ᠵᠢᠷᠭᠠᠯᠠᠩᠲᠦ ᠲᠠᠯ᠎ᠠ ᠨᠤᠳᠤᠬ ᠰᠢᠯᠢ ᠶᠢᠨ ᠭᠤᠤᠯ ᠤᠨ ᠨᠠᠭᠠᠳᠤᠮ ᠬᠦᠭᠵᠢᠶᠡᠨ ᠨᠠᠷᠬᠢᠶᠠᠨᠲᠠᠢ ᠶᠠᠪᠤᠬᠳᠠᠵᠦ᠂ | ᠬᠤᠯᠠ ᠤᠢᠢᠷ᠎ᠠ ᠶᠢᠨ ᠨᠠᠭᠠᠳᠤᠮᠴᠢᠳ ᠤᠨ ᠢᠶᠠᠨ ᠰᠡᠳᠬᠢᠯ ᠢ ᠪᠠᠶᠠᠰᠬᠠᠬᠰᠠᠨ ᠰᠠᠶᠢᠬᠠᠨ ᠨᠠᠶᠢᠷ ᠪᠤᠯᠪᠡ᠃ ᠡᠭᠦᠨ ᠳᠤ | ᠡᠷ᠎ᠠ ᠶᠢᠨ ᠭᠤᠷᠪᠠᠨ ᠨᠠᠭᠠᠳᠤᠮ ᠤᠨ ᠨᠢᠭᠡ ᠪᠤᠯᠬᠤ — ᠰᠤᠷ ᠬᠠᠷᠪᠤᠯᠲᠠ ᠶᠢᠨ ᠮᠦᠷᠦ᠋ᠢᠴᠡᠭᠡᠨ ᠨᠢ ᠬᠦᠴᠦᠲᠦ | ᠪᠦᠬᠡ ᠶᠢᠨ ᠪᠠᠷᠢᠯᠳᠤᠭᠠᠨ᠂ ᠬᠤᠷᠳᠤᠨ ᠮᠤᠷᠢᠨ ᠤ ᠤᠷᠤᠯᠳᠤᠭᠠᠨ ᠠᠴᠠ ᠲᠤᠳᠠᠬᠤ ᠦᠬᠡᠢ ᠨᠠᠭᠠᠳᠤᠮᠴᠢᠳ ᠤᠨ | ᠤᠷᠮ᠎ᠠ ᠻᠢ ᠰᠡᠷᠭᠦᠭᠡᠵᠦ ᠬᠠᠷᠠᠭ᠎ᠠ ᠻᠢ ᠪᠠᠶᠠᠰᠬᠠᠨ᠎ᠠ᠃ | ᠲᠤᠰ ᠤᠳᠠᠭᠠᠨ ᠤ ᠰᠤᠷ ᠬᠠᠷᠪᠤᠯᠲᠠ ᠶᠢᠨ ᠤᠷᠤᠯᠳᠤᠭᠠᠨ ᠳᠤ ᠮᠠᠨ ᠤ ᠠᠶᠢᠮᠠᠬ ᠤᠨ ᠡᠯ᠎ᠠ ᠬᠤᠰᠢᠭᠤ ᠪᠤᠯᠤᠨ | ᠬᠦᠬᠡᠬᠤᠲᠠ᠂ ᠠᠯᠠᠱᠠ᠂ ᠪᠠᠶᠠᠨᠨᠠᠭᠤᠷ᠂ ᠬᠦᠯᠦᠨ ᠪᠦᠢᠷ᠂ ᠲᠦᠩᠯᠢᠶᠤᠤ᠂ ᠤᠯᠠᠭᠠᠨᠬᠠᠳᠠ ᠵᠡᠷᠭᠡ ᠠᠶᠢᠮᠠᠬ | ᠬᠤᠲᠠ ᠶᠢᠨ 500 ᠭᠠᠷᠤᠢ ᠰᠤᠷᠴᠢᠨ ᠤᠷᠤᠯᠴᠠᠵᠦ᠂ ᠡᠭᠦᠨ ᠳᠤ ᠡᠷ᠎ᠠ ᠶᠢᠨ ᠭᠤᠷᠪᠠᠨ ᠨᠠᠭᠠᠳᠤᠮ ᠳᠤ 130 | ᠭᠠᠷᠤᠢ ᠲᠠᠮᠢᠷᠴᠢᠨ ᠤᠷᠤᠯᠴᠠᠵᠦ᠂ ᠨᠠᠰᠤᠨ ᠤ ᠬᠢᠵᠠᠭᠠᠷ ᠦᠭᠡᠢ᠂ ᠤᠷᠤᠯᠴᠠᠬᠰᠠᠨ ᠬᠦᠮᠦᠨ ᠤ ᠲᠤᠭ᠎ᠠ ᠪᠠᠷ ᠬᠠᠮᠤᠬ | ᠠᠷᠪᠢᠨ ᠨᠢᠬᠡ ᠤᠳᠠᠭᠠᠨ ᠤ ᠰᠤᠷ ᠬᠠᠷᠪᠤᠯᠲᠠ ᠶᠢᠨ ᠮᠦᠷᠦ᠋ᠢᠴᠡᠭᠡᠨ ᠪᠤᠯᠤᠨ᠎ᠠ᠃ ᠤᠯᠠᠭᠠᠨᠬᠠᠳᠠ ᠬᠤᠲᠠ ᠶᠢᠨ | ᠤᠩᠨᠢᠭᠤᠳ ᠬᠤᠰᠢᠭᠤᠨ ᠤ 65 ᠶᠢᠨ ᠨᠠᠰᠤᠨ ᠰᠡᠭᠦᠳᠡᠷ ᠲᠠᠢ ᠪᠦᠭᠡᠪᠠᠭᠠᠳᠤᠷ ᠨᠠᠰᠤᠲᠡᠨ ᠪᠤᠯ ᠲᠤᠰ ᠤᠳᠠᠭᠠᠨ ᠤ | ᠤᠷᠤᠯᠳᠤᠭᠠᠨ ᠳᠤ ᠤᠷᠤᠯᠴᠠᠬᠰᠠᠳ ᠤᠨ ᠲᠤᠳᠤᠷᠠᠬᠢ ᠬᠠᠮᠤᠬ ᠠᠬᠠᠮᠠᠳ ᠰᠤᠷᠴᠢᠨ ᠪᠤᠯᠬᠤ ᠶᠤᠮ᠃︽ᠮᠠᠨ ᠤ | ᠡᠪᠦᠭᠡ ᠶᠢᠨ ᠦᠶ᠎ᠠ ᠠᠴᠠ ᠡᠬᠢᠯᠡᠵᠦ ᠰᠤᠷ ᠬᠠᠷᠪᠤᠳᠠᠬ᠂ ᠪᠢ ᠦᠪᠡᠷ ᠢᠶᠠᠨ ᠲᠤᠰᠬᠠᠢᠢᠯᠠᠨ ᠰᠢᠯᠢ ᠶᠢᠨ ᠭᠤᠤᠯ ᠠᠴᠠ | ᠨᠤᠮᠤ ᠬᠤᠳᠠᠯᠳᠤᠨ ᠠᠪᠴᠤ ᠪᠤᠯᠪᠠᠰᠤᠷᠠᠭᠠᠳ ᠲᠤᠰ ᠤᠷᠤᠯᠳᠤᠭᠠᠨ ᠳᠤ ᠤᠷᠤᠯᠴᠠᠵᠦ ᠪᠠᠶᠢᠨ᠎ᠠ᠃ ᠭᠤᠤᠯ ᠨᠢ ᠦᠷ᠎ᠡ | ᠬᠤᠶᠢᠴᠢᠰ ᠲᠠᠭᠠᠨ ᠮᠠᠨ ᠤ ᠮᠤᠩᠭᠤᠯ ᠦᠨᠳᠦᠰᠦᠲᠡᠨ ᠤ ᠤᠯᠠᠮᠵᠢᠯᠠᠯᠲᠦ ᠲᠠᠮᠢᠷ ᠢ ᠮᠡᠳᠡᠭᠦᠯᠵᠦ ᠤᠢᠢᠯᠠᠭᠠᠭᠤᠯᠬᠤ ᠶᠢᠨ | ᠲᠦᠯᠦᠭᠡ ᠶᠤᠮ︾ᠭᠡᠵᠦ ᠶᠠᠷᠢᠨ᠎ᠠ᠃ | ᠮᠠᠨ ᠤ ᠠᠶᠢᠮᠠᠬ ᠠᠩᠬ᠎ᠠ ᠤᠳᠠᠭ᠎ᠠ ᠨᠢᠭᠡ ᠲᠠᠮᠢᠷᠴᠢᠨ ᠡᠷ᠎ᠠ ᠶᠢᠨ ᠭᠤᠷᠪᠠᠨ ᠨᠠᠭᠠᠳᠤᠮ ᠤᠨ ᠪᠦᠬᠦ ᠲᠦᠷᠦᠯ | ᠵᠦᠢᠯ ᠳᠤ ᠤᠷᠤᠯᠴᠠᠵᠦ ᠶᠡᠷᠦᠩᠬᠡᠢ ᠬᠤᠪᠢ ᠪᠤᠳᠤᠬᠤ ᠲᠦᠷᠢᠮ ᠢ ᠬᠡᠷᠡᠭᠵᠢᠭᠦᠯᠵᠦ᠂ ᠤᠯᠠᠮᠵᠢᠯᠠᠯᠲᠦ ᠡᠪᠡᠷ ᠨᠤᠮᠦ ᠪᠠᠷ | ᠰᠠᠷᠠᠨ ᠫᠠᠢ ᠬᠠᠷᠪᠤᠬᠤ ᠬᠡᠯᠪᠡᠷᠢ ᠪᠠᠷ ᠶᠠᠪᠤᠬᠳᠠᠬᠰᠠᠨ ᠨᠢ ᠰᠤᠷ ᠬᠠᠷᠪᠤᠯᠲᠠ ᠶᠢᠨ ᠤᠷᠤᠯᠳᠤᠭᠠᠨ ᠤ ᠪᠠᠰᠠ ᠨᠢᠭᠡᠨ | ᠲᠤᠪᠤᠶᠢᠮ᠎ᠠ ᠤᠨᠴᠠᠯᠢᠬ ᠪᠤᠯᠵᠦ᠂ ᠡᠨᠡ ᠨᠢ ᠲᠠᠮᠢᠷᠴᠢᠨ ᠤ ᠡᠷ᠎ᠠ ᠶᠢᠨ ᠭᠤᠷᠪᠠᠨ ᠨᠠᠭᠠᠳᠤᠮ ᠤᠨ ᠪᠦᠬᠦ ᠲᠦᠷᠦᠯ ᠳᠤ | ᠪᠤᠯᠪᠠᠰᠤᠷᠠᠩᠭᠤᠢ ᠮᠡᠷᠭᠡᠰᠢᠭᠰᠡᠨ ᠪᠠᠶᠢᠬᠤ ᠻᠢ ᠱᠠᠭᠠᠷᠳᠠᠵᠦ᠂ ᠦᠨᠳᠦᠰᠦᠲᠡᠨ ᠤ ᠲᠡᠮᠢᠷ ᠤᠨ ᠦᠢᠯᠡᠰ ᠢ ᠤᠯᠠᠮᠵᠢᠯᠠᠨ | ᠬᠦᠭᠵᠢᠬᠦᠯᠬᠦ ᠳᠤ ᠠᠰᠢᠬᠲᠠᠢ ᠶᠤᠮ᠃︽ᠠᠩᠬ᠎ᠠ ᠤᠳᠠᠭ᠎ᠠ ᠡᠷ᠎ᠠ ᠶᠢᠨ ᠭᠤᠷᠪᠠᠨ ᠨᠠᠭᠠᠳᠤᠮ ᠤᠨ ᠬᠡᠯᠪᠡᠷᠢ ᠪᠠᠷ | ᠤᠷᠤᠯᠳᠤᠭᠠᠨ ᠳᠤ ᠤᠷᠤᠯᠴᠠᠵᠦ ᠪᠠᠶᠢᠨ᠎ᠠ᠂ ᠡᠨᠡ ᠨᠢ ᠳᠡᠭᠡᠲᠦ ᠦᠶ᠎ᠡ ᠶᠢᠨ ᠤᠯᠠᠮᠵᠢᠯᠠᠯᠲᠦ ᠨᠠᠭᠠᠳᠤᠮ ᠢ ᠦᠷᠭᠦᠯᠵᠢᠯᠡᠨ | ᠬᠦᠭᠵᠢᠭᠦᠯᠬᠦ ᠳᠤ ᠠᠰᠢᠬᠲᠠᠢ︾ᠭᠡᠵᠦ ᠠᠪᠤᠷᠭᠤ ᠨᠠᠰᠤᠨᠴᠤᠬᠲᠦ ᠬᠡᠯᠡᠪᠡ᠃ | ᠬᠤᠷᠴᠠ ᠰᠢᠷᠤᠭᠦᠨ ᠰᠤᠷ ᠬᠠᠷᠪᠤᠯᠲᠠ ᠶᠢᠨ ᠮᠦᠷᠦ᠋ᠢᠴᠡᠭᠡᠨ ᠨᠠᠭᠠᠳᠤᠮᠴᠢᠳ ᠢᠶᠠᠨ ᠪᠠᠶᠠᠰᠬᠠᠬᠰᠠᠨ ᠮᠦᠷᠲᠡᠭᠡᠨ | ᠮᠤᠩᠭᠤᠯ ᠨᠤᠳᠤᠬ ᠤᠨ ᠡᠯ᠎ᠠ ᠭᠠᠵᠠᠷ ᠠᠴᠠ ᠬᠦᠷᠦᠯᠴᠡᠨ ᠢᠷᠡᠭᠰᠡᠨ ᠰᠤᠷᠴᠢᠳ ᠲᠠᠭᠠᠨ ᠮᠠᠰᠢ ᠰᠠᠶᠢᠨ ᠰᠤᠶᠤᠯ ᠤᠨ | ᠰᠤᠯᠢᠯᠴᠠᠭ᠎ᠠ ᠪᠠ ᠮᠡᠷᠭᠡᠵᠢᠯ ᠤᠨ ᠰᠤᠯᠢᠯᠴᠠᠭᠠᠨ ᠤ ᠳᠡᠪᠴᠠᠩ ᠢ ᠬᠠᠩᠭᠠᠵᠡᠢ᠃ ᠤᠷᠤᠯᠳᠤᠭᠠᠨ ᠤ ᠳᠠᠰᠢᠷᠠᠮ ᠢᠶᠠᠷ | ᠰᠤᠷᠴᠢᠳ ᠬᠤᠭᠤᠷᠤᠨᠲᠦ ᠪᠠᠨ ᠦᠪᠡᠷ ᠦᠪᠡᠷ ᠤᠨ ᠬᠢᠭᠰᠡᠨ ᠰᠤᠮᠤ ᠪᠠᠨ ᠠᠳᠠᠯᠢᠳᠬᠠᠨ ᠰᠤᠯᠢᠵᠦ᠂ ᠶᠠᠷᠢᠯᠴᠠᠨ | ᠰᠢᠨᠵᠢᠵᠦ᠂ ᠰᠤᠶᠤᠯ ᠤᠨ ᠰᠤᠯᠢᠯᠴᠠᠭ᠎ᠠ ᠬᠢᠴᠡᠬᠡᠨᠠ᠃ ᠬᠦᠯᠦᠨ ᠪᠤᠶᠢᠷ ᠨᠤᠳᠤᠬ ᠲᠠᠢ ᠮᠠᠨᠳᠠᠯᠲᠦ︽ᠮᠠᠨ ᠤ ᠬᠦᠯᠦᠨ | ᠪᠦᠢᠷ ᠲᠤ ᠪᠠᠷᠭᠤ ᠲᠦᠩᠬᠡ ᠪᠤᠯᠤᠨ ᠪᠦᠷᠢᠶᠠᠳ ᠪᠦᠯᠦᠩ ᠭᠡᠵᠦ ᠬᠤᠶᠠᠷ ᠶᠠᠩᠵᠦ ᠶᠢᠨ ᠫᠠᠢ ᠻᠢ ᠬᠠᠷᠪᠤᠳᠠᠬ᠂ ᠪᠢᠳᠠ | ᠤᠷᠤᠯᠳᠤᠭᠠᠨ ᠳᠤ ᠤᠷᠤᠯᠴᠠᠬᠤ ᠠᠴᠠ ᠨᠢᠭᠡ ᠰᠠᠷ᠎ᠠ ᠶᠢᠨ ᠡᠮᠦᠨ᠎ᠡ ᠠᠴᠠ ᠡᠬᠢᠯᠡᠵᠦ ᠰᠠᠷᠠᠨ ᠫᠠᠢ ᠻᠢ ᠬᠠᠷᠪᠤᠵᠦ | ᠪᠤᠯᠪᠠᠰᠤᠷᠠᠵᠡᠢ᠃ ᠨᠡᠶᠢᠭᠡᠮᠯᠢᠭ ᠲᠠᠢ ᠪᠠᠨ ᠶᠠᠷᠢᠯᠴᠠᠵᠦ ᠪᠠᠶᠢᠭᠠᠳ ᠬᠤᠶᠢᠰᠢᠳᠠ ᠡᠪᠡᠷ ᠨᠤᠮᠤ ᠪᠠᠷ ᠰᠠᠷᠠᠨ ᠫᠠᠢ | ᠬᠠᠷᠪᠤᠬᠤ ᠻᠢ ᠲᠦᠭᠡᠮᠡᠯᠵᠢᠭᠦᠯᠬᠦ ᠰᠠᠨᠠᠭ᠎ᠠ ᠲᠠᠢ ᠪᠠᠶᠢᠨ᠎ᠠ︾ᠭᠡᠵᠦ ᠲᠡᠷᠡ ᠶᠠᠷᠢᠨ᠎ᠠ᠃ ︽ᠰᠦᠷᠴᠢᠨ ᠤ ᠦᠯᠦᠭᠡᠢ︾ | ᠭᠡᠮᠡᠨ ᠠᠯᠳᠠᠷᠰᠢᠬᠰᠠᠨ ᠤᠯᠠᠭᠠᠨᠬᠠᠳᠠ ᠬᠤᠳᠠ ᠶᠢᠨ ᠪᠠᠭᠠᠷᠢᠨ ᠨᠤᠳᠤᠬ ᠲᠤ ᠡᠷᠳᠡ ᠳᠡᠭᠡᠲᠦ ᠠᠴᠠ ᠪᠠᠨ ᠡᠷᠡᠬᠡᠢ | ᠮᠡᠷᠭᠡᠨ ᠬᠠᠷᠪᠤᠭᠠᠴᠢ ᠴᠤᠯᠭᠤᠷᠠᠨ ᠭᠠᠷᠳᠠᠬ᠂ ᠡᠨᠡ ᠤᠳᠠᠭᠠᠨ ᠤ ᠶᠡᠭᠡ ᠨᠠᠶᠢᠷ ᠤᠨ ᠰᠤᠷ ᠬᠠᠷᠪᠤᠯᠲᠠ ᠶᠢᠨ | ᠤᠷᠤᠯᠳᠤᠭᠠᠨ ᠤ ᠲᠡᠷᠢᠭᠦᠨ ᠨᠡᠢᠮᠡᠨ ᠨᠠᠷᠡᠰ ᠤᠨ 7 ᠨᠢ ᠪᠠᠭᠠᠷᠢᠨ ᠨᠤᠳᠤᠬ ᠤᠨ ᠰᠤᠷᠴᠢᠳ ᠪᠠᠶᠢᠵᠦ᠂ ᠨᠤᠳᠤᠬ ᠤᠨ | ᠠᠯᠳᠠᠷ ᠡᠷᠭᠦᠭᠰᠡᠨ ᠰᠠᠶᠢᠬᠠᠨ ᠴᠢᠮᠡᠭᠡ ᠨᠠᠶᠢᠷ ᠤᠨ ᠲᠡᠯᠡᠪᠡᠢ ᠳᠤ ᠲᠤᠭᠤᠯᠤᠬᠳᠠᠯᠠ᠃ | ᠳᠠᠶᠠᠩ ᠶᠡᠭᠡ ᠨᠠᠶᠢᠷ ᠤᠨ ᠰᠤᠷ ᠬᠠᠷᠪᠤᠯᠲᠠ ᠶᠢᠨ ᠤᠷᠤᠯᠳᠤᠭᠠᠨ ᠨᠠᠭᠠᠳᠤᠮᠴᠢᠳ ᠢᠶᠠᠨ ᠮᠠᠩᠨᠠᠢ ᠳᠡᠨᠡᠶᠢᠯᠭᠡᠨ | ᠪᠠᠶᠠᠰᠬᠠᠬᠰᠠᠨ ᠪᠤᠯᠪᠠᠴᠤ ᠪᠠᠰᠠ ᠪᠠᠭ᠎ᠠ ᠰᠠᠭ᠎ᠠ ᠬᠠᠷᠠᠮᠰᠠᠯᠲᠠᠢ ᠵᠦᠢᠯ ᠬᠠᠷᠠᠬᠳᠠᠵᠦ ᠪᠤᠢ᠃ ᠮᠠᠨ ᠤ ᠠᠶᠢᠮᠠᠬ ᠠᠩᠬ᠎ᠠ | ᠤᠳᠠᠭ᠎ᠠ ᠨᠢᠭᠡ ᠬᠦᠮᠦᠨ ᠤᠯᠠᠮᠵᠢᠯᠠᠯᠲᠦ ᠡᠷ᠎ᠡ ᠶᠢᠨ ᠭᠤᠷᠪᠠᠨ ᠨᠠᠭᠠᠳᠤᠮ ᠳᠤ ᠤᠷᠤᠯᠴᠠᠭᠤᠯᠤᠬᠰᠠᠨ ᠪᠤᠯᠬᠤᠷ ᠤᠯᠠᠩᠬᠢ | ᠪᠦᠬᠡᠴᠢᠳ ᠤᠤᠯ ᠨᠢ ᠰᠤᠷ ᠬᠠᠷᠪᠤᠬᠤ ᠤᠷᠤᠯᠳᠤᠭᠠᠨ ᠳᠤ ᠤᠷᠤᠯᠴᠠᠵᠦ ᠦᠩᠬᠡᠷᠡᠭᠡ ᠦᠭᠡᠢ᠂ ᠰᠤᠷ ᠬᠠᠷᠪᠤᠬᠤ | ᠤᠷ᠎ᠠ ᠳᠡᠮ ᠪᠤᠯᠤᠨ ᠰᠡᠯᠬᠢᠨ ᠤ ᠬᠦᠴᠦᠨ ᠢ ᠡᠵᠡᠮᠳᠡᠬᠦ ᠲᠠᠯ᠎ᠠ ᠪᠠᠷ ᠠᠨᠠᠢ ᠠᠴᠠ ᠪᠤᠯᠵᠦ᠂ ᠶᠡᠷᠦᠩᠬᠡᠢ ᠬᠤᠪᠢ ᠻᠢ | ᠨᠦᠯᠦᠭᠡᠯᠡᠪᠠ; ᠪᠠᠰᠠ ᠤᠷᠤᠯᠳᠤᠭᠠᠨ ᠤ ᠨᠤᠮᠤ ᠰᠤᠮᠤ ᠵᠡᠷᠭᠡ ᠪᠠᠭᠠᠵᠢ ᠬᠡᠷᠡᠭᠰᠡᠯ ᠨᠢ ᠭᠠᠵᠠᠷ ᠭᠠᠵᠠᠷ ᠤᠨ ᠪᠠᠶᠢᠵᠦ | ᠨᠢᠭᠡᠳᠴᠦ ᠲᠡᠶᠢᠯᠦᠭᠰᠡᠨ ᠦᠭᠡᠢ ᠪᠠᠶᠢᠳᠠᠯ ᠲᠠᠢ᠃ ᠬᠤᠶᠢᠰᠢᠳᠠ ᠶᠢᠨ ᠤᠷᠤᠯᠳᠤᠭᠠᠨ ᠳᠤ ᠤᠷᠤᠯᠳᠤᠭᠠᠨ ᠤ ᠨᠤᠮᠤ | ᠰᠤᠮᠤ ᠪᠤᠯᠤᠨ ᠫᠠᠢ ᠵᠡᠷᠭᠡ ᠪᠠᠭᠠᠵᠢ ᠬᠡᠷᠡᠭᠰᠡᠯ ᠢ ᠨᠢᠭᠡᠳᠬᠡᠨ ᠲᠦᠷᠢᠮᠵᠢᠭᠦᠯᠵᠦ᠂ ᠤᠯᠠᠮᠵᠢᠯᠠᠯᠲᠦ ᠰᠤᠷ ᠬᠠᠷᠪᠤᠯᠲᠠ ᠻᠢ | ᠬᠦᠮᠦᠰ ᠤᠨ ᠲᠤᠮᠳᠠ ᠲᠦᠭᠡᠮᠡᠯᠵᠢᠭᠦᠯᠵᠦ᠂ ᠰᠤᠷ ᠬᠠᠷᠪᠤᠯᠲᠠ ᠶᠢᠨ ᠰᠤᠶᠤᠯ᠂ ᠮᠡᠷᠭᠡᠵᠢᠯ ᠤᠨ ᠲᠠᠯ᠎ᠠ ᠪᠠᠷ ᠬᠢ | ᠶᠠᠷᠢᠯᠴᠠᠭ᠎ᠠ ᠰᠤᠯᠢᠯᠴᠠᠭᠠᠨ ᠤ ᠠᠵᠢᠯᠯᠠᠭ᠎ᠠ ᠻᠢ ᠢᠳᠡᠪᠬᠢᠲᠠᠢ ᠦᠷᠨᠢᠭᠦᠯᠵᠦ᠂ ᠤᠯᠠᠮᠵᠢᠯᠠᠯᠲᠦ ᠰᠤᠷ ᠬᠠᠷᠪᠤᠯᠲᠠ ᠻᠢ | ᠦᠪᠯᠡᠨ ᠬᠠᠮᠠᠭᠠᠯᠠᠬᠤ ᠠᠵᠢᠯ ᠢ ᠰᠠᠶᠢᠳᠦᠷ ᠦᠷᠨᠢᠬᠦᠯᠬᠦ ᠴᠢᠬᠤᠯᠠᠳᠠᠢ ᠪᠤᠯᠤᠭᠠᠳ ᠪᠠᠶᠢᠨ᠎ᠠ᠃ |