ᠲᠦᠮᠡᠨ ᠦᠶ᠎ᠡ ᠶᠢᠨ ᠲᠡᠦᠬᠡᠲᠦ ᠮᠣᠩᠭᠤᠯ ᠪᠥᠬᠡ
ᠨᠡᠶᠢᠲᠡᠯᠡᠭᠰᠡᠨ ᠴᠠᠭ᠄
2016/7/22
  ᠮᠣᠩᠭᠤᠯ ᠤᠯᠤᠰ ᠤᠨ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠶᠢᠳᠠᠯ ᠤᠨ ᠪᠡᠯᠭᠡᠳᠡᠯ ᠪᠣᠯᠣᠭᠰᠠᠨ  ᠦᠨᠳᠦᠰᠦᠨ ᠤ ᠤᠯᠠᠮᠵᠢᠯᠠᠯᠲᠤ ᠶᠡᠭᠡ ᠪᠠᠶᠠᠷ ᠨᠠᠭᠠᠳᠤᠮ ᠣᠶᠢᠷᠠᠲᠤᠵᠤ᠂ ᠮᠣᠩᠭᠤᠯᠴᠤᠳ ᠬᠤᠷᠤᠭᠤ ᠳᠠᠷᠤᠨ ᠬᠦᠯᠢᠶᠡᠵᠦ  ᠪᠠᠶᠢᠨ᠎ᠠ᠃ ᠡᠷ᠎ᠡ ᠶᠢᠨ ᠭᠤᠷᠪᠠᠨ ᠨᠠᠭᠠᠳᠤᠮ ᠢᠶᠠᠷ ᠬᠡᠳᠦᠨ ᠡᠳᠦᠷ ᠤᠨ ᠲᠤᠷᠰᠢ ᠰᠢᠷᠳᠡᠭ ᠤᠨ ᠳᠡᠨᠵᠢ ᠶᠢ ᠬᠤᠳᠤᠶᠢᠳᠠᠯ᠎ᠠ᠂  ᠰᠢᠨᠡᠬᠡᠨ ᠳᠡᠪᠡᠯ ᠢᠶᠠᠨ ᠭᠠᠩᠳᠠᠲᠠᠯ᠎ᠠ ᠨᠠᠭᠠᠳᠳᠠᠭ ᠮᠣᠩᠭᠤᠯ ᠲᠦᠮᠡᠨ ᠤ ᠡᠨᠡ ᠶᠡᠭᠡ ᠪᠠᠶᠠᠷ ᠴᠡᠩᠭᠡᠯ  ᠨᠢ ᠠᠰᠤᠷᠤ ᠶᠡᠭᠡ ᠴᠠᠭ  ᠬᠤᠭᠤᠴᠠᠭ᠎ᠠ᠂ ᠣᠷᠣᠨ ᠵᠠᠢ ᠶᠢ ᠲᠤᠭᠤᠯᠤᠨ ᠢᠷᠠᠵᠠᠢ᠃   ᠳᠤᠮᠲᠠᠭᠤᠪᠢ ᠠᠶᠢᠮᠠᠭ ᠤᠨ ᠥᠯᠵᠡᠶᠢᠲᠦ ᠰᠤᠮᠤ ᠶᠢᠨ ᠨᠤᠲᠤᠭ ᠲᠠᠬᠢ ᠳᠡᠯ ᠬᠥᠨᠵᠢᠯᠡ ᠶᠢᠨ ᠠᠭᠤᠯᠠ ᠶᠢᠨ ᠡᠯᠢᠭᠡᠨ  ᠬᠠᠳᠠᠨ ᠳᠤ ᠪᠠᠷᠢᠯᠳᠤᠵᠤ ᠪᠤᠢ ᠬᠤᠶᠠᠷ ᠬᠥᠮᠥᠨ ᠤ ᠵᠢᠷᠤᠭ ᠪᠠᠶᠢᠳᠠᠭ᠃ ᠡᠨᠡ ᠬᠤᠶᠠᠷ ᠬᠥᠮᠥᠨ ᠨᠢ ᠬᠤᠶᠠᠭᠤᠯᠠ ᠪᠠᠨ  ᠴᠢᠷᠠᠮᠠᠨ ᠨᠢᠴᠦᠭᠦᠨ ᠪᠥᠭᠡᠳ ᠨᠢᠭᠡ ᠨᠢ ᠲᠣᠯᠣᠭᠠᠢ ᠳᠡᠭᠡᠷ᠎ᠡ ᠪᠠᠨ ᠦᠰᠦ ᠪᠠᠨ ᠣᠪᠣᠭᠠᠯᠠᠨ ᠪᠣᠭᠤᠵᠠᠢ᠃ ᠲᠡᠳᠡᠨ ᠤ  ᠪᠠᠷᠠᠭᠤᠨ ᠳᠡᠭᠡᠳᠦ ᠲᠠᠯ᠎ᠠ ᠳᠤ ᠣᠯᠠᠨ ᠬᠥᠮᠥᠨ ᠢ ᠵᠢᠵᠢᠭ ᠢᠶᠠᠷ ᠳᠦᠷᠰᠦᠯᠡᠭᠰᠡᠨ ᠪᠠᠶᠢᠳᠠᠭ ᠪᠥᠭᠡᠳ ᠤᠭ ᠵᠢᠷᠤᠭ ᠨᠢ  ᠬᠦᠷᠡᠯ ᠤᠨ ᠦᠶ᠎ᠡ ᠶᠢᠨ ᠳᠤᠷᠠᠰᠬᠠᠯ ᠳᠤ ᠪᠤᠶᠤ ᠣᠳᠣ ᠠᠴᠠ 7000 — 11000 ᠵᠢᠯ ᠤᠨ ᠡᠮᠦᠨᠡᠬᠢ ᠦᠶ᠎ᠡ ᠳᠤ  ᠬᠠᠮᠢᠶᠠᠷᠳᠠᠭ ᠭᠡᠵᠦ ᠦᠵᠡᠵᠡᠢ᠃ ᠲᠡᠭᠡᠬᠦ ᠪᠠᠷ ᠪᠠᠭ᠎ᠠ ᠪᠠᠷ 7000 ᠵᠢᠯ ᠤᠨ ᠡᠮᠦᠨ᠎ᠡ ᠮᠣᠩᠭᠤᠯ ᠪᠥᠬᠡ ᠪᠠᠶᠢᠭᠰᠠᠨ ᠭᠡᠰᠡᠨ  ᠦᠭᠡ ᠶᠤᠮ᠃ ᠬᠡᠳᠦᠶᠢᠪᠡᠷ ᠬᠦᠷᠡᠯ ᠤᠨ ᠡᠮᠦᠨᠡᠬᠢ ᠴᠠᠭ ᠦᠶ᠎ᠡ ᠳᠤ ᠬᠠᠮᠢᠶᠠᠷᠤᠨ᠎ᠠ ᠭᠡᠵᠦ ᠡᠷᠳᠡᠮᠲᠡᠳ ᠦᠵᠡᠭᠰᠡᠨ ᠴᠤ  ᠭᠡᠰᠡᠨ ᠪᠠᠷᠢᠯᠳᠤᠵᠤ ᠪᠤᠢ ᠬᠤᠶᠠᠷ ᠬᠥᠮᠥᠨ ᠨᠢ ᠴᠢᠷᠠᠮᠠᠨ ᠨᠢᠴᠦᠭᠦᠨ ᠪᠠᠶᠢᠭ᠎ᠠ ᠶᠢ ᠦᠵᠡᠪᠡᠯ ᠬᠥᠮᠥᠨ ᠲᠥᠷᠥᠯᠬᠢᠲᠡᠨ ᠪᠡᠶ᠎ᠡ  ᠡᠷᠬᠡᠲᠡᠨ ᠬᠠᠭᠠᠵᠤ ᠬᠠᠮᠠᠭᠠᠯᠠᠬᠤ ᠪᠣᠯᠣᠭᠰᠠᠨ ᠲᠡᠷᠡ ᠴᠠᠭ ᠦᠶ᠎ᠡ ᠠᠴᠠ ᠡᠮᠦᠨᠡᠬᠢ ᠦᠶ᠎ᠡ ᠶᠢᠨ ᠬᠢ ᠪᠠᠶᠢᠵᠤ ᠪᠣᠯᠬᠤ ᠠᠵᠢ  ᠃ ᠪᠥᠬᠡ ᠭᠡᠳᠡᠭ ᠨᠡᠷ᠎ᠡ ᠲᠣᠮᠢᠶ᠎ᠠ ᠨᠢ ᠳᠣᠷᠣᠨᠠᠲᠤ ᠠᠽᠢᠶ᠎ᠠ ᠶᠢᠨ ᠮᠣᠩᠭᠤᠯ ᠬᠠᠮᠨᠢᠭᠠᠨ ᠠᠶᠢᠮᠠᠭ ᠤᠨ ᠬᠢᠨ ᠡᠵᠡᠨ ᠢᠶᠠᠨ ᠮᠤᠹᠤ  ᠂ ᠮᠤᠵᠧ ᠭᠡᠳᠡᠭ ᠪᠠᠶᠢᠭᠰᠠᠨ ᠨᠡᠷ᠎ᠡ ᠲᠠᠢ ᠬᠤᠯᠪᠣᠭᠠᠲᠠᠢ ᠭᠡᠵᠦ ᠦᠵᠡᠳᠡᠭ᠃ ᠲᠡᠷᠡ ᠬᠦ ᠮᠤᠹᠤ᠂ ᠮᠤᠵᠧ ᠭᠡᠰᠡᠨ ᠦᠭᠡ ᠶᠢ  ᠮᠣᠩᠭᠤᠯ ᠤᠨ ᠪᠥᠬᠡ ᠭᠡᠰᠡᠨ ᠦᠭᠡᠨ ᠤ ︽ᠪ᠊︾᠂ ︽ᠮ᠊︾ ᠪᠣᠯᠣᠨ ᠬᠤᠪᠢᠷᠠᠭᠰᠠᠨ ᠦᠭᠡ ᠮᠥᠨ ᠭᠡᠵᠦ ᠲᠠᠭᠠᠮᠠᠭᠯᠠᠭᠰᠠᠨ  ᠪᠠᠶᠢᠨ᠎ᠠ᠃ ᠡᠨᠡ ᠨᠡᠷ᠎ᠡ ᠶᠢᠨ ᠡᠮᠦᠨ᠎ᠡ ᠬᠤᠶᠢᠨ᠎ᠠ ᠨᠢ ᠦᠭᠡ ᠵᠠᠯᠭᠠᠵᠤ ᠶᠡᠭᠡ᠂ ᠪᠠᠭ᠎ᠠ ᠶᠠᠩᠵᠤ ᠪᠦᠷᠢ ᠶᠢᠨ ᠴᠣᠯᠠ ᠪᠣᠯᠭᠠᠳᠠᠭ  ᠪᠠᠶᠢᠭᠰᠠᠨ ᠪᠣᠯᠣᠯᠲᠠᠢ᠃ ᠲᠠᠪᠤᠳᠤᠭᠠᠷ ᠵᠠᠭᠤᠨ ᠤ ᠦᠶ᠎ᠡ ᠳᠤ ᠺᠢᠳᠫᠠᠨ ᠠᠶᠢᠮᠠᠭ ᠤᠨ ᠲᠡᠷᠢᠭᠦᠨ ᠤ ᠮᠤᠹᠦᠭᠡ᠂  ᠵᠢᠷᠭᠤᠳᠤᠭᠠᠷ ᠵᠠᠭᠤᠨ ᠤ ᠦᠶ᠎ᠡ ᠳᠤ ᠮᠥᠨ ᠬᠢᠳᠠᠨ ᠠᠶᠢᠮᠠᠭ ᠲᠤ ᠮᠤᠭᠹᠤ᠂ ᠮᠣᠩᠭᠤᠯ ᠠᠶᠢᠮᠠᠭ ᠲᠤ ᠮᠤᠹᠤ ᠭᠡᠵᠦ ᠲᠤᠰ ᠲᠤᠰ  ᠨᠡᠷᠡᠯᠡᠵᠦ ᠶᠠᠪᠤᠭᠰᠠᠭᠠᠷ 11 — 13 ᠵᠠᠭᠤᠨ ᠤ ᠦᠶ᠎ᠡ ᠳᠤ ᠪᠦᠬᠡ᠂ 20 ᠳ᠋ᠤᠭᠠᠷ ᠵᠠᠭᠤᠨ ᠤ ᠦᠶ᠎ᠡ ᠳᠤ ᠣᠷᠴᠢᠨ  ᠦᠶ᠎ᠡ ᠶᠢᠨ ᠮᠣᠩᠭᠤᠯᠴᠤᠳ ᠪᠠᠷᠢᠯᠳᠤᠳᠠᠭ ᠪᠥᠬᠡ ᠪᠣᠯᠵᠠᠢ᠃   ᠮᠣᠩᠭᠤᠯ ᠪᠥᠬᠡ ᠵᠢᠨ‌ᠡᠭᠦᠰᠦᠯ ᠭᠠᠷᠤᠯ ᠨᠢ ᠴᠡᠷᠢᠭ ᠳᠠᠶᠢᠨ ᠤ ᠦᠢᠯᠡ ᠬᠡᠷᠡᠭᠲᠡᠢ ᠰᠠᠯᠤᠰᠢ ᠦᠭᠡᠢ ᠨᠢᠭᠲᠠ  ᠬᠤᠯᠪᠣᠭᠠᠲᠠᠢ ᠶᠤᠮ᠃ ᠡᠷᠲᠡᠨ ᠤ ᠮᠣᠩᠭᠤᠯ ᠣᠪᠣᠭ ᠠᠶᠢᠮᠠᠭ ᠪᠦᠷ ᠡᠷᠡᠮᠡᠭᠡᠢ ᠵᠣᠷᠢᠭ᠂ ᠡᠷ᠎ᠡ ᠴᠢᠳᠠᠯ᠂ ᠠᠪᠬᠠᠯᠵᠢ  ᠰᠠᠮᠪᠠᠭ᠎ᠠ ᠲᠠᠢ ᠡᠷᠢᠭᠰᠡᠭᠡᠷ ᠥᠪᠡᠷ ᠤᠨ ᠴᠡᠷᠢᠭ ᠢ ᠪᠠᠶᠢᠭᠤᠯᠵᠤ᠂ ᠲᠡᠭᠦᠨ ᠢ ᠪᠠᠨ ︽ᠳᠤᠷᠬᠠᠭ︾᠂ ︽ᠬᠡᠪᠲᠡᠭᠦᠯ︾᠂ ︽ ᠪᠠᠭᠠᠲᠤᠷ ᠤᠳ︾ ᠭᠡᠬᠦ ᠵᠡᠷᠭᠡ ᠣᠨᠴᠠᠯᠢᠭ ᠰᠢᠨᠵᠢ ᠪᠠᠷ ᠨᠢ ᠠᠩᠭᠢᠯᠠᠨ ᠨᠡᠷᠡᠯᠡᠳᠡᠭ ᠪᠠᠶᠢᠪᠠ᠃ ᠣᠪᠣᠭ ᠠᠶᠢᠮᠠᠭ ᠤᠨ  ᠲᠣᠯᠣᠭᠠᠶᠢᠯᠠᠭᠴᠢᠳ ᠨᠢ ᠲᠡᠳᠡᠨ ᠤ ᠬᠦᠴᠦ᠂ ᠪᠢᠷ᠎ᠠ᠂ ᠬᠥᠳᠡᠯᠭᠡᠭᠡᠨ ᠢ ᠪᠠᠷᠢᠯᠳᠤᠭᠠᠨ ᠢᠶᠠᠷ᠂ ᠨᠢᠳᠦᠨ ᠤ ᠬᠤᠷᠴᠠ᠂  ᠭᠠᠷ ᠤᠨ ᠪᠠᠷᠢᠮᠵᠢᠶ᠎ᠠ ᠵᠠᠳᠠ ᠰᠢᠳᠡᠯᠲᠡ ᠰᠤᠷ ᠬᠠᠷᠪᠤᠯᠳᠠ ᠪᠠᠷ᠂ ᠡᠴᠡᠵᠦ ᠴᠤᠴᠠᠬᠤ ᠦᠬᠡᠢ ᠡᠮᠨᠢᠭ ᠬᠠᠩᠭᠠᠯ ᠰᠤᠷᠭᠠᠯᠲᠠ᠂  ᠮᠣᠷᠢᠨ ᠤᠷᠤᠯᠳᠤᠭᠠᠨ ᠢᠶᠠᠷ ᠰᠤᠷᠭᠠᠵᠤ᠂ ᠲᠡᠳᠡᠨ ᠢ ᠨᠡᠶᠢᠲᠡ ᠶᠢᠨ ᠡᠮᠦᠨ᠎ᠡ ᠰᠢᠯᠭᠠᠷᠠᠭᠤᠯᠵᠤ ᠰᠣᠩᠭᠤᠵᠤ ᠠᠪᠳᠠᠭ ᠪᠠᠶᠢᠵᠠᠢ  ᠃ ᠮᠥᠨ ᠠᠶᠠᠨ ᠳᠠᠶᠢᠨ ᠳᠤ ᠮᠣᠷᠳᠠᠬᠤ ᠪᠤᠶᠤ ᠶᠡᠭᠡ ᠳᠤᠯᠤᠯᠳᠤᠭᠠᠨ  ᠠᠴᠠ ᠡᠷᠭᠢᠨ ᠢᠷᠡᠭᠡᠳ ᠰᠤᠷ ᠬᠠᠷᠪᠤᠬᠤ᠂ ᠠᠭᠲᠠ  ᠮᠣᠷᠢ ᠤᠷᠤᠯᠳᠤᠭᠤᠯᠬᠤ᠂ ᠬᠦᠴᠦᠲᠦ ᠪᠥᠬᠡ ᠪᠠᠷᠢᠯᠳᠤᠭᠤᠯᠤᠨ ᠣᠳᠣ ᠶᠢᠨ ᠬᠢ ᠪᠠᠷ ᠪᠣᠯ ᠨᠠᠭᠠᠳᠤᠮ ᠬᠢᠳᠡᠭ ᠪᠠᠶᠢᠵᠠᠢ᠃   ᠲᠡᠷᠳᠡᠭᠡ 13 ᠵᠠᠭᠤᠨ ᠤ ᠦᠶ᠎ᠡ ᠳᠤ ᠡᠵᠡᠨ ᠪᠣᠭᠳᠠ ᠴᠢᠩᠭᠢᠰ ᠬᠠᠭᠠᠨ ᠤ ᠶᠡᠭᠡ ᠮᠣᠩᠭᠤᠯ ᠤᠯᠤᠰ ᠢᠶᠠᠨ  ᠪᠠᠶᠢᠭᠤᠯᠵᠤ᠂ ᠨᠡᠶᠢᠲᠡ ᠮᠣᠩᠭᠤᠯ ᠤᠭᠰᠠᠭᠠᠲᠠᠨ ᠢ ᠬᠠᠮᠤᠷᠤᠭᠰᠠᠨ ᠨᠢᠭᠡᠨ ᠲᠣᠮᠣ ᠨᠠᠭᠠᠳᠤᠮ ᠬᠢᠭᠰᠡᠨ ᠭᠡᠳᠡᠭ᠃ ᠡᠨᠡ  ᠨᠠᠭᠠᠳᠤᠮ ᠳᠤ ᠨᠢ ᠣᠯᠠᠨ ᠣᠮᠤᠭ ᠠᠶᠢᠮᠠᠭ ᠤᠨ ᠪᠠᠭᠠᠲᠤᠷ ᠬᠦᠴᠦᠲᠦ ᠡᠷᠡᠰ᠂ ᠬᠤᠷᠠᠨ ᠴᠤᠭᠯᠠᠷᠠᠵᠤ ᠡᠷ᠎ᠡ ᠪᠢᠷ᠎ᠠ᠂ ᠡᠷᠡᠬᠡᠢ  ᠮᠡᠷᠭᠡᠨ ᠢᠶᠠᠨ ᠰᠤᠷᠢᠨ ᠥᠷᠢᠰᠦᠯᠳᠦᠵᠦ᠂ ᠬᠤᠷᠳᠤᠨ ᠬᠦᠯᠦᠭ ᠮᠣᠷᠢ ᠪᠠᠨ ᠤᠷᠤᠯᠳᠤᠭᠤᠯᠵᠤ ᠨᠠᠭᠠᠳᠤᠨ ᠴᠡᠩᠬᠡᠭᠰᠡᠨ ᠠᠵᠢ  ᠃ ᠪᠦᠬᠦ ᠨᠡᠶᠢᠲᠡ ᠶᠢ ᠬᠠᠮᠤᠷᠤᠭᠰᠠᠨ ᠡᠶᠢᠮᠦ ᠲᠣᠮᠣ ᠨᠠᠭᠠᠳᠤᠮ ᠤᠨ ᠨᠢᠭᠡ ᠨᠢ 1214 — 1225 ᠣᠨ ᠳᠤ  ᠰᠠᠷᠲᠠᠭᠤᠯ ᠤᠯᠤᠰ ᠢ ᠪᠠᠶᠢᠯᠳᠤᠨ ᠳᠠᠭᠠᠭᠤᠯᠤᠭᠰᠠᠨ ᠡᠴᠦᠰ ᠲᠤ ᠡᠷᠭᠦᠨ᠎ᠡ ᠮᠥᠷᠡᠨ ᠤ ᠬᠥᠨᠳᠡᠢ ᠳᠤ ᠪᠤᠭᠤ ᠰᠤᠴᠢᠭᠠᠢ  ᠬᠡᠮᠡᠬᠦ ᠭᠠᠵᠠᠷ ᠢᠯᠠᠯᠲᠠ ᠶᠢᠨ ᠪᠠᠶᠠᠷ ᠲᠡᠮᠳᠡᠭᠯᠡᠨ ᠬᠢᠭᠰᠡᠨ ᠲᠤᠬᠠᠢ ᠲᠡᠦᠬᠡᠨ᠎ᠡ ᠲᠡᠮᠳᠡᠭᠯᠡᠭᠳᠡᠨ ᠦᠯᠡᠳᠡᠭᠰᠡᠨ ᠪᠠᠶᠢᠳᠠᠭ᠃  ᠡᠨᠡ ᠨᠠᠭᠠᠳᠤᠮ ᠳᠤ ᠮᠣᠩᠭᠤᠯ ᠪᠥᠬᠡ ᠶᠢᠨ ᠪᠠᠷᠢᠯᠳᠤᠭᠠᠨ ᠵᠠᠷᠢᠮ ᠲᠠᠯ᠎ᠠ ᠪᠠᠷ ᠣᠯᠠᠨ ᠤᠯᠤᠰ ᠤᠨ ᠰᠢᠨᠵᠢᠲᠡᠢ ᠪᠣᠯᠵᠤ  ᠺᠢᠫᠴᠠᠺ᠂ ᠬᠢᠲᠠᠳ᠂ ᠫᠧᠷᠰ᠂ ᠢᠷᠠᠨ ᠤ ᠪᠥᠬᠡᠴᠦᠳ ᠪᠠᠷᠢᠯᠳᠤᠵᠤ ᠪᠠᠶᠢᠭᠰᠠᠨ ᠲᠤᠬᠠᠢ ᠰᠣᠨᠢᠷᠬᠠᠯᠲᠠᠢ ᠪᠠᠷᠢᠮᠲᠠ ᠪᠤᠢ᠃   ᠮᠣᠩᠭᠤᠯ ᠪᠥᠬᠡ ᠶᠢᠨ ᠬᠠᠮᠤᠭ ᠤᠨ ᠭᠤᠣᠯ ᠣᠨᠴᠠᠯᠢᠭ ᠰᠢᠨᠵᠢ ᠶᠢ ᠢᠯᠡᠳᠬᠡᠭᠳᠡᠭ ᠵᠦᠢᠯ ᠪᠣᠯ ᠡᠮᠦᠰᠬᠡᠯ ᠶᠤᠮ᠃ ᠳᠡᠯᠡᠬᠡᠢ ᠳᠠᠬᠢᠨ ᠤ ᠤᠯᠤᠰ᠂ ᠦᠨᠳᠦᠰᠦᠲᠡᠨ ᠪᠦᠷ ᠥᠪᠡᠷ ᠥᠪᠡᠷ ᠤᠨ ᠪᠥᠬᠡ ᠶᠢᠨ ᠰᠫᠤᠷᠲ ᠲᠠᠢ ᠠᠭᠠᠳ  ᠲᠡᠭᠦᠨ ᠤ ᠪᠠᠨ ᠣᠨᠴᠠᠯᠢᠭ ᠰᠢᠨᠵᠢ᠂ ᠢᠵᠠᠭᠤᠷ ᠰᠣᠶᠣᠯ᠂ ᠪᠠᠷᠢᠯᠳᠤᠭᠠᠨ ᠤ ᠤᠷᠠᠯᠢᠭ ᠭᠡᠬᠦ ᠮᠡᠲᠦ ᠣᠯᠠᠨ ᠵᠦᠢᠯ ᠢ  ᠬᠠᠷᠠᠭᠠᠯᠵᠠᠵᠤ ᠲᠡᠭᠦᠨ ᠳᠤ ᠲᠣᠬᠢᠷᠠᠭᠰᠠᠨ ᠬᠤᠪᠴᠠᠰᠤ ᠬᠡᠷᠡᠭᠯᠡᠯ ᠢ ᠪᠤᠢ ᠪᠣᠯᠭᠠᠵᠠᠢ᠃ ᠮᠣᠩᠭᠤᠯ ᠦᠨᠳᠦᠰᠦᠨ ᠤ ᠪᠥᠬᠡ ᠴᠤ  ᠥᠪᠡᠷ ᠤᠨ ᠭᠡᠰᠡᠨ ᠬᠤᠪᠴᠠᠰᠤ ᠡᠮᠦᠰᠬᠡᠯ ᠢ ᠪᠦᠲᠦᠭᠡᠵᠦ ᠲᠡᠷᠡ ᠨᠢ ᠤᠯᠠᠮ ᠪᠦᠷ ᠪᠤᠯᠪᠠᠰᠤᠷᠠᠯ ᠦᠬᠡᠢ ᠪᠣᠯᠣᠭᠰᠠᠭᠠᠷ  ᠡᠳᠦᠭᠡ ᠶᠢ ᠬᠦᠷᠴᠡᠢ᠃ ᠥᠷᠢᠰᠦᠯᠳᠦᠭᠴᠢ ᠪᠠᠨ ᠤᠨᠠᠭᠠᠬᠤ ᠣᠯᠠᠨ ᠲᠥᠷᠥᠯ ᠤᠨ ᠮᠡᠭᠡ ᠪᠣᠯᠣᠨ ᠪᠡᠶ᠎ᠡ ᠡᠷᠬᠡᠲᠡᠨ ᠳᠤ  ᠡᠯᠳᠡᠪ ᠭᠡᠮᠲᠦᠯ ᠰᠣᠭᠤᠭ ᠣᠯᠬᠤ ᠠᠴᠠ ᠬᠠᠮᠠᠭᠠᠯᠠᠬᠤ ᠳᠤ ᠵᠣᠬᠢᠴᠠᠭᠰᠠᠨ ᠪᠥᠬᠡ ᠪᠠᠲᠤ ᠡᠮᠦᠰᠬᠡᠯ ᠵᠠᠪᠠᠯ ᠬᠡᠷᠡᠭᠲᠡᠢ ᠪᠠᠶᠢᠪᠠ  ᠃ ᠮᠣᠩᠭᠤᠯ ᠪᠥᠬᠡ ᠶᠢᠨ ᠡᠮᠦᠰᠬᠡᠯ ᠨᠢ ᠳᠡᠭᠡᠷᠡᠬᠢ ᠪᠦᠬᠦ ᠱᠠᠭᠠᠷᠳᠠᠯᠭ᠎ᠠ ᠶᠢ ᠪᠦᠷᠢᠨ ᠬᠠᠩᠭᠠᠭᠰᠠᠨ ᠪᠥᠭᠡᠳ ᠮᠥᠨ  ᠲᠤᠬᠠᠢ ᠶᠢᠨ ᠪᠥᠬᠡ ᠶᠢᠨ ᠭᠠᠯᠪᠢᠷ ᠲᠥᠷᠬᠦ ᠶᠢ ᠤᠯᠠᠮ ᠰᠠᠶᠢᠬᠠᠨ ᠪᠣᠯᠭᠠᠵᠤ᠂ ᠡᠷ᠎ᠡ ᠬᠥᠮᠥᠨ ᠤ ᠭᠤᠸ᠎ᠠ ᠦᠵᠡᠰᠬᠦᠯᠡᠩ ᠢ  ᠬᠠᠷᠠᠬᠤ ᠪᠣᠯᠣᠮᠵᠢ ᠶᠢ ᠳᠠᠪᠬᠤᠷ ᠣᠯᠭᠤᠭᠰᠠᠨ ᠪᠠᠶᠢᠨ᠎ᠠ᠃   ᠪᠥᠬᠡ ᠶᠢᠨ ᠵᠣᠳᠤᠭ ᠨᠢ ᠶᠡᠬᠡᠪᠴᠢᠯᠡᠨ ᠴᠡᠩᠬᠡᠷ ᠪᠠᠶᠢᠳᠠᠭ ᠨᠢ ᠮᠥᠩᠬᠡ ᠬᠥᠬᠡ ᠲᠡᠭᠷᠢ ᠶᠢ ᠪᠡᠯᠭᠡᠳᠡᠵᠡᠢ᠃ ᠬᠠᠷᠢᠨ ᠤᠯᠠᠭᠠᠨ ᠱᠤᠳᠠᠭ ᠨᠢ ᠮᠣᠩᠭᠤᠯ ᠪᠥᠬᠡ ᠶᠢᠨ ᠭᠠᠯ ᠭᠤᠯᠣᠮᠲᠠ ᠬᠡᠵᠢᠶ᠎ᠡ ᠴᠦ ᠲᠠᠰᠤᠷᠠᠬᠤ ᠦᠭᠡᠢ ᠦᠷᠭᠦᠯᠵᠢᠳᠡ ᠮᠠᠨᠳᠤᠨ  ᠪᠠᠳᠮᠠᠯᠠᠵᠤ ᠪᠠᠶᠢᠬᠤ ᠶᠢ ᠪᠡᠯᠭᠡᠳᠡᠭᠰᠡᠨ ᠪᠠᠶᠢᠨ᠎ᠠ᠃ ᠬᠠᠷᠢᠨ ᠪᠥᠭᠡ ᠮᠥᠷᠭᠦᠯ ᠤᠨ ᠦᠶ᠎ᠡ ᠳᠤ ᠪᠠᠶᠢᠭᠠᠯᠢ ᠳᠡᠯᠡᠬᠡᠢ ᠠᠭᠤᠯᠠ  ᠬᠠᠩᠭᠠᠢ ᠶᠢ ᠪᠢᠰᠢᠷᠡᠨ ᠰᠢᠲᠦᠬᠦ ᠦᠵᠡᠯ ᠢᠶᠠᠷ ᠨᠣᠭᠤᠭᠠᠨ ᠥᠩᠭᠡ ᠲᠠᠢ ᠪᠣᠯᠣᠭᠰᠠᠨ ᠪᠣᠯ ᠰᠢᠷ᠎ᠠ ᠶᠢᠨ ᠱᠠᠰᠢᠨ ᠳᠡᠯᠭᠡᠷᠡᠵᠦ  ᠡᠬᠢᠯᠡᠭᠰᠡᠨ ᠴᠠᠭ ᠦᠶ᠎ᠡ‌‍ᠳᠥ ᠰᠢᠷ᠎ᠠ‌ᠥᠩᠭᠡ ᠶᠢᠨ ᠡᠮᠦᠰᠬᠡᠯ ᠵᠣᠩᠬᠢᠯᠠᠵᠤ ᠪᠠᠶᠢᠵᠠᠢ᠃ ᠢᠩᠭᠢᠭᠡᠳ 14 ᠵᠠᠭᠤᠨ ᠤ ᠡᠬᠢᠨ  ᠦᠶ᠎ᠡ ᠪᠣᠯᠬᠤ ᠳᠤ ᠠᠶᠢᠮᠠᠭ᠂ ᠬᠤᠰᠢᠭᠤ᠂ ᠪᠦᠰᠡ ᠨᠤᠲᠤᠭ᠂ ᠠᠯᠪᠠᠲᠤ᠂ ᠱᠠᠪᠢ ᠵᠡᠷᠭᠡ ᠭᠠᠵᠠᠷ ᠨᠤᠲᠤᠭ ᠤᠨ ᠪᠣᠯᠣᠨ  ᠪᠥᠬᠡ ᠶᠢᠨ ᠴᠣᠯᠠ ᠽᠢᠨᠳᠠᠭ᠎ᠠ ᠢᠯᠭᠠᠭ᠎ᠠ ᠲᠠᠢ ᠪᠣᠯᠵᠤ ᠪᠣᠭᠳᠠ ᠶᠢᠨ ᠱᠠᠪᠢ ᠶᠢᠨ ᠪᠥᠬᠡᠴᠦᠳ ᠤᠯᠠᠭᠠᠨ ᠥᠩᠭᠡ ᠶᠢᠨ᠂  ᠳᠥᠷᠪᠡᠨ ᠠᠶᠢᠮᠠᠭ ᠤᠨ ᠪᠥᠬᠡᠴᠦᠳ ᠴᠡᠩᠬᠡᠷ ᠬᠥᠬᠡ ᠥᠩᠭᠡ ᠶᠢᠨ ᠡᠮᠦᠰᠬᠡᠯ ᠡᠮᠦᠰᠴᠦ ᠪᠠᠷᠢᠯᠳᠤᠳᠠᠭ ᠪᠠᠶᠢᠵᠠᠢ᠃ ᠬᠠᠷᠢᠨ  ᠡᠨᠡ ᠦᠶ᠎ᠡ ᠳᠤ ᠮᠠᠲ᠋ᠧᠷᠢᠶᠠᠯ ᠤᠨ ᠬᠤᠪᠢ ᠳᠤ ᠠᠪᠤᠷᠭᠤ᠂ ᠠᠷᠰᠯᠠᠨ᠂ ᠵᠠᠭᠠᠨ ᠴᠣᠯᠠᠲᠠᠨ ᠬᠠᠮᠪᠣᠨ᠂ ᠨᠠᠴᠢᠨ ᠴᠣᠯᠠᠲᠠᠨ  ᠲᠣᠷᠭᠠᠨ᠂ ᠨᠠᠴᠢᠨ ᠠᠴᠠ ᠳᠣᠭᠤᠭᠰᠢ ᠴᠣᠯᠠᠲᠠᠨ ᠴᠢᠰᠴᠡᠦ᠂ ᠴᠣᠯᠠ ᠦᠭᠡᠢ ᠪᠥᠬᠡᠴᠦᠳ ᠳᠠᠯᠢᠩᠪᠤᠨ ᠵᠣᠳᠤᠭ᠂ ᠱᠤᠳᠠᠭ   ᠲᠠᠢ ᠪᠣᠯᠣᠭᠰᠠᠨ ᠪᠠᠶᠢᠨ᠎ᠠ᠃ ᠡᠶᠢᠨ ᠬᠦ ᠲᠡᠦᠬᠡ ᠶᠢᠨ ᠶᠠᠩᠵᠤ ᠪᠦᠷᠢ ᠶᠢᠨ ᠦᠶ᠎ᠡ ᠨᠦᠭᠦᠳ ᠲᠤ ᠮᠣᠩᠭᠤᠯ ᠪᠥᠬᠡ ᠶᠢᠨ  ᠵᠣᠳᠤᠭ ᠱᠤᠳᠠᠭ ᠨᠢ ᠱᠠᠰᠢᠨ ᠪᠣᠯᠣᠨ ᠥᠭᠡᠷ᠎ᠡ ᠪᠤᠰᠤᠳ ᠶᠠᠩᠵᠤ ᠪᠦᠷᠢ ᠶᠢᠨ ᠨᠣᠮᠯᠠᠯ ᠪᠡᠯᠭᠡᠳᠡᠯ ᠤᠨ ᠬᠡᠪ ᠰᠢᠨᠵᠢ ᠠᠴᠠ  ᠬᠠᠮᠢᠶᠠᠷᠴᠤ ᠬᠠᠷᠢᠴᠠᠩᠭᠤᠢ ᠣᠨᠳᠣᠣ ᠥᠩᠭᠡ᠂ ᠡᠳ᠋ ᠮᠠᠲ᠋ᠧᠷᠢᠶᠠᠯ ᠢᠶᠠᠷ ᠬᠢᠭᠳᠡᠵᠦ ᠶᠠᠪᠤᠭᠰᠠᠭᠠᠷ 1921 ᠣᠨ ᠠᠴᠠ  ᠶᠡᠬᠡᠪᠴᠢᠯᠡᠨ ᠤᠯᠠᠭᠠᠨ ᠵᠣᠳᠤᠭ᠂ ᠬᠥᠬᠡ ᠱᠤᠳᠠᠭ ᠢ ᠬᠡᠷᠡᠭᠯᠡᠬᠦ ᠪᠣᠯᠣᠭᠰᠠᠨ ᠢ ᠬᠤᠪᠢᠰᠬᠠᠯᠲᠦ ᠦᠵᠡᠯ ᠰᠠᠨᠠᠭ᠎ᠠ ᠶᠢ  ᠳᠡᠭᠡᠳᠦᠯᠡᠬᠦ ᠦᠵᠡᠯ ᠲᠠᠢ ᠬᠤᠯᠪᠣᠨ ᠲᠠᠶᠢᠯᠪᠤᠷᠢᠯᠠᠳᠠᠭ ᠠᠵᠢ᠃ ᠢᠩᠭᠢᠭᠡᠳ ᠤᠩᠰᠢᠭᠴᠢ ᠲᠠᠨ ᠳᠤ ᠮᠣᠩᠭᠤᠯ  ᠲᠤᠭᠤᠷᠭᠠᠲᠠᠨ ᠤ ᠦᠨᠳᠦᠰᠦᠨ ᠲᠥᠯᠥᠭᠡᠯᠡᠯ ᠪᠣᠯᠣᠭᠰᠠᠨ ᠵᠢᠷᠭᠤᠭᠠᠨ ᠦᠨᠳᠦᠰᠦᠲᠡᠨ ᠤ ᠪᠥᠬᠡ ᠶᠢᠨ ᠡᠮᠦᠰᠬᠡᠯ ᠢ  ᠰᠣᠨᠢᠷᠬᠠᠭᠤᠯᠤᠶ᠎ᠠ᠃   1. ᠥᠪᠥᠷ ᠮᠣᠩᠭᠤᠯ᠃ ᠵᠣᠳᠤᠭ ᠲᠣᠮᠣ ᠬᠠᠯᠬᠠᠭᠠᠷ ᠥᠮᠥᠳᠦ᠂ ᠳᠤᠭᠳᠠᠭᠠᠷ ᠮᠣᠩᠭᠤᠯ ᠭᠤᠲᠤᠯ᠂ ᠮᠠᠯᠠᠭᠠᠢ  ᠳᠥᠷᠪᠡ ᠠᠴᠠ ᠪᠦᠷᠢᠳᠦᠨ᠎ᠡ᠃ ᠵᠣᠳᠤᠭ ᠨᠢ ᠪᠤᠯᠢᠭᠠᠷᠢ ᠶᠢ ᠬᠤᠶᠠᠷ ᠳᠠᠪᠬᠤᠷᠯᠠᠵᠤ᠂ ᠰᠢᠷᠢᠬᠡᠰᠦᠨ ᠤ ᠣᠷᠣᠨ ᠳᠤ ᠳᠥᠷᠪᠡᠨ  ᠬᠤᠷᠤᠭᠤ ᠣᠷᠴᠢᠮ ᠥᠷᠭᠡᠨ ᠡᠩᠨᠡᠭᠡ ᠪᠠᠷ ᠲᠣᠮᠣ ᠲᠣᠮᠣ ᠮᠧᠲ᠋ᠠᠯ ᠲᠣᠪᠣᠷᠤᠤ ᠰᠢᠭᠢᠳᠬᠡᠨ ᠪᠠᠬᠢᠯᠡᠳᠡᠭ ᠠᠵᠢ᠃ ᠮᠥᠨ  ᠳᠠᠯᠪᠠᠭᠠᠨ ᠤ ᠠᠷᠤ ᠵᠤ ᠶᠢᠨ ᠳᠠᠭᠠᠤ ᠮᠥᠩᠭᠦ ᠪᠠᠷ ᠪᠣᠯᠣᠨ ᠦᠨᠡᠲᠦ ᠴᠢᠯᠠᠭᠤ ᠪᠠᠷ ᠴᠢᠮᠡᠭᠰᠡᠨ ᠭᠤᠷᠪᠠᠨ ᠡᠩᠨᠡᠭᠡ ᠤᠷᠲᠤ  ᠬᠠᠪᠲᠠᠭᠠᠢ ᠢᠯᠲᠠᠰᠤ ᠲᠠᠢ ᠪᠠᠶᠢᠳᠠᠭ᠃ ᠵᠣᠳᠤᠭ ᠤᠨ ᠬᠠᠨᠴᠤᠢ ᠲᠣᠬᠤᠢ ᠠᠴᠠ ᠦᠯᠦ ᠬᠡᠲᠦᠷᠡᠬᠦ ᠣᠬᠤᠷ ᠪᠥᠭᠡᠳ  ᠲᠣᠪᠣᠷᠤᠤ ᠬᠠᠳᠠᠭᠰᠠᠨ ᠪᠠᠶᠢᠨ᠎ᠠ᠃ ᠱᠤᠳᠠᠭ ᠤᠨ ᠣᠷᠣᠨ ᠳᠤ ᠣᠯᠠᠨ ᠮᠧᠲᠷ ᠪᠦᠰᠡ ᠡᠳ᠋ ᠢᠶᠠᠷ ᠬᠢᠭᠰᠡᠨ  ᠡᠪᠦᠳᠦᠭ ᠠᠴᠠ ᠨᠢ ᠳᠡᠭᠡᠭᠰᠢ ᠶᠡᠭᠡ ᠬᠤᠨᠢᠶᠠᠰᠤ ᠪᠦᠬᠦᠢ ᠬᠠᠯᠬᠠᠭᠠᠷ ᠥᠮᠥᠳᠦ ᠡᠮᠦᠰᠦᠨ᠎ᠡ᠃ ᠬᠠᠷᠢᠨ ᠭᠤᠲᠤᠯ ᠨᠢ ᠮᠣᠩᠭᠤᠯ  ᠭᠤᠲᠤᠯ ᠰᠢᠭ᠋ ᠬᠢᠷᠢᠨ ᠢᠶᠠᠨ ᠮᠣᠬᠤᠭᠤ ᠳᠤᠭᠳᠠᠭᠠᠷ ᠬᠤᠩᠰᠢᠶᠠᠷ ᠲᠠᠢ᠂ ᠤᠭᠠᠯᠵᠠ ᠬᠡ ᠪᠠᠷ ᠴᠢᠮᠡᠭᠰᠡᠨ᠂ ᠬᠤᠶᠠᠷ ᠱᠠᠭᠠᠢ   ᠳᠤ ᠲᠣᠮᠣ ᠲᠡᠮᠦᠷ ᠳᠤᠪᠬᠢᠶ᠎ᠠ ᠲᠠᠢ᠂ ᠣᠶᠢᠮᠤᠰᠤ᠂ ᠭᠤᠲᠤᠯ ᠤᠨ ᠳᠦᠷᠡᠢ ᠬᠤᠶᠠᠷ ᠤᠨ ᠵᠠᠪᠰᠠᠷ ᠬᠤᠯᠤᠰᠤᠨ ᠪᠠᠬᠢᠯᠢᠭ᠌  ᠬᠢᠭᠰᠡᠨ ᠪᠠᠶᠢᠳᠠᠭ ᠠᠵᠠᠢ᠃   2. ᠦᠵᠦᠮᠦᠴᠢᠨ ᠪᠥᠬᠡ᠃ ᠵᠣᠳᠤᠭ᠂ ᠥᠮᠥᠳᠦ᠂ ᠭᠤᠲᠤᠯ᠂ ᠳᠤᠬᠤᠤ᠂ ᠰᠠᠪᠰᠠᠯᠭ᠎ᠠ᠂ ᠬᠤᠷᠮᠤᠶᠢᠪᠴᠢ᠂  ᠬᠦᠯᠢᠶᠡ᠂ ᠵᠠᠩᠬᠢᠶ᠎ᠠ ᠭᠡᠰᠡᠨ ᠨᠠᠢᠮᠠᠨ ᠵᠦᠢᠯ ᠠᠴᠠ ᠪᠦᠷᠢᠳᠦᠨ᠎ᠡ᠃ ᠵᠣᠳᠤᠭ ᠪᠣᠯᠣᠨ ᠪᠤᠰᠤᠳ ᠬᠤᠪᠴᠠᠰᠤ ᠬᠡᠷᠡᠭᠯᠡᠯ ᠢ ᠪᠤᠯᠢᠭᠠᠷᠢ᠂ ᠦᠬᠡᠷ᠂ ᠲᠡᠮᠡᠭᠡ᠂ ᠪᠤᠳᠠ ᠶᠢᠨ ᠰᠢᠷᠢ᠂ ᠠᠷᠠᠰᠤ᠂ ᠢᠰᠡᠭᠡᠢ᠂ ᠪᠦᠰᠡ ᠵᠡᠷᠭᠡ ᠪᠠᠷ ᠬᠢᠨ᠎ᠡ᠃ ᠵᠣᠳᠤᠭ  ᠨᠢ  ᠪᠢᠲᠡᠭᠦᠦ ᠵᠠᠳᠠᠭᠠᠢ ᠭᠡᠰᠡᠨ ᠬᠤᠶᠠᠷ ᠶᠠᠩᠵᠤ ᠪᠠᠶᠢᠳᠠᠭ ᠠᠵᠢ᠃ ᠵᠠᠳᠠᠭᠠᠢ ᠵᠣᠳᠤᠭ ᠤᠨ ᠬᠠᠨᠴᠤᠢ ᠥᠪᠥᠷ ᠮᠤᠩᠭᠤᠯ ᠤᠨ ᠬᠢ   ᠲᠠᠢ ᠠᠳᠠᠯᠢ ᠣᠬᠤᠷ ᠪᠠᠶᠢᠬᠤ ᠪᠥᠭᠡᠳ ᠵᠣᠳᠤᠭ ᠤᠨ ᠠᠷᠤ ᠨᠢ ᠶᠡᠭᠡ ᠪᠡᠶ᠎ᠡ ᠲᠠᠰᠢᠶᠠᠨ ᠲᠣᠯᠣᠭᠠᠢ ᠱᠦᠷᠬᠦᠬᠡᠬᠦ ᠦᠬᠡᠢ  ᠤᠷᠲᠤ ᠪᠠᠶᠢᠳᠠᠭ᠃ ᠡᠯᠢᠭᠡ ᠪᠦᠰᠡ ᠨᠢ ᠥᠷᠭᠡᠨ ᠪᠠᠶᠢᠨ᠎ᠠ᠃ ᠵᠣᠳᠤᠭ ᠤᠨ ᠮᠡᠷ ᠬᠠᠨᠴᠤᠢ ᠵᠡᠷᠭᠡ ᠶᠢ ᠪᠤᠯᠢᠭᠠᠷᠢ  ᠰᠠᠶᠢᠷ ᠢᠶᠠᠷ ᠵᠠᠬᠠᠯᠠᠨ ᠪᠠᠬᠢ ᠪᠠᠲᠤ ᠰᠢᠷᠢᠨ᠎ᠡ᠃ ᠪᠢᠲᠡᠭᠦᠦ ᠵᠣᠳᠤᠭ ᠨᠢ ᠮᠥᠨ ᠣᠬᠤᠷ ᠬᠠᠨᠴᠤᠢ ᠲᠠᠢ᠃ ᠶᠡᠭᠡ ᠪᠡᠶ᠎ᠡ ᠨᠢ  ᠬᠦᠷᠮ᠎ᠡ ᠲᠠᠢ ᠲᠥᠰᠲᠡᠢ ᠪᠠᠶᠢᠳᠠᠭ᠃ ᠨᠡᠷ᠎ᠡ ᠴᠤᠤᠲᠠᠢ ᠪᠥᠬᠡᠴᠦᠳ ᠤᠨ ᠵᠣᠳᠤᠭ  ᠨᠢ ᠬᠠᠨᠴᠤᠢ᠂ ᠳᠠᠯᠤ᠂ ᠮᠥᠷᠥ᠂ ᠠᠷᠤ᠂  ᠶᠡᠭᠡ ᠪᠡᠶ᠎ᠡ ᠶᠢᠨ ᠬᠡᠰᠡᠭ ᠲᠤ ᠮᠥᠩᠭᠦᠨ᠂ ᠭᠠᠤᠯᠢᠨ ᠲᠣᠪᠣᠷᠤᠤ ᠬᠠᠳᠠᠵᠤ ᠲᠡᠭᠦᠨ ᠳᠡᠭᠡᠷ᠎ᠡ ᠭᠠᠷᠤᠳᠢ᠂ ᠯᠤᠤ᠂ ᠪᠠᠷᠰ᠂  ᠠᠷᠰᠯᠠᠨ ᠮᠡᠲᠦ ᠬᠦᠴᠦᠳᠡᠨ ᠢ ᠳᠦᠷᠰᠦᠯᠡᠬᠦ ᠪᠤᠶᠤ ︽ᠬᠦᠴᠦ ᠪᠠᠷ ᠳᠡᠶᠢᠯᠬᠦ︾ ᠭᠡᠰᠡᠨ ᠦᠭᠡ ᠰᠡᠶᠢᠯᠦᠭᠰᠡᠨ ᠪᠠᠶᠢᠳᠠᠭ᠃  ᠦᠵᠦᠮᠦᠴᠢᠨ ᠪᠥᠬᠡ ᠶᠢᠨ ᠬᠤᠷᠮᠤᠶᠢᠪᠴᠢ ᠨᠢ ᠪᠥᠬᠡ ᠶᠢᠨ ᠪᠡᠯᠬᠡᠭᠦᠰᠦ ᠶᠢ ᠬᠠᠯᠬᠠᠯᠠᠵᠤ ᠵᠣᠳᠤᠭ ᠤᠨ ᠬᠤᠷᠮᠣᠢ  ᠥᠮᠥᠳᠦᠨ ᠤ ᠵᠠᠬ᠎ᠠ ᠶᠢ ᠬᠠᠮᠲᠤᠳᠬᠠᠨ ᠳᠠᠷᠤᠵᠤ‌‍ᠪᠠᠬᠢᠯᠡᠬᠦ ᠵᠣᠷᠢᠭᠤᠯᠤᠯᠲᠠ ᠲᠠᠢ᠃ ᠦᠵᠦᠮᠦᠴᠢᠨ ᠪᠥᠬᠡ ᠶᠢᠨ  ᠪᠠᠷᠢᠯᠳᠤᠭᠠᠨ ᠳᠤ ᠵᠣᠷᠢᠭᠤᠯᠵᠤ ᠬᠡᠷᠡᠭᠯᠡᠳᠡᠭ ᠥᠮᠥᠳᠦ ᠶᠢ ᠠᠷᠠᠳ ᠤᠨ ᠤᠯᠠᠮᠵᠢᠯᠠᠯ ᠢ ᠳᠠᠭᠠᠵᠤ ︽ᠲᠣᠬᠤᠢ︾ ᠬᠡᠮᠡᠬᠦ  ᠬᠡᠮᠵᠢᠬᠦᠷ  ᠢᠶᠠᠷ ᠲᠣᠳᠣᠷᠬᠠᠶᠢᠯᠠᠵᠤ ᠪᠢᠴᠢᠭᠰᠡᠨ ᠢ ᠦᠵᠡᠪᠡᠯ᠂ 20 — 40 ᠲᠣᠬᠤᠢ ᠪᠦᠰᠡ ᠪᠠᠷ᠎ᠠ ᠪᠠᠷ ᠬᠢᠬᠦ  ᠪᠥᠭᠡᠳ ᠥᠮᠥᠳᠦᠨ ᠤ ᠵᠠᠬ᠎ᠠ ᠶᠢᠨ ᠲᠣᠭᠤᠷᠢᠭ ᠠᠷᠪᠠᠨ ᠭᠤᠷᠪᠠᠨ ᠲᠣᠬᠤᠢ᠂ ᠱᠤᠭᠤᠮᠠᠭ ᠤᠨ ᠦᠵᠦᠭᠦᠷ ᠤᠨ ᠲᠣᠭᠤᠷᠢᠭ  ᠳᠥᠷᠪᠡᠨ ᠲᠣᠬᠤᠢ ᠭᠡᠬᠦᠴᠢᠯᠡᠨ ᠣᠯᠠᠨ ᠬᠤᠨᠢᠶᠠᠰᠤ ᠪᠦᠬᠦᠢ ᠱᠠᠯᠬᠠᠭᠠᠷ ᠥᠮᠥᠳᠦ ᠲᠠᠢ ᠪᠠᠶᠢᠳᠠᠭ ᠠᠵᠠᠢ᠃ ᠦᠵᠦᠮᠦᠴᠢᠨ  ᠪᠥᠬᠡ ᠶᠢᠨ ᠬᠤᠪᠴᠠᠰᠤ ᠬᠡᠷᠡᠭᠯᠡᠯ ᠤᠨ ᠥᠭᠡᠷ᠎ᠡ ᠨᠢᠭᠡ ᠣᠨᠴᠠᠯᠢᠭ ᠪᠣᠯ ︽ᠳᠤᠱᠤᠤ︾ ᠶᠤᠮ᠃ ᠳᠤᠱᠤᠤ ᠤᠯᠠᠭᠠᠨ᠂  ᠬᠥᠬᠡ ᠵᠡᠷᠭᠡ ᠲᠣᠳᠣ ᠥᠩᠭᠡ ᠶᠢᠨ ᠲᠣᠷᠭᠠᠮᠰᠤᠭ ᠡᠳ᠋ ᠢᠶᠠᠷ ᠬᠢᠵᠦ ᠰᠦᠷᠯᠢᠭ ᠬᠦᠴᠦᠷᠬᠡᠭ ᠠᠮᠢᠲᠠᠳ ᠤᠨ ᠳᠦᠷᠰᠦ  ᠬᠠᠳᠬᠤᠮᠠᠯᠯᠠᠭᠰᠠᠨ ᠪᠠᠶᠢᠬᠤ ᠪᠥᠭᠡᠳ ᠪᠥᠬᠡ ᠶᠢᠨ ᠡᠪᠦᠳᠦᠭ ᠬᠠᠮᠠᠭᠠᠯᠠᠬᠤ ᠵᠣᠷᠢᠭᠤᠯᠤᠯᠲᠠ ᠪᠦᠬᠦᠢ ᠵᠦᠢᠯ ᠶᠤᠮ᠃   3.ᠣᠶᠢᠷᠠᠳ ᠣᠷᠳᠣᠰ ᠪᠥᠬᠡ᠃ ᠵᠣᠳᠤᠭ᠂ ᠱᠤᠳᠠᠭ᠂ ᠭᠤᠲᠤᠯ ᠮᠠᠯᠠᠭᠠᠢ ᠵᠡᠷᠭᠡ ᠠᠴᠠ ᠪᠦᠷᠢᠳᠦᠨ᠎ᠡ᠃ ᠣᠷᠳᠣᠰ  ᠪᠥᠬᠡ ᠬᠤᠪᠴᠠᠰᠤ ᠪᠠᠨ ᠠᠷᠠᠰᠤ᠂ ᠰᠢᠷᠢ᠂ ᠢᠰᠡᠭᠡᠢ ᠪᠠᠷ ᠬᠢᠳᠡᠭ ᠪᠠᠶᠢᠭᠰᠠᠨ ᠪᠠ ᠬᠤᠵᠢᠮ ᠨᠢ ᠲᠣᠷᠭᠠᠮᠰᠤᠭ ᠡᠳ᠋ ᠢᠶᠠᠷ  ᠬᠢᠬᠦ ᠪᠣᠯᠵᠠᠢ᠃ ᠵᠣᠳᠤᠭ ‍ᠤᠨ‌ᠡᠩᠭᠡᠷ ᠵᠠᠳᠠᠭᠠᠢ᠂ ᠬᠠᠨᠴᠤᠢ ᠣᠬᠤᠷ᠂ ᠱᠤᠳᠠᠭ ︽ᠥᠮᠥᠳᠦ︾ ᠨᠢ ᠡᠪᠦᠳᠦᠭ ᠠᠴᠠ ᠨᠢ ᠦᠯᠦ  ᠬᠡᠲᠦᠷᠡᠬᠦ ᠪᠠᠶᠢᠳᠠᠯ ᠲᠠᠢ ᠬᠠᠭᠠᠰ ᠣᠬᠤᠷ ᠪᠠᠶᠢᠨ᠎ᠠ᠃ ᠵᠤᠳᠤᠭ ᠢᠶᠠᠨ ᠠᠯᠲᠠ᠂ ᠮᠥᠩᠭᠦ᠂ ᠭᠠᠤᠯᠢ᠂ ᠵᠡᠰ ᠭᠡᠬᠦᠴᠢᠯᠡᠨ  ᠦᠨᠡᠲᠦ ᠡᠳ᠋ᠯᠡᠯ ᠢᠶᠠᠷ ᠲᠣᠪᠣᠷᠤᠤ ᠬᠢᠵᠦ ᠪᠠᠬᠢᠯᠡᠵᠦ ᠴᠢᠮᠡᠨ᠎ᠡ᠃ ᠣᠷᠳᠣᠰ ᠪᠥᠬᠡ ᠶᠢᠨ ᠮᠠᠯᠠᠭᠠᠢ ᠨᠢ ᠳᠥᠷᠪᠡᠯᠵᠢᠨ ᠬᠥᠬᠡ  ᠠᠯᠴᠢᠭᠤᠷ᠂ ᠡᠰᠡᠪᠡᠯ ᠠᠷᠠᠰᠤ ᠪᠠᠷ ᠬᠢᠭᠰᠡᠨ ᠮᠣᠩᠭᠤᠯ ᠮᠠᠶ᠋ᠢᠭ ᠤᠨ ᠮᠠᠯᠠᠭᠠᠢ ᠪᠠᠶᠢᠨ᠎ᠠ᠃ ᠪᠠᠷᠢᠯᠳᠤᠬᠤ ᠳᠤ ᠵᠣᠷᠢᠭᠤᠯᠤᠭᠰᠠᠨ  ᠥᠮᠥᠳᠦ ᠪᠤᠶᠤ ᠱᠤᠳᠠᠭ ᠨᠢ ᠰᠠᠶᠢᠨ ᠡᠯᠳᠡᠵᠦ ᠵᠦᠬᠡᠯᠡᠯᠡᠭᠰᠡᠨ ᠰᠢᠷᠢ᠂ ᠠᠷᠠᠰᠤ ᠪᠠᠷ ᠬᠢᠭᠰᠡᠨ ᠡᠪᠦᠳᠦᠭ ᠦᠯᠦ ᠬᠡᠲᠦᠷᠡᠬᠦ  ᠣᠬᠤᠷ ᠥᠮᠥᠳᠦ ᠪᠠᠶᠢᠨ᠎ᠠ᠃ ᠣᠷᠳᠣᠰ ᠪᠥᠬᠡᠴᠦᠳ ᠡᠪᠦᠯ ᠴᠠᠭ ᠲᠤ ᠰᠢᠷᠢ ᠪᠠᠷ ᠬᠢᠭᠰᠡᠨ ᠮᠣᠩᠭᠤᠯ ᠬᠡᠪ ᠤᠨ ᠭᠤᠲᠤᠯ  ᠡᠮᠦᠰᠬᠦ ᠪᠠ ᠵᠤᠨ ᠪᠦᠰ ᠢ ᠱᠠᠭᠯᠠᠵᠤ ᠤᠶᠤᠭᠰᠠᠨ ᠥᠨᠳᠥᠷ ᠲᠦᠷᠡᠢ ᠲᠠᠢ ᠱᠠᠬᠠᠢ ᠮᠠᠶ᠋ᠢᠭ ᠤᠨ ᠭᠤᠲᠤᠯ ᠡᠮᠦᠰᠴᠦ  ᠪᠠᠷᠢᠯᠳᠤᠳᠠᠭ ᠠᠵᠢ᠃   4. ᠣᠶᠢᠷᠠᠳ / ᠰᠢᠨᠵᠢᠶᠠᠩ / ᠪᠥᠬᠡ᠃ ᠴᠡᠭᠡᠵᠢᠪᠴᠢ ᠵᠣᠳᠤᠭ ᠱᠤᠳᠠᠭ / ᠥᠮᠥᠳᠦ / ᠭᠤᠲᠤᠯ ᠵᠡᠷᠭᠡ ᠠᠴᠠ  ᠪᠦᠷᠢᠳᠦᠨ᠎ᠡ᠃ ᠴᠡᠬᠡᠵᠢᠪᠴᠢ ᠶᠢ ᠪᠤᠭᠤ ᠶᠢᠨ ᠢᠳᠡᠭᠡᠯᠡᠭᠰᠡᠨ ᠠᠷᠠᠰᠤ ᠪᠠᠷ ᠬᠢᠵᠦ᠂ ᠵᠡᠰ ᠲᠣᠪᠣᠷᠤᠤ ᠬᠠᠳᠠᠵᠤ ᠪᠠᠬᠢᠯᠡᠬᠦ ᠪᠠ  ᠠᠷᠤ ᠲᠠᠯ᠎ᠠ ᠳᠤ ᠨᠢ ︽ᠯᠤᠤ︾᠂ ︽ᠪᠠᠷᠰ︾ ᠮᠡᠲᠦ ᠬᠦᠴᠦᠳᠡᠨ ᠢ ᠬᠠᠳᠬᠤᠮᠠᠯᠯᠠᠭᠰᠠᠨ ᠪᠠᠶᠢᠨ᠎ᠠ᠃   5.ᠪᠠᠷᠠᠭᠤᠨ ᠮᠣᠩᠭᠤᠯ ᠤᠨ ᠪᠤᠰᠤ ᠨᠤᠤᠯᠳᠤᠭᠠᠨ ᠪᠥᠬᠡ᠃ ᠵᠥᠪᠬᠡᠨ ᠠᠷᠠᠰᠤ ᠪᠠᠷ ᠬᠢᠭᠰᠡᠨ ᠱᠠᠯᠪᠠᠷ ᠥᠮᠥᠳᠦ  ᠪᠠᠶᠢᠨ᠎ᠠ᠃ ᠱᠠᠯᠪᠠᠷ  ᠤᠨ ᠠᠷᠤ ᠪᠡᠶ᠎ᠡ ᠳᠤ ᠪᠠᠲᠤ ᠪᠠᠬᠢ ᠶᠢ ᠪᠡᠯᠭᠡᠳᠡᠭᠰᠡᠨ ᠡᠪᠡᠷ ᠤᠭᠠᠯᠵᠠ ᠬᠠᠳᠠᠨ᠎ᠠ᠃   6. ᠮᠣᠩᠭᠤᠯ / ᠬᠠᠯᠬ᠎ᠠ / ᠪᠥᠬᠡ᠃ ᠵᠣᠳᠤᠭ᠂ ᠱᠤᠳᠠᠭ᠂ ᠭᠤᠲᠤᠯ᠂ ᠣᠶᠢᠮᠤᠰᠤ᠂ ᠨᠥᠮᠥᠷᠭᠡ᠂ ᠡᠷᠢᠶᠡᠨ ᠪᠤᠯᠴᠢᠩ  ᠪᠤᠶᠤ ᠭᠤᠲᠤᠯ ᠤᠨ ᠲᠦᠷᠡᠢ ᠶᠢᠨ ᠪᠣᠭᠤᠯᠲᠠ ᠬᠦᠯᠦᠭ ᠭᠡᠰᠡᠨ ᠳᠣᠯᠣᠭᠠᠨ ᠬᠡᠰᠡᠭ ᠠᠴᠠ ᠪᠦᠷᠢᠳᠦᠨ᠎ᠡ᠃ ᠮᠣᠩᠭᠤᠯ  ᠪᠥᠬᠡ ᠶᠢᠨ ᠬᠠᠮᠤᠭ ‍ᠤᠨ‌ᠦᠵᠡᠭᠦᠰᠢᠲᠡᠢ ᠵᠦᠢᠯ ᠨᠢ ᠤᠷᠠᠨ ᠬᠤᠷᠴᠠ ᠮᠡᠭᠡ ᠶᠤᠮ᠃ ᠮᠡᠬᠡᠨ ᠤ ᠲᠠᠯ᠎ᠠ ᠪᠠᠷ ᠡᠷᠳᠡᠮᠲᠡᠳ  ᠣᠯᠠᠨ ᠶᠠᠩᠵᠤ ᠪᠠᠷ ᠪᠢᠴᠢᠳᠡᠭ ᠴᠤ ᠦᠨᠳᠦᠰᠦᠨ 45 ᠮᠡᠭᠡ ᠲᠠᠢ ᠭᠡᠵᠦ ᠦᠵᠡᠳᠡᠭ᠃ ᠬᠠᠷᠢᠨ ᠨᠠᠷᠢᠨ ᠬᠤᠪᠢᠯᠪᠤᠷᠢ ᠶᠢᠨ  ᠲᠤᠭ᠎ᠠ ᠨᠢ ᠮᠠᠰᠢ ᠣᠯᠠᠨ ᠪᠠᠶᠢᠬᠤ ᠠᠵᠢ᠃ ᠵᠠᠷᠢᠮ ᠨᠢᠭᠡ ᠪᠠᠷᠢᠮᠲᠠ ᠳᠤ 666 ᠮᠡᠭᠡ ᠲᠠᠢ ᠴᠤ ᠭᠡᠵᠦ ᠦᠵᠡᠭᠰᠡᠨ  ᠪᠠᠶᠢᠳᠠᠭ᠃ ᠮᠡᠭᠡ ᠶᠢ ᠳᠠᠩ ᠮᠡᠭᠡ᠂ ᠳᠠᠪᠬᠤᠷ ᠮᠡᠭᠡ᠂ ᠤᠭᠰᠠᠷᠠᠭ᠎ᠠ ᠮᠡᠭᠡ᠂ ᠬᠠᠷᠢᠭᠤᠯᠲᠠ ᠮᠡᠭᠡ ᠬᠡᠮᠡᠨ ᠠᠩᠭᠢᠯᠠᠳᠠᠭ᠃   ᠮᠣᠩᠭᠤᠯ ᠪᠥᠬᠡ ᠶᠢᠨ ᠴᠣᠯᠠ ᠶᠢ ᠴᠠᠭ ᠬᠤᠭᠤᠴᠠᠭᠠᠨ ᠤ ᠬᠤᠪᠢ ᠳᠤ ᠨᠠᠷᠢᠪᠴᠢᠯᠠᠨ ᠦᠵᠡᠪᠡᠯ 1600 ‍ᠭᠠᠳ  ᠵᠢᠯ ᠤᠨ ᠲᠡᠦᠬᠡ ᠲᠠᠢ᠃ 11ᠳ᠋ᠦ᠋ᠬᠡᠷ ᠵᠠᠭᠤᠨ ᠤ ᠰᠡᠭᠦᠯᠴᠢ ᠠᠴᠠ ᠡᠬᠢᠯᠡᠨ ᠪᠥᠬᠡᠴᠦᠳ ᠲᠤ ᠬᠠᠷᠴᠠᠭ᠎ᠠ᠂ ᠪᠦᠷᠭᠦᠳ᠂ ᠭᠠᠷᠤᠳᠢ᠂ ᠱᠣᠩᠬᠤᠷ ᠵᠡᠷᠭᠡ ᠬᠦᠴᠦᠲᠦ ᠬᠢᠭᠡᠳ ᠱᠠᠯᠠᠮᠠᠭᠠᠢ ᠵᠢᠭᠦᠷᠲᠡᠨ ᠠᠮᠢᠲᠠᠨ ᠤ ᠨᠡᠷ᠎ᠡ ᠪᠠᠷ ᠴᠣᠯᠠ ᠶᠢ ᠣᠯᠭᠤᠵᠤ ᠪᠠᠶᠢᠵᠠᠢ᠃ 12 ᠳ᠋ᠤᠭᠠᠷ ᠵᠠᠭᠤᠨ ᠤ ᠳᠤᠮᠳᠠ ᠦᠶ᠎ᠡ‌ᠡᠴᠡ ᠳᠤᠯᠭᠠᠳᠤ᠂ ᠰᠢᠨᠳᠠᠰᠤ ᠭᠡᠳᠡᠭ ᠴᠣᠯᠠ ᠶᠢ ᠨᠡᠮᠡᠨ ᠣᠯᠭᠤᠵᠤ  ᠪᠠᠶᠢᠭᠰᠠᠨ ᠪᠣᠯ 13 ᠳ᠋ᠤᠭᠠᠷ ᠵᠠᠭᠤᠨ ᠤ ᠳᠤᠮᠳᠠ ᠠᠴᠠ ᠣᠳᠣ ᠶᠢᠨ ᠬᠡᠷᠡᠭᠯᠡᠵᠦ ᠪᠠᠶᠢᠭ᠎ᠠ ᠨᠠᠴᠢᠨ ᠵᠠᠭᠠᠨ᠂ ᠠᠷᠰᠯᠠᠨ  ᠠᠪᠤᠷᠭᠤ ᠵᠡᠷᠭᠡ ᠴᠤᠯᠠ ᠤᠳ ᠤᠨ ᠨᠠᠭᠠᠳᠤᠮ ᠳᠤ ᠰᠢᠪᠦᠭᠡᠷᠡᠭᠰᠡᠨ ᠪᠥᠬᠡᠴᠦᠳ ᠲᠤ ᠣᠯᠭᠤᠬᠤ ᠪᠣᠯᠵᠠᠢ᠃ ᠬᠠᠷᠢᠨ  ᠮᠣᠩᠭᠤᠯ ᠪᠥᠬᠡ ᠶᠢᠨ ᠴᠣᠯᠠᠨ ᠤ ᠴᠢᠮᠡᠭ ᠨᠢ 18 ᠳ᠋ᠤᠭᠠᠷ ᠵᠠᠭᠤᠨ ᠤ ᠦᠶ᠎ᠡ ᠳᠤ ᠡᠭᠦᠰᠦᠭᠰᠡᠨ ᠪᠥᠭᠡᠳ ᠮᠣᠩᠭᠤᠯ  ᠪᠥᠬᠡ ᠶᠢᠨ ᠬᠥᠭᠵᠢᠯ ᠤᠨ ᠶᠠᠪᠤᠴᠠ ᠳᠤ ᠢᠵᠢᠯ ᠴᠤᠯᠠᠳᠠᠨ ᠨᠤᠭᠤᠳ‌‍ᠶᠡᠬᠡᠳᠡ ᠤᠯᠠᠰᠢᠷᠠᠭᠰᠠᠨ ᠠᠴᠠ ᠲᠡᠳᠡᠭᠡᠷ ᠢ  ᠬᠤᠭᠤᠷᠣᠨᠳᠤ ᠨᠢ ᠢᠯᠭᠠᠵᠤ ᠲᠤᠬᠠᠢ ᠶᠢᠨ ᠪᠥᠬᠡ ᠶᠢᠨ ᠴᠢᠨᠠᠷ ᠤᠳ ᠢ ᠨᠢ ᠬᠠᠷᠠᠭᠠᠯᠵᠠᠨ ᠣᠯᠭᠤᠬᠤ ᠪᠣᠯᠵᠠᠢ᠃   2005ᠣᠨ ᠳᠤ ᠪᠠᠲᠤᠯᠠᠭᠳᠠᠭᠰᠠᠨ ᠦᠨᠳᠦᠰᠦᠨ ᠤ ᠪᠠᠶᠠᠷ ᠨᠠᠭᠠᠳᠤᠮ ᠤᠨ ᠲᠤᠬᠠᠢ ᠬᠠᠤᠯᠢ ᠪᠠᠷ ᠳᠠᠪᠠᠭ᠎ᠠ  ᠪᠣᠯᠭᠠᠨ ᠳᠤ ᠴᠣᠯᠠ ᠣᠯᠭᠤᠭᠰᠠᠭᠠᠷ ᠮᠣᠩᠭᠤᠯ ᠪᠥᠬᠡ ᠶᠢᠨ ᠬᠠᠮᠤᠭ ᠤᠨ ᠳᠡᠭᠡᠳᠦ ᠴᠣᠯᠠ ᠳᠠᠷᠬᠠᠨ ᠠᠪᠤᠷᠭᠤ ᠴᠣᠯᠠ  ᠪᠣᠯᠣᠭᠰᠠᠨ ᠪᠢᠯᠡ᠃   1921 ᠣᠨ ᠠᠴᠠ ᠬᠤᠶᠢᠰᠢ ᠪᠤᠶᠤ ᠣᠷᠴᠢᠨ ᠴᠠᠭ ᠲᠤ ᠬᠠᠮᠤᠭ ᠤᠨ ᠥᠨᠳᠥᠷ ᠠᠮᠵᠢᠯᠲᠠ ᠦᠵᠡᠭᠦᠯᠦᠭᠰᠡᠨ  ᠲᠠᠮᠢᠷᠴᠢᠨ ᠪᠣᠯ ᠳᠠᠷᠬᠠᠨ ᠠᠪᠤᠷᠭᠤ ᠪᠠᠳᠮᠠᠨᠶᠠᠮᠪᠤᠤ ᠶᠢᠨ ᠪᠠᠳᠤᠡᠷᠳᠡᠨᠢ ᠪᠥᠭᠡᠳ ᠤᠯᠤᠰ ᠤᠨ ᠪᠠᠶᠠᠷ ᠨᠠᠭᠠᠳᠤᠮ ᠳᠤ  ᠨᠡᠶᠢᠲᠡ 11᠂ ᠮᠥᠨ ᠳᠠᠷᠬᠠᠨ ᠠᠪᠤᠷᠭᠤ ᠨᠤᠭᠤᠳ ᠪᠣᠯᠬᠤ ᠬᠤᠷᠯᠣ ᠶᠢᠨ ᠪᠠᠶᠠᠨᠮᠥ᠋ᠩᠬᠡ 10 ᠲᠡᠷᠢᠭᠦᠨ᠂ ᠪᠠᠳᠮᠠᠳᠤᠷᠢᠭ   ᠤᠨ ᠲᠦᠪᠲᠡᠨᠳᠣᠷᠵᠢ 7 ᠲᠡᠷᠢᠭᠦᠨ᠂ ᠵᠢᠭᠵᠢᠳ ᠤᠨ ᠮᠥᠩᠬᠡᠪᠠᠲᠤ 6 ᠲᠡᠷᠢᠭᠦᠨ᠂ ᠳᠠᠷᠢ ᠶᠢᠨ ᠳᠠᠮᠳᠢᠨ 5 ᠲᠡᠷᠢᠭᠦᠨ᠂  ᠳᠠᠰᠢᠳᠣᠷᠵᠢ ᠶᠢᠨ ᠰᠡᠷᠡᠩᠳᠤᠭᠳᠠᠬᠤ 4 ᠲᠡᠷᠢᠭᠦᠨ ᠠᠪᠤᠭᠰᠠᠨ ᠥᠨᠳᠥᠷ ᠠᠮᠵᠢᠯᠳᠠ ᠤᠳ ᠢ ᠦᠵᠡᠭᠦᠯᠵᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号