ᠰᠢᠯᠢ ᠶᠢᠨ ᠭᠤᠤᠯ ᠠᠶᠢᠮᠠᠭ ᠤᠨ ᠦᠨᠳᠦᠰᠦᠳᠡᠨ ᠤ ᠲᠡᠭᠡᠳᠦ ᠵᠡᠷᠭᠡ ᠶᠢᠨ ᠮᠡᠷᠭᠡᠵᠢᠯ ᠤᠨ ᠠᠵᠢᠯᠴᠢᠨ ᠤ | ᠰᠤᠷᠭᠠᠭᠤᠯᠢ ᠨᠢ 1980 ᠤᠨ ᠳᠤ ᠪᠠᠶᠢᠭᠤᠯᠤᠭᠳᠠᠵᠦ᠂ 1997 ᠤᠨ ᠳᠤ ᠦᠪᠦᠷ ᠮᠤᠩᠭᠤᠯ ᠤᠨ ᠦᠪᠡᠷᠳᠡᠭᠡᠨ | ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠠᠴᠠ ᠮᠤᠵᠢ ᠶᠠᠮᠤᠨ ᠤ ᠲᠡᠰ ᠤᠨ ᠭᠤᠤᠯᠳᠠᠯᠠᠭ᠎ᠠ ᠲᠠᠢ | ᠮᠡᠷᠭᠡᠵᠢᠯ ᠤᠨ ᠠᠵᠢᠯᠴᠢᠨ ᠤ ᠰᠤᠷᠭᠠᠭᠤᠯᠢ ᠪᠠᠷ ᠨᠡᠷᠡᠯᠡᠭᠡᠳ᠂ 2011 ᠤᠨ ᠳᠤ ᠤᠯᠤᠰ ᠤᠨ ᠭᠤᠤᠯᠳᠠᠯᠠᠭ᠎ᠠ ᠲᠠᠢ | ᠮᠡᠷᠭᠡᠵᠢᠯ ᠤᠨ ᠠᠵᠢᠯᠴᠢᠨ ᠤ ᠰᠤᠷᠭᠠᠭᠤᠯᠢ ᠶᠢᠨ ᠡᠩᠨᠡᠭᠡᠨ ᠳᠤ ᠠᠯᠬᠤᠨ ᠤᠷᠤᠵᠦ᠂ 2014 ᠤᠨ ᠳᠤ ᠲᠡᠭᠡᠳᠦ | ᠵᠡᠷᠭᠡ ᠶᠢᠨ ᠮᠡᠷᠭᠡᠵᠢᠯ ᠤᠨ ᠠᠵᠢᠯᠴᠢᠨ ᠤ ᠰᠤᠷᠭᠠᠭᠤᠯᠢ ᠪᠤᠯᠤᠨ ᠲᠡᠪᠰᠢᠭᠰᠡᠨ ᠮᠤᠩᠭᠤᠯ ᠬᠢᠳᠠᠳ ᠬᠤᠶᠠᠷ ᠬᠡᠯᠡ ᠪᠠᠷ | ᠵᠢᠭᠠᠨ ᠰᠤᠷᠭᠠᠳᠠᠭ ᠠᠶᠢᠮᠠᠭ ᠤᠨ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠳᠤᠯᠭ᠎ᠠ ᠶᠢᠨ | ᠲᠤᠪᠴᠢᠶᠠᠨ ᠤ ᠬᠠᠷᠢᠶᠠᠨ ᠳᠠᠬᠢ ᠰᠤᠷᠭᠠᠭᠤᠯᠢ ᠮᠥᠨ᠃ ᠰᠤᠷᠭᠠᠭᠤᠯᠢ ᠶᠢᠨ ᠬᠦᠷᠢᠶ᠎ᠡ ᠨᠢ 5.66 ᠲᠦᠮᠡᠨ ᠲᠡᠭᠰᠢ | ᠲᠦᠷᠪᠡᠯᠵᠢᠨ ᠮᠧᠲᠷ ᠲᠠᠯᠠᠪᠠᠢ ᠲᠠᠢ᠂ ᠪᠠᠷᠢᠯᠭ᠎ᠠ ᠶᠢᠨ ᠶᠡᠷᠦᠩᠭᠡᠢ ᠲᠠᠯᠠᠪᠠᠢ ᠨᠢ 3.2 ᠲᠦᠮᠡᠨ ᠲᠡᠭᠰᠢ ᠲᠦᠷᠪᠡᠯᠵᠢᠨ | ᠮᠧᠲᠷ᠂ ᠪᠠᠭᠰᠢ ᠠᠵᠢᠯᠳᠠᠨ ᠤ ᠨᠡᠶᠢᠳᠠ ᠲᠤᠭ᠎ᠠ 74᠂ ᠡᠬᠦᠨ ᠳᠤ ᠲᠤᠰᠬᠠᠢ ᠲᠤᠰᠢᠶᠠᠯᠳᠦ ᠪᠠᠭᠰᠢ 54 ᠨᠡᠷ᠎ᠡ᠂ | ᠲᠤᠰᠢᠶᠠᠯ ᠬᠠᠪᠰᠤᠷᠭᠠᠭᠰᠠᠨ ᠪᠠᠭᠰᠢ 24 ᠨᠡᠷ᠎ᠡ᠂ ᠲᠡᠭᠡᠳᠦ ᠵᠡᠷᠭᠡ ᠶᠢᠨ ᠮᠡᠷᠭᠡᠵᠢᠯ ᠤᠨ ᠴᠤᠯᠠ ᠲᠠᠢ ᠪᠠᠭᠰᠢ 30 | ᠨᠡᠷ᠎ᠡ᠂ ᠰᠤᠷᠤᠯᠭ᠎ᠠ ᠶᠢᠨ ᠨᠠᠮᠳᠠᠷ ᠲᠤ ᠪᠦᠷᠢᠳᠭᠦᠯᠦᠭᠰᠡᠨ ᠰᠤᠷᠤᠭᠴᠢ 1525 ᠨᠡᠷ᠎ᠡ᠂ ᠡᠬᠦᠨ ᠳᠤ ᠪᠦᠬᠦᠯᠢ ᠡᠳᠦᠷ | ᠤᠨ ᠲᠦᠷᠢᠮᠳᠦ ᠰᠤᠷᠤᠭᠴᠢ 139 ᠨᠡᠷ᠎ᠡ᠂ ᠪᠦᠬᠦᠯᠢ ᠡᠳᠦᠷ ᠤᠨ ᠪᠤᠰᠤ ᠲᠦᠷᠢᠮᠳᠦ ᠰᠤᠷᠤᠭᠴᠢ 1386 ᠨᠡᠷ᠎ᠡ᠂ | ᠵᠢᠯ ᠪᠦᠷᠢ ᠲᠡᠭᠰᠢᠳᠭᠡᠭᠡᠳ 7000 ᠬᠦᠮᠦᠨ ᠪᠤᠯᠪᠠᠰᠤᠷᠠᠭᠤᠯᠵᠦ᠂ 4000 ᠬᠦᠮᠦᠨ ᠳᠤ ᠮᠡᠷᠭᠡᠵᠢᠯ ᠤᠨ ᠬᠢᠨᠠᠨ | ᠲᠤᠭᠳᠠᠭᠠᠯ ᠬᠢᠵᠦ ᠪᠠᠶᠢᠨ᠎ᠠ᠃ ᠭᠤᠤᠯᠳᠠᠭᠤ ᠲᠤᠭᠤᠭᠠᠴᠢ᠂ ᠭᠠᠩᠨᠠᠨ ᠵᠠᠯᠭᠠᠬᠤ ᠮᠡᠷᠭᠡᠵᠢᠯ᠂ ᠴᠠᠬᠢᠯᠭᠠᠨᠵᠢᠭᠤᠯᠤᠭᠰᠠᠨ | ᠠᠦ᠋ᠲ᠋ᠤ᠋ ᠲᠤᠨᠤᠭ ᠢ ᠤᠭᠰᠠᠷᠠᠬᠤ ᠪᠠ ᠰᠡᠯᠪᠢᠨ ᠵᠠᠰᠠᠬᠤ᠂ ᠺᠤᠮᠫᠢᠦ᠋ᠲ᠋ᠧᠷ ᠤᠨ ᠬᠡᠷᠡᠭᠯᠡᠭᠡ ᠪᠠ ᠰᠡᠯᠪᠢᠨ ᠵᠠᠰᠠᠬᠤ᠂ | ᠮᠠᠰᠢᠨ ᠲᠡᠷᠭᠡ ᠵᠢᠯᠤᠭᠤᠳᠬᠤ ᠪᠠ ᠰᠡᠯᠪᠢᠨ ᠵᠠᠰᠠᠬᠤ᠂ ᠪᠠᠷᠢᠯᠭ᠎ᠠ ᠶᠢᠨ ᠮᠧᠬᠠᠨᠢᠭ ᠢ ᠵᠢᠯᠤᠭᠤᠳᠬᠤ ᠪᠠ ᠰᠡᠯᠪᠢᠨ | ᠵᠠᠰᠠᠬᠤ᠂ ᠬᠤᠭᠤᠯᠠᠢ ᠶᠢᠨ ᠠᠵᠢᠯᠴᠢᠨ ᠵᠡᠷᠭᠡ 14 ᠲᠤᠰᠬᠠᠢ ᠮᠡᠷᠭᠡᠵᠢᠯ ᠲᠠᠢ ᠪᠠᠶᠢᠵᠦ ᠡᠬᠦᠨ ᠤ ᠲᠤᠳᠤᠷ᠎ᠠ | ᠲᠤᠭᠤᠭᠠᠴᠢ ᠶᠢᠨ ᠮᠡᠷᠭᠡᠵᠢᠯ ᠢ ᠦᠪᠡᠷᠳᠡᠭᠡᠨ ᠵᠠᠰᠠᠬᠤ ᠤᠷᠤᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ | ᠪᠠᠳᠤᠯᠭ᠎ᠠ ᠶᠢᠨ ᠲᠢᠩᠭᠢᠮ ᠠᠴᠠ ᠰᠤᠳᠤᠨ ᠮᠡᠷᠭᠡᠵᠢᠯ ᠢᠶᠠᠷ ᠦᠨᠡᠯᠡᠵᠡᠢ᠃ ᠰᠤᠷᠭᠠᠭᠤᠯᠢ ᠨᠢ ᠵᠢᠭᠠᠨ ᠰᠤᠷᠭᠠᠬᠤ ᠠᠰᠠᠷ | ᠂ ᠲᠠᠳᠤᠯᠭ᠎ᠠ ᠶᠢᠨ ᠠᠰᠠᠷ᠂ ᠶᠡᠷᠦᠩᠭᠡᠶᠢᠯᠡᠭᠰᠡᠨ ᠠᠰᠠᠷ᠂ ᠰᠤᠷᠤᠭᠴᠢ ᠶᠢᠨ ᠪᠠᠶᠢᠷᠢ᠂ ᠲᠠᠳᠤᠯᠭ᠎ᠠ ᠶᠢᠨ ᠵᠢᠭᠠᠨ | ᠰᠤᠷᠭᠠᠬᠤ ᠬᠤᠭᠤᠯᠠᠨ ᠲᠢᠩᠭᠢᠮ ᠲᠠᠢ ᠂ ᠡᠯᠧᠺᠲᠷᠤᠨ ᠴᠠᠬᠢᠯᠭᠠᠨ ᠤ ᠤᠬᠠᠭᠠᠨ᠂ ᠭᠠᠩᠨᠠᠨ ᠵᠠᠯᠭᠠᠬᠤ᠂ ᠵᠠᠮ | ᠲᠡᠭᠡᠭᠡᠪᠦᠷᠢ᠂ ᠮᠧᠬᠠᠨᠢᠭ ᠡᠳ᠋ᠰᠢᠬᠦᠯᠭᠡ᠂ ᠬᠢᠮᠢ ᠶᠢᠨ ᠠᠵᠦ ᠦᠢᠯᠡᠳᠪᠦᠷᠢ᠂ ᠠᠭᠤᠷᠬᠠᠢ ᠶᠢᠨ ᠮᠧᠬᠠᠨᠢᠭ᠂ | ᠦᠢᠯᠡᠴᠢᠯᠡᠭᠡᠨ ᠤ ᠦᠢᠯᠡᠰ ᠵᠡᠷᠭᠡ ᠤᠯᠠᠨ ᠲᠦᠷᠦᠯ ᠤᠨ ᠲᠠᠳᠤᠯᠭ᠎ᠠ ᠪᠤᠯᠪᠠᠰᠤᠷᠠᠯ ᠤᠨ ᠲᠠᠯᠠᠪᠠᠢ ᠳᠠᠭᠠᠨ ᠨᠡᠶᠢᠳᠡ 25 | ᠲᠠᠳᠤᠯᠭ᠎ᠠ ᠪᠤᠯᠪᠠᠰᠤᠷᠠᠯ ᠤᠨ ᠲᠠᠰᠤᠭ ᠲᠠᠢ᠂ ᠡᠭᠦᠨ ᠤ ᠲᠤᠳᠤᠷ᠎ᠠ ᠦᠢᠯᠡᠳᠪᠦᠷᠢᠯᠡᠯ ᠰᠤᠷᠭᠠᠯᠳᠠ ᠶᠢ ᠨᠢᠭᠡ | ᠴᠤᠭᠴᠠᠯᠠᠭᠰᠠᠨ ᠲᠠᠳᠤᠯᠭ᠎ᠠ ᠪᠤᠯᠪᠠᠰᠤᠷᠠᠯ ᠤᠨ ᠲᠠᠰᠤᠭ 10᠂ ᠦᠷᠬᠦᠭᠡᠨ ᠤ ᠲᠠᠳᠤᠯᠭ᠎ᠠ ᠪᠤᠯᠪᠠᠰᠤᠷᠠᠯ ᠤᠨ ᠲᠠᠯᠠᠪᠠᠢ | ᠨᠢ 8000 ᠲᠡᠭᠰᠢ ᠲᠦᠷᠪᠡᠯᠵᠢᠨ ᠮᠧᠲᠷ᠂ ᠭᠠᠳᠠᠨᠠᠭᠢ ᠲᠠᠳᠤᠯᠭ᠎ᠠ ᠪᠤᠯᠪᠠᠰᠤᠷᠠᠯ ᠤᠨ ᠲᠠᠯᠠᠪᠠᠢ ᠨᠢ 20000 | ᠲᠡᠭᠰᠢ ᠲᠦᠷᠪᠡᠯᠵᠢᠨ ᠮᠧᠲᠷ ᠪᠠᠶᠢᠳᠠᠭ᠂ ᠡᠬᠦᠨ ᠠᠴᠠ ᠭᠠᠳᠠᠨ᠎ᠠ᠂ ᠰᠤᠷᠭᠠᠭᠤᠯᠢ ᠠᠴᠠ ᠭᠠᠳᠠᠨ᠎ᠠ 10 ᠲᠠᠳᠤᠯᠭ᠎ᠠ | ᠪᠤᠯᠪᠠᠰᠤᠷᠠᠯ ᠤᠨ ᠰᠠᠭᠤᠷᠢᠨ ᠭᠠᠵᠠᠷ ᠲᠠᠢ᠃ ᠲᠤᠭᠳᠠᠮᠠᠯ ᠬᠦᠷᠦᠩᠭᠡ ᠨᠢ 8700 ᠢᠯᠡᠬᠦᠦ ᠲᠦᠮᠡᠨ ᠲᠦᠬᠦᠷᠡᠭ᠂ | ᠵᠢᠭᠠᠨ ᠰᠤᠷᠭᠠᠯᠳᠠ ᠪᠠ ᠲᠠᠳᠤᠯᠭ᠎ᠠ ᠶᠢᠨ ᠲᠤᠨᠤᠭ ᠲᠦᠬᠦᠭᠡᠷᠦᠮᠵᠢ ᠶᠢᠨ ᠶᠡᠷᠦᠩᠭᠡᠢ ᠦᠷᠳᠡᠭ ᠨᠢ 2000 ᠲᠦᠮᠡᠨ | ᠲᠦᠭᠦᠷᠡᠭ ᠲᠤ ᠬᠦᠷᠴᠡᠢ᠃ | ᠭᠤᠴᠢᠨ ᠵᠢᠷᠭᠤᠭᠠᠨ ᠵᠢᠯ ᠤᠨ ᠬᠦᠭᠵᠢᠯᠳᠡ ᠪᠦᠳᠦᠭᠡᠨ ᠪᠠᠶᠢᠭᠤᠯᠤᠯᠳᠠ ᠪᠠᠷ ᠲᠠᠮᠵᠢᠵᠦ᠂ ᠰᠤᠷᠭᠠᠭᠤᠯᠢ ᠨᠢ | ᠤᠷᠢᠳ ᠬᠤᠵᠢᠳ ᠤᠯᠤᠰ ᠤᠨ ᠲᠡᠰ ᠤᠨ ᠲᠡᠭᠡᠳᠦ ᠮᠡᠷᠭᠡᠵᠢᠯ ᠲᠠᠢ ᠴᠢᠳᠠᠪᠦᠷᠢᠳᠠᠨ ᠢ ᠬᠦᠮᠦᠵᠢᠬᠦᠯᠬᠦ ᠰᠠᠭᠤᠷᠢᠨ | ᠭᠠᠵᠠᠷ᠂ ᠦᠪᠡᠷᠳᠡᠭᠡᠨ ᠵᠠᠰᠠᠬᠤ ᠤᠷᠤᠨ ᠤ ᠲᠡᠭᠡᠳᠦ ᠮᠡᠷᠭᠡᠵᠢᠯ ᠲᠠᠢ ᠴᠢᠳᠠᠪᠦᠷᠢᠳᠠᠨ ᠤ ᠰᠢᠨ᠎ᠡ ᠶᠢ ᠡᠭᠦᠳᠦᠨ | ᠦᠢᠯᠡᠰ ᠪᠤᠰᠬᠠᠬᠤ ᠰᠠᠭᠤᠷᠢᠨ ᠭᠠᠵᠠᠷ ᠢᠶᠠᠷ ᠦᠨᠡᠯᠡᠭᠳᠡᠵᠡᠢ᠃ ᠤᠯᠤᠰ ᠤᠨ ᠲᠤᠬᠠᠶᠢᠯᠠᠭᠰᠠᠨ ᠠᠵᠢᠯ ᠮᠡᠷᠭᠡᠵᠢᠯ ᠢ | ᠬᠢᠨᠠᠨ ᠲᠤᠭᠳᠠᠭᠠᠬᠤ ᠦᠷᠳᠡᠭᠡ᠂ ᠪᠦᠬᠦ ᠤᠷᠤᠨ ᠤ ᠠᠶᠤᠯ ᠦᠭᠡᠢ ᠦᠢᠯᠡᠳᠪᠦᠷᠢᠯᠡᠯ ᠤᠨ ᠲᠠᠪᠳᠠᠨ ᠪᠤᠯᠪᠠᠰᠤᠷᠠᠭᠤᠯᠬᠤ | ᠲᠤᠭᠳᠠᠭᠰᠠᠨ ᠴᠡᠭ ᠪᠤᠯᠤᠨ ᠦᠨᠡᠯᠡᠬᠦ ᠪᠠᠶᠢᠭᠤᠯᠤᠮᠵᠢ᠂ ᠠᠶᠢᠮᠠᠭ ᠬᠤᠳᠠ ᠶᠢᠨ ᠲᠡᠰ ᠤᠨ ᠪᠠᠷᠢᠮᠵᠢᠶᠠᠵᠢᠭᠰᠠᠨ ᠲᠠᠬᠢᠨ | ᠠᠵᠢᠯ ᠤᠯᠭᠤᠯᠳᠠ ᠶᠢᠨ ᠪᠤᠯᠪᠠᠰᠤᠷᠠᠯ ᠬᠦᠮᠦᠵᠢᠯ ᠤᠨ ᠰᠠᠭᠤᠷᠢᠨ ᠭᠠᠵᠠᠷ᠂ ᠪᠦᠬᠦ ᠠᠶᠢᠮᠠᠭ ᠤᠨ ᠮᠠᠯᠵᠢᠬᠤ | ᠲᠠᠷᠢᠶᠠᠯᠠᠬᠤ ᠤᠷᠤᠨ ᠤ ᠬᠦᠳᠡᠯᠮᠦᠷᠢ ᠬᠦᠴᠦ ᠶᠢ ᠰᠢᠯᠵᠢᠬᠦᠯᠬᠦ ᠪᠤᠯᠪᠠᠰᠤᠷᠠᠯ ᠬᠦᠮᠦᠵᠢᠯ ᠤᠨ ᠰᠠᠭᠤᠷᠢᠨ ᠭᠠᠵᠠᠷ ᠪᠠ | ᠵᠡᠮᠳᠡᠭᠴᠦᠳ ᠤᠨ ᠪᠤᠯᠪᠠᠰᠤᠷᠠᠯ ᠬᠦᠮᠦᠵᠢᠯ ᠤᠨ ᠰᠠᠭᠤᠷᠢᠨ ᠭᠠᠵᠠᠷ᠂ ᠤᠮᠠᠷᠠᠳᠦ ᠤᠷᠤᠨ ᠤ ᠴᠠᠬᠢᠯᠭᠠᠨ ᠢ | ᠰᠦᠯᠵᠢᠶ᠎ᠡ ᠳᠤ ᠤᠷᠤᠭᠤᠯᠤᠭᠴᠢ ᠶᠢᠨ ᠰᠢᠯᠭᠠᠯᠳᠠ ᠶᠢᠨ ᠲᠠᠯᠠᠪᠠᠢ ᠪᠠᠷ ᠲᠤᠭᠳᠠᠭᠠᠭᠳᠠᠵᠦ᠂ ᠬᠤᠶᠠᠳᠤᠭᠠᠷ ᠲᠦᠷᠦᠯ | ᠤᠨ ᠵᠢᠯᠤᠭᠤᠴᠢ ᠶᠢᠨ ᠰᠤᠷᠭᠠᠭᠤᠯᠢ ᠶᠢᠨ ᠪᠦᠬᠦ ᠬᠢᠴᠢᠶᠡᠯ ᠢ ᠰᠢᠯᠭᠠᠬᠤ ᠬᠢᠷᠢ ᠬᠡᠮ ᠲᠠᠢ᠃ ᠰᠤᠷᠭᠠᠭᠤᠯᠢ ᠨᠢ | ᠰᠤᠷᠭᠠᠭᠤᠯᠢ ᠶᠢᠨ ᠲᠦᠷᠢᠮᠳᠦ ᠵᠢᠭᠠᠨ ᠰᠤᠷᠭᠠᠯᠳᠠ ᠠᠴᠠ ᠭᠠᠳᠠᠨ᠎ᠠ ᠪᠠᠰᠠ ᠰᠢᠯᠢ ᠶᠢᠨ ᠭᠤᠤᠯ ᠠᠶᠢᠮᠠᠭ ᠤᠨ | ᠲᠤᠬᠠᠶᠢᠯᠠᠭᠰᠠᠨ ᠠᠵᠢᠯ ᠮᠡᠷᠭᠡᠵᠢᠯ ᠤᠨ ᠬᠦᠮᠦᠵᠢᠯ ᠪᠤᠯᠪᠠᠰᠤᠷᠠᠯ᠂ ᠮᠠᠯᠵᠢᠬᠤ ᠲᠠᠷᠢᠶᠠᠯᠠᠬᠤ ᠤᠷᠤᠨ ᠤ ᠬᠦᠳᠡᠯᠮᠦᠷᠢ | ᠬᠦᠴᠦ ᠶᠢ ᠰᠢᠯᠵᠢᠬᠦᠯᠦᠨ ᠠᠵᠢᠯ ᠤᠯᠭᠤᠬᠤ ᠬᠦᠮᠦᠵᠢᠯ ᠪᠤᠯᠪᠠᠰᠤᠷᠠᠯ᠂ ᠬᠤᠳᠠ ᠪᠠᠯᠭᠠᠰᠤᠨ ᠤ ᠠᠵᠢᠯ ᠠᠯᠳᠠᠭᠰᠠᠳ | ᠤᠨ ᠲᠠᠬᠢᠨ ᠠᠵᠢᠯ ᠤᠯᠬᠤ ᠮᠡᠷᠭᠡᠵᠢᠯ ᠤᠨ ᠪᠤᠯᠪᠠᠰᠤᠷᠠᠯ᠂ ᠤᠨᠴᠠᠭᠠᠢ ᠲᠦᠷᠦᠯ ᠤᠨ ᠠᠵᠢᠯ ᠤᠨ ᠪᠤᠯᠪᠠᠰᠤᠷᠠᠯ᠂ | ᠠᠶᠤᠯ ᠦᠭᠡᠢ ᠦᠢᠯᠡᠳᠪᠦᠷᠢᠯᠡᠯ ᠤᠨ ᠬᠦᠮᠦᠵᠢᠯ ᠪᠤᠯᠪᠠᠰᠤᠷᠠᠯ ᠵᠡᠷᠭᠡ ᠴᠢᠬᠤᠯᠠ ᠬᠠᠷᠢᠭᠤᠴᠢᠯᠭ᠎ᠠ ᠶᠢ ᠡᠭᠦᠷᠭᠡᠯᠡᠵᠦ | ᠪᠠᠶᠢᠬᠤ ᠪᠠᠷ ᠪᠠᠷᠠᠬᠤ ᠦᠭᠡᠢ ᠬᠦᠳᠡᠯᠮᠦᠷᠢ ᠶᠢᠨ ᠪᠡᠯᠡᠳᠭᠡᠯ ᠬᠦᠴᠦ᠂ ᠲᠤᠬᠠᠶᠢᠯᠠᠭᠰᠠᠨ ᠠᠵᠢᠯ ᠤᠨ ᠮᠡᠷᠭᠡᠵᠢᠯ ᠤᠨ | ᠬᠢᠷᠢ ᠬᠡᠮ ᠢ ᠬᠢᠨᠠᠨ ᠲᠤᠭᠳᠠᠭᠠᠬᠤ ᠵᠡᠷᠭᠡ ᠡᠭᠦᠷᠭᠡ ᠶᠢ ᠡᠭᠦᠷᠭᠡᠯᠡᠵᠦ᠂ ᠰᠢᠯᠢ ᠶᠢᠨ ᠭᠤᠤᠯ ᠠᠶᠢᠮᠠᠭ ᠤᠨ ᠲᠡᠭᠡᠳᠦ | ᠪᠤᠯᠪᠠᠰᠤᠷᠠᠯ ᠲᠠᠢ ᠬᠦᠳᠡᠯᠮᠦᠷᠢᠴᠢᠨ ᠪᠠ ᠲᠡᠭᠡᠳᠦ ᠮᠡᠷᠭᠡᠵᠢᠯ ᠲᠠᠢ ᠴᠢᠳᠠᠪᠦᠷᠢᠳᠠᠨ ᠢ ᠬᠦᠮᠦᠵᠢᠬᠦᠯᠬᠦ ᠰᠠᠭᠤᠷᠢᠨ ᠭᠠᠵᠠᠷ | ᠪᠤᠯᠵᠠᠢ᠃ 2015 ᠤᠨ ᠳᠤ ᠰᠤᠷᠭᠠᠭᠤᠯᠢ ᠨᠢ ᠡᠬᠢ ᠰᠤᠷᠪᠤᠯᠵᠢ ᠶᠢ ᠬᠠᠮᠳᠤᠪᠠᠷ ᠠᠰᠢᠭᠯᠠᠬᠤ᠂ ᠬᠠᠷᠢᠯᠴᠠᠨ | ᠠᠰᠢᠭᠳᠠᠢ ᠬᠠᠷᠢᠯᠴᠠᠨ ᠬᠠᠷᠭᠠᠯᠵᠠᠵᠦ ᠬᠠᠮᠳᠤᠪᠠᠷ ᠬᠦᠭᠵᠢᠬᠦ ᠵᠠᠷᠴᠢᠮ ᠢᠶᠠᠷ ᠪᠤᠯᠪᠠᠰᠤᠷᠠᠯ ᠤᠨ ᠠᠵᠢᠯ ᠢ ᠬᠤᠰᠢᠭᠤ | ᠰᠢᠶᠠᠨ ᠵᠦᠭ ᠰᠤᠩᠭᠠᠬᠤ ᠶᠢ ᠠᠬᠢᠭᠤᠯᠵᠦ ᠪᠦᠬᠦ ᠠᠶᠢᠮᠠᠭ ᠤᠨ ᠲᠤᠬᠠᠶᠢᠯᠠᠭᠰᠠᠨ ᠠᠵᠢᠯ ᠤᠨ ᠮᠡᠷᠭᠡᠵᠢᠯ ᠤᠨ | ᠪᠤᠯᠪᠠᠰᠤᠷᠠᠯ ᠤᠨ ᠲᠤᠤᠷ ᠰᠦᠯᠵᠢᠶ᠎ᠡ ᠶᠢ ᠢᠳᠡᠪᠭᠢᠳᠡᠢ ᠪᠦᠷᠬᠦᠬᠦᠯᠦᠨ᠂ ᠰᠢᠯᠤᠭᠤᠨ ᠬᠦᠪᠡᠭᠡᠳᠦ ᠴᠠᠭᠠᠨ ᠬᠤᠰᠢᠭᠤ᠂ | ᠠᠪᠠᠭ᠎ᠠ ᠬᠤᠰᠢᠭᠤ᠂ ᠵᠡᠬᠦᠨ ᠦᠵᠦᠮᠦᠴᠢᠨ ᠬᠤᠰᠢᠭᠤ᠂ ᠡᠷᠢᠶᠡᠨ ᠬᠤᠳᠠ᠂ ᠰᠢᠯᠢ ᠶᠢᠨ ᠬᠤᠳᠠ᠂ ᠤᠯᠠᠭᠠᠢ᠂ | ᠪᠠᠷᠠᠭᠤᠨ ᠦᠵᠦᠮᠦᠴᠢᠨ ᠬᠤᠰᠢᠭᠤ᠂ ᠲᠤᠯᠤᠨᠨᠠᠭᠤᠷ ᠰᠢᠶᠠᠨ ᠵᠡᠷᠭᠡ ᠭᠠᠵᠠᠷ ᠲᠤ 8 ᠬᠤᠪᠢᠶᠠᠷᠢ ᠰᠤᠷᠭᠠᠭᠤᠯᠢ | ᠪᠠᠶᠢᠭᠤᠯᠵᠠᠢ᠃ 