭᠠᠳᠬᠠᠯ ᠳᠤ 7982 ᠬᠦᠮᠦᠨ ᠤᠷᠤᠯᠴᠠᠵᠤ᠂  ᠬᠤᠳᠠ ᠬᠦᠳᠡᠭᠡ ᠶᠢᠨ ᠰᠠᠭᠤᠭᠠᠯᠢ ᠠᠷᠠᠳ ᠎ ᠤᠨ ᠨᠠᠰᠤᠵᠢᠯ ᠤᠨ ᠲᠠᠭᠠᠳᠬᠠᠯ ᠳᠤ 85196 ᠬᠦᠮᠦᠨ ᠤᠷᠤᠯᠴᠠᠨ᠂ 19700 ᠬᠦᠮᠦᠨ ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠡᠮᠨᠡᠯᠬᠡ ᠶᠢᠨ ᠲᠠᠭᠠᠳᠬᠠᠯ ᠳᠤ  ᠤᠷᠤᠵᠤ  ᠂  24300 ᠬᠦᠮᠦᠨ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭᠠᠨ ᠳᠤ ᠤᠷᠤᠭᠠᠳ ᠪᠤᠢ᠃  ᠠᠵᠢᠯ ᠤᠨ ᠪᠠᠶᠢᠷᠢ 4.9 ᠲᠦᠮᠡ  ᠎ ᠶᠢ ᠡᠯᠰᠡᠵᠦ᠂ 4.8 ᠲᠦᠮᠡᠨ ᠮᠠᠯᠴᠢᠨ ᠲᠠᠷᠢᠶᠠᠴᠢᠨ ᠢ ᠰᠢᠯᠵᠢᠬᠦᠯᠦᠨ ᠠᠵᠢᠯ  ᠤᠯᠭᠤᠪᠠ᠃  ᠰᠤᠷᠭᠠᠨ ᠬᠦᠮᠦᠵᠢᠯ ᠤᠨ ᠰᠠᠭᠤᠷᠢ ᠲᠦᠬᠦᠭᠡᠷᠦᠮᠵᠢ ᠳᠤ 4.8 ᠳ᠋ᠦᠩᠰᠢᠭᠤᠷ ᠲᠦᠬᠦᠷᠢᠭ ᠤᠨ ᠪᠡᠯᠡ  ᠤᠷᠤᠭᠤᠯᠵᠤ᠂ ᠰᠤᠷᠭᠠᠨ ᠬᠦᠮᠦᠵᠢᠯ ᠤᠨ ᠪᠠᠶᠢᠷᠢᠰᠢᠭᠤᠯᠤᠯᠳᠠ ᠶᠢ ᠲᠤᠬᠢᠷᠠᠭᠤᠯᠤᠨ᠂ ᠰᠦᠢᠳᠭᠡᠯ ᠬᠤᠷᠢᠶᠠᠬᠤ ᠦᠬᠡᠢ ᠰᠤᠷᠭᠠᠨ ᠬᠦᠮᠦᠵᠢᠯ ᠢ ᠦᠨᠳᠦᠷ ᠲᠤᠮᠳᠠᠳᠤ ᠶᠢᠨ ᠱᠠᠳᠤᠨ ᠳᠤ ᠬᠦᠷᠳᠡᠯ᠎ᠡ ᠲᠦᠭᠡᠮᠡᠯᠵᠢᠬᠦᠯᠵᠦ᠂  ᠰᠤᠷᠭᠠᠭᠤᠯᠢ ᠶᠢᠨ ᠨᠠᠰᠤᠨ ᠠᠴᠠ ᠡᠮᠦᠨᠡᠬᠢ  ᠰᠤᠷᠭᠠᠨ ᠬᠦᠮᠦᠵᠢᠯ  ᠎ ᠤᠨ ᠲᠦᠭᠡᠮᠡᠯᠵᠢᠯ ᠤᠨ ᠨᠤᠷᠮ᠎ᠠ 87 %᠎ ᠳᠤ  ᠬᠦᠷᠴᠦ᠂  ᠶᠢᠰᠦᠨ ᠵᠢᠯ ᠤᠨ ᠲᠦᠷᠢᠮᠳᠦ ᠠᠯᠪᠠᠨ ᠵᠢᠷᠤᠮ ᠤᠨ ᠰᠤᠷᠭᠠᠨ ᠬᠦᠮᠦᠵᠢᠯ  ᠎ ᠤᠨ  ᠪᠠᠬᠢᠵᠢᠬᠦᠯᠦᠯᠳᠡ ᠶᠢᠨ ᠨᠤᠷᠮ᠎ᠠ 93%᠎ ᠳᠤ ᠬᠦᠷᠴᠡᠢ᠃  ᠬᠤᠰᠢᠭᠤ ᠡᠮᠨᠡᠯᠬᠡ ᠶᠢᠨ ᠬᠤᠷᠢᠶ᠎ᠠ ᠶᠢ ᠰᠢᠨ᠎ᠡ ᠪᠠᠷ ᠪᠠᠶᠢᠭᠤᠯᠤᠨ ᠠᠰᠢᠭᠯᠠᠯᠳᠠ ᠳᠤ ᠤᠷᠤᠭᠤᠯᠵᠤ᠂  ᠦᠨᠳᠦᠰᠦᠨ ᠱᠠᠳᠤᠨ ᠤ ᠡᠷᠡᠬᠦᠯ ᠬᠠᠮᠠᠭᠠᠯᠠᠯ ᠤᠨ ᠬᠤᠷᠢᠶᠠᠨ ᠤ ᠪᠠᠷᠢᠮᠵᠢᠶᠠᠵᠢᠭᠰᠠᠨ ᠪᠦᠳᠦᠭᠡᠨ ᠪᠠᠶᠢᠭᠤᠯᠤᠯᠳᠠ ᠶᠢᠨ ᠲᠦᠪᠰᠢᠨ ᠢ 55%᠎ ᠳᠤ ᠬᠦᠷᠭᠡᠵᠦ᠂  ᠰᠢᠨ᠎ᠡ ᠬᠡᠯᠪᠡᠷᠢ ᠶᠢᠨ ᠬᠤᠷᠰᠢᠭᠰᠠᠨ ᠡᠮᠨᠡᠯᠬᠡ ᠳᠤ ᠤᠷᠤᠯᠴᠠᠬᠤ ᠨᠤᠷᠮ᠎ᠠ 97.8 %᠎ ᠳᠤ  ᠬᠦᠷᠪᠡ᠃ ᠰᠤᠶᠤᠯ ᠤᠨ ᠲᠤᠮᠤ ᠠᠰᠠᠷ᠂ ᠰᠤᠶᠤᠯ ᠤᠨ ᠠᠭᠤᠳᠠᠮ ᠲᠠᠯᠠᠪᠠᠢ ᠶᠢ ᠠᠰᠢᠭᠯᠠᠯᠳᠠ ᠳᠤ ᠤᠷᠤᠭᠤᠯᠵᠤ᠂ 132 ᠭᠠᠴᠠᠭ᠎ᠠ ᠲᠤᠰᠬᠤᠨ ᠳᠤ ᠰᠤᠶᠤᠯ ᠤᠨ ᠦᠷᠦᠭᠡ ᠪᠠᠶᠢᠭᠤᠯᠤᠨ᠂  ᠤᠯᠠᠨ ᠲᠦᠮᠡᠨ ᠤ ᠰᠤᠶᠤᠯ ᠲᠠᠮᠢᠷ ᠤᠨ ᠱᠠᠭᠠᠷᠳᠠᠯᠭ᠎ᠠ ᠶᠢ ᠤᠯᠠᠮ ᠰᠠᠶᠢᠨ ᠬᠠᠩᠭᠠᠭᠰᠠᠨ ᠪᠠᠶᠢᠨ᠎ᠠ᠃       ᠡᠳᠡᠭᠡᠷ ᠠᠮᠵᠢᠯᠲᠠ ᠪᠦᠳᠦᠮᠵᠢ ᠪᠣᠯ ᠠᠶᠢᠮᠠᠭ ᠤᠨ ᠨᠠᠮ ᠵᠠᠰᠠᠭ ᠤᠨ  ᠵᠦᠪ  ᠤᠨᠤᠪᠴᠢᠳᠠᠢ ᠤᠳᠤᠷᠢᠳᠤᠯᠭ᠎ᠠ ᠂ ᠬᠤᠰᠢᠭᠤ ᠨᠠᠮ ᠤᠨ ᠬᠤᠷᠢᠶᠠᠨ ᠤ ᠰᠢᠨᠵᠢᠯᠡᠬᠦ ᠤᠬᠠᠭᠠᠨᠴᠢ ᠪᠠᠶᠢᠷᠢᠯᠠᠭᠤᠯᠤᠯᠳᠠ ᠠᠴᠠ ᠢᠷᠡᠭᠰᠡᠨ ᠦᠷ᠎ᠡ ᠪᠦᠳᠦᠬᠡᠯ  ᠂ ᠪᠦᠬᠦ ᠬᠤᠰᠢᠭᠤᠨ ᠤ ᠦᠷᠭᠡᠨ ᠤᠯᠠᠨ ᠺᠠᠳᠠᠷ ᠤᠯᠠᠨ ᠲᠦᠮᠡᠨ ᠢᠶᠠᠷ ᠢᠶᠠᠨ ᠪᠦᠯᠬᠦᠮᠳᠡᠨ ᠨᠢᠬᠳᠠᠷᠠᠵᠤ ᠬᠠᠮᠳᠤᠪᠠᠷ ᠲᠡᠮᠡᠴᠡᠭᠰᠡᠨ ᠤ ᠦᠷ᠎ᠡ ᠪᠦᠲᠤᠭᠡᠯ ᠪᠤᠯᠤᠨ᠎ᠠ᠃   ᠠᠳᠡ ᠪᠢ ᠬᠤᠰᠢᠭᠤ ᠵᠠᠰᠠᠭ ᠤᠨ ᠣᠷᠳᠤᠨ ᠢ ᠲᠦᠯᠦᠭᠡᠯᠡᠵᠦ᠂  ᠪᠦᠬᠦ ᠬᠤᠰᠢᠭᠤᠨ ᠤ ᠡᠯ᠎ᠡ ᠦᠨᠳᠦᠰᠦᠳᠡᠨ ᠤ ᠺᠠᠳᠠᠷ ᠠᠷᠠᠳ ᠲᠦᠮᠡᠨ  ᠂  ᠠᠷᠠᠳ ᠤᠨ ᠲᠦᠯᠦᠭᠡᠯᠡᠭᠴᠢᠳ᠂ ᠤᠯᠤᠰ ᠲᠦᠷᠦ ᠶᠢᠨ ᠵᠦᠪᠯᠡᠯᠬᠡᠨ ᠤ ᠭᠡᠰᠢᠬᠦᠳ  ᠵᠢᠴᠢ ᠲᠠᠶᠢᠹᠤᠰᠧ ᠬᠤᠰᠢᠭᠤᠨ ᠤ  ᠠᠵᠤ ᠠᠬᠤᠢ ᠨᠡᠶᠢᠬᠡᠮ ᠤᠨ ᠬᠦᠭᠵᠢᠯᠳᠡ ᠶᠢ ᠬᠠᠯᠠᠮᠵᠢᠯᠠᠵᠤ ᠲᠡᠮᠵᠢᠭᠰᠡᠨ ᠡᠯ᠎ᠡ ᠡᠳᠡᠭᠡᠳ ᠤᠨ ᠨᠠᠶᠢᠵᠠ ᠨᠥᠬᠦᠳ ᠲᠤ ᠴᠢᠩ ᠰᠡᠳᠬᠢᠯ ᠤᠨ ᠲᠠᠯᠠᠷᠬᠠᠯ ᠳᠡᠪᠰᠢᠭᠦᠯᠵᠦ ᠪᠠᠶᠢᠨ᠎ᠠ︕      ᠠᠮᠵᠢᠯᠲᠠ ᠪᠦᠲᠦᠮᠵᠢ ᠪᠠᠨ ᠣᠯᠵᠦ ᠬᠠᠷᠠᠬᠤ ᠶᠢᠨ ᠳᠠᠭᠠᠤ᠂ ᠪᠢᠳᠡ ᠪᠠᠰᠠ ᠬᠥᠭᠵᠢᠯᠲᠠ ᠶᠢᠨ ᠳᠤᠮᠳᠡ ᠣᠷᠣᠰᠢᠵᠦ ᠪᠠᠶᠢᠭ᠎ᠠ ᠠᠰᠠᠭᠤᠳᠠᠯ ᠢ ᠰᠡᠷᠭᠡᠭ ᠢᠶᠠᠷ ᠤᠯᠵᠤ ᠳᠠᠨᠢᠭᠤᠰᠢᠲᠠᠢ᠄   ᠬᠦᠭᠵᠢᠯᠳᠡ ᠲᠤᠳᠠᠵᠤ ᠪᠠᠶᠢᠭ᠎ᠠ ᠦᠨᠳᠦᠰᠦᠨ ᠪᠠᠶᠢᠳᠠᠯ ᠢ  ᠬᠦᠢᠴᠡᠳ ᠬᠤᠪᠢᠷᠠᠭᠤᠯᠵᠤ ᠲᠡᠶᠢᠯᠦᠬᠡᠳᠦᠢ᠂ ᠠᠵᠤ ᠠᠬᠤᠢ ᠶᠢᠨ ᠶᠡᠷᠦᠩᠬᠡᠢ ᠬᠡᠮᠵᠢᠶ᠎ᠡ ᠶᠢ ᠶᠡᠭᠡᠰᠭᠡᠬᠦ ᠪᠠ ᠶᠠᠰᠤ  ᠴᠢᠨᠠᠷ ᠢ ᠲᠡᠭᠡᠭᠰᠢᠯᠡᠬᠦᠯᠬᠦ ᠲᠠᠪᠬᠤᠷ  ᠲᠠᠷᠤᠭᠠᠰᠤ ᠲᠤᠯᠭᠠᠷᠠᠵᠤ᠂ ᠰᠢᠨ᠎ᠡ ᠨᠡᠮᠡᠭᠳᠡᠯ ᠤᠨ ᠴᠡᠭ ᠢ ᠪᠤᠶᠢᠵᠢᠭᠤᠯᠬᠤ ᠳᠤ ᠬᠦᠴᠦᠨ ᠮᠡᠬᠦᠰᠳᠡᠵᠦ ᠪᠤᠢ᠃  ᠤᠯᠠᠮᠵᠢᠯᠠᠯᠳᠤ ᠲᠠᠷᠢᠶᠠᠯᠠᠩ ᠮᠠᠯ ᠠᠵᠤ ᠠᠬᠤᠢ ᠮᠦᠨᠬᠦ ᠭᠤᠤᠯᠯᠠᠬᠤ ᠪᠠᠶᠢᠷᠢ ᠶᠢ ᠡᠵᠡᠯᠡᠨ᠂ ᠰᠢᠨ᠎ᠡ ᠬᠡᠯᠪᠡᠷᠢ ᠶᠢᠨ ᠡᠵᠡᠩᠨᠡᠯᠳᠡ ᠶᠢᠨ ᠴᠤᠭᠴᠠ ᠶᠢᠨ ᠬᠦᠳᠦᠯᠦᠨ ᠲᠠᠭᠠᠭᠤᠯᠬᠤ ᠦᠢᠯᠡᠳᠦᠯ ᠢᠯᠡᠷᠭᠡᠢ ᠪᠤᠰᠤ᠂  ᠬᠦᠳᠡᠭᠡ ᠲᠤᠰᠬᠤᠨ ᠤ ᠬᠤᠭᠤᠰᠤᠷᠠᠯ  ᠪᠠ ᠲᠠᠷᠢᠶᠠᠴᠢᠳ ᠤᠨ ᠨᠠᠰᠤᠵᠢᠯ ᠤᠨ ᠪᠠᠶᠢᠳᠠᠯ ᠬᠦᠨᠳᠦᠷᠡᠵᠦ᠂  ᠮᠠᠯᠴᠢᠨ ᠲᠠᠷᠢᠶᠠᠴᠢᠨ ᠤ ᠤᠷᠤᠯᠭ᠎ᠠ  ᠦᠷᠬᠦᠯᠵᠢᠯᠡᠨ ᠨᠡᠮᠡᠭᠳᠡᠬᠦ ᠳᠤ ᠬᠦᠴᠢᠷ ᠪᠠᠶᠢᠭ᠎ᠠ᠃  ᠠᠵᠤ ᠦᠢᠯᠡᠳᠪᠦᠷᠢ ᠶᠢᠨ  ᠠᠵᠤ ᠠᠬᠤᠢ ᠶᠢᠨ ᠬᠦᠭᠵᠢᠯᠳᠡ ᠶᠢᠨ ᠱᠠᠭᠠᠷᠳᠠᠯᠭ᠎ᠠ ᠰᠤᠯᠠ᠂ ᠦᠷ᠎ᠡ ᠠᠰᠢᠭ ᠲᠤᠤᠷ᠎ᠠ᠂ ᠬᠦᠳᠡᠯᠭᠡᠭᠴᠢ ᠬᠦᠴᠦᠨ ᠬᠦᠷᠦᠯᠴᠡᠬᠦ ᠦᠬᠡᠢ᠂ ᠲᠤᠮᠤ ᠲᠦᠷᠦᠯ ᠵᠦᠢᠯ ᠤᠨ ᠲᠤᠯᠭᠠᠭᠤᠷᠢᠯᠠᠯ ᠲᠤᠳᠠᠵᠤ ᠪᠤᠢ᠃ ᠦᠢᠯᠡᠴᠢᠯᠡᠬᠡᠨ ᠤ ᠦᠢᠯᠡᠰ ᠤᠨ ᠬᠦᠭᠵᠢᠯᠳᠡ ᠶᠢᠨ ᠲᠡᠰ ᠲᠠᠪᠬᠤᠷᠭ᠎ᠠ ᠲᠤᠤᠷ᠎ᠠ᠂ ᠴᠢᠨᠠᠷ ᠴᠢᠨᠰᠠᠭ᠎ᠠ ᠠᠨᠠᠢ᠂ ᠰᠢᠨ᠎ᠡ ᠮᠠᠶ᠋ᠢᠭ ᠤᠨ ᠡᠵᠡᠩᠨᠡᠯᠳᠡ ᠶᠢᠨ ᠬᠡᠯᠪᠡᠷᠢ ᠶᠢ ᠪᠤᠶᠢᠵᠢᠭᠤᠯᠬᠤ ᠡᠷᠴᠢᠮ ᠴᠢᠩᠭ᠎ᠠ ᠪᠤᠰᠤ᠂ ᠦᠷ᠎ᠡ ᠠᠰᠢᠭ ᠬᠦᠷᠳᠡᠬᠦ ᠨᠢ ᠤᠳᠠᠭᠠᠨ  ᠃  ᠵᠠᠮ᠂ ᠴᠠᠬᠢᠯᠭᠠᠨ᠂ ᠤᠰᠤ ᠵᠡᠷᠭᠡ ᠰᠠᠭᠤᠷᠢ ᠲᠦᠬᠦᠭᠡᠷᠦᠮᠵᠢ ᠪᠠᠰᠠ ᠪᠦᠷᠢᠨ ᠲᠡᠬᠦᠯᠳᠡᠷᠵᠢᠵᠦ ᠲᠡᠶᠢᠯᠦᠭᠡᠳᠦᠢ᠂ ᠠᠮᠢ ᠠᠬᠤᠢ ᠶᠢᠨ ᠬᠠᠮᠠᠭᠠᠯᠠᠯᠳᠠ ᠪᠠ ᠪᠦᠳᠦᠭᠡᠨ ᠪᠠᠶᠢᠭᠤᠯᠤᠯᠳᠠ  ᠎ ᠶᠢᠨ ᠡᠬᠦᠷᠭᠡ ᠪᠠᠰᠠ ᠬᠦᠨᠳᠦ ᠪᠠᠶᠢᠭ᠎ᠠ᠃ ᠰᠤᠷᠭᠠᠨ ᠬᠦᠮᠦᠵᠢᠯ᠂ ᠡᠮ ᠡᠮᠨᠡᠯᠬᠡ᠂ ᠠᠵᠢᠯ ᠤᠯᠭᠤᠯᠳᠠ ᠵᠡᠷᠭᠡ ᠲᠠᠯᠠᠪᠠᠷ ᠤᠯᠠᠨ ᠲᠦᠮᠡᠨ ᠤ ᠬᠦᠰᠡᠯ ᠱᠠᠭᠠᠷᠳᠠᠯᠭ᠎ᠠ ᠳᠤ ᠬᠦᠷᠴᠦ ᠴᠢᠳᠠᠭᠠᠳᠤᠢ᠃ ᠡᠳ᠋ ᠤᠨ ᠵᠠᠰᠠᠭ ᠤᠨ ᠤᠷᠤᠯᠭ᠎ᠠ ᠵᠠᠷᠤᠯᠭ᠎ᠠ ᠶᠢᠨ ᠵᠦᠷᠢᠴᠡᠯ ᠲᠤᠪᠤᠶᠢᠮ᠎ᠠ ᠂ ᠠᠷᠠᠳ ᠤᠨ ᠠᠮᠢᠳᠤᠷᠠᠯ ᠢ ᠪᠠᠳᠤᠯᠠᠬᠤ᠂ ᠶᠠᠳᠠᠭᠤ ᠠᠴᠠ ᠠᠩᠬᠢᠵᠢᠷᠠᠭᠤᠯᠬᠤ  ᠪᠠ ︽ᠠᠷᠪᠠ ᠶᠢ ᠪᠦᠷᠬᠦᠬᠦᠯᠬᠦ︾ ᠠᠵᠢᠯ ᠡᠬᠦᠷᠭᠡ ᠨᠦᠰᠡᠷ ᠪᠠᠶᠢᠭ᠎ᠠ᠃ ᠵᠠᠷᠢᠮ ᠺᠠᠳᠠᠷ ᠪᠠ ᠰᠠᠯᠠᠭ᠎ᠠ ᠮᠦᠴᠢᠷ ᠤᠨ ᠦᠵᠡᠯ ᠤᠬᠠᠮᠰᠠᠷ ᠪᠠ ᠰᠦᠰᠦ ᠵᠤᠷᠢᠭ ᠬᠦᠷᠦᠯᠴᠡᠬᠦ ᠦᠬᠡᠢ᠂  ᠠᠵᠢᠯ ᠬᠢᠵᠦ ᠦᠢᠯᠡᠰ ᠪᠦᠳᠦᠭᠡᠬᠦ ᠢᠳᠡᠭᠡᠯ ᠦᠬᠡᠢ᠂ ᠠᠵᠢᠯ ᠤᠨ ᠰᠤᠷᠳᠠᠯ  ᠲᠤᠷᠤᠢ ᠪᠠᠶᠢᠭ᠎ᠠ᠃  ᠲᠠᠷᠠᠭ᠎ᠠ ᠠᠯᠬᠤᠮ ᠳᠤ ᠪᠢᠳᠡ ᠡᠳᠡᠭᠡᠷ ᠠᠰᠠᠭᠤᠳᠠᠯ ᠯᠤᠭ᠎ᠠ  ᠨᠢᠭᠤᠷᠯᠠᠨ ᠲᠤᠯᠵᠤ᠂   ᠨᠠᠵᠠᠭᠠᠶᠢᠷᠠᠵᠤ ᠵᠠᠶᠢᠯᠠᠬᠤ ᠦᠬᠡᠢ  ᠴᠦᠬᠦᠷᠡᠵᠦ ᠬᠤᠶᠢᠷᠭᠤᠰᠢᠬᠤ ᠦᠬᠡᠢ ᠪᠠᠷ᠂ ᠨᠡᠩ ᠢᠳᠡ ᠬᠦᠴᠦᠳᠡᠢ ᠠᠷᠭ᠎ᠠ ᠬᠡᠮᠵᠢᠶ᠎ᠡ ᠠᠪᠴᠤ ᠨᠠᠷᠢᠨ ᠨᠢᠮᠪᠠᠢ ᠰᠢᠢᠳᠪᠦᠷᠢᠯᠡᠨ᠂ ᠠᠵᠤ ᠠᠬᠤᠢ ᠨᠡᠶᠢᠬᠡᠮ ᠤᠨ ᠬᠦᠭᠵᠢᠯᠳᠡ ᠶᠢᠨ ᠦᠨᠡᠨ ᠪᠤᠳᠠᠳᠠᠢ ᠦᠷ᠎ᠡ ᠪᠦᠳᠦᠭᠡᠯ ᠎ ᠢᠶᠠᠷ ᠪᠦᠬᠦ ᠬᠤᠰᠢᠭᠤᠨ ᠤ ᠠᠷᠠᠳ ᠲᠦᠮᠡᠨ ᠤ ᠬᠦᠰᠡᠯ ᠱᠠᠭᠠᠷᠳᠠᠯᠭ᠎ᠠ ᠶᠢ ᠪᠡᠶᠡᠯᠡᠬᠦᠯᠬᠦ ᠭᠡᠷᠡᠭᠳᠡᠢ᠃      ᠬᠤᠶᠠᠷ᠂ ︽ᠠᠷᠪᠠᠨ ᠭᠤᠷᠪᠠᠳᠤᠭᠠᠷ ᠲᠠᠪᠤᠨ ᠵᠢᠯ︾᠎ ᠤᠨ ᠭᠤᠤᠯ ᠪᠤᠯᠬᠤ ᠡᠬᠦᠷᠭᠡ ᠬᠠᠷᠠᠯᠳᠠ ᠪᠠ 2016 ᠤᠨ ᠤ ᠭᠤᠤᠯᠳᠠᠯᠭᠠᠳᠠᠢ ᠠᠵᠢᠯ ᠤᠨ ᠪᠠᠶᠢᠷᠢᠯᠠᠭᠤᠯᠤᠯᠳᠠ       ︽ᠠᠷᠪᠠᠨ ᠭᠤᠷᠪᠠᠳᠤᠭᠠᠷ ᠲᠠᠪᠤᠨ ᠵᠢᠯ︾᠎ ᠤᠨ ᠬᠤᠭᠤᠴᠠᠭ᠎ᠠ ᠪᠤᠯ ᠮᠠᠨ ᠤ ᠬᠤᠰᠢᠭᠤ ᠨᠢ ᠪᠦᠬᠦ ᠤᠯᠤᠰ᠂ ᠪᠦᠬᠦ ᠤᠷᠤᠨ᠂ ᠪᠦᠬᠦ ᠠᠶᠢᠮᠠᠭ  ᠎ ᠯᠤᠭ᠎ᠠ ᠠᠯᠬᠤᠭ᠎ᠠ ᠨᠢᠬᠡᠳᠡᠢ ᠪᠠᠷ ᠴᠢᠨᠡᠭᠡᠯᠢᠭ ᠨᠡᠶᠢᠬᠡᠮ ᠢ ᠪᠦᠬᠦ ᠲᠠᠯᠠᠪᠠᠷ ᠪᠠᠶᠢᠭᠤᠯᠤᠨ ᠪᠦᠳᠦᠭᠡᠬᠦ ᠰᠢᠢᠳᠪᠦᠷᠢᠳᠦ ᠬᠤᠭᠤᠴᠠᠭ᠎ᠠ ᠪᠤᠯᠤᠨ᠎ᠠ᠃ ᠨᠠᠮ ᠤᠨ ᠠᠷᠪᠠᠨ ᠨᠠᠢᠮᠠᠳᠤᠭᠠᠷ ᠬᠤᠭᠤᠴᠠᠭᠠᠨ ᠤ ᠲᠠᠪᠤᠳᠤᠭᠠᠷ ᠪᠦᠬᠦᠳᠡ ᠬᠤᠷᠠᠯ ᠪᠠ  ᠤᠷᠤᠨ᠂ ᠠᠶᠢᠮᠠᠭ ᠤᠨ ᠲᠤᠭᠳᠠᠭᠰᠠᠨ ︽ᠠᠷᠪᠠᠨ ᠭᠤᠷᠪᠠᠳᠤᠭᠠᠷ ᠲᠠᠪᠤᠨ ᠵᠢᠯ︾᠎ ᠤᠨ ᠲᠦᠯᠦᠪᠵᠢᠬᠦᠯᠬᠡ ᠶᠢᠨ ᠲᠤᠬᠠᠢ ᠰᠠᠨᠠᠭᠤᠯᠭ᠎ᠠ ᠶᠢᠨ ᠵᠤᠷᠢᠭ ᠰᠠᠨᠠᠭ᠎ᠠ ᠶᠢ ᠦᠨᠳᠦᠰᠦᠯᠡᠵᠦ᠂  ᠬᠤᠰᠢᠭᠤ ᠨᠠᠮ ᠎ ᠤᠨ ᠬᠤᠷᠢᠶ᠎ᠠ᠂ ᠵᠠᠰᠠᠭ  ᠎ ᠤᠨ ᠤᠷᠳᠤᠨ ᠨᠢ ︽ᠠᠷᠪᠠᠨ ᠭᠤᠷᠪᠠᠳᠤᠭᠠᠷ ᠲᠠᠪᠤᠨ ᠵᠢᠯ︾᠎ ᠤᠨ ᠬᠤᠭᠤᠴᠠᠭᠠᠨ  ᠎ ᠳᠠᠬᠢ ᠮᠠᠨ ᠤ ᠬᠤᠰᠢᠭᠤᠨ ᠤ ᠠᠵᠤ ᠠᠬᠤᠢ ᠨᠡᠶᠢᠬᠡᠮ ᠤᠨ ᠬᠦᠭᠵᠢᠯᠳᠡ ᠶᠢᠨ ᠶᠡᠷᠦᠩᠬᠡᠢ ᠱᠠᠭᠠᠷᠳᠠᠯᠭ᠎ᠠ  ᠂  ᠭᠤᠤᠯ ᠪᠤᠯᠬᠤ ᠤᠷᠢᠳᠴᠢᠯᠠᠭᠰᠠᠨ ᠬᠠᠷᠠᠯᠳᠠ ᠪᠠ  ᠭᠤᠤᠯᠳᠠᠯᠭ᠎ᠠ ᠲᠠᠢ  ᠡᠬᠦᠷᠭᠡ ᠶᠢ ᠲᠤᠭᠳᠠᠵᠤ᠂ ︽ᠲᠠᠶᠢᠹᠤᠰᠧ ᠬᠤᠰᠢᠭᠤᠨ ᠤ  ᠤᠯᠤᠰ ᠠᠷᠠᠳ ᠤᠨ ᠠᠵᠤ ᠠᠬᠤᠢ ᠬᠢᠭᠡᠳ ᠨᠡᠶᠢᠬᠡᠮ ᠤᠨ ᠬᠦᠭᠵᠢᠯᠳᠡ ᠶᠢᠨ ᠠᠷᠪᠠᠨ ᠭᠤᠷᠪᠠᠳᠤᠭᠠᠷ ᠲᠠᠪᠤᠨ ᠵᠢᠯ ᠤᠨ ᠲᠦᠯᠦᠪᠵᠢᠬᠦᠯᠬᠡ ᠶᠢᠨ ᠬᠦᠳᠦᠯᠪᠦᠷᠢ ︵ᠡᠬᠢ ᠨᠤᠤᠷᠠᠭ︶︾᠎ ᠶᠢ ᠡᠨᠡ  ᠤᠳᠠᠭᠠᠨ ᠤ ᠶᠡᠭᠡ ᠬᠤᠷᠠᠯ ᠳᠤ ᠵᠢᠩᠬᠢᠨᠢ ᠎ ᠪᠠᠷ  ᠲᠡᠪᠰᠢᠬᠦᠯᠦᠭᠰᠡᠨ ᠪᠠᠶᠢᠨ᠎ᠠ᠃ ᠬᠤᠶᠢᠰᠢᠳᠠ ᠶᠢᠨ ᠲᠠᠪᠤᠨ ᠵᠢᠯ ᠳᠤ᠂ ᠪᠢᠳᠡ ᠬᠦᠭᠵᠢᠬᠦᠯᠦᠯᠳᠡ ᠶᠢᠨ ᠲᠡᠷᠢᠬᠦᠨ ᠡᠬᠦᠷᠭᠡ ᠶᠢ ᠪᠠᠷᠢᠮᠳᠠᠯᠠᠵᠤ᠂ ᠠᠵᠤ ᠠᠬᠤᠢ ᠶᠢᠨ ᠲᠤᠮᠳᠠ ᠲᠦᠷᠭᠡᠨ ᠬᠤᠷᠳᠤᠴᠠ ᠪᠠᠷ ᠬᠦᠭᠵᠢᠬᠦ ᠶᠢ ᠪᠠᠳᠤᠯᠠᠬᠤ ᠪᠠᠷ ᠴᠢᠷᠮᠠᠶᠢᠨ᠂ ᠤᠷᠤᠨ ᠨᠤᠳᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠳᠡᠭ ᠢ ᠵᠢᠯ ᠳᠤ 8.5%᠎ ᠪᠠᠷ  ᠨᠡᠮᠡᠭᠳᠡᠬᠦᠯᠵᠦ᠂ ᠨᠡᠶᠢᠳᠡ ᠶᠢᠨ ᠡᠳ᠋ ᠤᠨ ᠵᠠᠰᠠᠭ ᠤᠨ ᠲᠦᠰᠦᠪ ᠤᠨ ᠤᠷᠤᠯᠭ᠎ᠠ ᠶᠢ ᠵᠢᠯ ᠳᠤ 8 %᠎ ᠪᠠᠷ ᠨᠡᠮᠡᠭᠳᠡᠬᠦᠯᠦᠨ᠂  ᠪᠦᠬᠦ ᠨᠡᠶᠢᠬᠡᠮ ᠤᠨ ᠲᠤᠭᠳᠠᠮᠠᠯ ᠬᠦᠷᠦᠩᠬᠡ ᠶᠢᠨ ᠪᠡᠯᠡ  ᠤᠷᠤᠭᠤᠯᠤᠯᠳᠠ ᠶᠢ ᠵᠢᠯ ᠳᠤ 12% ᠎ ᠪᠠᠷ ᠨᠡᠮᠡᠭᠳᠡᠬᠦᠯᠵᠦ᠂ ᠨᠡᠶᠢᠬᠡᠮ  ᠎ ᠤᠨ ᠭᠡᠷᠡᠭᠯᠡᠭᠡᠨ ᠤ ᠪᠤᠳᠠᠰ ᠤᠨ ᠵᠢᠵᠢᠭᠯᠡᠨ  ᠪᠤᠷᠤᠯᠠᠭᠤᠯᠬᠤ  ᠶᠡᠷᠦᠩᠬᠡᠢ ᠬᠡᠮᠵᠢᠶ᠎ᠡ ᠶᠢ  ᠵᠢᠯ ᠳᠤ 10 %᠎ ᠪᠠᠷ ᠨᠡᠮᠡᠭᠳᠡᠬᠦᠯᠬᠦ  ᠎ ᠪᠠᠷ ᠤᠷᠢᠳᠴᠢᠯᠠᠨ ᠲᠦᠰᠦᠪᠯᠡᠪᠡ᠃ ᠤᠯᠠᠨ  ᠲᠠᠯᠠᠪᠠᠷ ᠬᠦᠭᠵᠢᠵᠦ᠂ ᠤᠯᠠᠨ  ᠲᠤᠶᠢᠯ ᠢᠶᠠᠷ ᠲᠤᠯᠭᠠᠭᠤᠷᠢᠯᠠᠭᠰᠠᠨ  ᠤᠳᠤ ᠦᠶ᠎ᠡ ᠶᠢᠨ ᠠᠵᠤ ᠦᠢᠯᠡᠰ ᠤᠨ ᠰᠢᠰᠲ᠋ᠧᠮ ᠢ ᠦᠨᠳᠦᠰᠦᠨ ᠳᠡᠭᠡᠨ ᠪᠦᠷᠢᠯᠳᠦᠬᠦᠯᠵᠦ᠂ ᠲᠠᠷᠢᠶᠠᠯᠠᠩ ᠮᠠᠯ ᠠᠵᠤ ᠠᠬᠤᠢ ᠶᠢᠨ ᠠᠵᠤ ᠦᠢᠯᠡᠰᠵᠢᠭᠰᠡᠨ ᠬᠢᠷᠢ ᠲᠦᠪᠰᠢᠨ ᠢ ᠢᠯᠡᠳᠳᠡ ᠲᠡᠭᠡᠭᠰᠢᠯᠡᠬᠦᠯᠦᠨ᠂ ᠡᠬᠢ ᠪᠠᠶᠠᠯᠢᠭ ᠤᠨ ᠪᠤᠰᠤ ᠭᠡᠯᠪᠡᠷᠢᠳᠦ ᠠᠵᠤ ᠦᠢᠯᠡᠰ ᠤᠨ ᠬᠤᠪᠢ ᠶᠢᠨ ᠵᠢᠩ ᠢ ᠶᠡᠭᠡ ᠬᠡᠮᠵᠢᠶ᠎ᠡ ᠎ ᠪᠠᠷ ᠨᠡᠮᠡᠭᠳᠡᠬᠦᠯᠵᠦ᠂  ᠤᠷᠤᠨ ᠪᠦᠰᠡ ᠶᠢᠨ ᠴᠢᠨᠠᠷᠳᠠᠢ ᠠᠷᠠᠯᠵᠢᠶ᠎ᠠ ᠬᠦᠢᠯᠬᠡᠬᠡᠨ ᠤ ᠭᠤᠤᠯᠯᠠᠬᠤ ᠪᠠᠶᠢᠷᠢ ᠰᠠᠭᠤᠷᠢ ᠶᠢ ᠦᠨᠳᠦᠰᠦᠨ ᠳᠤᠨᠢ ᠲᠤᠳᠤᠷᠬᠠᠶᠢᠯᠠᠵᠤ᠂ ᠪᠡᠭᠡᠵᠢᠩ ᠤᠨ ᠠᠷᠤ ᠳᠠᠬᠢ ᠲᠠᠯ᠎ᠠ ᠨᠤᠳᠤᠭ ᠤᠨ ᠵᠢᠭᠤᠯᠴᠢᠯᠠᠯ ᠤᠨ ᠦᠢᠯᠡᠰ ᠎ ᠤᠨ ᠨᠦᠯᠦᠬᠡᠯᠡᠨ ᠲᠠᠶᠢᠴᠢᠯᠠᠬᠤ ᠦᠢᠯᠡᠳᠦᠯ ᠢ ᠮᠡᠳᠡᠭᠳᠡᠮ᠎ᠡ ᠴᠢᠩᠭᠠᠷᠠᠭᠤᠯᠤᠨ᠂ ︽ᠲᠠᠪᠤᠨ  ᠶᠡᠭᠡ  ᠪᠤᠬᠢᠷᠳᠤᠯ ᠦᠬᠡᠢ ᠠᠵᠤ ᠦᠢᠯᠡᠰ︾᠎ ᠢ ᠠᠩᠬ᠎ᠠ ᠠᠯᠬᠤᠮ ᠭᠡᠪᠴᠢᠶᠡᠵᠢᠬᠦᠯᠦᠨ᠎ᠡ᠃ ᠬᠤᠳᠠ ᠬᠦᠳᠡᠭᠡ ᠶᠢᠨ ᠨᠢᠬᠡ ᠴᠤᠭᠴᠠᠵᠢᠭᠰᠠᠨ ᠬᠦᠭᠵᠢᠯᠳᠡ ᠶᠢ ᠲᠦᠷᠭᠡᠳᠭᠡᠨ᠂ ᠬᠤᠳᠠ ᠪᠠᠯᠭᠠᠰᠤᠵᠢᠯᠳᠠ ᠶᠢᠨ ᠨᠤᠷᠮ᠎ᠠ ᠶᠢ 55%᠎ ᠳᠤ ᠬᠦᠷᠭᠡᠨ᠎ᠡ᠃ ᠠᠮᠢ ᠠᠬᠤᠢ ᠎ ᠶᠢᠨ ᠠᠮᠤᠷ ᠲᠦᠪᠰᠢᠨ ᠬᠠᠯᠬᠠᠪᠴᠢ ᠶᠢ ᠰᠠᠶᠢᠳᠤᠷ ᠪᠠᠬᠢᠵᠢᠬᠦᠯᠵᠦ᠂ ᠤᠢ ᠰᠢᠭᠤᠢ ᠶᠢᠨ ᠪᠦᠷᠬᠦᠴᠡ ᠶᠢ 26%᠎ ᠳᠤ ᠬᠦᠷᠭᠡᠨ᠂  ᠨᠤᠳᠤᠭ ᠪᠡᠯᠴᠢᠭᠡᠷ ᠤᠨ ᠤᠷᠭᠤᠮᠠᠯ ᠤᠨ ᠬᠤᠴᠢᠯᠭ᠎ᠠ ᠶᠢ 60%᠎ ᠳᠤ ᠬᠦᠷᠭᠡᠵᠦ᠂ ᠬᠦᠭᠵᠢᠯᠳᠡ ᠶᠢᠨ ᠱᠠᠭᠠᠷᠳᠠᠯᠭ᠎ᠠ ᠳᠤ ᠲᠤᠬᠢᠷᠠᠯᠴᠠᠭᠰᠠᠨ  ᠤᠳᠤ ᠦᠶ᠎ᠡ ᠶᠢᠨ ᠰᠠᠭᠤᠷᠢ ᠲᠦᠬᠦᠭᠡᠷᠦᠮᠵᠢ ᠶᠢᠨ ᠰᠦᠯᠵᠢᠶ᠎ᠡ ᠶᠢ ᠦᠨᠳᠦᠰᠦᠨ ᠎ ᠳᠡᠭᠡᠨ ᠪᠠᠶᠢᠭᠤᠯᠤᠨ᠎ᠠ᠃ ᠬᠤᠳᠠ ᠬᠦᠳᠡᠭᠡ ᠶᠢᠨ ᠪᠠᠶᠢᠩᠭᠤ ᠰᠠᠭᠤᠭ᠎ᠠ ᠬᠦᠮᠦᠨ ᠠᠮᠠ  ᠎ ᠶᠢᠨ ᠬᠦᠮᠦᠨ ᠲᠤᠮᠳᠠᠴᠢ ᠲᠤᠬᠢᠷᠠᠭᠤᠯᠵᠤ ᠪᠤᠯᠬᠤᠶᠢᠴᠠ ᠤᠷᠤᠯᠭ᠎ᠠ ᠶᠢ  ᠲᠤᠰᠪᠤᠷᠢ 41300 ᠲᠦᠬᠦᠷᠢᠭ ᠪᠠ 13950 ᠲᠦᠬᠦᠷᠢᠭ ᠲᠤ ᠬᠦᠷᠭᠡᠵᠦ᠂  ᠡᠯ᠎ᠡ ᠦᠨᠳᠦᠰᠦᠳᠡᠨ ᠤ ᠠᠷᠠᠳ ᠲᠦᠮᠡᠨ ᠤ ᠴᠢᠨᠡᠭᠡᠯᠢᠭ ᠨᠡᠶᠢᠬᠡᠮ ᠳᠤ ᠵᠡᠷᠭᠡᠪᠡᠷ ᠠᠯᠬᠤᠨ ᠤᠷᠤᠬᠤ ᠶᠢ ᠪᠡᠶᠡᠯᠡᠬᠦᠯᠦᠨ᠎ᠡ᠃      2016 ᠤᠨ ᠪᠤᠯ ︽ᠠᠷᠪᠠᠨ ᠭᠤᠷᠪᠠᠳᠤᠭᠠᠷ ᠲᠠᠪᠤᠨ ᠵᠢᠯ︾᠎ ᠤᠨ ᠲᠦᠯᠦᠪᠵᠢᠬᠦᠯᠬᠡ ᠶᠢᠨ ᠡᠬᠢᠯᠡᠯᠳᠡ ᠶᠢᠨ ᠵᠢᠯ ᠪᠤᠯᠤᠨ᠎ᠠ᠃  ᠡᠨᠡ ᠵᠢᠯ ᠤᠨ ᠠᠵᠢᠯ ᠢ ᠰᠠᠶᠢᠨ ᠬᠢᠬᠦ ᠨᠢ ᠠᠴᠢ ᠬᠤᠯᠪᠤᠭᠳᠠᠯ ᠢᠶᠠᠷ ᠲᠤᠶᠢᠯ ᠤᠨ ᠶᠡᠭᠡ ᠪᠠᠶᠢᠭ᠎ᠠ᠃  ᠵᠠᠰᠠᠭ ᠤᠨ ᠤᠷᠳᠤᠨ ᠤ ᠠᠵᠢᠯ ᠤᠨ ᠶᠡᠷᠦᠩᠬᠡᠢ ᠱᠠᠭᠠᠷᠳᠠᠯᠭ᠎ᠠ ᠪᠤᠯ  ᠄  ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ  ᠂ ᠠᠷᠪᠠᠨ ᠨᠠᠢᠮᠠᠳᠤᠭᠠᠷ ᠬᠤᠭᠤᠴᠠᠭᠠᠨ ᠤ ᠭᠤᠷᠪᠠᠳᠤᠭᠠᠷ᠂ ᠲᠦᠷᠪᠡᠳᠦᠭᠡᠷ᠂ ᠲᠠᠪᠤᠳᠤᠭᠠᠷ ᠪᠦᠬᠦᠳᠡ ᠬᠤᠷᠠᠯ ᠪᠤᠯᠤᠨ ᠰᠢ ᠶᠢᠨ ᠫᠢᠩ ᠶᠡᠷᠦᠩᠬᠡᠢ ᠱᠦᠵᠢ ᠶᠢᠨ ᠰᠢᠷᠢᠰ ᠴᠢᠬᠤᠯᠠ  ᠶᠠᠷᠢᠶᠠᠨ ᠤ ᠵᠤᠷᠢᠭ ᠰᠠᠨᠠᠭ᠎ᠠ ᠶᠢ ᠬᠦᠨᠵᠡᠬᠡᠢ ᠲᠤᠤᠱᠯᠠᠭᠤᠯᠵᠤ᠂ ᠦᠪᠡᠷᠳᠡᠭᠡᠨ ᠵᠠᠰᠠᠬᠤ ᠤᠷᠤᠨ ᠤ  ︽8337︾ ᠬᠦᠭᠵᠢᠯᠳᠡ ᠶᠢᠨ ᠰᠡᠳᠬᠢᠴᠡ ᠬᠢᠭᠡᠳ ᠠᠶᠢᠮᠠᠭ ᠤᠨ ᠨᠠᠮ ᠵᠠᠰᠠᠭ ᠤᠨ ᠠᠵᠢᠯ ᠤᠨ ᠪᠠᠶᠢᠷᠢᠯᠠᠭᠤᠯᠤᠯᠳᠠ ᠶᠢ ᠪᠦᠬᠦ ᠲᠠᠯᠠᠪᠠᠷ ᠨᠠᠶᠢᠳᠠᠪᠤᠷᠢᠵᠢᠭᠤᠯᠤᠨ᠂  ︽ᠲᠦᠷᠪᠡᠨ ᠪᠦᠬᠦ ᠲᠠᠯ᠎ᠠ︾᠎ ᠶᠢᠨ ᠪᠠᠶᠢᠯᠳᠤᠬᠤ ᠪᠤᠳᠤᠯᠭ᠎ᠠ ᠶᠢᠨ ᠪᠠᠶᠢᠷᠢᠰᠢᠭᠤᠯᠤᠯᠳᠠ ᠪᠠ ︽ᠲᠠᠪᠤᠨ ᠶᠡᠭᠡ ᠬᠦᠭᠵᠢᠯᠳᠡ ᠎ ᠶᠢᠨ ᠤᠶᠢᠯᠠᠭᠠᠭᠳᠠᠬᠤᠨ︾᠎ ᠢ ᠪᠠᠷᠢᠮᠳᠠᠯᠠᠵᠤ᠂ ᠠᠵᠤ ᠠᠬᠤᠢ ᠶᠢᠨ ᠬᠦᠭᠵᠢᠯᠳᠡ ᠶᠢᠨ ᠰᠢᠨ᠎ᠡ ᠬᠡᠪ ᠪᠠᠶᠢᠳᠠᠯ ᠳᠤ ᠢᠳᠡᠪᠬᠢᠳᠡᠢ ᠪᠠᠷ  ᠲᠤᠬᠢᠷᠠᠯᠴᠠᠨ᠂ ︽ ᠦᠪᠡᠷᠮᠢᠴᠡ︾ ︽ᠲᠤᠷᠠᠶᠢᠮ᠎ᠠ︾ ︽  ᠲᠦᠪᠯᠡᠷᠡᠩᠬᠦᠢ︾ ᠲᠡᠭᠡᠷ᠎ᠡ ᠬᠦᠴᠦ ᠲᠠᠯᠪᠢᠵᠤ᠂ ᠠᠵᠤ ᠦᠢᠯᠡᠰ ᠢ ᠠᠳᠬᠤᠬᠤ᠂ ᠪᠦᠷᠢᠯᠳᠦᠴᠡ ᠶᠢ ᠲᠤᠬᠢᠷᠠᠭᠤᠯᠬᠤ᠂ ᠰᠠᠭᠤᠷᠢ ᠶᠢ ᠪᠠᠳᠤᠳᠬᠠᠬᠤ᠂ ᠲᠤᠳᠠᠭᠳᠠᠯ ᠢᠶᠠᠨ ᠨᠦᠬᠦᠬᠦ᠂ ᠦᠬᠡᠷᠡᠴᠢᠯᠡᠯᠳᠡ ᠶᠢ ᠠᠬᠢᠭᠤᠯᠬᠤ᠂ ᠠᠷᠠᠳ ᠤᠨ ᠠᠮᠢᠳᠤᠷᠠᠯ ᠢ  ᠪᠠᠳᠤᠯᠠᠬᠤ ᠠᠵᠢᠯ ᠢ ᠤᠯᠠᠮ ᠰᠠᠶᠢᠨ ᠬᠢᠵᠦ᠂  ︽ ᠲᠠᠪᠤᠨ ᠶᠡᠭᠡ ᠤᠨᠴᠠᠯᠢᠭᠳᠤ ᠠᠵᠤ ᠦᠢᠯᠡᠰ︾᠎ ᠤᠨ ᠬᠦᠭᠵᠢᠯᠳᠡ ᠪᠠᠷ ᠬᠠᠩᠭᠠᠯᠭ᠎ᠠ ᠎ ᠶᠢᠨ ᠲᠠᠯ᠎ᠠ ᠶᠢᠨ ᠪᠦᠷᠢᠯᠳᠦᠴᠡ ᠶᠢᠨ ᠴᠢᠨᠠᠷᠳᠠᠢ ᠦᠬᠡᠷᠡᠴᠢᠯᠡᠯᠳᠡ ᠶᠢ  ᠲᠠᠶᠢᠴᠢᠯᠠᠨ᠂  ︽ᠠᠷᠪᠠ ᠶᠢ ᠪᠦᠷᠬᠦᠬᠦᠯᠬᠦ︾ ᠢᠨᠵᠧᠨᠧᠷᠢᠩ ᠬᠢᠭᠡᠳ ᠶᠠᠳᠠᠭᠤ ᠠᠴᠠ ᠠᠩᠬᠢᠵᠢᠷᠠᠬᠤ ᠪᠠᠬᠢᠯᠡᠯᠳᠡ ᠰᠢᠪᠳᠤᠯᠬᠤ  ᠠᠵᠢᠯᠯᠠᠭ᠎ᠠ ᠪᠠᠷ ᠠᠷᠠᠳ ᠤᠨ ᠠᠮᠢᠳᠤᠷᠠᠯ ᠤᠨ ᠰᠠᠶᠢᠵᠢᠷᠠᠯᠳᠠ ᠶᠢ ᠲᠠᠶᠢᠴᠢᠯᠠᠨ᠂  ᠪᠡᠯᠴᠢᠭᠡᠷ ᠰᠡᠷᠬᠦᠬᠡᠵᠦ ᠪᠡᠯᠴᠢᠭᠡᠷᠯᠡᠬᠦᠯᠬᠦ ᠶᠢ ᠴᠠᠭᠠᠵᠠᠯᠠᠬᠤ ᠠᠷᠭ᠎ᠠ ᠲᠦᠷᠢᠮ ᠢ ᠴᠢᠩᠭ᠎ᠠ ᠭᠡᠷᠡᠭᠵᠢᠬᠦᠯᠬᠦ ᠪᠠᠷ ᠠᠮᠢ ᠠᠬᠤᠢ ᠶᠢᠨ ᠤᠷᠴᠢᠨ ᠲᠤᠭᠤᠷᠢᠨ ᠤ  ᠰᠡᠷᠬᠦᠯᠳᠡ ᠶᠢ ᠠᠬᠢᠭᠤᠯᠵᠤ᠂  ᠪᠦᠳᠦᠬᠦᠯᠢᠭ ᠤᠷᠤᠨ ᠰᠠᠭᠤᠴᠠᠳᠤ ᠲᠤᠭᠤᠷᠢᠭ ᠪᠠ ᠬᠠᠭᠤᠴᠢᠨ ᠬᠤᠳᠠ ᠶᠢᠨ ᠲᠤᠭᠤᠷᠢᠭ ᠤᠨ ᠦᠬᠡᠷᠡᠴᠢᠯᠡᠯᠳᠡ ᠪᠠᠷ ᠭᠤᠤᠯᠳᠠᠯᠭ᠎ᠠ ᠪᠤᠯᠭᠠᠨ ᠬᠤᠳᠠ ᠪᠠᠯᠭᠠᠰᠤᠨ ᠤ ᠰᠠᠭᠤᠷᠢ ᠲᠦᠬᠦᠭᠡᠷᠦᠮᠵᠢ ᠶᠢ ᠲᠡᠬᠦᠯᠳᠡᠷᠵᠢᠬᠦᠯᠦᠨ᠂ ᠦᠨᠳᠦᠰᠦᠨ ᠱᠠᠳᠤᠨ ᠤ ᠰᠠᠭᠤᠷᠢ ᠪᠠ ᠲᠤᠰᠬᠠᠢ ᠲᠦᠷᠦᠯ ᠤᠨ ᠴᠡᠭᠴᠡᠯᠡᠯᠳᠡ ᠶᠢᠨ ᠠᠵᠢᠯᠯᠠᠭ᠎ᠠ ᠶᠢ ᠴᠢᠩᠭᠠᠳᠬᠠᠬᠤ  ᠎ ᠠᠴᠠ ᠭᠠᠷᠳᠠᠵᠤ ᠨᠡᠶᠢᠬᠡᠮ ᠤᠨ ᠠᠮᠤᠷ ᠲᠤᠭᠳᠠᠭᠤᠨ ᠢ  ᠬᠠᠮᠠᠭᠠᠯᠠᠵᠤ᠂  ᠰᠡᠳᠬᠢᠯ ᠬᠦᠴᠦᠨ ᠢᠶᠠᠨ ᠨᠢᠬᠡᠳᠭᠡᠨ᠂  ᠬᠦᠴᠢᠷ ᠪᠡᠷᠭᠡᠰᠢᠶᠡᠯ ᠢ ᠲᠠᠪᠠᠵᠤ  ᠂ ︽ᠠᠷᠪᠠᠨ ᠭᠤᠷᠪᠠᠳᠤᠭᠠᠷ ᠲᠠᠪᠤᠨ ᠵᠢᠯ︾᠎ ᠤᠨ ᠠᠮᠵᠢᠯᠳᠠ ᠰᠠᠶᠢᠳᠠᠢ ᠡᠬᠢᠯᠡᠬᠦ ᠶᠢ ᠪᠠᠳᠤᠯᠠᠨ᠎ᠠ᠃       ᠭᠤᠤᠯ ᠪᠤᠯᠬᠤ ᠤᠷᠢᠳᠴᠢᠯᠠᠭᠰᠠᠨ ᠬᠠᠷᠠᠯᠳᠠ ᠪᠤᠯ᠄ ᠤᠷᠤᠨ ᠨᠤᠳᠤᠭ ᠤᠨ ᠦᠢᠯᠡᠳᠪᠦᠷᠢᠯᠡᠯ ᠤᠨ ᠶᠡᠷᠦᠩᠬᠡᠢ ᠦᠷᠳᠡᠭ 53.4 ᠳ᠋ᠦᠩᠰᠢᠭᠤᠷ ᠲᠦᠬᠦᠷᠢᠭ ᠢ ᠪᠡᠶᠡᠯᠡᠬᠦᠯᠵᠦ᠂ 9.3%᠎ ᠪᠠᠷ  ᠨᠡᠮᠡᠭᠳᠡᠬᠦᠯᠦᠨ᠂ ᠲᠤᠭᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ ᠶᠢ 36.9 ᠳ᠋ᠦᠩᠰᠢᠭᠤᠷ ᠲᠦᠬᠦᠷᠢᠭ ᠲᠤ ᠬᠦᠷᠭᠡᠵᠦ᠂ 18.1%᠎ ᠪᠠᠷ ᠨᠡᠮᠡᠭᠳᠡᠬᠦᠯᠦᠨ᠂  ᠨᠡᠶᠢᠳᠡ ᠶᠢᠨ ᠡᠳ᠋ ᠤᠨ ᠵᠠᠰᠠᠭ ᠤᠨ ᠲᠦᠰᠦᠪ ᠤᠨ ᠤᠷᠤᠯᠭ᠎ᠠ ᠶᠢ 1.31 ᠳ᠋ᠦᠩᠰᠢᠭᠤᠷ ᠲᠦᠬᠦᠷᠢᠭ ᠲᠤ ᠬᠦᠷᠭᠡᠵᠦ᠂ 9.8%᠎ ᠪᠠᠷ ᠨᠡᠮᠡᠭᠳᠡᠬᠦᠯᠦᠨ᠂  ᠨᠡᠶᠢᠬᠡᠮ ᠤᠨ ᠭᠡᠷᠡᠭᠯᠡᠭᠡᠨ ᠤ ᠪᠤᠳᠠᠰ ᠤᠨ ᠵᠢᠵᠢᠭᠯᠡᠨ ᠪᠤᠷᠤᠯᠠᠭᠤᠯᠬᠤ  ᠶᠡᠷᠦᠩᠬᠡᠢ ᠬᠡᠮᠵᠢᠶ᠎ᠡ ᠶᠢ 20.2 ᠳ᠋ᠦᠩᠰᠢᠭᠤᠷ ᠲᠦᠬᠦᠷᠢᠭ ᠲᠤ ᠬᠦᠷᠭᠡᠵᠦ᠂ 10%᠎ ᠪᠠᠷ ᠨᠡᠮᠡᠭᠳᠡᠬᠦᠯᠦᠨ᠂  ᠬᠤᠳᠠ ᠬᠦᠳᠡᠭᠡ ᠶᠢᠨ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ ᠬᠦᠮᠦᠨ ᠲᠤᠮᠳᠠᠴᠢ ᠲᠤᠬᠢᠷᠠᠭᠤᠯᠵᠤ ᠪᠤᠯᠬᠤᠶᠢᠴᠠ ᠤᠷᠤᠯᠭ᠎ᠠ ᠶᠢ  30640 ᠲᠦᠬᠦᠷᠢᠭ  ᠪᠠ 9880 ᠲᠦᠬᠦᠷᠢᠭ ᠲᠤ ᠬᠦᠷᠭᠡᠵᠦ᠂ ᠲᠤᠰᠪᠤᠷᠢ 9% ᠪᠠ ᠪᠠᠷ ᠨᠡᠮᠡᠭᠳᠡᠬᠦᠯᠦᠨ᠂  ᠡᠯ᠎ᠡ ᠲᠦᠷᠦᠯ ᠤᠨ ᠬᠢᠵᠠᠭᠠᠷᠯᠠᠩᠭᠤᠢ ᠴᠢᠨᠠᠷᠳᠠᠢ ᠵᠢᠭᠠᠯᠳᠠ ᠲᠤᠭ᠎ᠠ ᠶᠢ  ᠠᠶᠢᠮᠠᠭ ᠤᠨ  ᠱᠠᠭᠠᠷᠳᠠᠭᠰᠠᠨ ᠪᠠᠷᠢᠮᠵᠢᠶ᠎ᠠ ᠪᠠᠷ ᠬᠢᠵᠠᠭᠠᠷᠯᠠᠨ᠎ᠠ  ᠃        ᠲᠡᠭᠡᠷ᠎ᠡ ᠲᠤᠷᠠᠳᠤᠭᠰᠠᠨ ᠡᠬᠦᠷᠭᠡ ᠬᠠᠷᠠᠯᠳᠠ ᠶᠢ ᠪᠡᠶᠡᠯᠡᠬᠦᠯᠬᠦ ᠶᠢᠨ ᠲᠦᠯᠦᠬᠡ᠂ ᠲᠤᠤᠷᠠᠬᠢ ᠭᠡᠳᠦᠨ  ᠲᠠᠯ᠎ᠠ ᠎ ᠶᠢᠨ ᠠᠵᠢᠯ ᠢ ᠡᠷᠭᠡᠪᠰᠢ  ᠭᠤᠤᠯᠳᠠᠯᠭ᠎ᠠ ᠲᠠᠢ ᠰᠠᠶᠢᠨ ᠬᠢᠬᠦ ᠭᠡᠷᠡᠭᠳᠡᠢ᠄        ︵ᠨᠢᠭᠡ︶  ᠠᠵᠤ ᠦᠢᠯᠡᠰ ᠤᠨ ᠬᠦᠭᠵᠢᠯᠳᠡ ᠶᠢᠨ ᠰᠠᠭᠤᠷᠢ ᠶᠢ ᠪᠠᠬᠢᠵᠢᠬᠦᠯᠵᠦ᠂ ᠠᠵᠤ ᠠᠬᠤᠢ ᠶᠢᠨ ᠪᠤᠳᠠᠳᠤ ᠬᠦᠴᠦᠨ ᠢ ᠲᠠᠰᠤᠷᠠᠯᠳᠠ ᠦᠬᠡᠢ ᠴᠢᠩᠭᠠᠷᠠᠭᠤᠯᠬᠤ ᠭᠡᠷᠡᠭᠳᠡᠢ᠃   ᠨᠢᠬᠡᠳᠦᠭᠡᠷ᠂ ᠬᠤᠶᠠᠳᠤᠭᠠᠷ᠂ ᠭᠤᠷᠪᠠᠳᠤᠭᠠᠷ ᠠᠵᠤ ᠦᠢᠯᠡᠰ ᠤᠨ ᠤᠶᠠᠯᠳᠤᠨ ᠬᠦᠭᠵᠢᠬᠦ ᠶᠢ ᠪᠠᠷᠢᠮᠳᠠᠯᠠᠵᠤ᠂ ᠠᠵᠤ ᠦᠢᠯᠡᠰ ᠤᠨ ᠬᠦᠭᠵᠢᠯᠳᠡ ᠶᠢᠨ ᠶᠠᠰᠤ ᠴᠢᠨᠠᠷ ᠪᠠ ᠦᠷ᠎ᠡ ᠠᠰᠢᠭ ᠤᠨ ᠲᠡᠭᠡᠭᠰᠢᠯᠡᠯᠳᠡ ᠶᠢ ᠤᠯᠠᠮ ᠢᠯᠡᠬᠦᠦ ᠴᠢᠬᠤᠯᠠᠴᠢᠯᠠᠨ᠂ ᠰᠢᠨ᠎ᠡ ᠠᠵᠤ ᠦᠢᠯᠡᠰ ᠎ ᠤᠨ ᠲᠠᠪᠠᠭᠤᠯᠢᠭ ᠪᠠ ᠦᠷᠢᠰᠦᠯᠳᠦᠬᠡᠨ ᠤ ᠲᠠᠪᠠᠭᠤᠯᠢᠭ ᠢ ᠲᠦᠷᠭᠡᠨ ᠪᠤᠶᠢᠵᠢᠭᠤᠯᠬᠤ ᠭᠡᠷᠡᠭᠳᠡᠢ᠃        — —  ᠲᠠᠷᠢᠶᠠᠯᠠᠩ ᠮᠠᠯ ᠠᠵᠤ ᠠᠬᠤᠢ  ᠎ ᠶᠢᠨ ᠦᠨᠳᠦᠰᠦᠨ ᠪᠠᠶᠢᠷᠢ ᠰᠠᠭᠤᠷᠢ ᠶᠢ ᠦᠷᠬᠦᠯᠵᠢᠯᠡᠨ ᠴᠢᠩᠭᠠᠳᠬᠠᠨ᠎ᠠ᠃   ᠪᠡᠭᠡᠵᠢᠩ ᠲᠢᠶᠠᠨᠵᠢᠨ ᠾᠧᠪᠸᠢ ᠶᠢᠨ ᠵᠠᠬ᠎ᠠ ᠲᠡᠯᠬᠡᠬᠦᠷ ᠲᠤ ᠬᠠᠨᠳᠤᠭᠰᠠᠨ ᠪᠤᠬᠢᠷᠳᠤᠯ  ᠦᠬᠡᠢ ᠤᠷᠭᠠᠨᠢᠭ ᠪᠦᠳᠦᠭᠡᠭᠳᠡᠬᠦᠨ ᠤ ᠦᠢᠯᠡᠳᠪᠦᠷᠢᠯᠡᠯ ᠤᠨ ᠰᠠᠭᠤᠷᠢᠨ ᠭᠠᠵᠠᠷ ᠢ  ᠢᠳᠡᠪᠬᠢᠳᠡᠢ ᠪᠦᠳᠦᠭᠡᠨ ᠪᠠᠶᠢᠭᠤᠯᠤᠨ᠎ᠠ᠃  ᠨᠢᠬᠡ ᠳᠤ᠂  ᠲᠠᠷᠢᠵᠤ ᠮᠠᠯᠵᠢᠬᠤ ᠦᠢᠯᠡᠰ ᠤᠨ ᠪᠦᠷᠢᠯᠳᠦᠴᠡ ᠶᠢ ᠬᠦᠴᠦ ᠲᠠᠯᠪᠢᠵᠤ ᠲᠤᠬᠢᠷᠠᠭᠤᠯᠬᠤ ᠭᠡᠷᠡᠭᠳᠡᠢ᠃  ᠲᠠᠷᠢᠵᠤ  ᠤᠷᠭᠤᠭᠤᠯᠬᠤ ᠦᠢᠯᠡᠰ ᠤᠨ ᠲᠠᠯᠠᠪᠠᠷ᠂  ︽ᠲᠦᠮᠦᠰᠦ ᠶᠢ ᠲᠤᠭᠳᠠᠪᠤᠷᠢᠵᠢᠭᠤᠯᠵᠤ ᠨᠤᠭᠤᠭ᠎ᠠ ᠶᠢ ᠶᠡᠭᠡᠰᠭᠡᠬᠦ︾᠎ ᠶᠢ ᠪᠠᠷᠢᠮᠳᠠᠯᠠᠨ᠂  ᠪᠤᠬᠢᠷᠳᠤᠯ ᠦᠬᠡᠢ ᠤᠷᠭᠠᠨᠢᠭ ᠢᠳᠡᠰᠢᠨ ᠨᠤᠭᠤᠭᠠᠨ ᠤ ᠠᠵᠤ ᠦᠢᠯᠡᠰ ᠢ ᠬᠦᠭᠵᠢᠬᠦᠯᠵᠦ᠂ ᠴᠢᠶᠠᠨ ᠶᠢᠨ ᠭᠸᠦ᠂ ᠯᠦᠸᠧ ᠲᠦᠸᠧ ᠱᠠᠨ ᠵᠡᠷᠭᠡ  ᠬᠠᠷ᠎ᠠ ᠬᠦᠷᠦᠰᠦᠳᠦ ᠤᠰᠤ ᠡᠯᠪᠡᠭ ᠭᠠᠵᠠᠷ ᠎ ᠢᠶᠠᠷ  ᠭᠤᠤᠯ ᠪᠤᠯᠭᠠᠨ᠂  ᠤᠯᠠᠮᠵᠢᠯᠠᠯᠳᠤ ᠢᠳᠡᠰᠢᠨ ᠨᠤᠭᠤᠭᠠᠨ ᠤ ᠲᠠᠷᠢᠶᠠᠯᠠᠩ ᠤᠨ ᠲᠤᠭᠤᠷᠢᠭ ᠢᠶᠠᠷ ᠰᠠᠭᠤᠷᠢ ᠪᠤᠯᠭᠠᠵᠤ᠂  ᠢᠳᠡᠰᠢᠨ ᠨᠤᠭᠤᠭ᠎ᠠ ᠲᠠᠷᠢᠬᠤ ᠵᠢᠱᠢᠶ᠎ᠡ ᠦᠵᠡᠬᠦᠯᠬᠦ ᠤᠷᠤᠨ ᠢ ᠢᠳᠡᠪᠬᠢᠳᠡᠢ ᠡᠬᠦᠳᠦᠨ ᠪᠠᠶᠢᠭᠤᠯᠵᠤ᠂ ᠢᠳᠡᠰᠢᠨ ᠨᠤᠭᠤᠭᠠᠨ ᠤ ᠠᠵᠤ ᠦᠢᠯᠡᠰ ᠤᠨ ᠪᠦᠰᠡ ᠶᠢ ᠪᠤᠢ ᠪᠤᠯᠭᠠᠨ᠂  ᠢᠳᠡᠰᠢᠨ ᠨᠤᠭᠤᠭ᠎ᠠ  ᠲᠠᠷᠢᠬᠤ ᠲᠠᠯᠠᠪᠠᠢ ᠎ ᠶᠢ 12 ᠲᠦᠮᠡᠨ ᠮᠤ᠋ ᠳᠤ ᠬᠦᠷᠭᠡᠵᠦ 20%᠎ ᠪᠠᠷ  ᠨᠡᠮᠡᠭᠳᠡᠬᠦᠯᠦᠨ᠎ᠡ᠃  ᠪᠠᠢ ᠰᠧ ᠲᠧ ᠲᠠᠷᠢᠶᠠᠯᠠᠩ ᠤᠨ ᠰᠢᠨᠵᠢᠯᠡᠭᠡ ᠮᠡᠷᠭᠡᠵᠢᠯ ᠤᠨ ᠲᠤᠭᠤᠷᠢᠭ ᠢ ᠬᠠᠪᠰᠤᠷᠤᠨ ᠲᠡᠳᠬᠦᠵᠦ᠂  ᠬᠦᠯᠡᠮᠵᠢ ᠳᠤ ᠲᠠᠷᠢᠬᠤ ᠮᠡᠷᠭᠡᠵᠢᠯ ᠤᠨ ᠲᠤᠷᠰᠢᠯᠳᠠ ᠶᠢ ᠢᠳᠡᠪᠬᠢᠳᠡᠢ ᠬᠢᠵᠦ᠂ ᠲᠦᠬᠦᠭᠡᠷᠦᠮᠵᠢᠳᠦ ᠲᠠᠷᠢᠶᠠᠯᠠᠩ ᠤᠨ ᠬᠦᠭᠵᠢᠯᠳᠡ ᠶᠢ ᠲᠠᠶᠢᠴᠢᠯᠠᠨ᠎ᠠ᠃  ᠲᠡᠵᠢᠬᠡᠨ ᠦᠷᠡᠵᠢᠬᠦᠯᠬᠦ ᠦᠢᠯᠡᠰ ᠤᠨ ᠲᠠᠯᠠᠪᠠᠷ᠂  ︽ ᠪᠤᠭ ᠮᠠᠯ ᠢ ᠪᠤᠳᠠ ᠮᠠᠯ  ᠎ ᠢᠶᠠᠷ ᠰᠤᠯᠢᠵᠤ᠂  ᠮᠠᠭᠤ ᠡᠬᠦᠯᠳᠡᠷ ᠎ ᠢ ᠰᠠᠶᠢᠨ ᠡᠬᠦᠯᠳᠡᠷ ᠢᠶᠠᠷ ᠤᠷᠤᠯᠠᠭᠤᠯᠬᠤ︾  ᠠᠯᠬᠤᠭ᠎ᠠ ᠶᠢ ᠲᠦᠷᠭᠡᠳᠭᠡᠨ᠂ ᠴᠠᠬᠠᠷ ᠬᠤᠨᠢ ᠤᠷᠤᠭᠤᠯᠵᠤ ᠦᠷᠡᠵᠢᠬᠦᠯᠬᠦ ᠪᠠ ᠰᠢᠮᠧᠨ᠋ᠲ᠋ᠠᠷ ᠦᠬᠡᠷ ᠤᠨ ᠭᠡᠭᠡᠯᠳᠦᠬᠦᠯᠬᠡ ᠬᠢᠬᠦ ᠠᠵᠢᠯ ᠢ ᠰᠠᠶᠢᠳᠤᠷ ᠠᠳᠬᠤᠵᠤ᠂  ᠬᠦᠨᠪᠤᠯᠠᠭ ᠰᠤᠮᠤᠨ ᠳᠤ  ᠴᠠᠬᠠᠷ ᠬᠤᠨᠢ ᠭᠤᠤᠯᠳᠠᠯᠭᠠᠳᠠᠢ ᠦᠷᠡᠵᠢᠬᠦᠯᠬᠦ ᠮᠠᠯᠵᠢᠯ ᠤᠨ ᠲᠠᠯᠠᠪᠠᠢ ᠶᠢ ᠪᠠᠶᠢᠭᠤᠯᠤᠨ᠂  ᠠᠳᠤᠭᠤ ᠮᠠᠯᠵᠢᠵᠤ ᠶᠠᠳᠠᠭᠤ ᠠᠴᠠ ᠠᠩᠬᠢᠵᠢᠷᠠᠬᠤ ᠲᠤᠷᠰᠢᠯᠳᠠ ᠶᠢᠨ ᠴᠡᠭ ᠤᠨ ᠠᠵᠢᠯ ᠢ ᠡᠬᠢᠯᠡᠬᠦᠯᠦᠨ᠎ᠡ᠃  ᠮᠠᠯᠴᠢᠨ ᠲᠠᠷᠢᠶᠠᠴᠢᠨ ᠤ ᠭᠠᠵᠠᠷ ᠤᠷᠤᠨ ᠳᠠᠭᠠᠨ ᠲᠤᠬᠢᠷᠠᠭᠤᠯᠤᠨ ᠤᠢ ᠮᠤᠳᠤᠨ ᠲᠤᠤᠷᠠᠬᠢ ᠠᠵᠤ ᠠᠬᠤᠢ ᠵᠡᠷᠭᠡ ᠤᠨᠴᠠᠯᠢᠭᠳᠤ ᠠᠵᠤ ᠦᠢᠯᠡᠰ ᠬᠦᠭᠵᠢᠬᠦᠯᠬᠦ ᠶᠢ ᠵᠤᠷᠢᠬᠵᠢᠭᠤᠯᠵᠤ᠂ ᠪᠤᠬᠢᠷᠳᠤᠯ ᠦᠬᠡᠢ ᠨᠤᠳᠤᠭ ᠤᠨ ᠭᠠᠷᠤᠯᠳᠠ ᠶᠢᠨ ᠨᠡᠷᠡᠳᠦ ᠲᠡᠮᠳᠡᠭ ᠢ ᠡᠬᠦᠳᠦᠨ᠎ᠡ᠃  ᠡᠨᠡ  ᠵᠢᠯ ᠪᠠᠷᠢᠮᠵᠢᠶᠠᠳᠤ ᠮᠠᠯᠵᠢᠯ ᠤᠨ ᠲᠠᠯᠠᠪᠠᠢ 7 ᠰᠠᠭᠤᠷᠢ ᠪᠠᠶᠢᠭᠤᠯᠵᠤ᠂  ᠮᠠᠯ ᠤᠨ ᠰᠠᠷᠠᠪᠴᠢ 9 ᠲᠦᠮᠡᠨ ᠬᠠᠪᠳᠠᠭᠠᠢ ᠲᠦᠷᠪᠡᠯᠵᠢᠨ ᠮᠧᠲᠷ᠂  ᠡᠪᠡᠰᠦ ᠬᠠᠳᠠᠭᠠᠯᠠᠬᠤ ᠰᠠᠷᠠᠪᠴᠢ 0.5 ᠲᠦᠮᠡᠨ ᠬᠠᠪᠳᠠᠭᠠᠢ ᠲᠦᠷᠪᠡᠯᠵᠢᠨ ᠮᠧᠲᠷ᠂ ᠨᠤᠭᠤᠭᠠᠨ ᠲᠠᠷᠤᠰᠢ ᠶᠢᠨ ᠵᠤᠭᠤᠷᠢ 0.48 ᠪᠤᠰᠤᠭ᠎ᠠ ᠲᠦᠷᠪᠡᠯᠵᠢᠨ ᠮᠧᠲᠷ ᠢ ᠰᠢᠨ᠎ᠡ ᠪᠠᠷ ᠪᠠᠶᠢᠭᠤᠯᠤᠨ᠎ᠠ᠃  ᠬᠤᠶᠠᠷ ᠲᠤ᠂  ︽ ᠲᠠᠷᠢᠶᠠᠨ ᠭᠠᠵᠠᠷ ᠢ ᠬᠠᠮᠠᠭᠠᠯᠠᠵᠤ᠂ ᠰᠢᠨᠵᠢᠯᠡᠭᠡ ᠮᠡᠷᠭᠡᠵᠢᠯ ᠢ ᠲᠡᠯᠭᠡᠷᠡᠬᠦᠯᠦᠨ᠂ ᠠᠮᠤ ᠪᠤᠳᠠᠭ᠎ᠠ ᠶᠢ  ᠬᠦᠭᠵᠢᠬᠦᠯᠬᠦ︾  ᠪᠠᠶᠢᠯᠳᠤᠬᠤ ᠪᠤᠳᠤᠯᠭ᠎ᠠ ᠶᠢ ᠢᠳᠡᠪᠬᠢᠳᠡᠢ ᠨᠠᠶᠢᠳᠠᠪᠤᠷᠢᠵᠢᠭᠤᠯᠬᠤ ᠭᠡᠷᠡᠭᠳᠡᠢ᠃  11 ᠲᠦᠮᠡᠨ ᠮᠤ᠋ ᠦᠨᠳᠦᠷ ᠪᠠᠷᠢᠮᠵᠢᠶᠠᠳᠤ ᠲᠠᠷᠢᠶᠠᠨ ᠭᠠᠵᠠᠷ ᠢ ᠪᠠᠶᠢᠭᠤᠯᠵᠤ᠂ 2.4 ᠲᠦᠮᠡᠨ ᠮᠤ᠋ ᠰᠦᠷᠴᠢᠨ ᠤᠰᠤᠯᠠᠬᠤ ᠲᠠᠯᠠᠪᠠᠢ ᠶᠢ ᠲᠤᠰᠤᠯᠠᠭᠠᠨ ᠤᠰᠤᠯᠠᠬᠤ  ᠲᠠᠯᠠᠪᠠᠢ ᠪᠤᠯᠭᠠᠵᠤ ᠦᠬᠡᠷᠡᠴᠢᠯᠡᠨ ᠂ ᠲᠠᠷᠢᠶᠠᠨ ᠭᠠᠵᠠᠷ ᠤᠨ ᠶᠠᠰᠤ ᠴᠢᠨᠠᠷ ᠢ ᠬᠠᠮᠠᠭᠠᠯᠠᠬᠤ ᠪᠠ ᠰᠠᠶᠢᠵᠢᠷᠠᠭᠤᠯᠬᠤ ᠠᠵᠢᠯ ᠢ ᠬᠢᠵᠦ᠂  ᠬᠦᠷᠦᠰᠦᠨ ᠳᠤᠨᠢ ᠲᠤᠬᠢᠷᠠᠭᠤᠯᠵᠤ ᠪᠤᠷᠳᠤᠭᠤᠷ  ᠨᠠᠶᠢᠷᠠᠭᠤᠯᠬᠤ  ᠲᠠᠯᠠᠪᠠᠢ 120 ᠲᠦᠮᠡᠨ ᠮᠤ᠋ ᠶᠢ ᠲᠡᠯᠭᠡᠷᠡᠬᠦᠯᠦᠨ᠂ ᠰᠡᠯᠬᠦᠨ ᠲᠠᠷᠢᠵᠤ ᠬᠦᠷᠦᠰᠦ ᠶᠢ ᠠᠮᠠᠷᠠᠭᠤᠯᠬᠤ ᠲᠦᠷᠢᠮ ᠢ ᠰᠦᠪᠡᠭᠴᠢᠯᠡᠨ ᠭᠡᠷᠡᠭᠵᠢᠬᠦᠯᠵᠦ᠂  ᠬᠢᠮᠢ ᠶᠢᠨ ᠪᠤᠷᠳᠤᠭᠤᠷ ᠪᠠ ᠲᠠᠷᠢᠶᠠᠨ ᠡᠮ ᠬᠢᠵᠠᠭᠠᠷᠯᠠᠬᠤ ᠠᠵᠢᠯ ᠢ ᠵᠡᠷᠭᠡᠪᠡᠷ ᠠᠬᠢᠭᠤᠯᠤᠨ᠂ ᠲᠠᠸᠠᠷ ᠤᠨ ᠲᠦᠮᠦᠰᠦᠨ ᠤ ᠲᠠᠷᠢᠶᠠᠯᠠᠭ᠎ᠠ ᠨᠢ ᠲᠠᠷᠢᠶᠠᠨ ᠭᠠᠵᠠᠷ ᠤᠨ ᠲᠠᠭᠠᠭᠠᠴᠠ ᠠᠴᠠ ᠬᠡᠳᠦᠷᠡᠬᠦ ᠠᠰᠠᠭᠤᠳᠠᠯ ᠢ ᠪᠦᠳᠦᠮᠵᠢᠳᠡᠢ ᠰᠢᠢᠳᠪᠦᠷᠢᠯᠡᠨ᠎ᠡ᠃ ᠰᠢᠨᠵᠢᠯᠡᠭᠡ ᠮᠡᠷᠭᠡᠵᠢᠯ ᠤᠨ ᠵᠢᠱᠢᠶ᠎ᠡ ᠦᠵᠡᠬᠦᠯᠬᠦ ᠰᠠᠭᠤᠷᠢᠨ ᠭᠠᠵᠠᠷ 4᠎ ᠶᠢ ᠪᠠᠶᠢᠭᠤᠯᠵᠤ᠂ ᠰᠢᠨ᠎ᠡ ᠬᠡᠯᠪᠡᠷᠢ ᠶᠢᠨ ᠲᠤᠬᠠᠶᠢᠯᠠᠭᠰᠠᠨ ᠠᠵᠢᠯ ᠤᠨ ᠮᠠᠯᠴᠢᠨ ᠲᠠᠷᠢᠶᠠᠴᠢᠨ 200᠎ ᠶᠢ ᠬᠦᠮᠦᠵᠢᠬᠦᠯᠦᠨ᠎ᠡ᠃ ᠲᠠᠷᠢᠶᠠᠯᠠᠩ ᠮᠠᠯᠵᠢᠯ ᠳᠤ ᠭᠡᠷᠡᠭᠯᠡᠬᠦ ᠮᠠᠰᠢᠨ ᠲᠦᠬᠦᠭᠡᠷᠦᠮᠵᠢ 5000 ᠢᠵᠢ ᠶᠢ ᠰᠢᠨ᠎ᠡ ᠪᠠᠷ ᠨᠡᠮᠡᠭᠳᠡᠬᠦᠯᠵᠦ᠂  ᠮᠠᠰᠢᠨᠴᠢᠯᠠᠯᠳᠠ ᠶᠢᠨ ᠨᠤᠷᠮ᠎ᠠ ᠶᠢ 90%᠎ ᠠᠴᠠ ᠲᠠᠪᠠᠭᠤᠯᠤᠨ᠎ᠠ᠃  ᠭᠤᠷᠪᠠ ᠳᠤ᠂ ᠲᠠᠷᠢᠶᠠᠯᠠᠩ ᠮᠠᠯ ᠠᠵᠤ ᠠᠬᠤᠢ ᠶᠢᠨ ᠠᠵᠤ ᠦᠢᠯᠡᠰᠵᠢᠭᠰᠡᠨ ᠡᠵᠡᠩᠨᠡᠯᠳᠡ ᠶᠢ ᠲᠦᠷᠭᠡᠳᠭᠡᠨ ᠠᠬᠢᠭᠤᠯᠬᠤ ᠭᠡᠷᠡᠭᠳᠡᠢ᠃ ᠲᠠᠷᠢᠶᠠᠯᠠᠩ ᠮᠠᠯ ᠠᠵᠤ ᠠᠬᠤᠢ ᠶᠢᠨ ᠠᠵᠤ ᠦᠢᠯᠡᠳᠪᠦᠷᠢ᠂ ᠦᠢᠯᠡᠴᠢᠯᠡᠬᠡᠨ ᠤ ᠦᠢᠯᠡᠰ  ᠎ ᠯᠦᠭᠡ ᠤᠶᠠᠯᠳᠤᠨ ᠬᠦᠭᠵᠢᠬᠦ ᠶᠢ ᠠᠬᠢᠭᠤᠯᠵᠤ᠂  ᠤᠳᠤ ᠪᠠᠶᠢᠭ᠎ᠠ ᠤᠯᠠᠭᠠᠨ ᠢᠳᠡᠭᠡᠨ ᠡᠳ᠋ᠰᠢᠬᠦᠯᠦᠨ ᠪᠤᠯᠪᠠᠰᠤᠷᠠᠭᠤᠯᠬᠤ ᠠᠵᠤ ᠠᠬᠤᠶᠢᠯᠠᠯ ᠢ ᠲᠡᠰ ᠲᠡᠪᠰᠢᠬᠦᠯᠦᠨ᠂ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠡᠳ᠋ᠰᠢᠬᠦᠯᠦᠨ ᠪᠤᠯᠪᠠᠰᠤᠷᠠᠭᠤᠯᠬᠤ  ᠤᠷᠤᠨ ᠲᠤᠭᠤᠷᠢᠭ ᠪᠠ ᠤᠷᠤᠨ ᠪᠦᠰᠡ ᠶᠢᠨ ᠴᠢᠨᠠᠷᠳᠠᠢ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠤ ᠰᠤᠯᠢᠯᠴᠠᠭᠠᠨ ᠤ ᠲᠦᠪ ᠢ ᠲᠦᠯᠦᠪᠵᠢᠬᠦᠯᠦᠨ ᠪᠠᠶᠢᠭᠤᠯᠵᠤ᠂ ᠤᠳᠤ ᠪᠠᠶᠢᠭ᠎ᠠ ᠢᠳᠡᠰᠢᠨ ᠨᠤᠭᠤᠭᠠᠨ ᠤ ᠵᠠᠬ᠎ᠠ ᠲᠡᠯᠬᠡᠬᠦᠷ ᠤᠨ ᠴᠢᠳᠠᠪᠬᠢ ᠶᠢ ᠪᠦᠷᠢᠨᠰᠢᠬᠦᠯᠦᠨ᠂ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠤ ᠡᠯᠧᠺᠲᠷᠤᠨ ᠠᠷᠠᠯᠵᠢᠶᠠᠨ ᠤ ᠲᠠᠪᠴᠠᠩ ᠢ ᠱᠠᠯᠠᠪᠳᠠᠨ ᠪᠠᠶᠢᠭᠤᠯᠤᠨ᠎ᠠ᠃ ᠲᠦᠮᠦᠰᠦᠨ ᠴᠠᠷᠳᠠᠭᠤᠯ᠂  ᠵᠢᠵᠢᠭ ᠬᠤᠯᠢᠮᠠᠭ ᠠᠮᠤ᠂ ᠨᠤᠬᠠᠢ ᠶᠢᠨ ᠬᠤᠰᠢᠭᠤ᠂ ᠶᠠᠮᠠ ᠶᠢᠨ ᠦᠷ᠎ᠡ᠂  ᠦᠬᠡᠷ ᠬᠤᠨᠢᠨ ᠮᠢᠬ᠎ᠠ ᠵᠡᠷᠭᠡ ᠪᠦᠳᠦᠭᠡᠭᠳᠡᠬᠦᠨ ᠢ ᠨᠠᠷᠢᠯᠢᠭ ᠬᠦᠨ ᠪᠤᠯᠪᠠᠰᠤᠷᠠᠭᠤᠯᠬᠤ ᠠᠵᠤ ᠠᠬᠤᠶᠢᠯᠠᠯ ᠢ ᠲᠠᠳᠠᠨ ᠤᠷᠤᠭᠤᠯᠬᠤ ᠪᠠ ᠪᠤᠶᠢᠵᠢᠭᠤᠯᠵᠤ᠂ ᠤᠨᠴᠠᠯᠢᠭᠳᠤ ᠪᠦᠳᠦᠭᠡᠭᠳᠡᠬᠦᠨ  ᠎ ᠤ ᠨᠡᠮᠡᠯᠳᠡ ᠦᠷᠳᠡᠭ ᠢ ᠶᠡᠬᠡᠰᠭᠡᠨ᠎ᠡ᠃ ᠡᠯ᠎ᠡ ᠲᠦᠷᠦᠯ ᠤᠨ ᠲᠤᠰᠬᠠᠢ ᠬᠤᠷᠰᠢᠶᠠᠵᠢᠯ ᠢ ᠢᠳᠡᠪᠬᠢᠳᠡᠢ ᠲᠡᠳᠬᠦᠨ ᠬᠦᠭᠵᠢᠬᠦᠯᠵᠦ᠂ ᠨᠢᠬᠡ ᠪᠦᠯᠦᠭ ᠢ ᠨᠢ ᠬᠦᠴᠦᠨ ᠦᠬᠡᠢ ᠪᠤᠯᠭᠠᠨ᠂ ᠨᠢᠬᠡ ᠪᠦᠯᠦᠭ ᠢ ᠨᠢ ᠴᠡᠭᠴᠡᠯᠡᠨ ᠲᠦᠷᠢᠮᠵᠢᠬᠦᠯᠵᠦ᠂  ᠰᠠᠶᠢᠨ ᠠᠴᠠ ᠨᠢ ᠰᠢᠯᠢᠵᠦ ᠪᠠᠶᠢᠭᠠᠳ ᠨᠢᠬᠡ ᠪᠦᠯᠦᠭ ᠢ ᠲᠡᠳᠬᠦᠨ ᠬᠦᠴᠦᠷᠭᠡᠭᠵᠢᠬᠦᠯᠦᠨ᠎ᠡ᠃ ᠤᠳᠤ ᠪᠠᠶᠢᠭ᠎ᠠ ᠠᠵᠤ ᠠᠬᠤᠶᠢᠯᠠᠯ ᠤᠨ ᠨᠡᠷᠡᠳᠦ ᠲᠡᠮᠳᠡᠭ ᠤᠨ ᠪᠠᠶᠢᠭᠤᠯᠤᠯᠳᠠ ᠶᠢ ᠴᠢᠩᠭᠠᠳᠬᠠᠵᠤ᠂  ᠨᠡᠷ᠎ᠡ ᠠᠯᠳᠠᠷᠳᠤ ᠲᠠᠸᠠᠷ ᠤᠨ ᠲᠡᠮᠳᠡᠭ ᠡᠷᠡᠮᠡᠯᠵᠡᠯᠡᠬᠦ ᠠᠵᠢᠯ ᠤᠨ ᠡᠷᠴᠢᠮ ᠢ ᠴᠢᠩᠭᠠᠷᠠᠭᠤᠯᠤᠨ᠂  ᠪᠦᠳᠦᠭᠡᠭᠳᠡᠬᠦᠨ ᠤ ᠨᠡᠷ᠎ᠡ ᠠᠯᠳᠠᠷᠰᠢᠯ ᠪᠠ ᠵᠠᠬ᠎ᠠ ᠲᠡᠯᠬᠡᠬᠦᠷ ᠤᠨ ᠡᠵᠡᠯᠡᠴᠡ ᠶᠢ ᠲᠠᠰᠤᠷᠠᠯᠳᠠ ᠦᠬᠡᠢ ᠶᠡᠬᠡᠰᠭᠡᠨ᠎ᠡ᠃  ᠲᠦᠷᠪᠡ ᠳᠤ᠂ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠤ ᠶᠠᠰᠤ ᠴᠢᠨᠠᠷ ᠎ ᠢ ᠲᠡᠭᠡᠳᠦ ᠬᠡᠮᠵᠢᠶ᠎ᠡ ᠪᠠᠷ ᠴᠢᠬᠤᠯᠠᠴᠢᠯᠠᠬᠤ ᠭᠡᠷᠡᠭᠳᠡᠢ᠃  ︽ᠭᠤᠷᠪᠠᠨ ᠪᠦᠳᠦᠭᠡᠭᠳᠡᠬᠦᠨ ᠨᠢᠭᠡ ᠲᠡᠮᠳᠡᠭ  ︾᠎ ᠢᠶᠠᠷ ᠰᠢᠯᠭᠠᠨ ᠭᠡᠷᠡᠴᠢᠯᠡᠬᠦᠯᠬᠦ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠤ ᠲᠤᠭ᠎ᠠ ᠭᠡᠮᠵᠢᠶ᠎ᠡ ᠪᠠ ᠶᠠᠰᠤ ᠴᠢᠨᠠᠷ ᠢ ᠲᠡᠭᠡᠭᠰᠢᠯᠡᠬᠦᠯᠵᠦ᠂  ᠶᠠᠰᠤ ᠴᠢᠨᠠᠷ ᠢ ᠰᠢᠯᠭᠠᠨ ᠪᠠᠶᠢᠴᠠᠭᠠᠬᠤ ᠶᠢᠨ ᠰᠢᠰᠲ᠋ᠧᠮ  ᠎ ᠤᠨ ᠪᠠᠶᠢᠭᠤᠯᠤᠯᠳᠠ ᠶᠢ  ᠲᠦᠷᠭᠡᠳᠭᠡᠨ᠎ᠡ᠃ ᠶᠠᠰᠤ ᠴᠢᠨᠠᠷ ᠢᠶᠠᠷ ᠬᠤᠰᠢᠭᠤ ᠪᠠᠨ ᠬᠦᠴᠦᠷᠭᠡᠭᠵᠢᠬᠦᠯᠬᠦ ᠪᠠᠶᠢᠯᠳᠤᠬᠤ ᠪᠤᠳᠤᠯᠭ᠎ᠠ ᠶᠢ ᠪᠦᠬᠦ ᠲᠠᠯᠠᠪᠠᠷ ᠲᠦᠯᠬᠢᠨ ᠠᠬᠢᠭᠤᠯᠵᠤ᠂  ᠦᠢᠯᠡᠳᠪᠦᠷᠢᠯᠡᠯ ᠳᠤ ᠭᠡᠷᠡᠭᠯᠡᠬᠦ ᠪᠤᠳᠠᠰ ᠤᠨ ᠬᠢᠨᠠᠨ ᠬᠠᠮᠢᠶᠠᠷᠤᠯᠳᠠ  ᠂ ᠲᠠᠷᠢᠶᠠᠨ ᠡᠮ ᠤᠨ ᠦᠯᠡᠳᠡᠪᠦᠷᠢ ᠬᠤᠤᠷ ᠤᠨ ᠰᠢᠯᠭᠠᠨ ᠪᠠᠶᠢᠴᠠᠭᠠᠯᠳᠠ᠂ ᠠᠮᠢᠳᠠᠨ ᠤ ᠡᠪᠡᠳᠴᠢᠨ ᠭᠡᠮ  ᠎ ᠤᠨ ᠰᠡᠷᠭᠡᠶᠢᠯᠡᠨ ᠵᠠᠰᠠᠯᠳᠠ ᠵᠡᠷᠭᠡ ᠠᠵᠢᠯ ᠢ  ᠴᠢᠩᠭᠠᠳᠬᠠᠨ᠎ᠠ᠃ ᠰᠢᠯᠭᠠᠨ ᠪᠠᠶᠢᠴᠠᠭᠠᠬᠤ ᠰᠢᠰᠲ᠋ᠧᠮ ᠢ ᠤᠯᠠᠮ ᠨᠢᠬᠡ ᠠᠯᠬᠤᠮ ᠲᠡᠬᠦᠯᠳᠡᠷᠵᠢᠬᠦᠯᠵᠦ᠂ ᠡᠮᠦᠨᠡᠳᠦ ᠭᠡᠰᠡᠭ ᠤᠨ ᠬᠤᠰᠢᠭᠤ ᠰᠢᠶᠠᠨ ᠤ ᠢᠳᠡᠭᠡᠨ ᠤ ᠵᠦᠢᠯ ᠤᠨ ᠰᠢᠯᠭᠠᠨ ᠪᠠᠶᠢᠴᠠᠭᠠᠯᠳᠠ ᠎ ᠶᠢᠨ ᠲᠦᠪ ᠤᠨ ᠪᠦᠳᠦᠭᠡᠨ ᠪᠠᠶᠢᠭᠤᠯᠤᠯᠳᠠ ᠶᠢ ᠲᠦᠷᠭᠡᠳᠭᠡᠨ ᠠᠬᠢᠭᠤᠯᠤᠨ᠎ᠠ᠃      — —  ᠠᠵᠤ ᠦᠢᠯᠡᠳᠪᠦᠷᠢ ᠶᠢᠨ ᠠᠵᠤ ᠠᠬᠤᠢ ᠶᠢᠨ ᠰᠢᠨ᠎ᠡ  ᠬᠦᠳᠡᠯᠬᠡᠬᠡᠨ ᠤ ᠡᠨᠧᠷᠬᠢ ᠶᠢ ᠬᠦᠴᠦ ᠲᠠᠯᠪᠢᠵᠤ ᠪᠤᠶᠢᠵᠢᠭᠤᠯᠤᠨ᠎ᠠ᠃  ᠰᠢᠯᠢ ᠶᠢᠨ ᠭᠤᠤᠯ ᠠᠶᠢᠮᠠᠭ ᠤᠨ ᠴᠡᠪᠡᠷ ᠡᠨᠧᠷᠬᠢ ᠶᠢᠨ ᠭᠠᠷᠭᠠᠯᠳᠠ ᠶᠢᠨ ᠰᠠᠭᠤᠷᠢᠨ ᠭᠠᠵᠠᠷ ᠤᠨ ᠪᠠᠶᠢᠭᠤᠯᠤᠯᠳᠠ ᠶᠢᠨ ᠠᠵᠠ ᠲᠤᠬᠢᠶᠠᠯ ᠢ ᠡᠵᠡᠮᠳᠡᠨ᠂ ᠰᠢᠨ᠎ᠡ ᠡᠨᠧᠷᠬᠢ  ᠪᠠ ᠲᠤᠨᠤᠭ ᠲᠦᠬᠦᠭᠡᠷᠦᠮᠵᠢ ᠦᠢᠯᠡᠳᠬᠦ ᠵᠡᠷᠭᠡ ᠤᠷᠴᠢᠨ ᠲᠤᠭᠤᠷᠢᠨ ᠤ ᠬᠠᠮᠠᠭᠠᠯᠠᠯᠳᠠ ᠶᠢᠨ ᠱᠠᠭᠠᠷᠳᠠᠯᠭ᠎ᠠ ᠵᠢᠴᠢ ᠮᠠᠨ ᠤ ᠬᠤᠰᠢᠭᠤᠨ ᠤ ᠪᠤᠳᠠᠳᠠᠢ ᠎ ᠳᠤ ᠨᠡᠶᠢᠴᠡᠭᠰᠡᠨ ᠡᠬᠢ ᠪᠠᠶᠠᠯᠢᠭ ᠤᠨ ᠪᠤᠰᠤ ᠭᠡᠯᠪᠡᠷᠢᠳᠦ ᠠᠵᠤ ᠦᠢᠯᠡᠰ ᠢ ᠬᠦᠴᠦᠳᠡᠢ ᠬᠦᠭᠵᠢᠬᠦᠯᠵᠦ᠂ ᠡᠨᠡ ᠵᠢᠯ ᠠᠵᠤ ᠦᠢᠯᠡᠳᠪᠦᠷᠢ ᠶᠢᠨ ᠨᠡᠮᠡᠭᠳᠡᠯ ᠦᠷᠳᠡᠭ 18.2 ᠳ᠋ᠦᠩᠰᠢᠭᠤᠷ ᠲᠦᠭᠦᠷᠢᠭ ᠪᠡᠶᠡᠯᠡᠬᠦᠯᠦᠨ᠂ 10.3%᠎ ᠪᠠᠷ ᠨᠡᠮᠡᠭᠳᠡᠬᠦᠯᠦᠨ᠎ᠡ᠃  ᠨᠢᠬᠡ ᠳᠤ᠂ ᠤᠷᠤᠨ ᠲᠤᠭᠤᠷᠢᠭ ᠤᠨ ᠪᠦᠳᠦᠭᠡᠨ ᠪᠠᠶᠢᠭᠤᠯᠤᠯᠳᠠ ᠶᠢᠨ ᠲᠦᠪᠰᠢᠨ ᠢ ᠤᠯᠠᠮ ᠨᠢᠬᠡ ᠠᠯᠬᠤᠮ ᠲᠡᠭᠡᠭᠰᠢᠯᠡᠬᠦᠯᠬᠦ ᠭᠡᠷᠡᠭᠳᠡᠢ᠃ ᠠᠵᠤ ᠦᠢᠯᠡᠰ ᠲᠡᠭᠡᠳᠦ ᠬᠡᠮᠵᠢᠶ᠎ᠡ ᠪᠠᠷ ᠤᠶᠠᠯᠳᠤᠭᠰᠠᠨ  ᠪᠤᠬᠢᠷᠳᠤᠯ ᠦᠬᠡᠢ ᠲᠡᠭᠡᠳᠦ ᠰᠢᠨ᠎ᠡ ᠮᠡᠷᠭᠡᠵᠢᠯ ᠤᠨ ᠤᠷᠤᠨ ᠲᠤᠭᠤᠷᠢᠭ ᠢ ᠡᠬᠦᠳᠦᠨ ᠪᠠᠶᠢᠭᠤᠯᠬᠤ ᠪᠠᠷ ᠬᠠᠷᠠᠯᠳᠠ ᠪᠤᠯᠭᠠᠨ᠂  ᠪᠤᠤᠴᠠᠩ ᠤᠨ ᠲᠡᠭᠡᠳᠦ ᠰᠢᠨ᠎ᠡ ᠮᠡᠷᠭᠡᠵᠢᠯ ᠤᠨ ᠤᠷᠤᠨ ᠲᠤᠭᠤᠷᠢᠭ  ᠎ ᠢ ᠠᠵᠤ ᠦᠢᠯᠡᠰ ᠤᠨ ᠴᠢᠳᠠᠮᠵᠢ ᠪᠠᠷ ᠨᠢ ᠢᠯᠭᠠᠨ ᠬᠤᠪᠢᠶᠠᠷᠢᠯᠠᠵᠤ᠂  ᠤᠰᠤ᠂ ᠴᠠᠬᠢᠯᠭᠠᠨ᠂ ᠵᠠᠮ ᠵᠡᠷᠭᠡ ᠰᠠᠭᠤᠷᠢ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠶᠢ ᠦᠷᠬᠦᠯᠵᠢᠯᠡᠨ ᠴᠢᠩᠭᠠᠳᠬᠠᠵᠤ᠂ 1.2 ᠳ᠋ᠦᠩᠰᠢᠭᠤᠷ ᠲᠦᠭᠦᠷᠢᠭ ᠤᠨ ᠪᠡᠯᠡ  ᠤᠷᠤᠭᠤᠯᠤᠨ᠎ᠠ᠃  ᠡᠨᠡ  ᠵᠢᠯ ᠤᠷᠤᠨ ᠲᠤᠭᠤᠷᠢᠭ ᠲᠤ 3 ᠠᠵᠤ ᠠᠬᠤᠶᠢᠯᠠᠯ ᠢ ᠤᠷᠤᠭᠤᠯᠵᠤ ᠨᠤᠳᠤᠭᠰᠢᠭᠤᠯᠤᠨ᠂  ᠨᠡᠶᠢᠳᠡ 15 ᠡᠷᠦᠬᠡ ᠳᠤ ᠬᠦᠷᠭᠡᠬᠦ ᠪᠠᠷ ᠴᠢᠷᠮᠠᠶᠢᠨ᠎ᠠ᠃  ᠲᠤᠮᠳᠠ ᠪᠠᠭ᠎ᠠ ᠠᠵᠤ ᠠᠬᠤᠶᠢᠯᠠᠯ ᠤᠨ ᠦᠢᠯᠡᠰ ᠪᠦᠳᠦᠭᠡᠬᠦ ᠤᠷᠤᠨ ᠲᠤᠭᠤᠷᠢᠭ ᠤᠨ ᠪᠦᠳᠦᠬᠡᠨ ᠪᠠᠶᠢᠭᠤᠯᠤᠯᠳᠠ ᠶᠢ ᠬᠠᠮᠳᠤ ᠳᠤᠨᠢ ᠲᠦᠯᠬᠢᠨ ᠠᠬᠢᠭᠤᠯᠵᠤ᠂ ᠡᠵᠡᠮᠳᠡᠯ ᠤᠨ ᠴᠢᠨᠠᠷᠳᠠᠢ ᠨᠠᠷᠢᠨ ᠲᠦᠯᠦᠪᠵᠢᠬᠦᠯᠬᠡ ᠪᠠ ᠠᠵᠤ ᠦᠢᠯᠡᠰ ᠤᠨ ᠲᠦᠯᠦᠪᠵᠢᠬᠦᠯᠬᠡ ᠶᠢ ᠲᠤᠭᠳᠠᠭᠠᠨ᠂ ︽ᠭᠤᠷᠪᠠ ᠶᠢ ᠨᠡᠪᠳᠡᠷᠡᠬᠦᠯᠵᠦ ᠨᠢᠬᠡ ᠶᠢ ᠲᠡᠭᠰᠢᠯᠡᠬᠦ︾ ᠢᠵᠢ ᠪᠦᠷᠢᠳᠦᠭᠰᠡᠨ ᠪᠦᠳᠦᠭᠡᠨ ᠪᠠᠶᠢᠭᠤᠯᠤᠯᠳᠠ ᠶᠢ  ᠬᠢᠵᠦ᠂ ᠤᠷᠤᠵᠤ ᠨᠤᠳᠤᠭᠰᠢᠬᠤ ᠠᠵᠤ ᠠᠬᠤᠶᠢᠯᠠᠯ ᠢ 10 ᠡᠷᠦᠬᠡ ᠠᠴᠠ ᠲᠡᠭᠡᠭᠰᠢ ᠪᠤᠯᠭᠠᠨ᠂ ᠠᠳᠠᠭ ᠲᠠᠭᠠᠨ 8 ᠡᠷᠦᠬᠡ ᠶᠢᠨ ᠦᠢᠯᠡᠳᠪᠦᠷᠢᠯᠡᠯ ᠡᠵᠡᠩᠨᠡᠯᠳᠡ ᠶᠢ ᠡᠬᠢᠯᠡᠬᠦᠯᠦᠨ᠎ᠡ᠃  ᠬᠤᠶᠠᠷ ᠲᠤ᠂ ᠭᠤᠤᠯᠳᠠᠯᠭᠠᠳᠠᠢ ᠲᠦᠷᠦᠯ ᠵᠦᠢᠯ ᠤᠨ ᠪᠦᠳᠦᠬᠡᠨ ᠪᠠᠶᠢᠭᠤᠯᠤᠯᠳᠠ ᠶᠢ ᠪᠦᠬᠦ ᠬᠦᠴᠦᠨ ᠢᠶᠠᠷ ᠲᠦᠯᠬᠢᠨ ᠠᠬᠢᠭᠤᠯᠬᠤ ᠭᠡᠷᠡᠭᠳᠡᠢ᠃  ᠴᠡᠪᠡᠷ ᠤᠰᠤᠨ ᠤ ᠲᠦᠬᠦᠭᠡᠷᠦᠮᠵᠢ ᠦᠢᠯᠡᠳᠪᠦᠷᠢᠯᠡᠬᠦ᠂ ᠰᠢᠨ᠎ᠡ ᠬᠡᠯᠪᠡᠷᠢ ᠶᠢᠨ ᠰᠠᠯᠬᠢᠨ ᠰᠠᠩᠰᠠ ᠦᠢᠯᠡᠳᠪᠦᠷᠢᠯᠡᠬᠦ ᠵᠢᠴᠢ ᠰᠠᠯᠬᠢ ᠭᠡᠷᠡᠯ ᠨᠦᠬᠦᠴᠡᠯᠳᠦᠭᠰᠡᠨ ᠲᠦᠷᠦᠯ ᠵᠦᠢᠯ ᠪᠠ  ᠯᠢᠲ ᠴᠠᠬᠢᠯᠭᠠᠨ ᠴᠡᠨᠡᠭ ᠦᠢᠯᠡᠳᠪᠦᠷᠢᠯᠡᠬᠦ ᠲᠦᠷᠦᠯ ᠵᠦᠢᠯ ᠢ ᠡᠨᠡ ᠵᠢᠯ ᠪᠦᠬᠦᠨ ᠢ ᠦᠢᠯᠡᠳᠪᠦᠷᠢᠯᠡᠯ ᠡᠬᠢᠯᠡᠬᠦᠯᠵᠦ᠂  ᠳ᠋ᠠᠯᠢᠶᠠᠨ ᠤ ᠲᠡᠮᠦᠷᠯᠢᠭ ᠬᠠᠶᠢᠯᠠᠭᠤᠯᠵᠤ ᠬᠤᠯᠬᠤᠪᠴᠢ ᠬᠢᠬᠦ ᠲᠦᠷᠦᠯ ᠵᠦᠢᠯ  ᠎ ᠢ 4 ᠰᠠᠷ᠎ᠠ ᠳᠤ  ᠪᠦᠳᠦᠭᠡᠨ ᠪᠠᠶᠢᠭᠤᠯᠤᠯᠳᠠ ᠡᠬᠢᠯᠡᠬᠦᠯᠦᠨ᠋᠂  ᠡᠨᠡ  ᠵᠢᠯ ᠳᠡᠭᠡᠨ ᠦᠢᠯᠡᠳᠪᠦᠷᠢ ᠶᠢᠨ ᠲᠠᠰᠤᠭ ᠤᠨ ᠭᠤᠤᠯ ᠴᠤᠭᠴᠠ ᠶᠢᠨ  ᠪᠠᠷᠢᠯᠭ᠎ᠠ ᠪᠠ ᠭᠡᠰᠡᠭ ᠲᠦᠬᠦᠭᠡᠷᠦᠮᠵᠢ ᠶᠢᠨ ᠤᠭᠰᠠᠷᠠᠯᠳᠠ ᠶᠢ  ᠪᠡᠶᠡᠯᠡᠬᠦᠯᠵᠦ᠂  ᠲᠠᠷᠠᠭ᠎ᠠ ᠵᠢᠯ ᠤᠨ ᠡᠬᠢᠨ ᠳᠤ ᠲᠤᠷᠰᠢᠵᠤ ᠦᠢᠯᠡᠳᠪᠦᠷᠢᠯᠡᠬᠦ ᠪᠠᠷ ᠴᠢᠷᠮᠠᠶᠢᠨ᠎ᠠ᠃  ᠱᠧᠨᠩᠵᠧᠨ ᠤ ᠢᠯᠴᠢ ᠴᠠᠬᠢᠯᠭᠠᠨ ᠎ ᠤ ᠬᠠᠮ ᠦᠢᠯᠡᠳᠪᠦᠷᠢᠯᠡᠯ ᠤᠨ ᠲᠦᠷᠦᠯ ᠵᠦᠢᠯ  ᠂  ᠴᠢᠩᠳᠤᠤ ᠶᠢᠨ  ᠭᠡᠷᠡᠯ ᠴᠠᠬᠢᠯᠭᠠᠨ ᠤ ᠲᠦᠬᠦᠭᠡᠷᠦᠮᠵᠢᠳᠦ ᠲᠠᠷᠢᠶᠠᠯᠠᠩ ᠤᠨ ᠲᠦᠷᠦᠯ ᠵᠦᠢᠯ ᠵᠡᠷᠭᠡ ᠶᠢ ᠡᠷᠳᠡᠬᠡᠨ ᠡᠬᠢᠯᠡᠬᠦᠯᠬᠦ ᠪᠠᠷ ᠴᠢᠷᠮᠠᠶᠢᠨ᠎ᠠ᠃   ᠭᠤᠷᠪᠠ ᠳᠤ᠂  ᠠᠵᠤ ᠠᠬᠤᠶᠢᠯᠠᠯ ᠢ ᠢᠳᠡᠪᠬᠢᠳᠡᠢ ᠲᠡᠳᠬᠦᠵᠦ ᠡᠷᠡᠬᠦᠯ ᠢᠶᠠᠷ ᠬᠦᠭᠵᠢᠬᠦᠯᠬᠦ ᠭᠡᠷᠡᠭᠳᠡᠢ᠃  ᠬᠤᠩ ᠵᠢᠩ ᠶᠤᠸᠠᠨ ᠲᠤᠰᠤᠨ ᠤ  ᠦᠢᠯᠡᠳᠪᠦᠷᠢ ᠢ ᠲᠡᠳᠬᠦᠵᠦ᠂ ᠮᠡᠷᠭᠡᠵᠢᠯ ᠢᠶᠠᠨ ᠦᠬᠡᠷᠡᠴᠢᠯᠡᠵᠦ ᠦᠢᠯᠡᠳᠪᠦᠷᠢ ᠨᠡᠬᠦᠬᠦ ᠲᠦᠷᠦᠯ ᠵᠦᠢᠯ ᠢ ᠪᠡᠶᠡᠯᠡᠬᠦᠯᠦᠨ᠂ 6 ᠰᠠᠷ᠎ᠠ ᠶᠢᠨ ᠰᠡᠬᠦᠯᠴᠢ ᠪᠠᠷ ᠰᠢᠨ᠎ᠡ ᠦᠢᠯᠡᠳᠪᠦᠷᠢ ᠶᠢᠨ ᠲᠤᠭᠤᠷᠢᠭ ᠲᠠᠭᠠᠨ ᠦᠢᠯᠡᠳᠪᠦᠷᠢᠯᠡᠯ ᠡᠬᠢᠯᠡᠬᠦᠯᠬᠦ ᠪᠠᠷ ᠴᠢᠷᠮᠠᠶᠢᠨ᠎ᠠ᠃  ᠲᠠᠯ᠎ᠠ ᠨᠤᠳᠤᠭ ᠠᠷᠢᠬᠢᠨ ᠦᠢᠯᠡᠳᠪᠦᠷᠢ ᠶᠢᠨ ᠡᠷᠡᠬᠦᠯ ᠢᠶᠠᠷ ᠬᠦᠭᠵᠢᠬᠦ ᠶᠢ ᠠᠬᠢᠭᠤᠯᠵᠤ᠂ ᠤᠯᠠᠮᠵᠢᠯᠠᠯᠳᠤ  ᠮᠡᠷᠭᠡᠵᠢᠯ ᠤᠨ ᠲᠠᠪᠠᠭᠤᠯᠢᠭ ᠢ ᠪᠠᠷᠢᠮᠳᠠᠯᠠᠨ᠂ ᠤᠯᠤᠰ ᠤᠨ ᠲᠡᠰ ᠤᠨ ᠨᠡᠷ᠎ᠡ ᠠᠯᠳᠠᠷᠰᠢᠭᠰᠠᠨ ᠲᠠᠸᠠᠷ ᠤᠨ ᠲᠡᠮᠳᠡᠭ ᠢᠶᠠᠷ ᠡᠷᠡᠮᠡᠯᠵᠡᠯᠡᠨ᠎ᠡ᠃  ᠡᠯᠧᠺᠲᠷᠤᠨ ᠢᠶᠠᠷ ᠬᠠᠭᠤᠷᠮᠠᠭ ᠢ ᠰᠡᠷᠭᠡᠶᠢᠯᠡᠬᠦ ᠪᠠ ᠶᠠᠰᠤ ᠴᠢᠨᠠᠷ ᠤᠨ ᠮᠦᠷᠳᠡᠯᠳᠡ ᠬᠢᠬᠦ ᠰᠢᠰᠲ᠋ᠧᠮ ᠢ ᠡᠬᠢᠯᠡᠬᠦᠯᠵᠦ᠂ ᠨᠤᠳᠤᠭ ᠤᠨ ᠨᠡᠷᠡᠳᠦ ᠰᠢᠯᠢᠳᠡᠭ ᠭᠠᠷᠤᠯᠳᠠ ᠶᠢ ᠬᠠᠮᠠᠭᠠᠯᠠᠨ᠎ᠠ᠃ ᠤᠳᠤ ᠪᠠᠶᠢᠭ᠎ᠠ ᠠᠵᠤ ᠠᠬᠤᠶᠢᠯᠠᠯ ᠢ ᠲᠡᠳᠬᠦᠵᠦ᠂ ᠪᠡᠭᠡᠵᠢᠩ ᠤᠨ ᠬᠤᠸᠠ ᠨᠢᠦ ᠰᠢᠨᠵᠢᠯᠡᠭᠡ ᠮᠡᠷᠭᠡᠵᠢᠯ ᠤᠨ ᠰᠤᠳᠤᠯᠭᠠᠨ ᠤ ᠬᠦᠷᠢᠶᠡᠯᠡᠩ ᠯᠤᠭ᠎ᠠ ᠶᠢᠨ ᠬᠠᠮᠳᠤᠷᠠᠯᠴᠠᠭ᠎ᠠ ᠶᠢ ᠴᠢᠩᠭᠠᠳᠬᠠᠨ᠂ ᠨᠤᠬᠠᠢ ᠶᠢᠨ ᠬᠤᠰᠢᠭᠤ᠂ ᠶᠠᠮᠠ  ᠎ ᠶᠢᠨ ᠦᠷ᠎ᠡ᠂ ᠲᠦᠮᠦᠰᠦ ᠵᠡᠷᠭᠡ ᠪᠦᠳᠦᠭᠡᠭᠳᠡᠬᠦᠨ ᠤ ᠮᠡᠷᠭᠡᠵᠢᠯ ᠤᠨ ᠰᠤᠳᠤᠯᠭ᠎ᠠ ᠶᠢ ᠢᠳᠡᠪᠬᠢᠳᠡᠢ ᠦᠷᠨᠢᠬᠦᠯᠦᠨ᠎ᠡ᠃ ᠬᠤᠰᠢᠭᠤᠨ ᠤ ᠤᠳᠤᠷᠢᠳᠤᠯᠭ᠎ᠠ ᠭᠤᠤᠯᠳᠠᠯᠭᠠᠳᠠᠢ ᠠᠵᠤ ᠠᠬᠤᠶᠢᠯᠠᠯ ᠢ ᠲᠠᠭᠠᠭᠠᠴᠢᠯᠠᠨ ᠬᠠᠪᠰᠤᠷᠬᠤ ᠲᠦᠷᠢᠮ ᠢ ᠭᠡᠷᠡᠭᠵᠢᠬᠦᠯᠵᠦ᠂  ᠬᠤᠯᠪᠤᠭᠳᠠᠯ ᠪᠦᠬᠦᠢ  ᠬᠠᠪᠰᠤᠷᠤᠨ ᠲᠡᠳᠬᠦᠬᠦ ᠲᠦᠷᠦ ᠶᠢᠨ ᠪᠤᠳᠤᠯᠭ᠎ᠠ ᠶᠢ ᠰᠠᠶᠢᠳᠤᠷ ᠨᠠᠶᠢᠳᠠᠪᠤᠷᠢᠵᠢᠭᠤᠯᠤᠨ᠂  ᠠᠵᠤ ᠠᠬᠤᠶᠢᠯᠠᠯ ᠤᠨ ᠬᠦᠭᠵᠢᠯᠳᠡ ᠳᠤ ᠨᠦᠬᠦᠴᠡᠯ ᠡᠬᠦᠳᠦᠨ᠎ᠡ᠃  ᠭᠡᠪᠴᠢᠶᠡᠵᠢᠯ ᠠᠴᠠ ᠲᠡᠭᠡᠭᠰᠢᠬᠢ ᠠᠵᠤ ᠦᠢᠯᠡᠳᠪᠦᠷᠢ ᠶᠢᠨ ᠠᠵᠤ ᠠᠬᠤᠶᠢᠯᠠᠯ ᠤᠨ ᠦᠢᠯᠡᠳᠪᠦᠷᠢᠯᠡᠯ ᠤᠨ ᠦᠷᠳᠡᠭ  ᠎ ᠢ 35  ᠳ᠋ᠦᠩᠰᠢᠭᠤᠷ ᠲᠦᠬᠦᠷᠢᠭ ᠲᠤ ᠬᠦᠷᠭᠡᠵᠦ᠂ 13. 6 %  ᠎ ᠪᠠᠷ ᠨᠡᠮᠡᠭᠳᠡᠬᠦᠯᠦᠨ᠎ᠡ᠃  ᠲᠦᠷᠪᠡ ᠳᠤ᠂ ᠠᠷᠠᠯᠵᠢᠶᠠᠴᠢᠨ ᠤᠷᠢᠵᠤ ᠪᠡᠯᠡ ᠤᠷᠤᠭᠤᠯᠬᠤ ᠠᠵᠢᠯ ᠢ ᠠᠮᠵᠢᠯᠳᠠ ᠪᠦᠳᠦᠮᠵᠢ ᠳᠤ ᠬᠦᠷᠭᠡᠬᠦ ᠭᠡᠷᠡᠭᠳᠡᠢ  ᠃  ᠠᠶᠢᠮᠠᠭ ᠤᠨ ᠲᠤᠳᠤᠭᠠᠳᠤ ᠶᠢᠨ ᠵᠠᠬ᠎ᠠ ᠲᠡᠯᠬᠡᠬᠦᠷ ᠪᠠ ᠡᠬᠢ ᠪᠠᠶᠠᠯᠢᠭ ᠤᠨ ᠲᠤᠬᠢᠷᠠᠭᠤᠯᠭ᠎ᠠ ᠶᠢᠨ ᠲᠦᠷᠦ ᠶᠢᠨ ᠪᠤᠳᠤᠯᠭ᠎ᠠ ᠶᠢ  ᠠᠰᠢᠭᠯᠠᠵᠤ᠂ ᠪᠡᠭᠡᠵᠢᠩ ᠲᠢᠶᠠᠨᠵᠢᠨ ᠾᠧᠪᠸᠢ ᠶᠢᠨ ᠬᠠᠮᠳᠤᠷᠠᠭᠰᠠᠨ ᠬᠦᠭᠵᠢᠯᠳᠡ ᠶᠢᠨ ᠠᠵᠤ ᠦᠢᠯᠡᠰ ᠤᠨ ᠰᠢᠯᠵᠢᠯᠳᠡ ᠶᠢᠨ ᠰᠤᠷᠠᠭ ᠵᠠᠩᠬᠢ ᠶᠢ  ᠡᠵᠡᠮᠰᠢᠨ᠂  ᠠᠷᠭ᠎ᠠ ᠪᠠᠷᠢᠯ  ᠎ ᠤᠨ ᠰᠢᠨ᠎ᠡ ᠶᠢ ᠡᠬᠦᠳᠴᠦ᠂ ᠲᠤᠨᠤᠭ ᠲᠦᠬᠦᠭᠡᠷᠦᠮᠵᠢ ᠦᠢᠯᠡᠳᠬᠦ᠂  ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠳᠦᠭᠡᠭᠳᠡᠬᠦᠨ ᠨᠠᠷᠢᠯᠢᠭ ᠬᠦᠨ ᠪᠤᠯᠪᠠᠰᠤᠷᠠᠭᠤᠯᠬᠤ ᠵᠡᠷᠭᠡ ᠠᠵᠤ ᠦᠢᠯᠡᠰ ᠢ ᠢᠳᠡᠪᠬᠢᠳᠡᠢ ᠲᠠᠳᠠᠵᠤ ᠤᠷᠤᠭᠤᠯᠤᠨ᠂  ᠪᠦᠬᠦ ᠵᠢᠯ ᠳᠤ ᠠᠷᠠᠯᠵᠢᠶᠠᠴᠢᠨ ᠤᠷᠢᠵᠤ ᠤᠷᠤᠭᠤᠯᠬᠤ ᠪᠡᠯᠡ ᠮᠦᠩᠬᠦ ᠶᠢ 20 ᠳ᠋ᠦᠩᠰᠢᠭᠤᠷ ᠲᠦᠭᠦᠷᠢᠭ  ᠎ ᠲᠤ ᠬᠦᠷᠭᠡᠨ᠎ᠡ᠃       — —   ᠭᠤᠷᠪᠠᠳᠤᠭᠠᠷ ᠠᠵᠤ ᠦᠢᠯᠡᠰ ᠤᠨ ᠬᠦᠭᠵᠢᠯᠳᠡ ᠶᠢᠨ ᠢᠳᠡᠪᠬᠢ ᠬᠦᠴᠦᠨ ᠢ ᠲᠠᠶᠢᠴᠢᠯᠠᠨ᠎ᠠ᠃  ᠵᠢᠭᠤᠯᠴᠢᠯᠠᠯ ᠤᠨ ᠦᠢᠯᠡᠰ ᠤᠨ ᠬᠦᠭᠵᠢᠯᠳᠡ ᠶᠢᠨ ᠪᠠᠶᠢᠷᠢ ᠶᠢ ᠤᠨᠤᠪᠴᠢᠳᠠᠢ ᠲᠤᠭᠳᠠᠭᠠᠵᠤ᠂ ᠡᠬᠢ ᠪᠠᠶᠠᠯᠢᠭ ᠤᠨ ᠨᠡᠭᠡᠭᠡᠯᠳᠡ᠂ ᠦᠵᠡᠮᠵᠢ ᠶᠢᠨ ᠤᠷᠤᠨ ᠤ ᠪᠦᠳᠦᠬᠡᠨ ᠪᠠᠶᠢᠭᠤᠯᠤᠯᠳᠠ᠂ ᠵᠠᠮ ᠱᠤᠭᠤᠮ ᠤᠨ ᠡᠬᠦᠳᠦᠯᠳᠡ᠂ ᠲᠦᠬᠦᠭᠡᠷᠦᠮᠵᠢ  ᠎ ᠶᠢᠨ ᠢᠵᠢ ᠪᠦᠷᠢᠳᠦᠯ᠂  ᠲᠦᠷᠦ ᠶᠢᠨ ᠪᠤᠳᠤᠯᠭ᠎ᠠ ᠶᠢᠨ ᠲᠡᠮᠵᠢᠯᠬᠡ ᠵᠡᠷᠭᠡ ᠶᠢ ᠰᠠᠶᠢᠨ ᠬᠢᠵᠦ᠂ ᠤᠶᠢᠷ᠎ᠠ ᠬᠦᠷᠰᠢ ᠭᠠᠵᠠᠷ ᠤᠷᠤᠨ ᠲᠠᠢ ᠬᠠᠮᠵᠢᠯᠴᠠᠭ᠎ᠠ ᠪᠠᠨ ᠴᠢᠩᠭᠠᠳᠬᠠᠨ᠂ ᠪᠡᠬᠡᠵᠢᠩ ᠤᠨ ᠠᠷᠤ ᠳᠠᠬᠢ ᠲᠡᠷᠢᠬᠦᠨ ᠲᠠᠯ᠎ᠠ ᠨᠤᠳᠤᠭ ᠤᠨ ᠨᠡᠷᠡᠳᠦ ᠲᠡᠮᠳᠡᠭ ᠢ ᠡᠬᠦᠳᠬᠦ ᠭᠡᠷᠡᠭᠳᠡᠢ᠃ ︽ᠬᠠᠭᠠᠨ ᠤ ᠠᠳᠤᠭᠤᠨ ᠵᠤᠰᠠᠭᠠᠯ︾ 4A ᠲᠡᠰ ᠎ ᠤᠨ ᠦᠵᠡᠮᠵᠢ ᠶᠢᠨ ᠤᠷᠤᠨ ᠢ  ᠨᠠᠷᠢᠨ ᠨᠢᠮᠪᠠᠢ ᠲᠦᠯᠦᠪᠵᠢᠬᠦᠯᠦᠨ ᠪᠠᠶᠢᠭᠤᠯᠵᠤ᠂  ᠲᠤᠮᠳᠠᠳᠤ ᠤᠯᠤᠰ ᠤᠨ ᠠᠳᠤᠭᠤᠨ ᠦᠢᠯᠡᠰ ᠤᠨ ᠨᠡᠶᠢᠬᠡᠮᠯᠢᠭ᠂ ᠪᠡᠭᠡᠵᠢᠩ ᠤᠨ ᠮᠤᠷᠢᠨ ᠮᠡᠷᠭᠡᠵᠢᠯ ᠤᠨ ᠨᠡᠶᠢᠬᠡᠮᠯᠢᠭ ᠤᠨ ᠬᠤᠯᠠ  ᠎ ᠶᠢᠨ ᠮᠤᠷᠢ ᠦᠷᠡᠵᠢᠬᠦᠯᠬᠦ ᠪᠠ ᠰᠤᠷᠭᠠᠬᠤ ᠰᠠᠭᠤᠷᠢᠨ ᠭᠠᠵᠠᠷ ᠳᠤ ᠲᠦᠰᠢᠭᠯᠡᠵᠦ᠂  ᠤᠨᠴᠠᠯᠢᠭ ᠲᠡᠮᠳᠡᠭ ᠲᠠᠢ ᠤᠷᠤᠯᠳᠤᠭᠠᠨ ᠨᠠᠶᠢᠷ ᠢ ᠲᠦᠰᠦᠪᠯᠡᠨ ᠡᠷᠬᠢᠯᠡᠨ᠎ᠡ᠃  ᠦᠪᠡᠷᠦᠨ ᠲᠡᠷᠭᠡ ᠪᠠᠷ ᠵᠢᠭᠤᠯᠴᠢᠯᠠᠬᠤ ᠬᠤᠨᠤᠭ ᠪᠠᠭᠤᠴᠠ᠂    ︽ᠪᠦᠷᠳᠡ ᠴᠢᠨ᠋ᠸ᠎ᠠ ᠶᠢᠨ ᠨᠤᠳᠤᠭ︾ ᠦᠵᠡᠮᠵᠢ ᠶᠢᠨ ᠤᠷᠤᠨ ᠵᠡᠷᠭᠡ ᠵᠢᠭᠤᠯᠴᠢᠯᠠᠯ ᠤᠨ ᠲᠦᠷᠦᠯ ᠵᠦᠢᠯ ᠢ ᠡᠨᠡ ᠵᠢᠯ ᠳᠡᠭᠡᠨ ᠡᠵᠡᠩᠨᠡᠯᠳᠡ ᠡᠬᠢᠯᠡᠬᠦᠯᠵᠦ᠂ ᠫᠤᠤᠲ᠋ᠠᠶᠢᠶ᠋ᠢᠩᠽᠢ ᠠᠳᠤᠭᠤᠳᠤ ᠪᠠᠯᠭᠠᠰᠤ᠂ 176 ᠬᠦᠷᠢᠶᠡᠯᠡᠩ ᠤᠨ ᠠᠮᠢ ᠠᠬᠤᠢ ᠶᠢᠨ ᠵᠢᠭᠤᠯᠴᠢᠯᠠᠯ ᠤᠨ ᠲᠦᠷᠦᠯ ᠵᠦᠢᠯ  ᠎ ᠤᠨ ᠪᠦᠳᠦᠭᠡᠨ ᠪᠠᠶᠢᠭᠤᠯᠤᠯᠳᠠ ᠶᠢ ᠡᠬᠢᠯᠡᠬᠦ ᠪᠠᠷ ᠴᠢᠷᠮᠠᠶᠢᠨ᠎ᠠ᠃  ︽ᠠᠷᠪᠠ ᠶᠢ ᠪᠦᠷᠬᠦᠬᠦᠯᠬᠦ︾ ᠢᠨᠵᠧᠨᠧᠷᠢᠩ ᠢ ᠠᠰᠢᠭᠯᠠᠵᠤ᠂  ᠮᠠᠯᠴᠢᠨ ᠲᠠᠷᠢᠶᠠᠴᠢᠨ  ᠡᠷᠦᠬᠡ  ᠎ ᠶᠢᠨ ᠵᠢᠭᠤᠯᠴᠢᠯᠠᠯ ᠢ  ᠲᠡᠰ ᠲᠡᠪᠰᠢᠬᠦᠯᠦᠨ᠂  ᠬᠦᠳᠡᠭᠡ  ᠎ ᠶᠢᠨ ᠵᠢᠭᠤᠯᠴᠢᠯᠠᠯ ᠤᠨ ᠰᠢᠨ᠎ᠡ ᠬᠡᠪ ᠵᠠᠭᠪᠤᠷ ᠢ ᠲᠠᠰᠤᠷᠠᠯᠳᠠ ᠦᠬᠡᠢ ᠲᠦᠯᠬᠢᠨ ᠠᠬᠢᠭᠤᠯᠵᠤ᠂  ᠴᠢᠶᠤᠤ ᠵᠢᠶᠠ ᠶᠢᠩᠽᠢ ᠰᠢᠨ᠎ᠡ ᠬᠡᠯᠪᠡᠷᠢ ᠶᠢᠨ ᠠᠮᠢ ᠠᠬᠤᠢ ᠶᠢᠨ ᠬᠦᠷᠢᠶᠡᠯᠡᠩ ᠪᠠ ᠰᠢᠨ ᠾᠧ ᠲᠤᠰᠬᠤᠨ ᠤ ᠲᠠᠷᠢᠶᠠᠴᠢᠨ ᠠᠶᠢᠯ ᠤᠨ ᠵᠢᠭᠤᠯᠴᠢᠯᠠᠯ ᠤᠨ ᠲᠦᠷᠦᠯ ᠵᠦᠢᠯ ᠢ ᠡᠬᠢᠯᠡᠵᠦ ᠭᠡᠷᠡᠭᠵᠢᠬᠦᠯᠦᠨ᠎ᠡ᠃  ᠵᠢᠭᠤᠯᠴᠢᠯᠠᠯ ᠤᠨ ᠡᠬᠢ ᠪᠠᠶᠠᠯᠢᠭ ᠤᠨ ᠤᠬᠠᠭᠤᠯᠭ᠎ᠠ ᠲᠠᠨᠢᠯᠴᠠᠭᠤᠯᠭ᠎ᠠ ᠶᠢ ᠴᠢᠩᠭᠠᠳᠬᠠᠵᠤ᠂ ᠪᠦᠬᠦ ᠵᠢᠯ ᠳᠤ  ᠤᠭᠳᠤᠨ ᠵᠤᠴᠢᠯᠠᠬᠤ ᠵᠢᠭᠤᠯᠴᠢᠯᠠᠭᠴᠢ ᠶᠢᠨ ᠲᠤᠭ᠎ᠠ ᠶᠢ 15 %  ᠢᠯᠡᠬᠦᠦ ᠪᠠᠷ ᠨᠡᠮᠡᠭᠳᠡᠬᠦᠯᠦᠨ᠎ᠡ᠃  ᠤᠷᠤᠨ ᠪᠦᠰᠡ ᠶᠢᠨ ᠴᠢᠨᠠᠷᠳᠠᠢ ᠠᠷᠠᠯᠵᠢᠶ᠎ᠠ ᠬᠦᠢᠯᠬᠡᠬᠡᠨ ᠤ  ᠲᠦᠪ ᠢ ᠡᠬᠦᠳᠦᠨ ᠪᠠᠶᠢᠭᠤᠯᠬᠤ ᠪᠠᠷ ᠬᠦᠴᠦᠯᠡᠬᠦ ᠴᠡᠭ ᠪᠤᠯᠭᠠᠵᠤ ᠂ ᠪᠠᠷᠠᠭ᠎ᠠ ᠬᠦᠷᠭᠡᠬᠦ᠂  ᠪᠠᠷᠠᠭ᠎ᠠ ᠵᠦᠬᠡᠬᠡᠪᠦᠷᠢᠯᠡᠬᠦ᠂  ᠪᠠᠷᠠᠭ᠎ᠠ ᠬᠠᠳᠠᠭᠠᠯᠠᠬᠤ ᠪᠠ ᠮᠠᠰᠢᠨ ᠲᠡᠷᠭᠡ ᠵᠠᠰᠠᠬᠤ  ᠵᠡᠷᠭᠡ ᠠᠵᠢᠯ ᠲᠦᠷᠦᠯ ᠤᠨ ᠲᠠᠯᠠᠪᠠᠷ ᠢᠳᠡᠪᠬᠢᠳᠡᠢ ᠰᠢᠪᠳᠤᠯᠤᠯᠳᠠ ᠬᠢᠵᠦ᠂  ᠲᠢᠶᠠᠨ ᠮᠠ ᠲᠠᠷᠢᠶᠠᠯᠠᠩ ᠤᠨ ᠪᠦᠳᠦᠭᠡᠭᠳᠡᠬᠦᠨ ᠪᠦᠬᠡᠮᠳᠡᠬᠦ ᠵᠠᠬ᠎ᠠ ᠲᠡᠯᠬᠡᠬᠦᠷ  ᠎ ᠤᠨ ᠵᠠᠯᠭᠠᠵᠤ ᠪᠠᠶᠢᠭᠤᠯᠬᠤ ᠠᠵᠢᠯ ᠢ ᠬᠢᠨ᠎ᠡ᠃  ᠮᠦᠩᠬᠦᠨ ᠬᠦᠢᠯᠬᠡᠬᠡᠨ ᠤ ᠦᠢᠯᠡᠴᠢᠯᠡᠭᠡ ᠶᠢᠨ ᠶᠠᠰᠤ ᠴᠢᠨᠠᠷ ᠪᠠ ᠬᠢᠷᠢ ᠲᠦᠪᠰᠢᠨ ᠢ ᠲᠠᠰᠤᠷᠠᠯᠳᠠ ᠦᠬᠡᠢ ᠲᠡᠭᠡᠭᠰᠢᠯᠡᠬᠦᠯᠵᠦ᠂ ᠲᠤᠮᠳᠠ ᠪᠠᠭ᠎ᠠ ᠵᠢᠵᠢᠭ ᠠᠵᠤ ᠠᠬᠤᠶᠢᠯᠠᠯ ᠬᠢᠭᠡᠳ ᠮᠠᠯᠴᠢᠨ ᠲᠠᠷᠢᠶᠠᠴᠢᠨ ᠤ ᠪᠡᠯᠡ ᠬᠤᠷᠠᠮᠳᠤᠭᠤᠯᠬᠤ ᠳᠤ ᠬᠦᠴᠢᠷ᠂ ᠵᠢᠬᠡᠯᠡᠯᠬᠡ ᠠᠪᠬᠤ ᠳᠤ ᠬᠦᠴᠢᠷ ᠠᠰᠠᠭᠤᠳᠠᠯ ᠢ ᠰᠢᠢᠳᠪᠦᠷᠢᠯᠡᠬᠦ ᠪᠠᠷ ᠴᠢᠷᠮᠠᠶᠢᠨ᠎ᠠ᠃ ᠰᠢᠯᠢᠳᠡᠭ ᠠᠵᠤ ᠠᠬᠤᠶᠢᠯᠠᠯ ᠤᠨ ᠵᠠᠬ᠎ᠠ ᠳᠤ ᠭᠠᠷᠬᠤ ᠠᠵᠢᠯᠯᠠᠭ᠎ᠠ ᠶᠢ ᠢᠳᠡᠪᠬᠢᠳᠡᠢ ᠲᠦᠯᠬᠢᠨ ᠠᠬᠢᠭᠤᠯᠵᠤ᠂ ᠪᠦᠬᠦ ᠤᠯᠤᠰ ᠤᠨ ᠲᠤᠮᠳᠠ ᠪᠠᠭ᠎ᠠ ᠠᠵᠤ ᠠᠬᠤᠶᠢᠯᠠᠯ ᠎ ᠤᠨ ᠬᠤᠪᠢᠴᠠᠭ᠎ᠠ ᠰᠢᠯᠵᠢᠬᠦᠯᠬᠦ ᠰᠢᠰᠲ᠋ᠧᠮ ᠪᠤᠯᠤᠨ ᠦᠪᠦᠷ ᠮᠤᠩᠭᠤᠯ ᠤᠨ ᠬᠤᠪᠢᠴᠠᠭᠠᠨ ᠤ ᠡᠷᠭᠡ ᠶᠢᠨ ᠰᠤᠯᠢᠯᠴᠠᠭᠠᠨ ᠎ ᠤ ᠲᠦᠪ  ᠎ ᠢ ᠪᠠᠶᠢᠭᠤᠯᠬᠤ ᠲᠠᠯᠠᠪᠠᠷ ᠰᠢᠪᠳᠤᠯᠤᠯᠳᠠ ᠭᠠᠷᠭᠠᠬᠤ ᠪᠠᠷ ᠴᠢᠷᠮᠠᠶᠢᠨ᠎ᠠ᠃ ᠤᠳᠤ ᠦᠶ᠎ᠡ ᠶᠢᠨ ᠦᠢᠯᠡᠴᠢᠯᠡᠬᠡᠨ ᠤ ᠦᠢᠯᠡᠰ ᠢ ᠲᠦᠷᠭᠡᠨ ᠬᠦᠭᠵᠢᠬᠦᠯᠵᠦ᠂  ᠪᠡᠭᠡᠵᠢᠩ ᠲᠢᠶᠠᠨᠵᠢᠨ ᠾᠧᠪᠸᠢ ᠵᠡᠷᠭᠡ ᠦᠨᠳᠦᠷ ᠲᠡᠰ ᠎ ᠤᠨ ᠵᠠᠬ᠎ᠠ ᠲᠡᠯᠬᠡᠬᠦᠷ ᠲᠤ ᠬᠠᠨᠳᠤᠭᠰᠠᠨ ᠪᠡᠶ᠎ᠡ ᠰᠤᠪᠢᠯᠠᠵᠤ ᠰᠡᠯᠡᠬᠦᠴᠡᠨ ᠴᠡᠩᠬᠡᠬᠦ ᠠᠵᠤ ᠦᠢᠯᠡᠰ ᠤᠨ ᠰᠠᠭᠤᠷᠢᠨ ᠭᠠᠵᠠᠷ ᠤᠨ ᠪᠦᠳᠦᠭᠡᠨ ᠪᠠᠶᠢᠭᠤᠯᠤᠯᠳᠠ ᠶᠢ ᠢᠳᠡᠪᠬᠢᠳᠡᠢ  ᠰᠦᠪᠡᠭᠴᠢᠯᠡᠨ᠂ ᠲᠢᠶᠠᠨ ᠢ ᠨᠠᠰᠤᠵᠢᠯ ᠤᠨ ᠠᠰᠠᠷᠠᠮᠵᠢ ᠎ ᠶᠢᠨ ᠪᠠᠶᠢᠭᠤᠯᠤᠮᠵᠢ ᠶᠢᠨ ᠲᠦᠷᠢᠮᠵᠢᠭᠰᠡᠨ ᠬᠦᠭᠵᠢᠯᠳᠡ ᠶᠢ ᠲᠦᠯᠬᠢᠨ ᠠᠬᠢᠭᠤᠯᠤᠨ᠎ᠠ᠃ ᠭᠡᠷᠡᠭᠯᠡᠭᠡᠨ ᠤ ᠱᠠᠭᠠᠷᠳᠠᠯᠭ᠎ᠠ ᠎ ᠶᠢᠨ ᠦᠪᠡᠷᠮᠢᠴᠡᠭᠰᠡᠨ᠂ ᠤᠯᠠᠨ ᠲᠠᠯᠠᠵᠢᠭᠰᠠᠨ ᠤᠨᠴᠠᠯᠢᠭ ᠰᠢᠨᠵᠢ ᠶᠢ ᠠᠳᠬᠤᠵᠤ᠂ ᠡᠯᠧᠺᠲᠷᠤᠨ ᠠᠷᠠᠯᠵᠢᠶᠠᠨ ᠤ ᠶᠠᠪᠤᠳᠠᠯ᠂  ᠤᠳᠤ ᠦᠶ᠎ᠡ ᠶᠢᠨ ᠪᠤᠳᠠᠰ ᠤᠨ ᠬᠦᠢᠯᠬᠡᠬᠡ᠂  ᠰᠡᠯᠡᠬᠦᠴᠡᠯ ᠵᠤᠭ᠎ᠠ᠂  ᠴᠢᠮᠡᠭᠡ ᠵᠠᠩᠬᠢ᠂  ᠠᠮᠢᠳᠤᠷᠠᠯ ᠎ ᠤᠨ ᠦᠢᠯᠡᠴᠢᠯᠡᠭᠡ ᠵᠡᠷᠭᠡ ᠰᠢᠨ᠎ᠡ ᠠᠵᠢᠯ ᠦᠢᠯᠡᠰ ᠢ ᠢᠳᠡᠪᠬᠢᠳᠡᠢ ᠪᠤᠶᠢᠵᠢᠭᠤᠯᠤᠨ᠎ᠠ᠃  ᠬᠦᠳᠡᠭᠡ ᠲᠤᠰᠬᠤᠨ ᠤ ᠰᠦᠯᠵᠢᠶᠡᠨ ᠲᠡᠯᠬᠡᠬᠦᠷ ᠤᠨ ᠪᠠᠶᠢᠭᠤᠯᠤᠯᠳᠠ ᠶᠢ ᠲᠦᠯᠬᠢᠨ ᠠᠬᠢᠭᠤᠯᠵᠤ᠂ ᠤᠨᠴᠠᠯᠢᠭᠳᠤ ᠪᠦᠳᠦᠭᠡᠭᠳᠡᠬᠦᠨ ᠤ ᠪᠤᠷᠤᠯᠠᠭᠤᠯᠭ᠎ᠠ ᠶᠢᠨ ᠵᠠᠮ ᠢ ᠦᠷᠭᠡᠳᠭᠡᠬᠦ ᠭᠡᠷᠡᠭᠳᠡᠢ᠃ ᠬᠤᠭᠤᠯᠠ  ᠤᠮᠳᠠ ᠬᠤᠨᠤᠭ ᠰᠠᠭᠤᠴᠠ ᠶᠢᠨ ᠠᠵᠢᠯ ᠲᠦᠷᠦᠯ ᠎ ᠢ ᠴᠡᠭᠴᠡᠯᠡᠨ ᠰᠠᠶᠢᠵᠢᠷᠠᠭᠤᠯᠵᠤ᠂  ᠡᠷᠡᠬᠦᠯ ᠬᠠᠮᠠᠭᠠᠯᠠᠯ ᠢ ᠪᠠᠷᠢᠮᠵᠢᠶ᠎ᠠ ᠳᠤ ᠬᠦᠷᠭᠡᠬᠦ ᠴᠡᠭᠴᠡᠯᠡᠯᠳᠡ ᠶᠢᠨ ᠠᠵᠢᠯᠯᠠᠭ᠎ᠠ ᠎ ᠶᠢ ᠦᠷᠨᠢᠬᠦᠯᠦᠨ᠂  ᠵᠡᠷᠭᠡ ᠲᠡᠰ ᠲᠤᠭᠳᠠᠭᠠᠬᠤ ᠪᠠ  ᠬᠢᠨᠠᠨ  ᠬᠠᠮᠢᠶᠠᠷᠬᠤ ᠠᠵᠢᠯ ᠢ ᠴᠢᠩᠭᠠᠳᠬᠠᠵᠤ᠂  ᠠᠷᠠᠳ ᠲᠦᠮᠡᠨ ᠳᠤ ᠠᠮᠤᠷ ᠲᠦᠪᠰᠢᠨ ᠭᠡᠷᠡᠭᠯᠡᠭᠡᠨ ᠤ ᠤᠷᠴᠢᠨ ᠲᠤᠭᠤᠷᠢᠨ ᠬᠠᠩᠭᠠᠬᠤ ᠭᠡᠷᠡᠭᠳᠡᠢ᠃     ︵ᠬᠤᠶᠠᠷ︶  ᠨᠤᠭᠤᠭᠠᠨ ᠦᠩᠬᠡ ᠶᠢᠨ ᠬᠦᠭᠵᠢᠯᠳᠡ ᠶᠢ ᠭᠤᠶᠢᠪᠢᠰᠢ ᠦᠬᠡᠢ ᠪᠠᠷᠢᠮᠳᠠᠯᠠᠵᠤ᠂ ᠠᠮᠢ ᠠᠬᠤᠢ ᠎ ᠶᠢᠨ ᠠᠮᠤᠷ ᠲᠦᠪᠰᠢᠨ ᠬᠠᠯᠬᠠᠪᠴᠢ ᠶᠢ ᠪᠦᠬᠦ ᠬᠦᠴᠦᠨ ᠢᠶᠠᠷ ᠪᠠᠬᠢᠵᠢᠬᠦᠯᠬᠦ ᠭᠡᠷᠡᠭᠳᠡᠢ᠃  ︽ ᠠᠯᠳᠠ ᠮᠦᠩᠬᠦ ᠪᠠᠷ ᠰᠤᠯᠢᠰᠢ ᠦᠬᠡᠢ ᠨᠤᠮᠢᠨ ᠨᠤᠭᠤᠭᠠᠨ ᠠᠭᠤᠯᠠ ᠤᠰᠤ  ︾ ᠭᠡᠮᠡᠬᠦ ᠬᠦᠭᠵᠢᠯᠳᠡ ᠶᠢᠨ ᠤᠶᠢᠯᠠᠭᠠᠭᠳᠠᠬᠤᠨ ᠢ  ᠪᠠᠳᠤᠳᠬᠠᠵᠤ᠂ ᠬᠢᠯᠪᠠᠷ ᠪᠤᠰᠤ ᠪᠠᠷ ᠢᠷᠡᠭᠰᠡᠨ ᠠᠮᠢ ᠠᠬᠤᠢ ᠶᠢᠨ ᠰᠡᠷᠬᠦᠯᠳᠡ ᠶᠢᠨ ᠦᠷ᠎ᠡ ᠠᠮᠵᠢᠯᠳᠠ ᠪᠠᠨ ᠪᠠᠬᠢᠵᠢᠬᠦᠯᠬᠦ ᠭᠡᠷᠡᠭᠳᠡᠢ᠃ ᠬᠤᠰᠢᠭᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠤᠷᠴᠢᠮᠬᠠᠨ ᠪᠠᠳᠤᠯᠠᠭᠰᠠᠨ ︽ᠪᠡᠯᠴᠢᠭᠡᠷ ᠰᠡᠷᠬᠦᠬᠡᠵᠦ ᠪᠡᠯᠴᠢᠭᠡᠷᠯᠡᠬᠦᠯᠬᠦ ᠶᠢ ᠴᠠᠭᠠᠵᠠᠯᠠᠬᠤ ᠬᠠᠮᠢᠶᠠᠷᠤᠯᠳᠠ ᠎ ᠶᠢᠨ ᠠᠷᠭ᠎ᠠ︾᠎ ᠶᠢ ᠪᠦᠬᠦ ᠲᠠᠯᠠᠪᠠᠷ ᠨᠠᠶᠢᠳᠠᠪᠤᠷᠢᠵᠢᠭᠤᠯᠵᠤ᠂ ᠲᠠᠷᠢᠶᠠᠯᠠᠬᠤ ᠤᠷᠤᠨ ᠳᠤ ᠪᠡᠯᠴᠢᠭᠡᠷᠯᠡᠬᠦᠯᠬᠦ ᠶᠢ ᠴᠠᠭᠠᠵᠠᠯᠠᠬᠤ᠂  ᠮᠠᠯᠵᠢᠬᠤ ᠤᠷᠤᠨ ᠳᠤ ᠪᠡᠯᠴᠢᠭᠡᠷ ᠰᠡᠷᠬᠦᠭᠡᠬᠦ ᠬᠠᠮᠢᠶᠠᠷᠤᠯᠳᠠ ᠶᠢᠨ ᠠᠷᠭ᠎ᠠ ᠶᠢ ᠴᠢᠩᠭ᠎ᠠ ᠭᠡᠷᠡᠭᠵᠢᠬᠦᠯᠵᠦ᠂  ᠤᠢ ᠮᠤᠳᠤ ᠪᠠ ᠠᠮᠢ ᠠᠬᠤᠢ ᠶᠢᠨ ᠬᠠᠮᠢᠶᠠᠷᠤᠯᠳᠠ ᠶᠢᠨ ᠰᠠᠯᠠᠭ᠎ᠠ ᠮᠦᠴᠢᠷ ᠤᠨ ᠬᠢᠨᠠᠨ ᠬᠠᠮᠢᠶᠠᠷᠬᠤ ᠡᠷᠴᠢᠮ ᠢ ᠴᠢᠩᠭᠠᠷᠠᠭᠤᠯᠤᠨ᠂ ᠠᠮᠢ ᠠᠬᠤᠢ ᠶᠢᠨ ᠬᠠᠮᠠᠭᠠᠯᠠᠭᠴᠢ᠂ ᠭᠠᠴᠠᠭ᠎ᠠ ᠲᠤᠰᠬᠤᠨ ᠤ ︽ᠬᠤᠶᠠᠷ ᠵᠦᠪᠯᠡᠯ︾᠎ ᠤᠨ ᠦᠢᠯᠡᠳᠦᠯ ᠢ ᠪᠠᠳᠠᠷᠠᠭᠤᠯᠵᠤ᠂ ᠤᠯᠠᠨ ᠰᠠᠯᠠᠭ᠎ᠠ ᠮᠦᠴᠢᠷ ᠬᠤᠯᠪᠤᠭᠠᠯᠠᠨ ᠬᠠᠮᠵᠢᠯᠴᠠᠭᠰᠠᠨ ᠬᠠᠤᠯᠢ ᠭᠡᠷᠡᠭᠵᠢᠬᠦᠯᠬᠦ  ᠪᠠᠶᠢᠩᠭᠤ ᠶᠢᠨ ᠲᠤᠭᠳᠠᠴᠠ ᠶᠢ ᠪᠠᠶᠢᠭᠤᠯᠤᠨ᠂ ᠠᠮᠢ ᠠᠬᠤᠢ ᠡᠪᠳᠡᠭᠰᠡᠨ ᠬᠠᠤᠯᠢ ᠪᠤᠰᠤ ᠠᠵᠢᠯᠯᠠᠭ᠎ᠠ ᠎ ᠳᠤ ᠴᠢᠩᠭ᠎ᠠ ᠴᠤᠬᠢᠯᠳᠠ ᠦᠭᠬᠦ ᠭᠡᠷᠡᠭᠳᠡᠢ᠃ ᠰᠢᠨ᠎ᠡ ᠨᠢᠬᠡᠨ ᠡᠬᠡᠯᠵᠢ ᠶᠢᠨ  ᠠᠮᠢ ᠠᠬᠤᠢ ᠶᠢᠨ ᠱᠠᠩᠨᠠᠵᠤ ᠨᠦᠬᠦᠪᠦᠷᠢᠯᠡᠬᠦ ᠲᠦᠷᠦ ᠶᠢᠨ ᠪᠤᠳᠤᠯᠭ᠎ᠠ ᠶᠢ ᠰᠠᠶᠢᠳᠤᠷ ᠨᠠᠶᠢᠳᠠᠪᠤᠷᠢᠵᠢᠭᠤᠯᠵᠤ᠂ ︽ᠱᠠᠩᠨᠠᠯ︾ ᠪᠠ ︽ ᠨᠦᠬᠦᠪᠦᠷᠢ︾ ᠎ ᠶᠢ ᠰᠠᠯᠭᠠᠨ᠂  ᠮᠠᠯ ᠤᠨᠤᠭ᠎ᠠ ᠶᠢ ᠴᠦᠬᠡᠴᠢᠯᠡᠵᠦ ᠡᠪᠡᠰᠦ ᠪᠤᠷᠳᠤᠭ᠎ᠠ ᠶᠢ ᠨᠡᠮᠡᠭᠳᠡᠬᠦᠯᠬᠦ ᠠᠷᠭ᠎ᠠ ᠪᠠᠷᠢᠯ ᠢ  ᠱᠠᠩᠨᠠᠯ ᠨᠦᠬᠦᠪᠦᠷᠢ ᠶᠢᠨ ᠲᠠᠷᠬᠠᠭᠠᠯᠳᠠ ᠲᠠᠢ ᠬᠤᠯᠪᠤᠭᠳᠠᠭᠤᠯᠵᠤ᠂ ᠮᠠᠯᠴᠢᠳ ᠤᠨ ᠠᠮᠢ ᠠᠬᠤᠢ ᠬᠠᠮᠠᠭᠠᠯᠠᠬᠤ ᠢᠳᠡᠪᠬᠢᠵᠢᠯ ᠢ ᠤᠯᠠᠮ ᠰᠠᠶᠢᠨ ᠲᠠᠶᠢᠴᠢᠯᠠᠬᠤ ᠭᠡᠷᠡᠭᠳᠡᠢ᠃ ᠬᠠᠮᠠᠭᠠᠯᠠᠯᠳᠠ ᠶᠢᠨ ᠤᠢ ᠮᠤᠳᠤᠨ ᠤ ᠦᠬᠡᠷᠡᠴᠢᠯᠡᠯᠳᠡ ᠶᠢᠨ ᠲᠦᠷᠦᠯ ᠵᠦᠢᠯ ᠢ ᠡᠷᠡᠮᠡᠯᠵᠡᠯᠡᠨ ᠤᠯᠵᠤ᠂ ᠡᠯᠡᠰᠦᠨ ᠤ ᠡᠬᠢ ᠵᠠᠰᠠᠬᠤ᠂  ᠲᠠᠷᠢᠶᠠᠯᠠᠭ᠎ᠠ  ᠎ ᠶᠢ  ᠵᠤᠭᠰᠤᠭᠠᠵᠤ ᠠᠮᠢ ᠠᠬᠤᠢ ᠶᠢ ᠰᠡᠷᠬᠦᠬᠡᠬᠦ ᠵᠡᠷᠭᠡ ᠢᠨᠵᠧᠨᠧᠷᠢᠩ ᠢ ᠰᠠᠶᠢᠳᠤᠷ ᠭᠡᠷᠡᠭᠵᠢᠬᠦᠯᠦᠨ᠂ ᠡᠨᠡ  ᠵᠢᠯ ᠨᠦᠬᠦᠵᠦ ᠲᠠᠷᠢᠬᠤ ᠲᠠᠯᠠᠪᠠᠢ 4 ᠲᠦᠮᠡᠨ ᠮᠤ᠋  ᠂  ᠬᠠᠶᠢᠯᠠᠷ ᠨᠠᠷᠠᠰᠤ ᠲᠠᠷᠢᠬᠤ ᠲᠠᠯᠠᠪᠠᠢ 2.5 ᠲᠦᠮᠡᠨ ᠮᠤ᠋᠂  ᠭᠤᠤᠯᠳᠠᠯᠭᠠᠳᠠᠢ ᠤᠷᠤᠨ ᠪᠦᠰᠡ ᠶᠢᠨ ᠨᠤᠭᠤᠭᠠᠷᠠᠭᠤᠯᠤᠯᠳᠠ 0.36 ᠲᠦᠮᠡᠨ ᠮᠤ᠋᠂ ᠬᠦᠮᠦᠨ ᠤ ᠬᠦᠴᠦ ᠪᠠᠷ ᠮᠤᠳᠤ ᠲᠠᠷᠢᠬᠤ ᠲᠠᠯᠠᠪᠠᠢ  0.6 ᠲᠦᠮᠡᠨ ᠮᠤ᠋ ᠂ ᠠᠷᠠᠴᠢᠯᠠᠨ ᠪᠤᠶᠢᠵᠢᠭᠤᠯᠬᠤ ᠲᠠᠯᠠᠪᠠᠢ1 ᠲᠦᠮᠡᠨ ᠮᠤ᠋ ᠶᠢ ᠪᠡᠶᠡᠯᠡᠭᠦᠯᠦᠨ᠎ᠡ᠃ ︽207︾ ᠵᠠᠰᠠᠮᠠᠯ ᠵᠠᠮ ᠤᠨ ᠪᠤᠤᠴᠠᠩ ᠤᠨ ᠠᠷᠤ ᠳᠠᠬᠢ ᠴᠢᠯᠠᠭᠤ ᠮᠠᠯᠳᠠᠬᠤ ᠲᠠᠯᠠᠪᠠᠢ ᠪᠠ ᠭᠦᠨᠪᠤᠯᠠᠭ ᠰᠤᠮᠤᠨ ᠤ ᠠᠰᠢᠭᠯᠠᠮᠵᠢ ᠦᠭᠡᠢ ᠴᠢᠯᠠᠭᠤ ᠰᠢᠷᠤᠢ ᠮᠠᠯᠳᠠᠬᠤ ᠲᠠᠯᠠᠪᠠᠢ ᠶᠢᠨ ᠣᠷᠴᠢᠨ ᠲᠣᠭᠤᠷᠢᠨ ᠤ ᠰᠡᠷᠭᠦᠭᠡᠨ ᠵᠠᠰᠠᠯᠲᠠ ᠶᠢ ᠨᠠᠷᠢᠨ ᠨᠢᠮᠪᠠᠢ ᠥᠷᠨᠢᠭᠦᠯᠵᠦ᠂ 25 ᠡᠷᠦᠬᠡ ᠠᠭᠤᠷᠬᠠᠢ ᠶᠢᠨ ᠠᠵᠤ ᠠᠬᠤᠶᠢᠯᠠᠯ ᠳᠤ ᠠᠮᠢ ᠠᠬᠤᠢ ᠶᠢᠨ ᠣᠷᠴᠢᠨ ᠲᠣᠭᠤᠷᠢᠨ ᠤ ᠵᠠᠰᠠᠯᠲᠠ ᠬᠢᠨ᠎ᠡ᠃ ᠠᠮᠢ ᠠᠬᠤᠢ ᠶᠢᠨ ᠪᠣᠯᠪᠠᠰᠤᠨ ᠪᠠ ᠣᠷᠴᠢᠨ ᠲᠣᠭᠤᠷᠢᠨ ᠤ ᠬᠠᠮᠠᠭᠠᠯᠠᠯᠲᠠ ᠶᠢᠨ ᠳᠦᠷᠢᠮ ᠤᠨ ᠪᠠᠶᠢᠭᠤᠯᠤᠯᠲᠠ ᠶᠢ ᠴᠢᠩᠭᠠᠳᠬᠠᠵᠤ᠂ ᠠᠮᠢ ᠠᠬᠤᠢ ᠶᠢᠨ ᠬᠤᠷᠢᠭ᠎ᠠ ᠱᠤᠭᠤᠮ ᠢ ᠲᠣᠬᠳᠠᠭᠠᠬᠤ ᠠᠵᠢᠯ ᠢ ᠪᠦᠬᠦ ᠲᠠᠯ᠎ᠠ ᠪᠠᠷ ᠪᠡᠶᠡᠯᠡᠭᠦᠯᠦᠨ᠂ ᠬᠤᠷᠢᠭ᠎ᠠ ᠱᠤᠭᠤᠮ ᠤᠨ ᠬᠡᠪᠴᠢᠶᠡᠨ ᠳᠠᠬᠢ ᠨᠡᠬᠡᠭᠡᠯᠲᠠ ᠶᠢᠨ ᠠᠵᠢᠯ ᠢ ᠴᠡᠪᠡᠷᠯᠠᠨ ᠴᠡᠭᠴᠡᠯᠡᠨ᠎ᠡ᠃ ᠠᠵᠤ ᠠᠬᠤᠶᠢᠯᠠᠯ ᠎ ᠤᠨ ᠬᠠᠷᠢᠭᠤᠴᠠᠯᠭᠠᠲᠠᠨ ᠤ ᠲᠤᠰᠢᠶᠠᠯ ᠠᠴᠠ ᠪᠠᠨ ᠰᠠᠯᠬᠤ ᠦᠶ᠎ᠡ ᠶᠢᠨ ᠬᠢᠨᠠᠨ ᠪᠤᠳᠤᠯᠳᠠ ᠶᠢᠨ ᠳᠦᠷᠢᠮ ᠬᠢᠭᠡᠳ ᠣᠷᠴᠢᠨ ᠲᠣᠭᠤᠷᠢᠨ ᠡᠪᠳᠡᠭᠰᠠᠳ ᠠᠴᠠ ᠬᠠᠷᠢᠭᠤᠴᠠᠯᠭ᠎ᠠ ᠨᠡᠬᠡᠮᠵᠢᠯᠡᠬᠦ ᠲᠦᠷᠢᠮ ᠢ ᠲᠣᠬᠳᠠᠵᠤ ᠬᠡᠷᠡᠭᠵᠢᠭᠦᠯᠦᠨ᠎ᠡ᠃ ︽ᠭᠤᠷᠪᠠᠨ ᠵᠣᠷᠪᠤᠰ ᠬᠤᠷᠢᠭ᠎ᠠ ᠱᠤᠭᠤᠮ︾ ᠪᠠ ︽ ᠭᠤᠷᠪᠠ ᠶᠢ ᠵᠡᠷᠭᠡᠪᠡᠷ ᠶᠠᠪᠤᠭᠳᠠᠭᠤᠯᠬᠤ︾ ᠳᠦᠷᠢᠮ ᠢ ᠡᠷᠡᠰ ᠬᠡᠷᠡᠭᠵᠢᠬᠦᠯᠵᠦ᠂ ᠪᠤᠬᠢᠷᠳᠤᠯ ᠶᠡᠭᠡ᠂ ᠭᠠᠳᠠᠬᠰᠢᠯᠠᠭᠤᠯᠤᠯᠲᠠ ᠶᠡᠭᠡ᠂ ᠤᠰᠣᠨ ᠤ ᠬᠤᠷᠤᠬᠳᠠᠯ ᠶᠡᠭᠡ ᠲᠥᠷᠥᠯ ᠵᠦᠢᠯ ᠎ ᠢ ᠴᠠᠭᠠᠵᠠᠯᠠᠬᠤ ᠬᠡᠷᠡᠭᠲᠠᠢ᠃ ᠤᠰᠤᠨ ᠤ ᠡᠬᠢ ᠪᠠᠶᠠᠯᠢᠭ ᠤᠨ ᠬᠠᠮᠢᠶᠠᠷᠤᠯᠲᠠ ᠶᠢ ᠴᠢᠩᠭᠠᠳᠬᠠᠵᠤ᠂ ᠭᠤᠣᠯᠳᠠᠯᠭᠠᠲᠠᠢ ᠠᠵᠢᠯ ᠲᠥᠷᠥᠯ ᠤᠨ ᠤᠰᠤᠨ ᠤ ᠬᠡᠮᠵᠢᠯᠲᠠ ᠶᠢᠨ ᠲᠥᠬᠦᠭᠡᠷᠦᠮᠵᠢ ᠶᠢ ᠤᠬᠰᠠᠷᠠᠨ᠂ ᠰᠦᠷᠴᠢᠨ ᠤᠰᠤᠯᠠᠬᠤ ᠤᠷᠤᠨ ᠲᠣᠭᠤᠷᠢᠭ ᠰᠢᠨ᠎ᠡ ᠪᠠᠷ ᠨᠡᠭᠡᠭᠡᠬᠦ ᠶᠢ ᠡᠷᠡᠰ ᠬᠤᠷᠢᠬᠯᠠᠵᠤ᠂ ᠣᠳᠣᠬᠠᠨ ᠤ ᠤᠰᠤᠯᠠᠯᠲᠠ ᠶᠢᠨ ᠠᠷᠭ᠎ᠠ ᠬᠡᠯᠪᠡᠷᠢ ᠶᠢ ᠥᠭᠡᠷᠡᠴᠢᠯᠠᠨ ᠰᠠᠶᠢᠵᠢᠷᠠᠭᠤᠯᠵᠦ᠂ ᠡᠯ᠎ᠡ ᠠᠵᠢᠯ ᠲᠥᠷᠥᠯ ᠤᠨ ᠤᠰᠤ ᠠᠷᠪᠢᠯᠠᠬᠤ ᠠᠵᠢᠯᠯᠠᠭ᠎ᠠ ᠶᠢ ᠬᠦᠴᠦ ᠲᠠᠯᠪᠢᠵᠦ ᠥᠷᠨᠢᠭᠦᠯᠦᠨ᠎ᠡ᠃ ︽ ᠬᠤᠶᠡᠷ ᠢ ᠬᠢᠵᠠᠭᠠᠷᠯᠠᠬᠤ︾ ᠱᠠᠭᠠᠷᠳᠠᠯᠭ᠎ᠠ ᠶᠢ ᠪᠦᠬᠦ ᠲᠠᠯᠠᠪᠠᠷ ᠨᠠᠶᠢᠳᠠᠪᠤᠷᠢᠵᠢᠭᠤᠯᠵᠦ᠂ ᠪᠤᠬᠢᠷ ᠡᠳ᠋ ᠤᠨ ᠭᠠᠳᠠᠬᠰᠢᠯᠠᠭᠤᠯᠤᠯᠲᠠ ᠶᠢᠨ ᠶᠡᠷᠦᠩᠬᠡᠢ ᠬᠡᠮᠵᠢᠶ᠎ᠡ ᠶᠢ ᠴᠢᠩᠭ᠎ᠠ ᠬᠢᠵᠠᠭᠠᠷᠯᠠᠨ᠂ ᠠᠶᠢᠮᠠᠭ ᠤᠨ ᠲᠣᠬᠳᠠᠭᠠᠬᠰᠠᠨ ᠬᠠᠷᠠᠯᠲᠠ ᠶᠢ ᠪᠡᠶᠡᠯᠡᠭᠦᠯᠬᠦ ᠭᠡᠷᠡᠭᠲᠠᠢ᠃      ︵ᠭᠤᠷᠪᠠ︶ ᠬᠤᠲᠠ ᠬᠥᠳᠡᠭᠡ ᠶᠢᠨ ᠰᠠᠭᠤᠷᠢ ᠲᠦᠬᠦᠭᠡᠷᠦᠮᠵᠢ ᠶᠢᠨ ᠪᠦᠲᠦᠭᠡᠨ ᠪᠠᠶᠢᠭᠤᠯᠦᠯᠲᠠ ᠶᠢ ᠴᠢᠩᠭᠠᠳᠬᠠᠵᠤ᠂ ᠠᠵᠢᠯᠯᠠᠵᠤ ᠰᠠᠭᠤᠷᠢᠰᠢᠬᠤ ᠳᠤ ᠲᠠᠭᠠᠲᠠᠢ ᠣᠷᠴᠢᠨ ᠠᠬᠤᠢ ᠶᠢ  ᠪᠠᠶᠢᠭᠤᠯᠬᠤ ᠭᠡᠷᠡᠭᠳᠡᠢ᠃  ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠬᠦᠷᠦᠯᠴᠠᠬᠦ ᠦᠭᠡᠢ ᠲᠠᠯ᠎ᠠ ᠶᠢ ᠬᠦᠴᠦᠯᠠᠨ ᠨᠦᠬᠦᠪᠦᠷᠢᠯᠡᠵᠦ᠂ ᠮᠠᠯᠵᠢᠬᠤ ᠲᠠᠷᠢᠶᠠᠯᠠᠬᠤ ᠣᠷᠤᠨ ᠤ ᠨᠠᠶᠢᠲᠡ ᠶᠢᠨ ᠦᠢᠯᠡᠴᠢᠯᠡᠭᠡᠨ ᠤ ᠬᠢᠷᠢ ᠲᠦᠪᠰᠢᠨ ᠢ ᠳᠡᠭᠡᠭᠰᠢᠯᠡᠭᠦᠯᠵᠦ᠂ ᠮᠠᠯᠵᠢᠬᠤ ᠲᠠᠷᠢᠶᠠᠯᠠᠬᠤ ᠣᠷᠤᠨ ᠤ ᠬᠦᠮᠦᠨ ᠠᠮᠠ ᠶᠢᠨ ᠪᠤᠤᠴᠠᠩ ᠪᠠᠯᠭᠠᠰᠤ ᠵᠦᠭ ᠲᠦᠪᠯᠡᠷᠡᠭᠦ᠂ ᠰᠤᠮᠤ ᠰᠢᠶᠠᠩ ᠪᠠᠯᠭᠠᠰᠤᠨ ᠤ ᠰᠠᠭᠤᠭ᠎ᠠ ᠭᠠᠵᠠᠷ ᠵᠦᠭ ᠲᠦᠪᠯᠡᠷᠡᠭᠦ᠂ ᠵᠠᠰᠠᠭ ᠵᠠᠬᠢᠷᠭᠠᠨ ᠤ ᠲᠦᠪ ᠪᠣᠯᠬᠤ ᠭᠠᠴᠠᠭ᠎ᠠ ᠲᠤᠰᠬᠤᠨ ᠵᠦᠭ ᠲᠦᠪᠯᠡᠷᠡᠬᠦ ᠎ ᠶᠢ ᠲᠦᠯᠬᠢᠨ ᠠᠬᠢᠭᠤᠯᠬᠤ ᠭᠡᠷᠡᠭᠲᠠᠢ᠃ ᠨᠢᠬᠡ ᠳᠤ᠂ ︽ᠠᠷᠪᠠ ᠶᠢ ᠪᠦᠷᠬᠦᠭᠦᠯᠬᠦ︾ ᠰᠢᠢᠳᠪᠦᠷᠢᠲᠦ ᠲᠠᠶᠢᠯᠠᠯᠳᠤᠭᠠᠨ ᠎ ᠤ ᠢᠯᠠᠯᠲᠠ ᠶᠢ ᠤᠯᠬᠤ ᠪᠠᠷ ᠴᠢᠷᠮᠠᠶᠢᠨ᠎ᠠ᠃ ᠪᠦᠬᠦ ᠵᠢᠯ ᠳᠤ 10.6 ᠳ᠋ᠦᠩᠰᠢᠭᠤᠷ ᠲᠦᠭᠦᠷᠢᠭ ᠤᠨ ᠪᠡᠯᠡ ᠣᠷᠣᠭᠤᠯᠵᠦ᠂ ᠡᠭᠦᠨ ᠳᠤ ᠤᠯᠤᠰ ᠤᠨ ᠪᠡᠯᠡ 0.95 ᠳ᠋ᠦᠩᠰᠢᠭᠤᠷ ᠲᠦᠭᠦᠷᠢᠭ᠂ ᠣᠷᠤᠨ ᠤ ᠪᠡᠯᠡ 1.38 ᠳ᠋ᠦᠩᠰᠢᠭᠤᠷ ᠲᠦᠭᠦᠷᠢᠭ᠂ ᠠᠶᠢᠮᠠᠭ ᠤᠨ ᠪᠡᠯᠡ 1.94 ᠳ᠋ᠦᠩᠰᠢᠭᠤᠷ ᠲᠦᠭᠦᠷᠢᠭ᠂ ᠬᠤᠰᠢᠭᠤ ᠱᠠᠲᠤᠨ ᠤ ᠢᠵᠢ ᠪᠦᠷᠢᠳᠦᠭᠰᠡᠨ ᠪᠡᠯᠡ ᠮᠦᠩᠭᠦ 3.93 ᠳ᠋ᠦᠩᠰᠢᠭᠤᠷ ᠲᠦᠭᠦᠷᠢᠭ᠂ ᠮᠠᠯᠴᠢᠨ ᠲᠠᠷᠢᠶᠠᠴᠢᠨ ᠤ   ᠦᠪᠡᠷ ᠤᠨ ᠬᠤᠷᠠᠮᠳᠤᠭᠤᠯᠭ᠎ᠠ  2.01 ᠳ᠋ᠦᠩᠰᠢᠭᠤᠷ ᠲᠦᠭᠦᠷᠢᠭ᠂ ᠠᠵᠤ ᠠᠬᠤᠶᠢᠯᠠᠯ ᠤᠨ ᠪᠠᠯᠠ 0.4 ᠳ᠋ᠦᠩᠰᠢᠭᠤᠷ ᠲᠦᠭᠦᠷᠢᠭ ᠣᠷᠣᠭᠤᠯᠬᠤ ᠳᠦᠰᠦᠪ ᠲᠠᠢ᠃ 10 ᠲᠦᠷᠦᠯ ᠤᠨ ᠪᠦᠷᠬᠦᠭᠦᠯᠬᠦ ᠢᠨᠵᠧᠨᠧᠷᠢᠩ ᠢ ᠬᠡᠷᠡᠭᠵᠢᠭᠦᠯᠵᠦ᠂ 7500 ᠡᠷᠦᠬᠡ ᠶᠢᠨ ᠨᠤᠷᠠᠬᠤ ᠠᠶᠤᠯᠲᠠᠢ ᠭᠡᠷ ᠪᠠᠶᠢᠰᠢᠩ ᠢ ᠰᠢᠨᠡᠳᠭᠡᠵᠦ᠂ 288 ᠺᠢᠯᠤᠮᠧᠲᠷ  ᠵᠡᠭᠡᠯᠢ ᠭᠤᠳᠤᠮᠵᠢ ᠎ ᠶᠢ ᠬᠠᠳᠠᠭᠤᠷᠠᠭᠤᠯᠤᠨ᠂ 75 ᠰᠠᠭᠤᠷᠢ ᠠᠶᠤᠯᠬᠦᠢ ᠤᠰᠤ ᠤᠮᠳᠠ ᠶᠢᠨ ᠢᠨᠵᠧᠨᠧᠷᠢᠩ ᠢ ᠬᠡᠷᠡᠭᠵᠢᠭᠦᠯᠵᠦ᠂  ᠡᠷᠡᠭᠦᠯ ᠬᠠᠮᠠᠭᠠᠯᠠᠯ ᠤᠨ ᠥᠷᠦᠭᠡ 69᠂  ᠬᠡᠦᠭᠡᠳ ᠤᠨ ᠴᠡᠴᠡᠷᠯᠢᠭ 4  ᠂ ᠠᠷᠠᠳ ᠲᠤ ᠲᠦᠬᠦᠮ ᠦᠵᠡᠭᠦᠯᠬᠦ ᠴᠢᠯᠦᠭᠡᠲᠦ ᠲᠡᠯᠭᠡᠭᠦᠷ 30᠎ ᠶᠢ  ᠪᠠᠶᠢᠭᠤᠯᠤᠨ᠂ 1100 ᠡᠷᠦᠭᠡ ᠳᠤ ᠷᠠᠳᠢᠣ᠋ ᠲᠧᠯᠸᠢᠰ ᠨᠡᠪᠲᠡᠷᠡᠭᠦᠯᠵᠦ᠂ 49 ᠭᠠᠴᠠᠭ᠎ᠠ ᠲᠤᠰᠬᠤᠨ ᠤ ᠰᠣᠶᠤᠯ ᠤᠨ ᠲᠦᠬᠦᠭᠡᠷᠦᠮᠵᠢ ᠶᠢ ᠪᠦᠷᠢᠨᠰᠢᠭᠦᠯᠦᠨ᠂ 87.7 ᠺᠢᠯᠤᠮᠧᠲᠷ ᠴᠠᠬᠢᠯᠭᠠᠨ ᠱᠤᠭᠤᠮ ᠤᠨ ᠥᠭᠡᠷᠡᠴᠢᠯᠡᠯᠲᠠ ᠶᠢ ᠬᠢᠵᠦ᠂ ᠷᠠᠳᠢᠤ᠋ ᠲᠧᠯᠸᠢᠰ ᠤᠨ ᠰᠠᠭᠤᠷᠢ ᠥᠷᠳᠡᠭᠡ 10᠂ ᠴᠢᠮᠡᠭᠡ ᠬᠤᠯᠪᠤᠭᠠᠨ ᠤ ᠰᠠᠭᠤᠷᠢ ᠥᠷᠲᠡᠭᠡ 54᠎ ᠶᠢ ᠪᠠᠶᠢᠭᠤᠯᠤᠨ᠂ ᠮᠠᠯᠵᠢᠬᠤ ᠲᠠᠷᠢᠶᠠᠯᠠᠬᠤ ᠣᠷᠣᠨ ᠤ ᠪᠠᠶᠢᠩᠭᠤ ᠰᠠᠭᠤᠭ᠎ᠠ ᠬᠦᠮᠦᠨ ᠠᠮᠠ ᠶᠢᠨ ᠨᠠᠰᠤᠵᠢᠯ ᠪᠠ ᠡᠮᠨᠡᠯᠭᠡ ᠶᠢᠨ ᠳᠠᠭᠠᠳᠬᠠᠯ ᠵᠡᠷᠭᠡ ᠨᠡᠶᠢᠭᠡᠮ ᠤᠨ ᠪᠠᠲᠤᠯᠠᠭᠠᠨ ᠤ ᠠᠵᠢᠯ ᠢ ᠰᠠᠶᠢᠨ ᠬᠢᠬᠦ ᠬᠡᠷᠡᠭᠲᠠᠢ᠃ 9 ᠲᠦᠷᠦᠯ ᠤᠨ ᠣᠷᠴᠢᠨ ᠲᠣᠭᠤᠷᠢᠨ ᠤ ᠵᠠᠰᠠᠯᠲᠠ ᠶᠢᠨ ᠢᠵᠢ ᠪᠦᠷᠢᠳᠦᠭᠰᠠᠨ ᠢᠨᠵᠧᠨᠧᠷᠢᠩ ᠢ ᠬᠡᠷᠡᠭᠵᠢᠭᠦᠯᠵᠦ᠂ 7992 ᠡᠷᠦᠬᠡ ᠶᠢᠨ 31333 ᠲᠠᠰᠤᠯᠭ᠎ᠠ ᠬᠠᠭᠤᠴᠢᠨ ᠪᠠᠶᠢᠰᠢᠩ ᠢ ᠨᠤᠷᠠᠭᠠᠨ᠂ 4453 ᠡᠷᠦᠬᠡ ᠶᠢᠨ 21158 ᠲᠠᠰᠤᠯᠭ᠎ᠠ ᠬᠡᠷ ᠪᠠᠶᠢᠰᠢᠩ ᠢ ᠰᠡᠯᠪᠢᠨ ᠵᠠᠰᠠᠵᠤ᠂ 195 ᠲᠦᠮᠡᠨ ᠮᠧᠲᠷ ᠭᠡᠷᠡᠮ ᠬᠦᠷᠢᠶ᠎ᠡ ᠶᠢ ᠦᠭᠡᠷᠡᠴᠢᠯᠡᠨ  ᠂ 400 ᠲᠦᠮᠡᠨ ᠪᠤᠰᠤᠭ᠎ᠠ ᠲᠦᠷᠪᠡᠯᠵᠢᠨ ᠮᠧᠲᠷ ᠬᠤᠭ ᠨᠤᠪᠰᠢ ᠶᠢ ᠴᠡᠪᠡᠷᠯᠡᠨ ᠬᠠᠶᠠᠵᠤ᠂ 4 ᠲᠦᠮᠡᠨ ᠬᠠᠪᠳᠠᠭᠠᠢ ᠲᠦᠷᠪᠡᠯᠵᠢᠨ ᠮᠧᠲᠷ ᠮᠧᠲᠷ ᠬᠡᠷᠡᠮ ᠬᠠᠨ᠎ᠠ ᠶᠢ ᠪᠤᠳᠤᠵᠦ ᠴᠢᠮᠡᠭᠯᠡᠨ᠂ 86.4 ᠲᠦᠮᠡᠨ ᠬᠠᠪᠳᠠᠭᠠᠢ ᠲᠦᠷᠪᠡᠯᠵᠢᠨ ᠮᠧᠲᠷ ᠵᠠᠮ ᠤᠨ ᠮᠦᠷᠦ ᠶᠢ ᠳᠡᠪᠢᠰᠴᠦ᠂ 1561 ᠰᠠᠭᠤᠷᠢ ᠬᠤᠭ ᠨᠤᠪᠰᠢ ᠶᠢᠨ ᠣᠩᠭᠤᠴᠠ᠂ 456 ᠰᠠᠭᠤᠷᠢ ᠨᠡᠶᠢᠲᠠ ᠶᠢᠨ ᠵᠣᠷᠯᠣᠩ ᠢ ᠰᠢᠨ᠎ᠡ ᠪᠠᠷ ᠪᠠᠶᠢᠭᠤᠯᠤᠨ᠂ 311 ᠭᠠᠴᠠᠭ᠎ᠠ ᠲᠤᠰᠬᠤᠨ ᠢ ᠨᠣᠭᠤᠭᠠᠷᠠᠭᠤᠯᠵᠦ ᠭᠤᠶᠣᠵᠢᠭᠤᠯᠤᠨ᠎ᠠ᠃ ᠬᠤᠶᠠᠷ ᠲᠤ᠂ ᠰᠠᠭᠤᠷᠢ ᠲᠦᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠎ ᠶᠢ ᠲᠦᠷᠭᠡᠳᠭᠡᠨ᠎ᠡ᠃ ᠭᠤᠣᠯ ᠵᠠᠮ ᠱᠤᠭᠤᠮ ᠤᠨ ᠪᠦᠲᠦᠭᠡᠨ ᠪᠠᠶᠢᠭᠤᠯᠤᠯᠲᠠ ᠶᠢ ᠲᠦᠷᠭᠡᠳᠭᠡᠨ᠂ ︽304︾  ᠵᠠᠰᠠᠮᠠᠯ ᠵᠠᠮ ︵ᠤᠤᠯ ᠤᠨ ᠺᠠᠩ ᠱᠠᠨ ᠱᠤᠭᠤᠮ︶᠎ ᠤᠨ ᠥᠭᠡᠷᠡᠴᠢᠯᠡᠯᠲᠠ ᠶᠢ ᠢᠳᠡᠪᠬᠢᠲᠠᠢ ᠲᠦᠯᠬᠢᠨ ᠠᠬᠢᠭᠤᠯᠵᠦ᠂ ᠫᠤᠤᠲ᠋ᠠᠶᠢᠶ᠋ᠢᠩᠽᠢ ᠠᠴᠠ ᠰᠢᠶᠤᠤ ᠯᠢ ᠶᠢᠩᠽᠢ ᠬᠦᠷᠭᠦ ᠵᠢᠭᠤᠯᠴᠢᠯᠠᠯ ᠤᠨ  ᠵᠠᠮ ᠢ ᠨᠡᠪᠲᠡᠷᠡᠭᠦᠯᠦᠨ᠂ ᠰᠢᠶᠤᠤ ᠯᠢ ᠶᠢᠩᠽᠢ ᠠᠴᠠ ᠰᠢᠯᠤᠭᠤᠨ ᠬᠦᠭᠡ ᠬᠤᠰᠢᠭᠤ ᠬᠦᠷᠭᠦ ᠵᠢᠭᠤᠯᠴᠢᠯᠠᠯ ᠤᠨ ᠵᠠᠮ ᠤᠨ ᠲᠦᠷᠦᠭᠦᠴᠢ ᠬᠤᠭᠤᠴᠠᠭᠠᠨ ᠤ ᠠᠵᠢᠯ ᠢ ᠡᠬᠢᠯᠡᠬᠦ ᠶᠢᠨ ᠬᠠᠮᠲᠦ᠂  122 ᠺᠢᠯᠤᠮᠧᠲᠷ  ᠽᠧᠮᠧᠨ᠋ᠲ ᠵᠠᠮ ᠢ ᠵᠠᠰᠠᠵᠤ᠂ ᠪᠡᠭᠡᠵᠢᠩ ᠤᠷᠤᠬᠤ ᠦᠨᠲᠦᠷ ᠬᠤᠷᠳᠤᠴᠠᠲᠦ ᠲᠡᠮᠦᠷ ᠵᠠᠮ ᠤᠨ ᠪᠦᠲᠤᠭᠡᠨ ᠪᠠᠶᠢᠭᠤᠯᠤᠯᠲᠠ ᠶᠢᠨ ᠲᠦᠷᠦᠭᠦᠴᠢ ᠬᠤᠭᠤᠴᠠᠭᠠᠨ ᠤ ᠠᠵᠢᠯ ᠢ ᠢᠳᠡᠪᠬᠢᠲᠠᠢ ᠬᠠᠮᠵᠢᠯᠴᠠᠨ ᠪᠡᠶᠡᠯᠡᠭᠦᠯᠦᠨ᠎ᠡ᠃ ᠴᠠᠬᠢᠯᠭᠠᠨ ᠬᠦᠴᠦᠨ ᠤ ᠪᠦᠷᠢᠯᠳᠤᠴᠠ ᠶᠢ ᠦᠷᠭᠦᠯᠵᠢᠯᠠᠨ ᠲᠡᠭᠦᠯᠳᠡᠷᠵᠢᠭᠦᠯᠵᠦ᠂ ᠡᠨᠡ ᠵᠢᠯ 2 ᠰᠠᠭᠤᠷᠢ 35  ᠺᠢᠯᠤᠸᠤᠯᠲ ᠤᠨ ᠴᠠᠬᠢᠯᠭᠠᠨ  ᠬᠤᠪᠢᠰᠬᠠᠬᠤ ᠥᠷᠲᠡᠭᠡᠨ ᠤ ᠥᠷᠭᠡᠳᠭᠡᠨ ᠪᠠᠶᠢᠭᠤᠯᠬᠤ ᠢᠨᠵᠧᠨᠧᠷᠢᠩ ᠬᠢᠭᠡᠳ 10  ᠺᠢᠯᠤᠸᠤᠯᠲ ᠠᠴᠠ ᠳᠣᠷᠣᠬᠰᠢᠬᠢ ᠴᠠᠬᠢᠯᠭᠠᠨ ᠱᠤᠭᠤᠮ ᠵᠢᠴᠢ ᠴᠠᠬᠢᠯᠭᠠᠨ  ᠬᠤᠪᠢᠰᠬᠠᠬᠤ ᠥᠷᠲᠡᠭᠡᠨ ᠤ ᠥᠭᠡᠷᠡᠴᠢᠯᠡᠯᠲᠡ ᠶᠢᠨ ᠢᠨᠵᠧᠨᠧᠷᠢᠩ ᠢ ᠪᠡᠶᠡᠯᠡᠬᠦᠯᠦᠨ᠂ 500  ᠺᠢᠯᠤᠸᠤᠯᠲ ᠤᠨ ᠴᠠᠬᠢᠯᠭᠠᠨ  ᠬᠤᠪᠢᠰᠬᠠᠬᠤ ᠥᠷᠲᠡᠭᠡᠨ ᠤ ᠪᠦᠲᠦᠭᠡᠨ ᠪᠠᠶᠢᠭᠤᠯᠤᠯᠲᠠ ᠶᠢ ᠢᠳᠡᠪᠬᠢᠲᠠᠢ ᠲᠦᠯᠬᠢᠨ ᠠᠬᠢᠭᠤᠯᠤᠨ᠎ᠠ᠃ 5 ᠺᠢᠯᠤᠮᠧᠲᠷ  ᠤᠷᠳᠤ ᠲᠤᠮᠲᠠ ᠪᠠᠭ᠎ᠠ ᠰᠠᠪᠠ ᠭᠠᠵᠠᠷ ᠤᠨ ᠶᠡᠷᠦᠩᠭᠡᠶᠢᠯᠡᠭᠰᠠᠨ ᠵᠠᠰᠠᠯᠲᠠ ᠶᠢ ᠬᠢᠵᠦ ᠂ 26 ᠰᠠᠭᠤᠷᠢ ᠤᠰᠤᠨ ᠰᠤᠷᠪᠤᠯᠵᠢ ᠶᠢᠨ ᠢᠨᠵᠧᠨᠧᠷᠢᠩ ᠢ ᠬᠡᠷᠡᠭᠵᠢᠭᠦᠯᠦᠨ᠂ ᠭᠡᠦ ᠯᠤ᠋ ᠢᠦᠢ ᠭᠤᠣᠯ ᠤᠨ ᠦᠶᠡᠷ ᠰᠡᠷᠭᠡᠶᠢᠯᠡᠬᠦ ᠢᠨᠵᠧᠨᠧᠷᠢᠩ ᠢ ᠳᠠᠭᠤᠰᠬᠠᠨ᠎ᠠ᠃ ᠭᠤᠷᠪᠠᠨ ᠰᠦᠯᠵᠢᠶ᠎ᠡ ᠶᠢᠨ ᠤᠶᠠᠯᠲᠤᠯ ᠢ ᠠᠬᠢᠭᠤᠯᠵᠦ᠂ ᠪᠦᠬᠦ ᠠᠶᠢᠮᠠᠭ ᠤᠨ ᠵᠠᠰᠠᠭ ᠤᠨ ᠣᠷᠳᠤᠨ ᠤ ᠮᠡᠳᠡᠭᠡ ᠵᠠᠩᠬᠢ ᠶᠢᠨ ᠳᠠᠪᠴᠠᠩ ᠢ ᠨᠢᠭᠡᠳᠬᠡᠬᠦ ᠠᠵᠢᠯ ᠢ ᠢᠳᠡᠪᠬᠢᠲᠠᠢ ᠬᠠᠮᠵᠢᠯᠴᠠᠨ ᠪᠡᠶᠡᠯᠡᠬᠦᠯᠵᠦ᠂ ᠵᠠᠰᠠᠭ ᠶᠢᠨ ᠣᠷᠳᠤᠨ ᠤ ᠮᠡᠳᠡᠭᠡ ᠵᠠᠩᠬᠢ ᠶᠢᠨ ᠰᠢᠰᠲ᠋ᠧᠮ ᠪᠠ ᠨᠡᠶᠢᠲᠡ ᠶᠢᠨ ᠲᠤᠭ᠎ᠠ ᠪᠠᠷᠢᠮᠲᠠ ᠶᠢᠨ ᠬᠠᠷᠢᠯᠴᠠᠨ  ᠬᠤᠯᠪᠤᠯᠳᠤᠵᠤ ᠬᠠᠮᠳᠤᠪᠠᠷ ᠡᠳ᠋ᠯᠡᠬᠦ ᠶᠢ ᠪᠡᠶᠡᠯᠡᠭᠦᠯᠦᠨ᠎ᠠ᠃ ᠴᠢᠮᠡᠭᠡ ᠬᠤᠯᠪᠤᠭᠠᠨ ᠤ ᠰᠠᠭᠤᠷᠢ ᠥᠷᠲᠡᠭᠡ ᠪᠠ ᠮᠠᠯᠵᠢᠬᠤ ᠲᠠᠷᠢᠶᠠᠯᠠᠬᠤ ᠣᠷᠣᠨ ᠤ ᠥᠷᠭᠡᠨ ᠪᠦᠰᠠᠲᠦ ᠰᠦᠯᠵᠢᠶᠡᠨ ᠤ ᠪᠠᠶᠢᠭᠤᠯᠤᠯᠲᠠ ᠶᠢ ᠴᠢᠩᠭᠠᠳᠬᠠᠵᠤ᠂ ᠪᠦᠬᠦ ᠬᠤᠰᠢᠭᠤᠨ ᠤ ᠬᠡᠪᠴᠢᠶᠡᠨ ᠳᠤ ᠭᠠᠷ ᠤᠲᠠᠰᠤᠨ ᠲᠣᠬᠢᠶ᠎ᠠ ᠪᠠ ᠮᠡᠳᠡᠭᠡ ᠵᠠᠩᠬᠢ ᠶᠢᠨ ᠰᠦᠯᠵᠢᠶ᠎ᠡ ᠨᠡᠪᠲᠡᠷᠡᠭᠦᠯᠬᠦ ᠪᠠᠷ ᠴᠢᠷᠮᠠᠶᠢᠨ᠎ᠠ᠃ ᠭᠤᠷᠪᠠ ᠳᠤ᠂ ᠬᠤᠲᠠ ᠪᠠᠯᠭᠠᠰᠤᠨ ᠤ ᠲᠦᠯᠦᠪᠵᠢᠬᠦᠯᠭᠡ ᠪᠠ ᠪᠦᠲᠦᠭᠡᠨ ᠪᠠᠶᠢᠭᠤᠯᠤᠯᠲᠠ ᠶᠢ ᠤᠯᠠᠮ ᠴᠢᠨᠠᠬᠰᠢᠲᠠ  ᠲᠡᠬᠦᠯᠳᠡᠷᠵᠢᠬᠦᠯᠦᠨ᠎ᠡ᠃ ᠲᠦᠯᠦᠪᠵᠢᠭᠦᠯᠭᠡ ᠶᠢᠨ ᠬᠡᠷᠡᠭᠵᠢᠭᠦᠯᠦᠰᠢᠲᠠᠢ ᠴᠢᠨᠠᠷ᠂ ᠢᠷᠡᠭᠡᠲᠦᠶᠢᠴᠢ ᠴᠢᠨᠠᠷ ᠬᠢᠭᠡᠳ ᠲᠦᠪ ᠴᠢᠩᠭ᠎ᠠ ᠴᠢᠨᠠᠷ ᠢ ᠪᠠᠷᠢᠮᠲᠠᠯᠠᠨ᠂  ᠤᠷᠳᠤ ᠤᠳᠠᠭᠠᠨ ᠤ ᠲᠦᠰᠦᠪ ᠲᠦᠯᠦᠪᠯᠡᠭᠡ ᠬᠢᠭᠡᠳ ︽ᠭᠤᠷᠪᠠᠨ ᠲᠦᠯᠦᠪᠵᠢᠬᠦᠯᠬᠡ ᠶᠢ ᠨᠢᠭᠡᠳᠭᠡᠬᠦ︾ ᠱᠠᠭᠠᠷᠳᠠᠯᠭ᠎ᠠ ᠶᠣᠰᠤᠭᠠᠷ᠂ ᠪᠤᠤᠴᠠᠩ ᠪᠠᠯᠭᠠᠰᠤ ᠪᠠ ᠡᠯ᠎ᠡ ᠰᠤᠮᠤ ᠰᠢᠶᠠᠩ ᠪᠠᠯᠭᠠᠰᠤ᠂ ᠭᠠᠴᠠᠭ᠎ᠠ ᠲᠤᠰᠬᠤᠨ ᠤ ᠲᠥᠯᠥᠪᠵᠢᠭᠦᠯᠭᠡ ᠎ ᠶᠢ ᠲᠠᠰᠤᠷᠠᠯᠲᠠ ᠦᠭᠡᠢ ᠲᠦᠯᠬᠢᠨ ᠠᠬᠢᠭᠤᠯᠵᠦ᠂ ᠬᠤᠲᠠ ᠪᠠᠯᠭᠠᠰᠤᠨ ᠤ ᠪᠦᠲᠦᠭᠡᠨ ᠪᠠᠶᠢᠭᠤᠯᠤᠯᠲᠠ ᠶᠢᠨ ᠰᠢᠨᠵᠢᠯᠡᠬᠦ ᠤᠬᠠᠭᠠᠨᠴᠢ ᠪᠠᠷ ᠶᠠᠪᠤᠬᠳᠠᠬᠤ ᠶᠢ ᠪᠠᠲᠤᠯᠠᠨ᠎ᠠ᠃ ᠠᠷᠠᠳ ᠣᠯᠠᠨ ᠤ ᠪᠤᠳᠠᠳᠠᠢ ᠬᠦᠰᠠᠯ ᠱᠠᠭᠠᠷᠳᠠᠯᠭ᠎ᠠ ᠪᠠ ᠬᠥᠭᠵᠢᠯᠲᠠ ᠎ ᠶᠢᠨ ᠱᠠᠭᠠᠷᠳᠠᠯᠭ᠎ᠠ ᠶᠢ ᠲᠤᠪᠤᠶᠢᠯᠭᠠᠵᠦ᠂ ᠪᠤᠤᠴᠠᠩ ᠪᠠᠯᠭᠠᠰᠤᠨ ᠤ ᠰᠠᠭᠤᠷᠢ ᠲᠦᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ ᠦᠷᠭᠦᠯᠵᠢᠯᠡᠨ ᠲᠡᠭᠦᠯᠳᠡᠷᠵᠢᠭᠦᠯᠵᠦ᠂ ᠰᠢᠨ᠎ᠡ ᠲᠣᠭᠤᠷᠢᠭ ᠤᠨ ᠤᠰᠤᠨ ᠤ ᠦᠢᠯᠡᠳᠪᠦᠷᠢ ᠪᠠ 37.6 ᠺᠢᠯᠤᠮᠧᠲᠷ ᠢᠵᠢ ᠪᠦᠷᠢᠲᠦᠭᠰᠡᠨ ᠤᠰᠤ ᠬᠠᠩᠭᠠᠬᠤ ᠵᠠᠮ ᠬᠤᠭᠤᠯᠠᠢ ᠶᠢᠨ ᠪᠦᠲᠦᠭᠡᠨ ᠪᠠᠶᠢᠭᠤᠯᠤᠯᠲᠠ ᠶᠢ ᠬᠢᠨ᠎ᠡ  ᠃ ᠪᠣᠬᠢᠷ ᠤᠰᠤ ᠰᠢᠢᠳᠪᠦᠷᠢᠯᠡᠬᠦ ᠦᠢᠯᠡᠳᠪᠤᠷᠢ ᠶᠢᠨ ᠪᠠᠷᠢᠮᠵᠢᠶ᠎ᠠ ᠶᠢ ᠲᠡᠭᠡᠭᠰᠢᠯᠡᠭᠦᠯᠵᠦ ᠥᠭᠡᠷᠡᠴᠢᠯᠡᠬᠦ᠂ ᠰᠢᠪᠠᠷ  ᠰᠢᠷᠤᠢ ᠶᠢ ᠰᠢᠢᠳᠪᠦᠷᠢᠯᠡᠬᠦ ᠪᠠ ᠤᠰᠤ ᠶᠢ ᠴᠡᠪᠡᠷᠰᠢᠭᠦᠯᠵᠦ ᠠᠰᠢᠬᠯᠠᠬᠤ ᠢᠨᠵᠧᠨᠧᠷᠢᠩ ᠢ ᠬᠡᠷᠡᠭᠵᠢᠭᠦᠯᠵᠦ᠂ ᠪᠣᠬᠢᠷ ᠤᠰᠤ ᠪᠠ ᠪᠣᠷᠣᠭᠠᠨ ᠤ ᠤᠰᠤ ᠶᠢ ᠰᠠᠯᠭᠠᠨ ᠤᠷᠣᠰᠬᠠᠬᠤ ᠲᠣᠣᠷ ᠬᠤᠭᠤᠯᠠᠢ 58.5 ᠺᠢᠯᠤᠮᠧᠲᠷ ᠢ ᠢᠵᠢ ᠪᠦᠷᠢᠲᠦᠬᠦᠯᠦᠨ᠎ᠡ᠃  ᠶᠢᠩ ᠪᠢᠨ ᠵᠠᠮ᠂ ᠵᠢᠶᠠᠨ ᠱᠧ ᠬᠤᠶᠢᠲᠦ ᠵᠠᠮ ᠵᠡᠷᠭᠡ 8 ᠵᠣᠷᠪᠣᠰ ᠵᠠᠭᠡᠯᠢ ᠭᠤᠳᠤᠮᠵᠢ ᠶᠢᠨ ᠬᠡᠭᠡᠷᠡᠭᠦᠯᠬᠦ ᠢᠨᠵᠧᠨᠧᠷᠢᠩ ᠢ ᠬᠡᠷᠡᠭᠵᠢᠭᠦᠯᠵᠦ᠂ ᠯᠦᠸᠧ ᠲᠦᠸᠧ ᠱᠠᠨ ᠵᠠᠮ ᠤᠨ ᠪᠦᠲᠦᠭᠡᠨ ᠪᠠᠶᠢᠭᠤᠯᠤᠯᠲᠠ ᠶᠢ ᠡᠬᠢᠯᠠᠨ᠂ ᠬᠤᠲᠠ ᠶᠢᠨ ᠲᠣᠭᠤᠷᠢᠭ ᠤᠨ ᠡᠮᠦᠨ᠎ᠡ ᠬᠤᠶᠢᠨᠡᠭᠢ  ᠬᠤᠶᠠᠳᠤᠭᠠᠷ ᠵᠤᠷᠪᠤᠰ ᠵᠠᠮ ᠢ ᠨᠡᠪᠲᠠᠷᠡᠭᠦᠯᠵᠦ᠂ ᠵᠠᠮ ᠬᠠᠷᠢᠯᠴᠠᠭᠠᠨ ᠤ ᠲᠠᠷᠤᠭᠠᠰᠤ ᠶᠢ ᠬᠥᠩᠭᠡᠷᠡᠭᠦᠯᠦᠨ᠎ᠡ᠃ ᠵᠡᠭᠦᠨ ᠭᠤᠣᠯ ᠤᠨ ᠡᠮᠦᠨ᠎ᠡ ᠭᠡᠰᠡᠭ ᠤᠨ ᠴᠡᠴᠡᠷᠯᠢᠭ ᠤᠨ ᠪᠠᠶᠢᠭᠤᠯᠤᠯᠲᠠ ᠶᠢ ᠡᠬᠢᠯᠡᠭᠦᠯᠦᠨ᠎ᠡ᠃ 2 ᠰᠠᠭᠤᠷᠢ ᠢᠯᠴᠢ ᠰᠣᠯᠢᠬᠳᠠᠭᠤᠯᠬᠤ ᠥᠷᠲᠡᠭᠡ ᠪᠠ 2 ᠺᠢᠯᠤᠮᠧᠲᠷ ᠢᠯᠴᠢ ᠬᠠᠩᠭᠠᠬᠤ ᠲᠣᠣᠷ ᠬᠤᠭᠤᠯᠠᠢ ᠶᠢᠨ ᠥᠭᠡᠷᠡᠴᠢᠯᠠᠯᠲᠠ ᠶᠢ ᠬᠢᠨ᠎ᠠ᠃ ᠤᠰᠤ ᠪᠠᠷ ᠵᠠᠶᠢᠯᠠᠬᠤ ᠨᠡᠶᠢᠲᠠ ᠶᠢᠨ ᠵᠣᠷᠯᠤᠩ 3 ᠰᠠᠭᠤᠷᠢ᠂ ᠬᠤᠭ ᠨᠤᠪᠰᠢ ᠵᠥᠭᠡᠭᠡᠪᠦᠷᠢᠯᠡᠬᠦ ᠥᠷᠲᠡᠭᠡ 7 ᠰᠠᠭᠤᠷᠢ ᠶᠢ ᠰᠢᠨ᠎ᠡ ᠪᠠᠷ ᠪᠠᠶᠢᠭᠤᠯᠤᠨ᠎ᠡ᠃ ᠪᠠᠷᠢᠯᠭ᠎ᠠ ᠶᠢᠨ ᠡᠨᠧᠷᠭᠢ ᠠᠷᠪᠢᠯᠠᠬᠤ ᠥᠭᠡᠷᠡᠴᠢᠯᠠᠯᠲᠠ ᠶᠢ 3.4 ᠲᠦᠮᠡᠨ ᠬᠠᠪᠲᠠᠭᠠᠢ ᠲᠦᠷᠪᠠᠯᠵᠢᠨ ᠮᠧᠲᠷ ᠲᠤ ᠬᠢᠨ᠎ᠡ᠃ ᠲᠦᠷᠪᠠ ᠎ ᠳᠤ᠂ ᠬᠤᠲᠠ ᠪᠠᠯᠭᠠᠰᠤ ᠪᠠ ᠬᠥᠳᠡᠭᠡ ᠲᠣᠰᠬᠤᠨ ᠤ ᠬᠠᠮᠢᠶᠠᠷᠤᠯᠲᠠ ᠶᠢ ᠴᠢᠩᠭᠠᠳᠬᠠᠬᠤ ᠭᠡᠷᠡᠭᠲᠠᠢ᠃ ᠬᠤᠲᠠ ᠬᠥᠲᠡᠭᠡ ᠶᠢᠨ ᠣᠷᠴᠢᠨ ᠲᠣᠭᠤᠷᠢᠨ ᠤ ᠶᠡᠷᠦᠩᠬᠡᠶᠢᠯᠡᠭᠰᠡᠨ ᠴᠡᠭᠴᠡᠯᠡᠯᠲᠡ ᠶᠢᠨ ᠠᠵᠢᠯᠯᠠᠭ᠎ᠠ ᠶᠢ ᠦᠷᠭᠦᠯᠵᠢᠯᠡᠨ ᠥᠷᠨᠢᠭᠦᠯᠵᠦ᠂ ᠬᠤᠲᠠ ᠶᠢᠨ ᠬᠠᠮᠢᠶᠠᠷᠦᠯᠲᠠ ᠶᠢᠨ ᠶᠡᠷᠦᠩᠭᠡᠶᠢᠯᠡᠭᠰᠡᠨ ᠬᠠᠤᠯᠢ ᠬᠡᠷᠡᠭᠵᠢᠭᠦᠯᠬᠦ ᠡᠷᠴᠢᠮ ᠢ ᠴᠢᠩᠭᠠᠷᠠᠭᠤᠯᠤᠨ᠎ᠠ᠃ ᠰᠠᠭᠤᠭᠠᠯᠢ ᠲᠣᠭᠤᠷᠢᠭ ᠤᠨ ᠬᠠᠮᠢᠷᠠᠷᠤᠯᠲᠠ ᠶᠢᠨ ᠠᠷᠭ᠎ᠠ ᠶᠢ ᠲᠣᠬᠳᠠᠵᠤ᠂ ᠦᠢᠯᠡᠴᠢᠯᠡᠭᠡᠨ ᠳᠤ ᠬᠤᠯᠪᠤᠬᠳᠠᠬᠰᠠᠨ ᠵᠦᠷᠢᠴᠠᠯ ᠵᠢᠭᠤᠷᠭᠠᠨ ᠶᠢ ᠲᠦᠷᠭᠡᠨ ᠵᠣᠬᠢᠴᠠᠭᠤᠯᠵᠦ ᠰᠢᠢᠳᠪᠦᠷᠢᠯᠡᠬᠦ ᠲᠣᠬᠲᠠᠴᠠ ᠶᠢ ᠲᠡᠭᠦᠯᠳᠡᠷᠵᠢᠬᠦᠯᠦᠨ᠂ 3—5 ᠵᠢᠯ ᠤᠨ ᠬᠤᠭᠤᠴᠠᠭ᠎ᠠ ᠬᠡᠷᠡᠭᠰᠡᠵᠦ ᠪᠠᠶᠢᠭᠠᠳ ᠬᠠᠭᠤᠴᠢᠨ ᠰᠠᠭᠤᠭᠠᠯᠢ ᠲᠣᠭᠤᠷᠢᠭ ᠎ ᠤᠨ ᠥᠭᠡᠷᠡᠴᠢᠯᠡᠯᠲᠠ ᠵᠠᠰᠠᠯᠲᠠ ᠶᠢ ᠬᠢᠬᠦ ᠪᠠᠷ ᠴᠢᠷᠮᠠᠶᠢᠨ᠎ᠠ᠃ ︽ᠠᠷᠪᠠ ᠶᠢ ᠪᠦᠷᠬᠦᠭᠦᠯᠬᠦ︾ ᠢᠨᠵᠧᠨᠧᠷᠢᠩ ᠤᠨ ᠬᠠᠮᠢᠶᠠᠷᠤᠯᠲᠠ ᠶᠢ ᠴᠢᠩᠭᠠᠳᠬᠠᠵᠤ᠂ ᠭᠠᠴᠠᠭ᠎ᠠ ᠲᠣᠰᠬᠤᠨ ᠢᠶᠠᠷ ᠭᠤᠣᠯ ᠴᠣᠬᠴᠠ ᠪᠣᠯᠭᠠᠬᠰᠠᠨ᠂ ᠣᠯᠠᠨ ᠲᠦᠮᠡᠨ ᠲᠥᠯᠦᠪᠦᠷᠢ ᠲᠠᠢ ᠣᠷᠤᠯᠴᠠᠬᠰᠠᠨ᠂ ᠬᠤᠰᠢᠭᠤ ᠰᠤᠮᠤ ᠬᠤᠶᠠᠷ ᠱᠠᠲᠤᠨ ᠠᠴᠠ ᠲᠤᠬᠢᠷᠠᠮᠵᠢᠳᠠᠢ ᠱᠠᠩᠨᠠᠵᠤ ᠨᠦᠬᠦᠪᠦᠷᠢᠯᠡᠭᠰᠠᠨ᠂ ᠠᠵᠤ ᠠᠬᠤᠶᠢᠯᠠᠯ ᠴᠡᠭ ᠲᠣᠬᠳᠠᠵᠤ ᠲᠡᠳᠬᠦᠭᠰᠡᠨ ᠣᠯᠠᠨ ᠡᠰᠢᠲᠦ ᠪᠡᠯᠡ ᠬᠤᠷᠠᠮᠳᠤᠭᠤᠯᠭ᠎ᠠ ᠶᠢᠨ ᠬᠠᠮᠢᠶᠠᠷᠤᠯᠲᠠ ᠶᠢᠨ ᠲᠣᠬᠲᠠᠴᠠ ᠶᠢ ᠢᠳᠡᠪᠬᠢᠲᠠᠢ ᠰᠦᠪᠡᠭᠴᠢᠯᠡᠨ ᠪᠠᠶᠢᠭᠤᠯᠤᠨ᠎ᠠ᠃      ︵ᠲᠦᠷᠪᠡ︶ ᠠᠷᠠᠳ ᠤᠨ ᠠᠮᠢᠳᠤᠷᠠᠯ ᠢ ᠪᠦᠬᠦ ᠬᠦᠴᠦᠨ ᠢᠶᠠᠷ ᠪᠠᠳᠤᠯᠠᠨ ᠰᠠᠶᠢᠵᠢᠷᠠᠭᠤᠯᠵᠦ᠂ ᠨᠡᠶᠢᠭᠡᠮ ᠤᠨ ᠦᠢᠯᠡᠰ ᠤᠨ ᠬᠥᠭᠵᠢᠯᠲᠠ ᠶᠢ ᠲᠦᠯᠬᠢᠨ  ᠠᠬᠢᠭᠤᠯᠬᠤ ᠭᠡᠷᠡᠭᠳᠡᠢ᠃ ᠡᠳ᠋ ᠤᠨ ᠬᠦᠴᠦᠨ ᠪᠠ  ᠪᠦᠬᠦ ᠬᠦᠴᠦᠨ ᠢᠶᠠᠨ ᠲᠦᠪᠯᠡᠷᠡᠭᠦᠯᠵᠦ᠂ ᠠᠷᠠᠳ ᠤᠨ ᠠᠮᠢᠳᠤᠷᠠᠯ ᠤᠨ ᠪᠡᠯᠡ ᠣᠷᠣᠭᠤᠯᠣᠯᠲᠠ ᠶᠢ ᠤᠷᠢᠳᠠᠪᠠᠷ ᠪᠠᠲᠤᠯᠠᠨ᠂ ᠠᠷᠠᠳ ᠤᠨ ᠠᠮᠢᠳᠤᠷᠠᠯ ᠤᠨ ᠲᠦᠷᠦᠯ ᠵᠦᠢᠯ ᠢ ᠤᠷᠢᠳᠠᠪᠠᠷ ᠲᠣᠬᠢᠷᠠᠭᠤᠯᠵᠦ᠂ ᠠᠷᠠᠳ ᠤᠨ ᠠᠮᠢᠳᠤᠷᠠᠯ ᠤᠨ ᠠᠰᠠᠭᠤᠳᠠᠯ ᠢ ᠤᠷᠢᠳᠠᠪᠠᠷ ᠰᠢᠢᠳᠪᠦᠷᠢᠯᠠᠨ᠎ᠠ᠃ ᠨᠢᠭᠡ ᠳᠤ᠂ ᠶᠠᠳᠠᠭᠤ ᠠᠴᠠ ᠠᠩᠬᠢᠵᠢᠷᠠᠭᠤᠯᠬᠤ  ᠪᠠᠬᠢᠯᠡᠯᠳᠡ ᠰᠢᠪᠲᠤᠯᠬᠤ  ᠲᠠᠶᠢᠯᠠᠯᠳᠤᠭᠠᠨ ᠢ ᠪᠦᠬᠦ ᠲᠠᠯᠠᠪᠠᠷ  ᠡᠬᠢᠯᠡᠬᠦᠯᠦᠨ᠎ᠡ  ᠃ 2019 ᠣᠨ ᠳᠤ ᠶᠠᠳᠠᠭᠤ ᠬᠦᠴᠢᠷᠲᠠᠢ ᠬᠤᠰᠢᠭᠤ ᠶᠢᠨ ᠮᠠᠯᠠᠭᠠᠢ ᠪᠠᠨ ᠠᠪᠴᠦ ᠬᠠᠶᠠᠬᠤ ᠪᠠᠷ ᠬᠠᠷᠠᠯᠲᠠ ᠪᠣᠯᠭᠠᠵᠦ᠂ ︽ᠲᠠᠪᠤᠨ ᠨᠢᠭᠡ ᠪᠦᠯᠦᠭ︾᠂ ︽ ᠵᠢᠷᠭᠤᠭᠠᠨ ᠨᠠᠷᠢᠯᠢᠭ ᠣᠨᠣᠪᠴᠢᠲᠠᠢ︾ ᠱᠠᠭᠠᠷᠳᠠᠯᠭ᠎ᠠ ᠶᠣᠰᠣᠭᠠᠷ᠂ ᠶᠠᠳᠠᠭᠤ ᠠᠴᠠ ᠠᠩᠬᠢᠵᠢᠷᠠᠬᠤ ᠡᠭᠦᠷᠭᠡ ᠶᠢ ᠵᠢᠯ ᠬᠤᠪᠢᠶᠠᠵᠦ ᠨᠠᠶᠢᠳᠠᠪᠤᠷᠢᠵᠢᠭᠤᠯᠤᠨ᠎ᠠ᠃ ᠡᠨᠡ ᠵᠢᠯ ᠶᠠᠳᠠᠭᠤ ᠶᠢ ᠲᠡᠳᠬᠦᠬᠦ ᠲᠤᠰᠬᠠᠢ ᠪᠡᠯᠡ 1710 ᠲᠦᠮᠡᠨ ᠲᠦᠭᠦᠷᠢᠭ ᠣᠷᠣᠭᠤᠯᠵᠣ᠂ ︽ ᠭᠤᠷᠪᠠ ᠶᠢ ᠬᠥᠳᠡᠭᠡ ᠬᠦᠷᠭᠡᠵᠦ᠂ ᠭᠤᠷᠪᠠ ᠶᠢ ᠡᠷᠦᠭᠡ ᠳᠤ ᠬᠦᠷᠭᠡᠬᠦ︾ ᠠᠵᠢᠯ ᠶᠢ ᠠᠬᠢᠭᠤᠯᠤᠨ᠂ ᠲᠤᠰᠬᠤᠨ ᠪᠦᠷᠢ ᠳᠤ ᠨᠢᠭᠡ ᠪᠤᠳᠤᠯᠭ᠎ᠠ᠂ ᠡᠷᠦᠭᠡ ᠪᠣᠯᠭᠠᠨ ᠳᠤ ᠨᠢᠭᠡ ᠠᠷᠭ᠎ᠠ ᠠᠪᠴᠦ᠂ ᠶᠠᠳᠠᠭᠤ ᠬᠦᠴᠢᠷᠲᠠᠢ ᠡᠷᠦᠭᠡ ᠶᠢᠨ ᠠᠳᠠᠯᠢ ᠪᠤᠰᠤ ᠶᠠᠳᠠᠭᠤᠷᠠᠯ ᠤᠨ ᠰᠢᠯᠳᠠᠭᠠᠨ  ᠎ ᠢ ᠦᠨᠳᠦᠰᠦᠯᠠᠨ ᠠᠳᠠᠯᠢ ᠪᠤᠰᠤ ᠶᠠᠳᠠᠭᠤ ᠎ ᠠᠴᠠ ᠠᠩᠬᠢᠵᠢᠷᠠᠭᠤᠯᠬᠤ ᠠᠷᠭ᠎ᠠ ᠬᠡᠮᠵᠢᠶ᠎ᠡ ᠲᠣᠬᠳᠠᠵᠤ᠂ ᠶᠠᠳᠠᠭᠤ ᠬᠦᠴᠢᠷᠲᠠᠢ ᠡᠷᠦᠭᠡ ᠶᠢᠨ ᠢᠳᠡᠪᠬᠢᠴᠢ ᠴᠢᠨᠠᠷ ᠢ ᠪᠠᠳᠠᠷᠠᠭᠤᠯᠤᠨ᠂  ᠲᠠᠷᠢᠶᠠᠯᠠᠩ᠂ ᠮᠠᠯᠵᠢᠯ᠂ ᠵᠥᠭᠡᠭᠡᠪᠦᠷᠢ᠂ ᠠᠷᠠᠯᠵᠢᠶ᠎ᠠ᠂ ᠭᠠᠷ  ᠦᠢᠯᠡᠳᠪᠦᠷᠢᠯᠡᠯ ᠵᠡᠷᠭᠡ ᠠᠵᠤ ᠠᠬᠤᠶᠢᠯᠠᠯ ᠤᠨ ᠲᠦᠬᠦᠭᠡᠷᠦᠮᠵᠢ ᠶᠢᠨ ᠨᠦᠬᠦᠴᠡᠯ ᠳᠡᠭᠡᠷ᠎ᠡ ᠭᠤᠣᠯᠳᠠᠯᠭᠠᠲᠠᠢ ᠳᠡᠮᠵᠢᠯᠭᠡ ᠦᠵᠡᠬᠦᠯᠵᠦ᠂ ᠶᠠᠳᠠᠭᠤ ᠬᠦᠴᠢᠷᠲᠠᠢ ᠡᠷᠦᠭᠡ ᠶᠢᠨ ᠦᠢᠯᠡᠳᠪᠦᠷᠢᠯᠡᠯ ᠡᠵᠡᠩᠨᠡᠯᠲᠡ  ᠲᠤᠮᠳᠠ ᠪᠠᠨ ᠥᠪᠡᠷᠲᠡᠭᠡᠨ ︽ᠴᠢᠰᠤ ᠪᠦᠲᠦᠭᠡᠬᠦ︾ ᠴᠢᠳᠠᠪᠤᠷᠢ ᠶᠢᠨ ᠪᠠᠶᠢᠭᠤᠯᠤᠯᠲᠠ ᠶᠢ ᠴᠢᠩᠭᠠᠳᠬᠠᠨ᠎ᠠ᠃ ᠵᠢᠭᠤᠯᠴᠢᠯᠠᠯ ᠢᠶᠠᠷ ᠶᠠᠳᠠᠭᠤ ᠶᠢ ᠲᠡᠳᠬᠦᠬᠦ᠂ ᠡᠯᠧᠺᠲᠷᠦᠨ ᠠᠷᠠᠯᠵᠢᠶᠠᠨ ᠤ ᠶᠠᠪᠤᠳᠠᠯ ᠢᠶᠠᠷ ᠶᠠᠳᠠᠭᠤ ᠶᠢ ᠲᠡᠳᠬᠦᠬᠦ ᠵᠡᠷᠭᠡ ᠲᠣᠷᠰᠢᠯᠲᠠ ᠶᠢᠨ ᠠᠵᠢᠯ  ᠎ ᠢ ᠰᠠᠶᠢᠲᠤᠷ ᠠᠳᠬᠤᠵᠦ᠂ ᠮᠥᠩᠭᠦᠨ ᠭᠦᠢᠯᠭᠡᠭᠡᠨ ᠤ ᠶᠠᠳᠠᠭᠤ ᠶᠢ ᠲᠡᠳᠬᠦᠬᠦ ᠵᠢᠭᠡᠯᠡᠯᠭᠡ 1 ᠳ᠋ᠦᠩᠰᠢᠭᠤᠷ ᠲᠦᠭᠦᠷᠢᠭ ᠢ ᠲᠠᠷᠬᠠᠭᠠᠨ᠎ᠠ᠃ ᠠᠮᠢ ᠠᠬᠤᠢ ᠭᠡᠪᠷᠡᠭ᠂ ᠬᠦᠭᠵᠢᠯᠳᠡ ᠶᠢᠨ ᠨᠦᠬᠦᠴᠡᠯ ᠦᠬᠡᠢ ᠠᠶᠢᠯ ᠲᠤᠰᠬᠤᠨ  ᠎ ᠤ ᠨᠡᠬᠦᠯᠬᠡᠬᠦ ᠠᠵᠢᠯ ᠢ ᠲᠦᠷᠭᠡᠳᠭᠡᠨ ᠠᠬᠢᠭᠤᠯᠵᠤ᠂   ᠡᠨᠡ  ᠵᠢᠯ 400 ᠬᠦᠮᠦᠨ ᠢ ᠨᠡᠬᠦᠯᠬᠡᠨ᠎ᠡ᠃  ᠨᠡᠶᠢᠬᠡᠮ ᠤᠨ ᠶᠠᠳᠠᠭᠤ ᠶᠢ ᠳᠡᠳᠬᠦᠬᠦ ᠠᠵᠢᠯ ᠢ ᠢᠳᠡᠪᠬᠢᠳᠡᠢ ᠰᠠᠶᠢᠨ ᠬᠢᠵᠦ᠂ ᠤᠯᠤᠰ ᠤᠨ ︽ᠪᠠᠷᠠᠭᠤᠨ ᠤᠷᠤᠨ ᠤ ᠬᠦᠭᠵᠢᠬᠦᠯᠦᠯᠳᠡ ᠶᠢ ᠠᠬᠢᠭᠤᠯᠬᠤ ᠨᠡᠶᠢᠬᠡᠮᠯᠢᠭ  ︾᠂ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ᠂ ᠦᠪᠡᠷᠳᠡᠭᠡᠨ ᠵᠠᠰᠠᠬᠤ ᠤᠷᠤᠨ ᠤ ᠤᠯᠤᠰ ᠲᠦᠷᠦ ᠶᠢᠨ ᠵᠦᠪᠯᠡᠯᠬᠡᠨ᠂ ᠠᠶᠢᠮᠠᠭ ᠤᠨ ᠬᠠᠪᠰᠤᠷᠤᠨ ᠲᠡᠳᠬᠦᠬᠦ ᠰᠠᠯᠠᠭ᠎ᠠ ᠮᠦᠴᠢᠷ ᠤᠨ ᠲᠡᠮᠵᠢᠯᠬᠡ ᠶᠢ ᠤᠯᠵᠤ᠂ ᠠᠵᠤ ᠠᠬᠤᠶᠢᠯᠠᠯ ᠢ  ᠲᠠᠶᠢᠴᠢᠯᠠᠨ ᠤᠷᠤᠯᠴᠠᠭᠤᠯᠵᠤ᠂ ᠡᠯ᠎ᠡ ᠡᠳᠡᠭᠡᠳ ᠤᠨ ᠬᠦᠴᠦᠨ ᠢ ᠲᠦᠪᠯᠡᠷᠡᠬᠦᠯᠵᠦ ᠪᠠᠶᠢᠭᠠᠳ ︽ᠶᠡᠭᠡ ᠭᠡᠪᠴᠢᠶ᠎ᠡ ᠪᠠᠷ ᠶᠠᠳᠠᠭᠤ ᠶᠢ ᠲᠡᠳᠬᠦᠬᠦ︾  ᠎ ᠶᠢ  ᠪᠡᠶᠡᠯᠡᠬᠦᠯᠬᠦ ᠭᠡᠷᠡᠭᠳᠡᠢ᠃  ᠬᠤᠶᠠᠷ ᠲᠤ᠂  ᠦᠢᠯᠡᠰ ᠪᠦᠳᠦᠬᠡᠵᠦ ᠠᠵᠢᠯ ᠤᠯᠬᠤ ᠢᠨᠵᠧᠨᠧᠷᠢᠩ ᠢ ᠰᠠᠶᠢᠳᠤᠷ ᠭᠡᠷᠡᠭᠵᠢᠬᠦᠯᠦᠨ᠎ᠡ᠃  ᠠᠵᠢᠯ ᠤᠨ ᠪᠠᠶᠢᠷᠢ 1 ᠲᠦᠮᠡ  ᠎ ᠶᠢ ᠡᠯᠰᠡᠵᠦ᠂ ᠬᠤᠳᠠ ᠪᠠᠯᠭᠠᠰᠤᠨ ᠤ 2000 ᠬᠦᠮᠦᠨ ᠳᠤ ᠠᠵᠢᠯ ᠲᠤᠬᠢᠷᠠᠭᠤᠯᠤᠨ᠂ ᠦᠢᠯᠡᠰ ᠪᠦᠳᠦᠬᠡᠬᠦ ᠵᠢᠭᠡᠯᠡᠯᠬᠡ 2000 ᠲᠦᠮᠡᠨ ᠲᠦᠬᠦᠷᠢᠭ ᠲᠠᠷᠬᠠᠭᠠᠵᠤ  ᠂ 300 ᠬᠦᠮᠦᠨ  ᠎ ᠢ ᠲᠡᠳᠬᠦᠵᠦ ᠦᠢᠯᠡᠰ ᠪᠦᠳᠦᠭᠡᠯᠬᠡᠨ᠂ 2100 ᠬᠦᠮᠦᠨ ᠢ ᠮᠡᠷᠭᠡᠵᠢᠯ ᠤᠨ ᠪᠤᠯᠪᠠᠰᠤᠷᠠᠯ ᠳᠤ ᠤᠷᠤᠯᠴᠠᠭᠤᠯᠵᠤ  ᠂ 6000 ᠮᠠᠯᠴᠢᠨ ᠲᠠᠷᠢᠶᠠᠴᠢᠨ  ᠎ ᠢ ᠰᠢᠯᠵᠢᠬᠦᠯᠦᠨ ᠠᠵᠢᠯ  ᠤᠯᠭᠤᠨ᠎ᠠ᠃  ᠦᠢᠯᠡᠰ ᠪᠦᠳᠦᠭᠡᠬᠦ ᠨᠡᠪᠴᠢᠬᠦᠯᠦᠯᠳᠡ ᠶᠢᠨ ᠤᠷᠤᠨ ᠲᠤᠭᠤᠷᠢᠭ 1 — 2 ᠎ ᠶᠢ ᠪᠠᠶᠢᠭᠤᠯᠵᠤ᠂  ᠨᠡᠶᠢᠳᠡ ᠶᠢᠨ ᠠᠰᠠᠷᠠᠮᠵᠢ ᠶᠢᠨ ᠴᠢᠨᠠᠷᠳᠠᠢ ᠠᠵᠢᠯ ᠤᠨ ᠪᠠᠶᠢᠷᠢ ᠨᠡᠭᠡᠭᠡᠨ᠂  ᠲᠡᠬᠦᠰᠦᠭᠰᠡᠨ  ᠤᠶᠤᠳᠠᠳ ᠪᠠ ᠨᠤᠳᠤᠭ ᠲᠠᠭᠠᠨ ᠪᠤᠴᠠᠭᠰᠠᠨ ᠬᠦᠮᠦᠰ ᠲᠤ ᠨᠡᠩ ᠤᠯᠠᠨ ᠠᠵᠢᠯ ᠤᠯᠬᠤ ᠲᠤᠬᠢᠶᠠᠯ ᠬᠠᠩᠭᠠᠨ᠎ᠠ᠃  ᠭᠤᠷᠪᠠ ᠳᠤ᠂ ᠨᠡᠶᠢᠬᠡᠮ ᠤᠨ ᠪᠠᠳᠤᠯᠠᠭᠠᠨ ᠤ ᠲᠦᠪᠰᠢᠨ ᠢ ᠲᠠᠰᠤᠷᠠᠯᠳᠠ ᠦᠬᠡᠢ ᠲᠡᠭᠡᠭᠰᠢᠯᠡᠬᠦᠯᠦᠨ᠎ᠡ᠃ ᠪᠦᠬᠦ ᠠᠷᠠᠳ ᠎ ᠢᠶᠠᠷ ᠢᠶᠠᠨ ᠲᠠᠭᠠᠳᠬᠠᠯ ᠳᠤ ᠤᠷᠤᠯᠴᠠᠬᠤ ᠲᠦᠯᠦᠪᠯᠡᠭᠡ ᠶᠢ ᠨᠢᠮᠪᠠᠢ ᠭᠡᠷᠡᠭᠵᠢᠬᠦᠯᠵᠦ᠂ ᠠᠶᠢᠮᠠᠭ ᠤᠨ ᠨᠢᠬᠡᠳᠦᠯᠳᠡᠢ ᠱᠠᠭᠠᠷᠳᠠᠯᠭ᠎ᠠ ᠶᠤᠰᠤᠭᠠᠷ ᠡᠯ᠎ᠡ ᠲᠦᠷᠦᠯ ᠤᠨ ᠨᠡᠶᠢᠬᠡᠮ ᠤᠨ ᠪᠠᠳᠤᠯᠠᠭ᠎ᠠ  ᠬᠢᠭᠡᠳ ᠠᠪᠤᠷᠠᠨ ᠲᠤᠰᠠᠯᠠᠬᠤ ᠪᠠᠷᠢᠮᠵᠢᠶ᠎ᠠ ᠶᠢ ᠲᠡᠭᠡᠭᠰᠢᠯᠡᠬᠦᠯᠦᠨ᠎ᠡ᠃ ᠨᠠᠰᠤᠵᠢᠯ᠂ ᠡᠮᠨᠡᠯᠬᠡ᠂ ᠦᠷᠡᠵᠢᠯ᠂ ᠠᠵᠢᠯ ᠤᠨ ᠰᠢᠷᠬᠠᠳᠤᠯ ᠤᠨ ᠲᠠᠭᠠᠳᠬᠠᠯ ᠤᠨ ᠪᠦᠷᠬᠦᠴᠡ ᠎ ᠶᠢ ᠦᠷᠭᠡᠳᠭᠡᠵᠦ᠂ ᠪᠠᠶᠢᠭᠤᠯᠭ᠎ᠠ ᠨᠢᠬᠡᠴᠡ ᠶᠢᠨ ᠨᠠᠰᠤᠵᠢᠯ ᠤᠨ ᠲᠠᠭᠠᠳᠬᠠᠯ ᠤᠨ ᠲᠦᠷᠢᠮ ᠤᠨ ᠦᠬᠡᠷᠡᠴᠢᠯᠡᠯᠳᠡ ᠶᠢ ᠰᠠᠶᠢᠳᠤᠷ ᠭᠡᠷᠡᠭᠵᠢᠬᠦᠯᠬᠦ ᠭᠡᠷᠡᠭᠳᠡᠢ᠃ ᠲᠤᠤᠷ᠎ᠠ ᠤᠷᠤᠯᠭ᠎ᠠ ᠲᠠᠢ ᠭᠡᠷ ᠪᠦᠯᠢ  ᠎ ᠳᠤ ᠨᠡᠬᠦᠷᠡᠰᠦᠨ ᠤ ᠨᠦᠬᠦᠪᠦᠷᠢ ᠤᠯᠭᠤᠬᠤ ᠲᠦᠷᠦ ᠶᠢᠨ ᠪᠤᠳᠤᠯᠭ᠎ᠠ ᠶᠢ ᠦᠷᠬᠦᠯᠵᠢᠯᠡᠨ  ᠨᠠᠶᠢᠳᠠᠪᠤᠷᠢᠵᠢᠭᠤᠯᠵᠤ᠂ ᠰᠤᠷᠭᠠᠨ ᠬᠦᠮᠦᠵᠢᠯ ᠤᠨ ᠰᠦᠢᠳᠭᠡᠯ ᠢ ᠬᠠᠰᠤᠵᠤ ᠬᠡᠯᠳᠦᠷᠢᠬᠦᠯᠵᠦ ᠨᠦᠬᠦᠪᠦᠷᠢᠯᠡᠬᠦ ᠵᠡᠷᠭᠡ ᠪᠠᠳᠤᠯᠠᠭᠠᠨ ᠤ ᠪᠡᠯᠡ ᠮᠦᠩᠬᠦ ᠶᠢ ᠰᠠᠶᠢᠳᠤᠷ ᠨᠠᠶᠢᠳᠠᠪᠤᠷᠢᠵᠢᠭᠤᠯᠤᠨ᠎ᠠ᠃ ᠨᠡᠶᠢᠬᠡᠮ ᠲᠤᠭᠤᠷᠢᠭ ᠤᠨ ᠨᠦᠬᠦᠴᠡᠯ ᠢ ᠰᠠᠶᠢᠵᠢᠷᠠᠭᠤᠯᠵᠤ᠂  ᠵᠢᠶᠠᠨ ᠰᠢᠩ᠂  ᠰᠢᠨ ᠬᠤᠸᠠ ᠨᠡᠶᠢᠬᠡᠮ ᠲᠤᠭᠤᠷᠢᠭ ᠤᠨ ᠦᠢᠯᠡᠴᠢᠯᠡᠬᠡᠨ ᠤ ᠲᠦᠪ ᠤᠨ ᠪᠠᠷᠢᠯᠭ᠎ᠠ ᠶᠢ ᠲᠠᠭᠤᠰᠬᠠᠠᠨ᠂ ᠪᠦᠬᠦ ᠬᠤᠰᠢᠭᠤᠨ ᠤ ᠤᠷᠤᠰᠢᠭᠤᠯᠭ᠎ᠠ ᠶᠢᠨ ᠶᠤᠰᠤᠨ ᠢ ᠲᠦᠷᠢᠮᠵᠢᠬᠦᠯᠬᠦ ᠠᠵᠢᠯ ᠢ ᠦᠷᠨᠢᠬᠦᠯᠦᠨ᠎ᠡ᠃ ᠲᠦᠷᠪᠡ ᠳᠤ᠂  ᠡᠯ᠎ᠡ ᠲᠦᠷᠦᠯ ᠤᠨ ᠨᠡᠶᠢᠬᠡᠮ ᠤᠨ ᠦᠢᠯᠡᠰ  ᠎ ᠤᠨ ᠬᠦᠭᠵᠢᠯᠳᠡ ᠶᠢ ᠲᠦᠷᠭᠡᠳᠭᠡᠨ᠎ᠡ᠃  ᠮᠠᠨ ᠤ ᠬᠤᠰᠢᠭᠤ ᠨᠢ ᠪᠦᠬᠦ ᠤᠯᠤᠰ ᠤᠨ ᠨᠡᠶᠢᠬᠡᠮ ᠤᠨ ᠶᠠᠳᠠᠭᠤ ᠶᠢ ᠳᠡᠳᠬᠦᠬᠦ ᠠᠵᠢᠯ ᠤᠨ ᠰᠢᠨ᠎ᠡ ᠶᠢ ᠡᠬᠦᠳᠬᠦ ᠬᠠᠮᠵᠢᠯᠴᠠᠭᠠᠨ ᠤ ᠲᠤᠷᠰᠢᠯᠳᠠ ᠶᠢᠨ ᠴᠡᠭ ᠪᠤᠯᠤᠭᠰᠠᠨ ᠴᠠᠭ ᠲᠤᠬᠢᠶᠠᠯ ᠢ ᠡᠵᠡᠮᠳᠡᠵᠦ᠂  ᠲᠦᠷᠦᠯ ᠵᠦᠢᠯ ᠡᠷᠡᠮᠡᠯᠵᠡᠯᠡᠨ ᠤᠯᠬᠤ ᠡᠷᠴᠢᠮ ᠢ ᠴᠢᠩᠭᠠᠷᠠᠭᠤᠯᠤᠨ᠂  ᠰᠤᠷᠭᠠᠨ ᠬᠦᠮᠦᠵᠢᠯ ᠡᠮ ᠡᠮᠨᠡᠯᠬᠡ ᠶᠢᠨ ᠶᠠᠰᠤ ᠴᠢᠨᠠᠷ ᠪᠠ ᠰᠠᠭᠤᠷᠢ ᠲᠦᠬᠦᠭᠡᠷᠦᠮᠵᠢ ᠶᠢᠨ ᠬᠢᠷᠢ ᠲᠦᠪᠰᠢᠨ ᠢ ᠬᠦᠴᠦ ᠲᠠᠯᠪᠢᠵᠤ ᠲᠡᠭᠡᠭᠰᠢᠯᠡᠬᠦᠯᠬᠦ ᠭᠡᠷᠡᠭᠳᠡᠢ᠃ ᠰᠤᠷᠭᠠᠨ ᠬᠦᠮᠦᠵᠢᠯ ᠤᠨ ᠪᠡᠯᠡ ᠤᠷᠤᠭᠤᠯᠤᠯᠳᠠ ᠶᠢ  ᠶᠡᠬᠡᠰᠭᠡᠨ᠂ 3 ᠪᠠᠭ᠎ᠠ ᠰᠤᠷᠭᠠᠭᠤᠯᠢ ᠪᠠ 2 ᠲᠤᠮᠳᠠᠳᠤ ᠰᠤᠷᠭᠠᠭᠤᠯᠢ ᠶᠢᠨ ᠵᠦᠬᠡᠯᠡᠨ ᠲᠡᠪᠢᠰᠭᠡᠷᠳᠦ ᠲᠠᠮᠢᠷ ᠤᠨ ᠲᠠᠯᠠᠪᠠᠢ ᠶᠢᠨ ᠪᠦᠳᠦᠬᠡᠨ ᠪᠠᠶᠢᠭᠤᠯᠤᠯᠳᠠ ᠶᠢ ᠬᠢᠵᠦ᠂ ᠰᠤᠷᠭᠠᠭᠤᠯᠢ ᠶᠢᠨ ᠭᠡᠷᠡᠭᠰᠡᠯ ᠲᠦᠬᠦᠭᠡᠷᠦᠮᠵᠢ ᠪᠠ ᠪᠢᠴᠢᠭ ᠨᠤᠮ ᠢ ᠲᠦᠬᠦᠭᠡᠷᠵᠢᠬᠦᠯᠦᠨ᠂ ︽ ᠭᠤᠷᠪᠠ ᠶᠢ ᠨᠡᠪᠳᠡᠷᠡᠬᠦᠯᠵᠦ ᠬᠤᠶᠠᠷ ᠲᠠᠪᠴᠠᠩ ᠢ ᠪᠠᠶᠢᠭᠤᠯᠬᠤ︾ ᠵᠡᠷᠭᠡ ᠲᠦᠷᠦᠯ ᠵᠦᠢᠯ ᠢ ᠡᠷᠡᠮᠡᠯᠵᠡᠯᠡᠨ ᠤᠯᠵᠤ ᠂   ᠰᠤᠷᠭᠠᠭᠤᠯᠢ ᠡᠷᠬᠢᠯᠡᠬᠦ ᠨᠦᠬᠦᠴᠡᠯ ᠢ ᠪᠦᠬᠦ ᠲᠠᠯᠠᠪᠠᠷ ᠰᠠᠶᠢᠵᠢᠷᠠᠭᠤᠯᠤᠨ᠎ᠠ᠃  ᠪᠠᠭᠰᠢ ᠶᠢᠨ ᠰᠤᠯᠢᠯᠴᠠᠭ᠎ᠠ ᠪᠠ ᠪᠤᠯᠪᠠᠰᠤᠷᠠᠯ ᠢ ᠴᠢᠩᠭᠠᠳᠬᠠᠵᠤ᠂  ᠨᠡᠷᠡᠳᠦ ᠰᠤᠷᠭᠠᠭᠤᠯᠢ ᠶᠢᠨ ᠲᠠᠷᠤᠭ᠎ᠠ᠂ ᠨᠡᠷᠡᠳᠦ ᠪᠠᠭᠰᠢ ᠬᠦᠮᠦᠵᠢᠬᠦᠯᠬᠦ ᠠᠵᠢᠯ ᠢ ᠦᠷᠨᠢᠬᠦᠯᠦᠨ᠂  ᠡᠨᠡ ᠵᠢᠯ ᠤᠷᠤᠨ ᠤ ᠲᠤᠳᠤᠭᠠᠳᠤ ᠪᠠ ᠾᠧᠪᠸᠢ ᠮᠤᠵᠢ ᠠᠴᠠ ᠨᠢᠬᠡ ᠪᠦᠯᠦᠭ ᠰᠢᠯᠢᠳᠡᠭ ᠪᠠᠭᠰᠢ ᠶᠢ ᠡᠯᠰᠡᠵᠦ ᠭᠡᠷᠡᠭᠯᠡᠨ᠎ᠡ᠃ ᠰᠤᠷᠭᠠᠭᠤᠯᠢ ᠶᠢᠨ ᠬᠠᠮᠢᠶᠠᠷᠤᠯᠳᠠ ᠶᠢ ᠴᠢᠩᠭᠠᠳᠬᠠᠵᠤ᠂ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠬᠦᠭᠵᠢᠯᠳᠡ ᠶᠢ ᠠᠬᠢᠭᠤᠯᠤᠨ᠂ ᠠᠷᠠᠳ ᠠᠴᠠ ᠡᠷᠬᠢᠯᠡᠭᠰᠡᠨ ᠴᠡᠴᠡᠷᠯᠢᠭ ᠤᠨ ᠠᠵᠢᠯᠯᠠᠭ᠎ᠠ ᠶᠢ ᠲᠦᠷᠢᠮᠵᠢᠬᠦᠯᠵᠦ᠂ ᠤᠯᠤᠰ ᠤᠨ ᠭᠤᠷᠪᠠᠳᠤᠭᠠᠷ ᠲᠦᠷᠦᠯ ᠤᠨ ᠬᠤᠳᠠ ᠶᠢᠨ ᠦᠬᠡ ᠶᠠᠷᠢᠶ᠎ᠠ ᠦᠰᠦᠭ ᠪᠢᠴᠢᠭ ᠤᠨ  ᠦᠨᠡᠯᠡᠨ ᠰᠢᠯᠭᠠᠬᠤ  ᠠᠵᠢᠯ ᠢ  ᠪᠡᠶᠡᠯᠡᠬᠦᠯᠦᠨ᠂  ᠮᠤᠩᠭᠤᠯ ᠰᠤᠷᠭᠠᠭᠤᠯᠢ ᠶᠢᠨ ᠵᠠᠭᠤᠨ ᠵᠢᠯ ᠤᠨ ᠤᠢ ᠶᠢᠨ ᠪᠠᠶᠠᠷ ᠢ ᠰᠠᠶᠢᠳᠤᠷ ᠵᠤᠬᠢᠶᠠᠨ ᠪᠠᠶᠢᠭᠤᠯᠵᠤ ᠶᠠᠪᠤᠭᠳᠠᠭᠤᠯᠬᠤ ᠭᠡᠷᠡᠭᠳᠡᠢ᠃  ᠮᠡᠷᠭᠡᠵᠢᠯ ᠴᠢᠳᠠᠪᠤᠷᠢ ᠲᠠᠢ ᠠᠵᠢᠯᠳᠠᠨ  ᠡᠯᠰᠡᠬᠦ  ᠡᠷᠴᠢᠮ ᠢ  ᠴᠢᠩᠭᠠᠷᠠᠭᠤᠯᠤᠨ᠂ ᠲᠤᠰᠬᠠᠢ ᠰᠠᠯᠠᠭ᠎ᠠ ᠪᠠ ᠤᠨᠴᠠᠯᠢᠭᠳᠤ ᠲᠤᠰᠬᠠᠢ ᠰᠠᠯᠠᠭᠠᠨ ᠤ ᠪᠠᠶᠢᠭᠤᠯᠤᠯᠳᠠ ᠶᠢ ᠭᠤᠤᠯᠳᠠᠯᠭᠠᠳᠠᠢ ᠬᠢᠵᠦ᠂ ᠡᠮᠨᠡᠯᠬᠡ ᠶᠢᠨ ᠡᠬᠢ ᠪᠠᠶᠠᠯᠢᠭ ᠤᠨ ᠲᠠᠪᠠᠭᠤᠯᠢᠭ  ᠎ ᠢ ᠠᠯᠬᠤᠮ ᠠᠯᠬᠤᠮ ᠢᠶᠠᠷ ᠪᠤᠢ ᠪᠤᠯᠭᠠᠬᠤ ᠭᠡᠷᠡᠭᠳᠡᠢ᠃  ᠡᠨᠡ  ᠵᠢᠯ ᠬᠢᠳᠠᠳ ᠮᠤᠩᠭᠤᠯ ᠡᠮᠨᠡᠯᠬᠡ ᠶᠢᠨ ᠬᠤᠷᠢᠶᠠᠨ ᠤ ᠭᠤᠤᠯ ᠴᠤᠭᠴᠠ ᠶᠢᠨ ᠪᠠᠷᠢᠯᠭ᠎ᠠ ᠶᠢ ᠲᠠᠭᠤᠰᠬᠠᠵᠤ᠂ ᠡᠬᠡ ᠨᠢᠯᠬᠠᠰ ᠤᠨ ᠡᠷᠡᠬᠦᠯ ᠬᠠᠮᠠᠭᠠᠯᠠᠯ ᠤᠨ ᠦᠷᠳᠡᠭᠡᠨ ᠤ ᠪᠠᠶᠢᠭᠤᠯᠤᠯᠳᠠ ᠶᠢ ᠡᠬᠢᠯᠡᠨ᠂ 3 ᠰᠤᠮᠤ ᠰᠢᠶᠠᠩ ᠪᠠᠯᠭᠠᠰᠤᠨ ᠤ ᠡᠮᠨᠡᠯᠬᠡ ᠶᠢᠨ ᠬᠤᠷᠢᠶ᠎ᠠ ᠶᠢᠨ ᠪᠠᠶᠢᠭᠤᠯᠤᠯᠳᠠ ᠶᠢ ᠲᠠᠭᠤᠰᠬᠠᠵᠤ ᠠᠰᠢᠭᠯᠠᠯᠳᠠ ᠳᠤ ᠤᠷᠤᠭᠤᠯᠤᠨ᠎ᠠ᠃  ᠤᠯᠠᠨ ᠲᠦᠮᠡᠨᠴᠢ ᠰᠤᠶᠤᠯ ᠲᠠᠮᠢᠷ ᠤᠨ ᠠᠵᠢᠯ ᠢ ᠲᠠᠰᠤᠷᠠᠯᠳᠠ ᠦᠬᠡᠢ ᠲᠦᠯᠬᠢᠨ ᠠᠬᠢᠭᠤᠯᠵᠤ᠂ ᠰᠤᠶᠤᠯ ᠤᠨ ᠤᠷᠳᠤᠨ᠂ ᠨᠤᠮ ᠤᠨ ᠦᠷᠦᠭᠡᠨ ᠤ ᠦᠢᠯᠡᠴᠢᠯᠡᠬᠦ ᠴᠢᠳᠠᠪᠤᠷᠢ ᠶᠢ ᠤᠯᠠᠮ ᠨᠢᠬᠡ ᠠᠯᠬᠤᠮ ᠪᠦᠷᠢᠨᠰᠢᠬᠦᠯᠦᠨ᠂ ᠬᠤᠰᠢᠭᠤᠨ ᠤ ᠮᠦᠽᠸᠢ ᠶᠢᠨ ᠪᠡᠯᠡᠳᠭᠡᠯ ᠪᠠᠶᠢᠷᠢᠯᠠᠭᠤᠯᠤᠯᠳᠠ ᠶᠢᠨ ᠠᠵᠢᠯ ᠢ  ᠬᠢᠬᠦ  ᠎ ᠶᠢᠨ ᠬᠠᠮᠳᠤ ᠪᠡᠶ᠎ᠡ ᠪᠤᠯᠪᠠᠰᠤᠷᠠᠭᠤᠯᠬᠤ  ᠲᠦᠬᠦᠭᠡᠷᠦᠮᠵᠢ ᠶᠢᠨ ᠪᠠᠶᠢᠭᠤᠯᠤᠯᠳᠠ᠂ ᠲᠤᠭᠠᠴᠢᠯᠠᠭᠰᠠᠨ ᠲᠧᠯᠸᠢᠰ ᠲᠠᠮᠵᠢᠭᠤᠯᠭ᠎ᠠ ᠶᠢᠨ ᠦᠷᠳᠡᠭᠡᠨ ᠤ ᠪᠠᠶᠢᠭᠤᠯᠤᠯᠳᠠ ᠵᠡᠷᠭᠡ ᠠᠵᠢᠯ ᠢ ᠰᠠᠶᠢᠳᠤᠷ ᠭᠡᠷᠡᠭᠵᠢᠬᠦᠯᠬᠦ ᠭᠡᠷᠡᠭᠳᠡᠢ᠃  ᠤᠷᠠᠨ ᠰᠠᠶᠢᠬᠠᠨ ᠤ ᠪᠦᠯᠬᠦᠮ ᠬᠢᠭᠡᠳ ᠡᠯ᠎ᠡ ᠲᠦᠷᠦᠯ ᠤᠨ ᠨᠡᠶᠢᠬᠡᠮᠯᠢᠭ ᠤᠨ ᠬᠠᠮᠵᠢᠯᠴᠠᠭᠠᠨ ᠤ ᠦᠢᠯᠡᠳᠦᠯ ᠢ ᠪᠠᠳᠠᠷᠠᠭᠤᠯᠵᠤ᠂ ᠰᠤᠶᠤᠯ ᠤᠷᠠᠯᠢᠭ ᠎ ᠤᠨ ᠰᠢᠷᠢᠰ ᠬᠦᠳᠡᠯᠪᠦᠷᠢ ᠶᠢ ᠡᠷᠬᠢᠯᠡᠨ᠂ ᠪᠦᠬᠦ ᠠᠷᠠᠳ ᠢᠶᠠᠷ ᠢᠶᠠᠨ ᠴᠢᠬᠢᠷᠠᠭᠵᠢᠬᠤ ᠬᠦᠳᠡᠯᠬᠡᠬᠡᠨ ᠢ ᠦᠷᠨᠢᠬᠦᠯᠬᠦ ᠭᠡᠷᠡᠭᠳᠡᠢ᠃  ᠭᠠᠴᠠᠭ᠎ᠠ ᠲᠤᠰᠬᠤᠨ  ᠂ ᠤᠷᠤᠨ ᠨᠤᠳᠤᠭ ᠤᠨ ᠲᠡᠦᠬᠡ ᠤᠶᠢᠯᠠᠯᠭ᠎ᠠ ᠡᠮᠬᠢᠳᠭᠡᠬᠦ ᠠᠵᠢᠯ ᠢ ᠴᠢᠬᠤᠯᠠᠴᠢᠯᠠᠵᠤ᠂ ᠬᠦᠳᠡᠭᠡ ᠲᠤᠰᠬᠤᠨ ᠤ  ᠬᠦᠭᠵᠢᠯ ᠬᠤᠪᠢᠷᠠᠯᠳᠠ  ᠎ ᠶᠢ  ᠬᠠᠷᠠᠭᠤᠯᠤᠭᠰᠠᠨ ᠵᠢᠷᠤᠭ ᠲᠦᠷᠰᠦ ᠪᠠ ᠡᠳ᠋  ᠪᠤᠳᠠᠰ ᠤᠨ ᠦᠵᠡᠬᠦᠯᠦᠯᠬᠡ ᠶᠢᠨ ᠲᠢᠩᠬᠢᠮ ︵ ᠦᠷᠦᠭᠡ︶  ᠎ ᠢ  ᠪᠠᠶᠢᠭᠤᠯᠤᠨ᠎ᠠ᠃  ᠦᠨᠳᠦᠰᠦᠳᠡᠨ ᠱᠠᠰᠢᠨ ᠰᠤᠷᠳᠠᠬᠤᠨ ᠤ ᠠᠵᠢᠯ ᠢ ᠰᠠᠶᠢᠨ ᠬᠢᠵᠦ᠂  ᠡᠮᠡᠭᠳᠡᠶᠢᠴᠤᠳ᠂ ᠬᠡᠦᠬᠡᠳ ᠪᠠᠭᠠᠴᠤᠳ᠂ ᠨᠠᠰᠤᠳᠠᠶᠢᠴᠤᠳ ᠤᠨ ᠠᠵᠢᠯ ᠦᠢᠯᠡᠰ ᠤᠨ ᠡᠷᠡᠬᠦᠯ ᠢᠶᠠᠷ ᠬᠦᠭᠵᠢᠬᠦ ᠶᠢ ᠲᠦᠯᠬᠢᠨ ᠠᠬᠢᠭᠤᠯᠬᠤ ᠭᠡᠷᠡᠭᠳᠡᠢ᠃       ᠨᠢᠳᠤᠨᠤᠨ ᠤ ᠠᠷᠠᠳ ᠲᠤ ᠠᠮᠠᠯᠳᠠᠭᠰᠠᠨ ᠪᠤᠳᠠᠳᠤ ᠠᠵᠢᠯ ᠢ ᠪᠡᠶᠡᠯᠡᠬᠦᠯᠦᠭᠰᠡᠨ ᠰᠠᠭᠤᠷᠢᠨ ᠲᠡᠭᠡᠷ᠎ᠡ᠂ ᠡᠨᠡ  ᠵᠢᠯ ᠨᠠᠢᠮᠠᠨ ᠪᠤᠳᠠᠳᠤ ᠠᠵᠢᠯ ᠢ ᠦᠷᠬᠦᠯᠵᠢᠯᠡᠨ ᠰᠠᠶᠢᠨ ᠬᠢᠬᠦ ᠭᠡᠷᠡᠭᠳᠡᠢ᠄  ᠨᠢᠬᠡ ᠳᠤ᠂  ᠵᠡᠬᠦᠨ ᠲᠤᠭᠤᠷᠢᠭ ᠵᠠᠮ ᠤᠨ ᠢᠵᠢ ᠪᠦᠷᠢᠳᠦᠭᠰᠡᠨ ᠪᠠᠷᠢᠯᠭ᠎ᠠ ᠶᠢᠨ ᠠᠵᠢᠯ ᠢ ᠲᠦᠷᠭᠡᠨ ᠲᠠᠭᠤᠰᠬᠠᠵᠤ᠂  ᠲᠡᠭᠡᠷ᠎ᠡ ᠬᠠᠭᠠᠰ ᠵᠢᠯ ᠳᠤ ᠲᠡᠷᠭᠡ ᠨᠡᠪᠳᠡᠷᠡᠬᠦᠯᠦᠨ᠂ 10 ᠰᠠᠷ᠎ᠠ ᠶᠢᠨ ᠡᠴᠦᠰ ᠠᠴᠠ ᠡᠮᠦᠨ᠎ᠡ ᠰᠢᠨ᠎ᠡ ᠲᠡᠷᠭᠡᠨ ᠦᠷᠳᠡᠭᠡ ᠶᠢ ᠠᠰᠢᠭᠯᠠᠯᠳᠠ ᠳᠤ ᠤᠷᠤᠭᠤᠯᠤᠨ᠎ᠠ᠃  ᠬᠤᠶᠠᠷ ᠲᠤ᠂  ᠬᠠᠭᠤᠴᠢᠨ ᠬᠤᠳᠠ ᠶᠢᠨ ᠲᠤᠭᠤᠷᠢᠭ  ᠎ ᠲᠤ 1 ᠰᠠᠭᠤᠷᠢ ᠺᠢᠨᠤ᠋ ᠤᠷᠳᠤᠨ  ᠪᠠᠶᠢᠭᠤᠯᠵᠤ᠂  ᠮᠠᠨ ᠤ ᠬᠤᠰᠢᠭᠤᠨ ᠤ ᠺᠢᠨᠤ᠋ ᠤᠷᠳᠤᠨ ᠦᠬᠡᠢ ᠬᠤᠭᠤᠰᠤᠨ ᠢ ᠪᠦᠭᠯᠡᠨ᠎ᠡ᠃ ᠭᠤᠷᠪᠠ ᠳᠤ᠂ ᠬᠤᠰᠢᠭᠤ ᠡᠮᠨᠡᠯᠬᠡ ᠶᠢᠨ ᠬᠤᠷᠢᠶᠠᠨ ᠳᠤ MRI ᠪᠠᠶᠢᠴᠠᠭᠠᠯᠳᠠ᠂ CT  ᠪᠠᠶᠢᠴᠠᠭᠠᠯᠳᠠ ᠶᠢᠨ ᠲᠤᠮᠤ ᠬᠡᠯᠪᠡᠷᠢ ᠶᠢᠨ ᠲᠦᠬᠦᠭᠡᠷᠦᠮᠵᠢ ᠶᠢ ᠪᠦᠷᠢᠳᠦᠬᠦᠯᠵᠦ᠂  ᠴᠢᠰᠤ ᠴᠡᠪᠡᠷᠰᠢᠬᠦᠯᠬᠦ ᠡᠮᠴᠢᠯᠡᠭᠡᠨ ᠤ ᠭᠠᠵᠠᠷ ᠢ ᠪᠠᠶᠢᠭᠤᠯᠤᠨ᠂ ᠨᠢᠬᠡ ᠪᠦᠯᠦᠭ ᠮᠡᠷᠭᠡᠵᠢᠯᠳᠡᠨ ᠴᠢᠳᠠᠪᠤᠷᠢᠳᠠᠨ ᠢ ᠤᠷᠤᠭᠤᠯᠵᠤ᠂ ᠪᠠᠶᠢᠩᠭᠤ ᠰᠠᠭᠤᠭ᠎ᠠ ᠮᠠᠯᠴᠢᠨ ᠲᠠᠷᠢᠶᠠᠴᠢᠨ ᠳᠤ ᠦᠨ᠎ᠡ ᠲᠦᠯᠦᠪᠦᠷᠢ ᠦᠬᠡᠢ ᠪᠡᠶ᠎ᠡ ᠶᠢᠨ ᠪᠠᠶᠢᠴᠠᠭᠠᠯᠳᠠ ᠬᠢᠬᠦ ᠠᠵᠢᠯ ᠢ ᠦᠷᠬᠦᠯᠵᠢᠯᠡᠨ ᠶᠠᠪᠤᠭᠳᠠᠭᠤᠯᠤᠨ᠎ᠠ᠃ ᠲᠦᠷᠪᠡ ᠳᠤ᠂ ᠪᠦᠳᠦᠬᠦᠯᠢᠭ ᠤᠷᠤᠨ ᠰᠠᠭᠤᠴᠠᠳᠤ ᠲᠤᠭᠤᠷᠢᠭ ᠤᠨ ᠦᠬᠡᠷᠡᠴᠢᠯᠡᠯᠳᠡ ᠶᠢ 300 ᠡᠷᠦᠬᠡ ᠳᠤ ᠬᠢᠬᠦ ᠶᠢᠨ ᠬᠠᠮᠳᠤ᠂ 550 ᠡᠷᠦᠬᠡ ᠎ ᠶᠢᠨ ᠲᠦᠷᠦᠬᠦᠴᠢ ᠬᠤᠭᠤᠴᠠᠭᠠᠨ ᠤ ᠠᠵᠢᠯ ᠢ ᠡᠬᠢᠯᠡᠨ᠎ᠡ᠃  ᠲᠠᠪᠤ ᠳᠤ᠂ ᠬᠠᠭᠤᠴᠢᠨ ᠬᠤᠳᠠ ᠶᠢᠨ ᠲᠤᠭᠤᠷᠢᠭ ᠤᠨ ᠴᠢᠩ ᠨᠢᠶᠠᠨ ᠵᠠᠮ᠂ ᠬᠤᠢ ᠲᠦᠩ ᠵᠠᠮ᠂ ᠷᠧᠨ ᠮᠢᠨ ᠵᠠᠮ᠂ ᠹᠦ᠋ ᠬᠤᠸᠠ ᠵᠡᠬᠡᠯᠢ᠂ ᠳ᠋ᠦᠩ ᠹᠧᠩ ᠭᠤᠳᠤᠮᠵᠢ ᠵᠡᠷᠭᠡ 5 ᠵᠤᠷᠪᠤᠰ ᠵᠡᠬᠡᠯᠢ ᠭᠤᠳᠤᠮᠵᠢ  ᠎ ᠶᠢ ᠦᠬᠡᠷᠡᠴᠢᠯᠡᠨ ᠪᠠᠶᠢᠭᠤᠯᠤᠨ᠎ᠠ᠃ ᠵᠢᠷᠭᠤᠭ᠎ᠠ ᠳᠤ᠂ ᠢᠯᠴᠢ  ᠬᠠᠩᠭᠠᠯᠭ᠎ᠠ ᠶᠢᠨ ᠬᠤᠭᠤᠴᠠᠭ᠎ᠠ ᠲᠠᠭᠤᠰᠬᠤ ᠠᠴᠠ ᠡᠮᠦᠨ᠎ᠡ᠂ ᠲᠤᠯᠠᠭᠠᠯᠠᠭ᠎ᠠ ᠶᠢᠨ ᠰᠦᠢᠳᠭᠡᠯ ᠤᠨ ᠦᠨ᠎ᠡ ᠶᠢ   ᠪᠠᠭᠤᠷᠠᠭᠤᠯᠬᠤ ᠲᠤᠬᠢᠷᠠᠭᠤᠯᠤᠯᠳᠠ ᠶᠢᠨ ᠠᠵᠢᠯ ᠢ ᠬᠢᠨ᠎ᠡ᠃ ᠲᠤᠯᠤᠭ᠎ᠠ ᠳᠤ᠂ ᠯᠦᠩ ᠳ᠋ᠠ ᠲᠠᠷᠢᠶᠠᠯᠠᠩ ᠤᠨ ᠪᠦᠳᠦᠭᠡᠭᠳᠡᠬᠦᠨ ᠤ ᠵᠠᠬ᠎ᠠ ᠲᠡᠯᠬᠡᠬᠦᠷ ᠤᠨ ᠦᠬᠡᠷᠡᠴᠢᠯᠡᠨ ᠰᠠᠶᠢᠵᠢᠷᠠᠭᠤᠯᠬᠤ  ᠠᠵᠢᠯ ᠢ ᠡᠬᠢᠯᠡᠵᠦ᠂ ᠵᠠᠮ ᠡᠵᠡᠯᠡᠭᠰᠡᠨ ᠬᠤᠳᠠᠯᠳᠤᠭ᠎ᠠ᠂ ᠨᠡᠬᠦᠳᠡᠯ ᠠᠷᠠᠯᠵᠢᠶᠠᠴᠢᠳ ᠤᠨ ᠬᠠᠮᠢᠶᠠᠷᠤᠯᠳᠠ ᠶᠢ ᠴᠢᠩᠭᠠᠳᠬᠠᠨ᠂ ᠵᠠᠬ᠎ᠠ ᠲᠡᠯᠬᠡᠬᠦᠷ ᠤᠨ ᠡᠮᠬᠢ ᠲᠢᠭᠯᠡᠮ ᠢ ᠲᠦᠷᠢᠮᠵᠢᠬᠦᠯᠦᠨ᠎ᠡ᠃ ᠨᠠᠢᠮᠠ  ᠎ ᠳᠤ᠂ ᠵᠠᠯᠠᠭᠤᠴᠤᠳ ᠤᠨ ᠦᠢᠯᠡᠰ ᠪᠦᠳᠦᠬᠡᠬᠦ ᠨᠡᠪᠴᠢᠬᠦᠯᠦᠯᠳᠡ ᠶᠢᠨ ᠰᠠᠭᠤᠷᠢᠨ ᠭᠠᠵᠠᠷ ᠤᠨ ᠪᠠᠶᠢᠭᠤᠯᠤᠯᠳᠠ ᠶᠢ ᠡᠬᠢᠯᠡᠵᠦ᠂ 80 ᠡᠷᠦᠬᠡ ᠵᠠᠯᠠᠭᠤᠴᠤᠳ ᠢ ᠲᠡᠳᠬᠦᠨ ᠦᠢᠯᠡᠰ ᠪᠦᠳᠦᠭᠡᠯᠭᠡᠨ᠎ᠡ᠃       ︵ᠲᠠᠪᠤ︶  ᠨᠡᠶᠢᠬᠡᠮ ᠤᠨ ᠲᠤᠭᠳᠠᠭᠤᠨ ᠢ ᠪᠦᠬᠦ ᠬᠦᠴᠦᠨ ᠢᠶᠠᠷ ᠬᠠᠮᠠᠭᠠᠯᠠᠵᠤ᠂ ᠡᠶ᠎ᠡ ᠵᠤᠬᠢᠴᠠᠩᠭᠤᠢ ᠬᠦᠭᠵᠢᠯᠳᠡ ᠶᠢ ᠲᠦᠯᠬᠢᠨ ᠠᠬᠢᠭᠤᠯᠬᠤ ᠭᠡᠷᠡᠭᠳᠡᠢ᠃    ︽ᠠᠮᠤᠭᠤᠯᠠᠩ ᠲᠠᠶᠢᠹᠤᠰᠧ ᠬᠤᠰᠢᠭᠤ︾  ᠎ ᠶᠢᠨ ᠪᠦᠳᠦᠬᠡᠨ ᠪᠠᠶᠢᠭᠤᠯᠤᠯᠳᠠ ᠶᠢ ᠬᠦᠨᠵᠡᠬᠡᠢ ᠲᠦᠯᠬᠢᠨ ᠠᠬᠢᠭᠤᠯᠵᠤ᠂  ᠬᠠᠤᠯᠢ ᠪᠤᠰᠤ ᠶᠠᠯᠠᠳᠤ ᠠᠵᠢᠯᠯᠠᠭ᠎ᠠ ᠳᠤ ᠴᠤᠬᠢᠯᠳᠠ ᠦᠭᠬᠦ ᠠᠵᠢᠯ ᠢ ᠰᠤᠯᠠᠷᠠᠰᠢ ᠦᠬᠡᠢ ᠴᠢᠩᠭ᠎ᠠ ᠠᠳᠬᠤᠨ᠂ ᠡᠯ᠎ᠡ ᠲᠦᠷᠦᠯ ᠤᠨ ᠲᠤᠰᠬᠠᠢ ᠴᠡᠭᠴᠡᠯᠡᠯᠳᠡ ᠶᠢᠨ ᠠᠵᠢᠯᠯᠠᠭ᠎ᠠ ᠶᠢ  ᠪᠠᠶᠢᠩᠭᠤ ᠦᠷᠨᠢᠬᠦᠯᠵᠦ᠂  ᠡᠳ᠋ ᠬᠦᠷᠦᠩᠬᠡ ᠳᠤ ᠬᠠᠯᠳᠠᠭᠰᠠᠨ ᠶᠠᠯᠠᠳᠤ ᠠᠵᠢᠯᠯᠠᠭ᠎ᠠ᠂  ᠱᠠᠯᠢᠭ ᠵᠦᠢᠯ  ᠂ ᠮᠦᠷᠦᠢ ᠎ ᠲᠠᠢ ᠲᠤᠭᠯᠠᠭᠠᠮ᠂  ᠬᠤᠤᠷᠠᠳᠤ ᠡᠳ᠋ ᠳᠤ ᠬᠤᠯᠪᠤᠭᠳᠠᠭᠰᠠᠨ ᠶᠠᠯᠠᠳᠤ ᠠᠵᠢᠯᠯᠠᠭ᠎ᠠ  ᠵᠢᠴᠢ ᠬᠠᠤᠯᠢ ᠪᠤᠰᠤ ᠪᠠᠷ ᠠᠵᠢᠯ ᠬᠠᠷᠰᠢᠯᠠᠭᠰᠠᠨ᠂  ᠠᠯᠪᠠᠳᠠᠯᠭ᠎ᠠ ᠪᠠᠷ ᠬᠤᠳᠠᠯᠳᠤᠨ ᠦᠭᠬᠦ  ᠪᠤᠶᠤ ᠬᠤᠳᠠᠯᠳᠤᠨ ᠠᠪᠬᠤ ᠵᠡᠷᠭᠡ ᠲᠠᠷᠢᠶᠠᠯᠠᠩ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠡᠮᠬᠢ ᠲᠢᠭᠯᠡᠮ ᠢ ᠰᠠᠮᠠᠭᠤᠷᠠᠭᠤᠯᠤᠭᠰᠠᠨ ᠦᠢᠯᠡ  ᠠᠵᠢᠯᠯᠠᠭ᠎ᠠ  ᠎ ᠳᠤ ᠴᠢᠩᠭ᠎ᠠ ᠴᠤᠬᠢᠯᠳᠠ ᠦᠭᠴᠦ᠂  ᠵᠠᠮ ᠬᠠᠷᠢᠯᠴᠠᠭᠠᠨ ᠤ ᠡᠮᠬᠢ ᠲᠢᠭᠯᠡᠮ᠂ ᠵᠠᠬᠢᠳᠠᠯ ᠰᠤᠷᠪᠤᠯᠵᠢᠯᠠᠭ᠎ᠠ ᠶᠢᠨ ᠡᠮᠬᠢ ᠲᠢᠭᠯᠡᠮ ᠬᠢᠭᠡᠳ ᠠᠵᠤ ᠠᠬᠤᠶᠢᠯᠠᠯ ᠤᠨ ᠦᠢᠯᠡᠳᠪᠦᠷᠢᠯᠡᠯ ᠤᠨ ᠡᠮᠬᠢ ᠲᠢᠭᠯᠡᠮ ᠢ ᠬᠦᠴᠦᠳᠡᠢ ᠴᠡᠭᠴᠡᠯᠡᠨ᠂  ᠤᠯᠠᠨ ᠲᠦᠮᠡᠨ ᠤ ᠠᠮᠤᠷ ᠲᠠᠶᠢᠪᠤᠩ ᠲᠦᠷᠦᠭᠳᠡᠯ ᠢ ᠤᠯᠠᠮ ᠨᠢᠬᠡ ᠠᠯᠬᠤᠮ ᠨᠡᠮᠡᠭᠳᠡᠬᠦᠯᠬᠦ ᠭᠡᠷᠡᠭᠳᠡᠢ᠃ ᠤᠷᠢᠳᠴᠢᠯᠠᠨ ᠰᠡᠷᠡᠮᠵᠢᠯᠡᠬᠦᠯᠬᠦ ᠬᠢᠷᠢ ᠲᠦᠪᠰᠢᠨ ᠪᠠ ᠰᠡᠷᠭᠡᠶᠢᠯᠡᠨ ᠬᠤᠷᠢᠭᠯᠠᠬᠤ ᠬᠢᠷᠢ ᠴᠢᠳᠠᠪᠤᠷᠢ ᠶᠢ ᠲᠡᠭᠡᠭᠰᠢᠯᠡᠬᠦᠯᠵᠦ᠂ ᠨᠡᠶᠢᠬᠡᠮ ᠤᠨ ᠵᠠᠰᠠᠯᠳᠠ ᠎ ᠶᠢᠨ ᠲᠤᠭᠠᠴᠢᠯᠠᠭᠰᠠᠨ ᠢᠨᠵᠧᠨᠧᠷᠢᠩ ᠢ ᠲᠦᠷᠭᠡᠳᠭᠡᠨ ᠠᠬᠢᠭᠤᠯᠵᠤ᠂ ᠪᠠᠶᠢᠴᠠᠭᠠᠯᠳᠠ ᠶᠢᠨ ᠦᠷᠳᠡᠭᠡᠨ ᠤ ᠠᠵᠢᠯᠯᠠᠭᠠᠨ ᠎ ᠤ ᠲᠤᠭᠳᠠᠴᠠ ᠶᠢ ᠤᠯᠠᠮ ᠴᠢᠨᠠᠭᠰᠢᠳᠠ ᠲᠦᠷᠢᠮᠵᠢᠬᠦᠯᠦᠨ᠂  ︽ᠬᠤᠳᠠ ᠬᠠᠮᠠᠭᠠᠯᠠᠬᠤ ᠭᠤᠤᠯ︾᠎ ᠤᠨ ᠦᠢᠯᠡᠳᠦᠯ ᠢ ᠦᠨᠡᠨᠬᠦ ᠪᠠᠳᠠᠷᠠᠭᠤᠯᠬᠤ ᠭᠡᠷᠡᠭᠳᠡᠢ᠃ ᠰᠢᠨ᠎ᠡ ︽ᠠᠶᠤᠯᠬᠦᠢ ᠦᠢᠯᠡᠳᠪᠦᠷᠢᠯᠡᠯ ᠤᠨ ᠬᠠᠤᠯᠢ︾᠎ ᠶᠢ ᠬᠦᠨᠵᠡᠬᠡᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠠᠶᠤᠯᠬᠦᠢ ᠦᠢᠯᠡᠳᠪᠦᠷᠢᠯᠡᠯ ᠤᠨ ᠬᠠᠷᠢᠭᠤᠴᠠᠯᠭ᠎ᠠ ᠶᠢᠨ ᠰᠢᠰᠲ᠋ᠧᠮ ᠢ ᠪᠦᠷᠢᠨᠰᠢᠬᠦᠯᠦᠨ ᠲᠡᠬᠦᠯᠳᠡᠷᠵᠢᠬᠦᠯᠵᠦ᠂  ᠪᠠᠷᠢᠯᠭ᠎ᠠ  ᠂ ᠢᠳᠡᠭᠡᠨ ᠡᠮ ᠤᠨ ᠵᠦᠢᠯ᠂ ᠤᠨᠴᠠᠭᠠᠢ ᠲᠦᠬᠦᠭᠡᠷᠦᠮᠵᠢ᠂  ᠵᠠᠮ  ᠬᠠᠷᠢᠯᠴᠠᠭ᠎ᠠ᠂  ᠠᠭᠤᠷᠬᠠᠢ  ᠂  ᠠᠶᠤᠯᠳᠠᠢ ᠪᠤᠳᠠᠰ᠂ ᠭᠠᠯ  ᠰᠡᠷᠭᠡᠶᠢᠯᠡᠬᠦ ᠵᠡᠷᠭᠡ ᠭᠤᠤᠯᠳᠠᠯᠭᠠᠳᠠᠢ ᠠᠵᠢᠯ ᠲᠦᠷᠦᠯ ᠎ ᠤᠨ ᠠᠮᠤᠷ ᠲᠦᠪᠰᠢᠨ ᠤ ᠬᠢᠨᠠᠯᠳᠠ ᠬᠠᠮᠢᠶᠠᠷᠤᠯᠳᠠ ᠶᠢ ᠪᠦᠬᠦ ᠬᠦᠴᠦᠨ ᠢᠶᠠᠷ ᠰᠠᠶᠢᠨ ᠠᠳᠬᠤᠵᠤ᠂ ᠪᠠᠶᠢᠩᠭᠤ ᠶᠢᠨ ᠪᠦᠳᠦᠮᠵᠢᠳᠦ ᠲᠤᠭᠳᠠᠴᠠ ᠶᠢ ᠪᠠᠶᠢᠭᠤᠯᠵᠤ ᠲᠡᠬᠦᠯᠳᠡᠷᠵᠢᠬᠦᠯᠦᠨ᠂ ᠶᠡᠭᠡ ᠭᠡᠷᠡᠭ ᠡᠬᠦᠰᠬᠦ ᠶᠢ ᠡᠷᠡᠰ ᠬᠤᠷᠢᠭᠯᠠᠬᠤ ᠶᠢᠨ ᠬᠠᠮᠳᠤ  ᠪᠠᠭ᠎ᠠ ᠭᠡᠷᠡᠭ ᠡᠬᠦᠰᠬᠦ ᠶᠢ ᠴᠤ  ᠪᠠᠭᠠᠰᠬᠠᠬᠤ ᠭᠡᠷᠡᠭᠳᠡᠢ᠃ ᠤᠳᠤᠷᠢᠳᠬᠤ ᠺᠠᠳᠠᠷ ᠵᠠᠬᠢᠳᠠᠯ ᠰᠤᠷᠪᠤᠯᠵᠢᠯᠠᠭ᠎ᠠ ᠬᠦᠯᠢᠶᠡᠬᠦ ᠲᠦᠷᠢᠮ ᠪᠠ ︽1328︾ ᠵᠠᠬᠢᠳᠠᠯ ᠰᠤᠷᠪᠤᠯᠵᠢᠯᠠᠭ᠎ᠠ ᠶᠢᠨ ᠡᠳᠦᠷ ᠤᠨ ᠲᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠦᠯᠡᠳᠡᠭᠳᠡᠯ ᠭᠡᠷᠡᠭ ᠢ ᠰᠢᠢᠳᠪᠦᠷᠢᠯᠡᠬᠦ ᠠᠵᠢᠯ ᠢ ᠦᠷᠬᠦᠯᠵᠢᠯᠡᠨ ᠰᠠᠶᠢᠨ ᠬᠢᠵᠦ᠂  ᠵᠠᠬᠢᠳᠠᠯ ᠰᠤᠷᠪᠤᠯᠵᠢᠯᠠᠭ᠎ᠠ ᠶᠢᠨ ᠠᠵᠢᠯ ᠤᠨ ᠬᠠᠤᠯᠢᠵᠢᠵᠤ ᠲᠦᠷᠢᠮᠵᠢᠬᠦ ᠶᠢ ᠲᠦᠯᠬᠢᠨ ᠠᠬᠢᠭᠤᠯᠬᠤ ᠭᠡᠷᠡᠭᠳᠡᠢ᠃ ᠬᠤᠰᠢᠭᠤ ᠱᠠᠳᠤᠨ ᠤ ᠵᠦᠷᠢᠴᠡᠯ ᠵᠢᠭᠤᠷᠠᠭᠠᠨ ᠪᠠᠶᠢᠴᠠᠭᠠᠨ ᠰᠢᠢᠳᠪᠦᠷᠢᠯᠡᠬᠦ ᠵᠢᠯᠤᠭᠤᠳᠬᠤ ᠲᠠᠪᠴᠠᠩ ᠤᠨ ᠦᠢᠯᠡᠳᠦᠯ ᠢ ᠬᠦᠢᠴᠡᠳ ᠪᠠᠳᠠᠷᠠᠭᠤᠯᠵᠤ᠂  ᠠᠷᠠᠳ ᠤᠨ ᠡᠶᠡᠳᠡᠬᠦᠯᠬᠡ᠂ ᠵᠠᠰᠠᠭ ᠵᠠᠬᠢᠷᠭᠠᠨ ᠤ ᠡᠶᠡᠳᠡᠬᠦᠯᠬᠡ᠂ ᠬᠠᠤᠯᠢ ᠴᠠᠭᠠᠵᠠ ᠶᠢᠨ ᠡᠶᠡᠳᠡᠬᠦᠯᠬᠡ ᠶᠢᠨ ᠬᠤᠯᠪᠤᠭᠠᠯᠠᠯ ᠤᠨ ᠲᠤᠭᠳᠠᠴᠠ ᠶᠢ ᠲᠠᠰᠤᠷᠠᠯᠳᠠ ᠦᠬᠡᠢ ᠪᠦᠷᠢᠨᠰᠢᠬᠦᠯᠦᠨ᠂  ᠵᠦᠷᠢᠴᠡᠯ ᠵᠢᠭᠤᠷᠠᠭᠠᠨ ᠪᠠᠶᠢᠴᠠᠭᠠᠨ ᠰᠢᠢᠳᠪᠦᠷᠢᠯᠡᠬᠦ ᠠᠵᠢᠯ ᠢ ᠪᠤᠳᠠᠳᠠᠢ ᠮᠦᠷᠳᠡᠭᠡᠨ ᠨᠠᠷᠢᠨ ᠬᠢᠵᠦ᠂  ᠤᠯᠠᠨ ᠲᠦᠮᠡᠨ ᠳᠤ ᠬᠠᠩᠭᠠᠮᠵᠢᠳᠠᠢ ᠪᠠᠶᠢᠯᠭᠠᠨ᠎ᠠ᠃       ︵ᠵᠢᠷᠭᠤᠭ᠎ᠠ︶ ᠵᠠᠰᠠᠭ ᠵᠠᠬᠢᠷᠭᠠᠨ ᠤ ᠴᠢᠳᠠᠪᠬᠢ ᠶᠢᠨ ᠪᠠᠶᠢᠭᠤᠯᠤᠯᠳᠠ ᠶᠢ ᠴᠢᠩᠭᠠᠳᠬᠠᠵᠤ᠂ ᠠᠷᠠᠳ ᠲᠦᠮᠡᠨ ᠎ ᠤ ᠰᠠᠨᠠᠭᠠᠨ ᠳᠤ ᠬᠦᠷᠦᠭᠰᠡᠨ ᠵᠠᠰᠠᠭ ᠤᠨ ᠤᠷᠳᠤᠨ ᠢ ᠪᠠᠶᠢᠭᠤᠯᠬᠤ ᠭᠡᠷᠡᠭᠳᠡᠢ᠃ ᠬᠠᠤᠯᠢ ᠶᠤᠰᠤᠭᠠᠷ ᠵᠠᠰᠠᠭ ᠪᠠᠷᠢᠬᠤ ᠎ ᠶᠢ ᠪᠠᠷᠢᠮᠳᠠᠯᠠᠨ᠂ ᠬᠠᠤᠯᠢ ᠳᠤ ᠲᠤᠭᠳᠠᠭᠰᠠᠨ ᠡᠷᠭᠡ ᠲᠤᠰᠢᠶᠠᠯ᠂ ᠠᠯᠬᠤᠮ ᠶᠠᠪᠤᠴᠠ ᠶᠢᠨ ᠶᠤᠰᠤᠭᠠᠷ ᠡᠬᠦᠷᠭᠡ ᠬᠠᠷᠢᠭᠤᠴᠠᠯᠭ᠎ᠠ ᠪᠠᠨ ᠬᠦᠢᠴᠡᠳᠭᠡᠵᠦ᠂ ᠵᠠᠰᠠᠭ ᠤᠨ ᠤᠷᠳᠤᠨ  ᠎ ᠤ ᠠᠯᠢᠪᠠ ᠠᠵᠢᠯ ᠢ ᠬᠠᠤᠯᠢ ᠪᠠᠷ ᠵᠠᠰᠠᠬᠤ ᠵᠠᠮ ᠳᠤ ᠤᠷᠤᠭᠤᠯᠤᠨ᠎ᠠ᠃ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠠᠤᠯᠢ ᠶᠤᠰᠤᠨ ᠤ ᠬᠢᠨᠠᠯᠳᠠ ᠪᠠ ᠤᠯᠤᠰ ᠲᠦᠷᠦ ᠶᠢᠨ ᠵᠦᠪᠯᠡᠯᠬᠡᠨ ᠤ ᠠᠷᠠᠳᠴᠢᠯᠠᠭᠰᠠᠨ ᠬᠢᠨᠠᠯᠳᠠ ᠶᠢ ᠤᠬᠠᠮᠰᠠᠷ ᠠᠴᠠ ᠪᠠᠨ ᠬᠦᠯᠢᠶᠡᠵᠦ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠰᠢᠢᠳᠪᠦᠷᠢ ᠶᠢ ᠨᠠᠷᠢᠨ ᠨᠢᠮᠪᠠᠢ ᠭᠡᠷᠡᠭᠵᠢᠬᠦᠯᠦᠨ᠂ ᠠᠷᠠᠳ ᠤᠨ ᠲᠦᠯᠦᠭᠡᠯᠡᠭᠴᠢ ᠶᠢᠨ ᠰᠠᠨᠠᠯ ᠰᠠᠨᠠᠭᠤᠯᠭ᠎ᠠ ᠬᠢᠭᠡᠳ ᠤᠯᠤᠰ ᠲᠦᠷᠦ ᠶᠢᠨ ᠵᠦᠪᠯᠡᠯᠬᠡᠨ ᠤ ᠭᠡᠰᠢᠬᠦᠳ ᠤᠨ ᠰᠠᠨᠠᠯ ᠲᠤᠷᠠᠳᠤᠯᠭ᠎ᠠ ᠶᠢ  ᠨᠢᠮᠪᠠᠢ ᠰᠠᠶᠢᠨ ᠬᠦᠢᠴᠡᠳᠭᠡᠬᠦ ᠭᠡᠷᠡᠭᠳᠡᠢ᠃ ᠵᠠᠰᠠᠭ ᠵᠠᠬᠢᠷᠭᠠᠨ ᠤ ᠤᠷᠴᠢᠨ ᠲᠤᠭᠤᠷᠢᠨ ᠢ ᠦᠷᠬᠦᠯᠵᠢᠯᠡᠨ ᠰᠢᠯᠢᠳᠡᠭᠵᠢᠬᠦᠯᠵᠦ᠂ ᠪᠦᠬᠦ ᠬᠤᠰᠢᠭᠤᠨ ᠤ ᠵᠠᠰᠠᠭ ᠵᠠᠬᠢᠷᠭᠠᠨ ᠤ ᠡᠷᠭᠡ ᠶᠢ ᠨᠡᠶᠢᠳᠡᠯᠡᠨ᠂ ᠬᠢᠨᠠᠨ ᠵᠦᠪᠰᠢᠶᠡᠷᠡᠬᠦ ᠲᠦᠷᠦᠯ ᠵᠦᠢᠯ ᠢ ᠪᠦᠬᠦᠨ ᠢ ᠲᠢᠩᠬᠢᠮ ᠳᠤ ᠤᠷᠤᠭᠤᠯᠵᠤ᠂ ᠭᠤᠤᠯᠳᠠᠯᠭᠠᠳᠠᠢ ᠲᠦᠷᠦᠯ ᠵᠦᠢᠯ ᠢ ᠬᠢᠨᠠᠨ ᠵᠦᠪᠰᠢᠶᠡᠷᠡᠬᠦ ᠳᠤ ᠰᠠᠭᠠᠳ ᠦᠬᠡᠢ ᠦᠢᠯᠡᠴᠢᠯᠡᠭᠡ ᠬᠠᠩᠭᠠᠨ᠂  ᠬᠠᠮᠢᠶᠠᠷᠤᠯᠳᠠ ᠪᠠ ᠦᠢᠯᠡᠴᠢᠯᠡᠬᠡᠨ ᠤ ᠶᠠᠰᠤ ᠴᠢᠨᠠᠷ ᠬᠢᠭᠡᠳ ᠬᠢᠷᠢ ᠴᠢᠳᠠᠪᠤᠷᠢ ᠶᠢ ᠴᠢᠩᠭᠠᠷᠠᠭᠤᠯᠵᠤ᠂ ᠠᠵᠢᠯ  ᠎ ᠤᠨ ᠦᠷ᠎ᠡ ᠪᠦᠳᠦᠮᠵᠢ ᠶᠢ ᠨᠡᠮᠡᠭᠳᠡᠬᠦᠯᠬᠦ ᠭᠡᠷᠡᠭᠳᠡᠢ᠃ ᠡᠮᠦᠨ᠎ᠡ ᠬᠡᠰᠡᠭ ᠤᠨ ᠭᠠᠵᠠᠷ ᠤᠷᠤᠨ ᠤ ᠨᠡᠶᠢᠳᠡ ᠶᠢᠨ ᠡᠬᠢ ᠪᠠᠶᠠᠯᠢᠭ ᠤᠨ ᠰᠤᠯᠢᠯᠴᠠᠭᠠᠨ ᠤ ᠲᠠᠪᠴᠠᠩ ᠤᠨ ᠪᠠᠶᠢᠭᠤᠯᠤᠯᠳᠠ ᠶᠢ ᠲᠦᠷᠭᠡᠳᠭᠡᠨ ᠠᠬᠢᠭᠤᠯᠵᠤ᠂ ᠲᠤᠰᠬᠠᠢ ᠮᠡᠷᠭᠡᠵᠢᠯᠳᠡᠨ ᠤ ᠬᠦᠮᠦᠷᠭᠡ  ᠎ ᠶᠢ ᠲᠡᠬᠦᠯᠳᠡᠷᠵᠢᠬᠦᠯᠦᠨ᠎ᠡ᠃ ᠡᠳ᠋ ᠤᠨ ᠵᠠᠰᠠᠭ ᠤᠨ ᠲᠦᠰᠦᠪ ᠤᠨ ᠬᠠᠮᠢᠶᠠᠷᠤᠯᠳᠠ ᠶᠢ ᠴᠢᠩᠭᠠᠳᠬᠠᠵᠤ᠂ ᠪᠡᠯᠡ  ᠮᠦᠩᠬᠦ ᠶᠢ ᠪᠦᠳᠦᠮᠵᠢᠳᠡᠢ ᠲᠤᠬᠢᠷᠠᠭᠤᠯᠤᠨ᠂ ᠠᠷᠠᠳ ᠤᠨ ᠠᠮᠢᠳᠤᠷᠠᠯ ᠢ ᠪᠦᠬᠦ ᠬᠦᠴᠦᠨ ᠢᠶᠠᠷ ᠪᠠᠳᠤᠯᠠᠵᠤ᠂ ᠡᠷᠬᠢᠯᠳᠦᠯ ᠢ ᠪᠦᠬᠦ ᠬᠦᠴᠦᠨ ᠢᠶᠠᠷ ᠪᠠᠳᠤᠯᠠᠬᠤ ᠭᠡᠷᠡᠭᠳᠡᠢ᠃ ᠬᠢᠨᠠᠨ ᠪᠤᠳᠤᠵᠤ ᠬᠢᠨᠠᠨᠯᠳᠠ ᠲᠠᠯᠪᠢᠬᠤ ᠠᠵᠢᠯ ᠢ ᠴᠢᠩᠭᠠᠳᠬᠠᠨ᠂ ︽ᠠᠷᠪᠠ ᠶᠢ ᠪᠦᠷᠬᠦᠬᠦᠯᠬᠦ ︾ ᠢᠨᠵᠧᠨᠧᠷᠢᠩ᠂ ᠠᠵᠤ ᠠᠬᠤᠢ ᠶᠢᠨ ᠬᠠᠷᠢᠭᠤᠴᠠᠯᠭ᠎ᠠ᠂ ᠰᠠᠯᠠᠭ᠎ᠠ ᠮᠦᠴᠢᠷ ᠤᠨ ᠢᠨᠵᠧᠨᠧᠷᠢᠩ ᠤᠨ ᠲᠦᠷᠦᠯ ᠵᠦᠢᠯ ᠎ ᠳᠤ ᠭᠤᠤᠯᠳᠠᠯᠭ᠎ᠠ ᠲᠠᠢ ᠬᠢᠨᠠᠨ ᠪᠤᠳᠤᠯᠳᠠ ᠬᠢᠵᠦ᠂ ᠡᠯ᠎ᠡ ᠲᠦᠷᠦᠯ ᠤᠨ ᠪᠡᠯᠡ  ᠮᠦᠩᠬᠦ ᠶᠢᠨ ᠠᠮᠤᠷ ᠲᠦᠪᠰᠢᠨ ᠬᠢᠭᠡᠳ ᠪᠦᠳᠦᠮᠵᠢᠳᠡᠢ ᠡᠷᠬᠢᠯᠳᠦᠯ ᠢ  ᠪᠠᠳᠤᠯᠠᠨ᠎ᠠ᠃  ᠠᠷᠢᠭᠤᠨ ᠴᠢᠭᠡᠴᠢ ᠵᠠᠰᠠᠭ ᠤᠨ ᠪᠠᠶᠢᠭᠤᠯᠤᠯᠳᠠ ᠶᠢ ᠴᠢᠩᠭᠠᠳᠬᠠᠵᠤ᠂ ︽ᠲᠤᠮᠳᠠᠳᠤ ᠤᠯᠤᠰ ᠤᠨ ᠡᠪ ᠬᠠᠮᠳᠤ ᠨᠠᠮ ᠤᠨ ᠠᠷᠢᠭᠤᠨ ᠴᠢᠭᠡᠴᠢ ᠪᠠᠷ ᠪᠡᠶ᠎ᠡ ᠪᠠᠨ ᠱᠠᠭᠠᠷᠳᠠᠬᠤ ᠲᠦᠷᠢᠮ︾ ᠬᠢᠭᠡᠳ  ︽ᠲᠤᠮᠳᠠᠳᠤ ᠤᠯᠤᠰ ᠤᠨ ᠡᠪ ᠬᠠᠮᠳᠤ ᠨᠠᠮ ᠤᠨ  ᠰᠠᠬᠢᠯᠭ᠎ᠠ ᠪᠠᠳᠤ ᠶᠢᠨ ᠰᠢᠳᠭᠡᠯ ᠤᠯᠭᠤᠬᠤ ᠲᠦᠷᠢᠮ︾᠎ ᠢ ᠴᠢᠩᠭ᠎ᠠ ᠵᠢᠷᠤᠮᠯᠠᠨ᠂  ᠨᠠᠮ ᠤᠨ ᠰᠤᠷᠳᠠᠯ ᠴᠢᠭᠡᠴᠢ ᠵᠠᠰᠠᠭ ᠤᠨ ᠪᠠᠶᠢᠭᠤᠯᠤᠯᠳᠠ ᠶᠢᠨ ᠬᠠᠷᠢᠭᠤᠴᠠᠯᠭ᠎ᠠ ᠎ ᠶᠢᠨ ᠲᠦᠷᠢᠮ ᠢ ᠨᠢᠮᠪᠠᠢ ᠨᠠᠶᠢᠳᠠᠪᠤᠷᠢᠵᠢᠭᠤᠯᠵᠤ᠂ ᠡᠯ᠎ᠡ ᠲᠦᠷᠦᠯ ᠤᠨ ᠰᠠᠬᠢᠯᠭ᠎ᠠ ᠲᠦᠷᠢᠮ ᠵᠦᠷᠢᠴᠡᠭᠰᠡᠨ ᠭᠡᠷᠡᠭ ᠢ ᠲᠦᠪ ᠴᠢᠩᠭ᠎ᠠ ᠪᠠᠷ ᠪᠠᠶᠢᠴᠠᠭᠠᠨ ᠰᠢᠢᠳᠪᠦᠷᠢᠯᠡᠨ᠎ᠡ᠃  ︽ᠰᠠᠬᠢᠯᠭ᠎ᠠ ᠪᠠᠳᠤ ᠭᠡᠪ ᠰᠤᠷᠳᠠᠯ ᠤᠨ ᠴᠡᠭᠴᠡᠯᠡᠯᠳᠡ ᠶᠢᠨ ᠤᠨ︾᠎ ᠤ ᠠᠵᠢᠯᠯᠠᠭ᠎ᠠ ᠶᠢ ᠬᠦᠨᠵᠡᠬᠡᠢ ᠦᠷᠨᠢᠬᠦᠯᠵᠦ᠂ ᠵᠠᠰᠠᠭ ᠤᠨ ᠤᠷᠳᠤᠨ ᠤ ᠰᠢᠰᠲ᠋ᠧᠮ ᠤᠨ ᠭᠤᠤᠯᠳᠠᠯᠭᠠᠳᠠᠢ ᠠᠵᠢᠯ ᠤᠨ ᠪᠦᠳᠦᠮᠵᠢ ᠶᠢ ᠬᠢᠨᠠᠨ ᠰᠢᠯᠭᠠᠬᠤ ᠰᠢᠰᠲ᠋ᠧᠮ ᠢ ᠪᠠᠶᠢᠭᠤᠯᠤᠨ᠂ ᠬᠠᠷᠢᠭᠤᠴᠠᠯᠭ᠎ᠠ ᠨᠡᠬᠡᠮᠵᠢᠯᠡᠬᠦ ᠲᠦᠷᠢᠮᠵᠢᠭᠰᠡᠨ ᠲᠤᠭᠳᠠᠴᠠ ᠶᠢ ᠲᠡᠬᠦᠯᠳᠡᠷᠵᠢᠬᠦᠯᠵᠦ᠂  ᠡᠯ᠎ᠡ ᠲᠦᠷᠦᠯ ᠤᠨ ᠠᠵᠢᠯ ᠤᠨ ᠨᠠᠶᠢᠳᠠᠪᠤᠷᠢᠵᠢᠯᠳᠠ ᠶᠢ ᠬᠦᠴᠦᠳᠡᠢ ᠠᠬᠢᠭᠤᠯᠬᠤ ᠭᠡᠷᠡᠭᠳᠡᠢ᠃ ᠰᠤᠷᠳᠠᠯ ᠤᠨ ᠪᠠᠶᠢᠭᠤᠯᠤᠯᠳᠠ ᠶᠢ  ᠦᠷᠬᠦᠯᠵᠢᠯᠡᠨ ᠴᠢᠩᠭᠠᠳᠬᠠᠵᠤ᠂ ︽ᠭᠤᠷᠪᠠᠨ ᠴᠢᠩᠭ᠎ᠠ ᠭᠤᠷᠪᠠᠨ ᠪᠤᠳᠠᠳᠠᠢ︾ ᠱᠠᠭᠠᠷᠳᠠᠯᠭ᠎ᠠ ᠶᠢ ᠤᠬᠠᠮᠰᠠᠷ ᠠᠴᠠ ᠪᠠᠨ ᠦᠢᠯᠡᠳᠦᠯᠬᠡᠵᠢᠬᠦᠯᠦᠨ᠂  ︽ ᠨᠠᠮ ᠤᠨ ᠲᠦᠷᠢᠮ ᠲᠤᠭᠳᠠᠭᠠᠯ ᠢ ᠰᠤᠷᠤᠯᠴᠠᠵᠤ᠂ ᠰᠢᠷᠢᠰ ᠶᠠᠷᠢᠶᠠᠨ ᠤ ᠵᠤᠷᠢᠭ ᠰᠠᠨᠠᠭ᠎ᠠ ᠶᠢ ᠰᠤᠷᠤᠯᠴᠠᠵᠤ᠂ ᠬᠢᠷᠢ ᠲᠡᠩᠴᠡᠭᠰᠡᠨ ᠨᠠᠮ ᠤᠨ ᠭᠡᠰᠢᠬᠦᠨ ᠪᠤᠯᠬᠤ︾ ᠰᠤᠷᠤᠯᠴᠠᠯᠭ᠎ᠠ ᠬᠦᠮᠦᠵᠢᠯ ᠤᠨ ᠠᠵᠢᠯᠯᠠᠭ᠎ᠠ ᠶᠢ ᠨᠠᠷᠢᠨ ᠨᠢᠮᠪᠠᠢ ᠦᠷᠨᠢᠬᠦᠯᠵᠦ᠂  ᠠᠵᠢᠯ ᠬᠢᠬᠦ ᠦᠬᠡᠢ ᠪᠤᠶᠤ ᠲᠤᠷ᠎ᠠ ᠪᠠᠷ ᠢᠶᠠᠨ ᠬᠢᠬᠦ᠂ ᠠᠷᠠᠳ ᠲᠦᠮᠡᠨ ᠤ ᠠᠰᠢᠭ ᠲᠤᠰᠠ ᠶᠢ ᠬᠤᠬᠢᠷᠠᠭᠤᠯᠬᠤ ᠠᠵᠢᠯᠯᠠᠭ᠎ᠠ ᠶᠢ  ᠡᠷᠡᠰ ᠴᠢᠩᠭ᠎ᠠ ᠴᠡᠭᠴᠡᠯᠡᠨ ᠵᠠᠰᠠᠬᠤ ᠭᠡᠷᠡᠭᠳᠡᠢ᠃      ᠲᠦᠯᠦᠭᠡᠯᠡᠭᠴᠢᠳ ᠡ᠂  ᠰᠢᠨ᠎ᠡ ᠬᠡᠪ ᠪᠠᠶᠢᠳᠠᠯ ᠳᠤ ᠵᠤᠬᠢᠴᠠᠬᠤ ᠳᠤ  ᠰᠠᠨᠠᠭᠠᠨ ᠠᠴᠠ ᠪᠠᠨ ᠬᠢᠵᠦ᠂ ᠢᠳᠡᠪᠬᠢᠳᠡᠢ ᠬᠢᠬᠦ ᠶᠢ ᠪᠢᠳᠡᠨ ᠳᠤ ᠱᠠᠭᠠᠷᠳᠠᠵᠤ  ᠂  ᠰᠢᠨ᠎ᠡ ᠬᠦᠭᠵᠢᠯᠳᠡ ᠶᠢ ᠪᠡᠶᠡᠯᠡᠬᠦᠯᠬᠦ ᠳᠤ ᠵᠤᠷᠢᠭᠳᠠᠢ ᠤᠷᠤᠭᠰᠢᠯᠠᠵᠤ᠂ ᠬᠦᠴᠦᠳᠡᠢ ᠲᠡᠮᠡᠴᠡᠬᠦ ᠶᠢ ᠪᠢᠳᠡᠨ ᠳᠤ ᠤᠷᠢᠶᠠᠯᠠᠵᠤ ᠪᠤᠢ᠃  ᠪᠢᠳᠡ ᠬᠤᠰᠢᠭᠤ ᠨᠠᠮ ᠤᠨ ᠬᠤᠷᠢᠶᠠᠨ ᠎ ᠤ ᠡᠷᠡᠰ ᠪᠠᠳᠤ ᠤᠳᠤᠷᠢᠳᠤᠯᠭ᠎ᠠ ᠲᠤᠤᠷ᠎ᠠ᠂ ᠪᠦᠬᠦ ᠬᠤᠰᠢᠭᠤᠨ ᠤ ᠡᠯ᠎ᠡ ᠦᠨᠳᠦᠰᠦᠳᠡᠨ ᠤ ᠠᠷᠠᠳ ᠲᠦᠮᠡᠨ ᠢᠶᠠᠨ ᠪᠦᠯᠬᠦᠮᠳᠡᠬᠦᠯᠦᠨ ᠲᠠᠶᠢᠴᠢᠯᠠᠵᠤ᠂ ᠪᠦᠬᠦ ᠰᠡᠳᠬᠢᠯ ᠨᠢᠬᠡ ᠵᠤᠷᠢᠭ ᠢᠶᠠᠷ ᠡᠷᠡᠯᠭᠡᠭᠯᠡᠨ ᠤᠷᠤᠭᠰᠢᠯᠠᠵᠤ᠂  ᠦᠷᠦᠭᠡᠯ ᠠᠴᠠ ᠦᠰᠦᠳ ᠦᠪᠡᠷᠮᠢᠴᠡ ᠤᠨᠴᠠᠯᠢᠭ ᠲᠠᠢ᠂  ᠦᠵᠡᠰᠬᠦᠯᠡᠩ ᠭᠤᠴᠤ ᠦᠩᠬᠡ ᠦᠵᠡᠮᠵᠢ ᠲᠠᠢ᠂  ᠦᠷᠭᠡᠨ ᠲᠦᠮᠡᠨ ᠤ ᠪᠠᠭ᠋ᠠᠷᠬᠠᠯ ᠢ ᠲᠠᠳᠠᠭᠰᠠᠨ ᠰᠢᠯᠢ ᠶᠢᠨ ᠭᠤᠤᠯ ᠠᠶᠢᠮᠠᠭ ᠤᠨ ᠡᠮᠦᠨ᠎ᠡ ᠡᠬᠦᠳᠡ ᠶᠢ ᠲᠦᠷᠭᠡᠨ ᠪᠠᠶᠢᠭᠤᠯᠬᠤ ᠶᠢᠨ ᠲᠦᠯᠦᠬᠡ  ᠴᠢᠷᠮᠠᠶᠢᠨ ᠲᠡᠮᠡᠴᠡᠵᠡᠭᠡᠶ᠎ᠡ︕
 
ᠢᠷᠡᠯᠲᠡ᠄ ᠲᠠᠶᠢᠹᠤᠰᠧ ᠬᠤᠰᠢᠭᠤᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号