2017 ᠤᠨ ᠳᠤ ᠨᠦᠬᠦᠴᠡᠯ ᠪᠦᠷᠢᠯᠳᠦᠭᠰᠡᠨ ᠬᠤᠰᠢᠭᠤ ᠰᠢᠶᠠᠨ ᠳᠤ ᠬᠤᠪᠢᠶᠠᠷᠢ ᠰᠤᠷᠭᠠᠭᠤᠯᠢ ᠶᠢ | ᠦᠷᠬᠦᠯᠵᠢᠯᠡᠨ ᠪᠠᠶᠢᠭᠤᠯᠵᠦ᠂ 2020 ᠤᠨ ᠪᠤᠯᠬᠤ ᠳᠤ ᠰᠢᠯᠢ ᠶᠢᠨ ᠭᠤᠤᠯ ᠠᠶᠢᠮᠠᠭ ᠤᠨ ᠲᠡᠭᠡᠳᠦ ᠵᠡᠷᠭᠡ ᠶᠢᠨ | ᠮᠡᠷᠭᠡᠵᠢᠯ ᠤᠨ ᠠᠵᠢᠯᠴᠢᠨ ᠤ ᠰᠤᠷᠭᠠᠭᠤᠯᠢ ᠶᠢᠨ ᠰᠠᠭᠤᠷᠢᠨ ᠲᠡᠭᠡᠷ᠎ᠡ ᠮᠠᠰᠲ᠋ᠧᠷ ᠤᠨ ᠲᠡᠭᠡᠳᠦ ᠰᠤᠷᠭᠠᠭᠤᠯᠢ ᠶᠢ | ᠪᠠᠶᠢᠭᠤᠯᠵᠦ᠂ ᠰᠤᠷᠭᠠᠭᠤᠯᠢ ᠳᠤ ᠪᠦᠷᠢᠳᠭᠦᠯᠦᠭᠰᠡᠨ ᠰᠤᠷᠤᠭᠴᠢ ᠶᠢᠨ ᠲᠤᠭ᠎ᠠ ᠶᠢ 4000 ᠳᠤ | ᠲᠤᠭᠳᠠᠪᠤᠷᠢᠵᠢᠬᠦᠯᠦᠨ᠂ ᠡᠯ᠎ᠡ ᠲᠦᠷᠦᠯ ᠤᠨ ᠪᠤᠯᠪᠠᠰᠤᠷᠠᠯ ᠤᠨ ᠬᠦᠮᠦᠨ ᠤ ᠲᠤᠭ᠎ᠠ ᠶᠢ 2 ᠲᠦᠮᠡᠨ ᠬᠦᠮᠦᠨ | ᠤᠳᠠᠭ᠎ᠠ ᠳᠤ ᠬᠦᠷᠭᠡᠵᠦ᠂ ᠲᠡᠭᠦᠰᠭᠦ ᠰᠤᠷᠤᠭᠴᠢ ᠶᠢᠨ ᠨᠤᠷᠮ᠎ᠠ ᠶᠢ 96% ᠪᠠᠷ ᠪᠠᠳᠤᠯᠠᠨ᠂ ᠲᠤᠰᠬᠠᠢ ᠮᠡᠷᠭᠡᠵᠢᠯ | ᠤᠨ ᠭᠤᠤᠯᠳᠠᠯᠠᠭ᠎ᠠ ᠶᠢ ᠲᠤᠪᠤᠶᠢᠯᠭᠠᠨ᠂ ᠲᠠᠪᠳᠠᠨ ᠪᠤᠯᠪᠠᠰᠤᠷᠠᠭᠤᠯᠬᠤ ᠳᠤ ᠠᠯᠬᠤᠮ ᠲᠠᠷᠠᠭ᠎ᠠ ᠲᠠᠢ᠂ ᠰᠤᠷᠭᠠᠭᠤᠯᠢ | ᠡᠷᠭᠢᠯᠡᠬᠦ ᠳᠡᠭᠡᠨ ᠦᠪᠡᠷ ᠤᠨ ᠤᠨᠴᠠᠯᠢᠭ ᠲᠠᠢ ᠤᠳᠤᠬᠢᠴᠢᠯᠠᠭᠰᠠᠨ ᠮᠡᠷᠭᠡᠵᠢᠯ ᠤᠨ ᠰᠤᠷᠭᠠᠨ ᠬᠦᠮᠦᠵᠢᠯ ᠤᠨ | ᠰᠢᠰᠲ᠋ᠧᠮ ᠢ ᠪᠦᠷᠢᠯᠳᠦᠬᠦᠯᠦᠨ᠎ᠡ᠃ |