ᠠᠵᠥ ᠠᠬᠤᠢ ᠶᠢᠨ ᠨᠥᠬᠦᠪᠤᠷᠢ ᠪᠠ ᠪᠡᠶ᠎ᠠ ᠶᠢᠨ ᠠᠳᠠᠯ ᠤᠨ ᠳᠥᠯᠥᠪᠤᠷᠢ ᠶᠢ ᠶᠠᠭᠠᠬᠢᠵᠥ ᠪᠤᠳᠤᠬᠤ ᠪᠤᠢ︖
ᠨᠡᠶᠢᠲᠡᠯᠡᠭᠰᠡᠨ ᠴᠠᠭ᠄
2016/7/12
   ᠨᠢᠭᠡ᠂ ᠬᠥᠳᠡᠯᠮᠥᠷᠢ ᠎ ᠶᠢᠨ ᠭᠡᠷ᠎ᠠ ᠪᠠᠨ ᠵᠤᠭᠰᠤᠭᠰᠠᠨ ᠤ ᠳᠠᠷᠠᠭᠠᠬᠢ ᠠᠵᠥ ᠠᠬᠤᠢ ᠶᠢᠨ ᠨᠥᠬᠦᠪᠤᠷᠢ ᠶᠢᠨ ᠮᠥᠩᠬᠦ  ᠎ ᠶᠢ ᠪᠤᠳᠤᠬᠤ ᠠᠷᠭ᠎ᠠ (︽ᠵᠥᠷᠢᠴᠡᠭᠰᠠᠨ  ᠪᠠ  ᠬᠥᠳᠡᠯᠮᠥᠷᠢ  ᠎ ᠶᠢᠨ  ᠭᠡᠷ᠎ᠠ  ᠎ ᠪᠠᠨ  ᠵᠤᠭᠰᠤᠭᠰᠠᠨ  ᠠᠵᠥ  ᠠᠬᠤᠢ  ᠶᠢᠨ  ᠨᠥᠬᠦᠪᠤᠷᠢ  ᠥᠭᠬᠦ  ᠠᠷᠭ᠎ᠠ︾᠎ ᠪᠠᠷ  ᠯᠠᠪᠯᠠᠯᠳᠠ  ᠪᠤᠯᠭᠠᠵᠥ ᠪᠤᠯᠤᠨ᠎ᠠ  )᠃       1.ᠬᠤᠶᠠᠷ ᠡᠳᠡᠭᠡᠳ ᠎ ᠢᠶᠠᠷ ᠢᠶᠠᠨ ᠵᠥᠪᠳᠡᠯᠴᠨᠨ ᠬᠥᠳᠡᠯᠮᠥᠷᠢ  ᠎ ᠶᠢᠨ ᠭᠡᠷ᠎ᠠ ᠪᠠᠨ ᠵᠤᠭᠰᠤᠬᠤ᠃ ᠡᠬᠦᠨ ᠳᠤ ᠠᠵᠥ ᠠᠬᠤᠢ ᠎ ᠶᠢᠨ ᠨᠥᠬᠦᠪᠤᠷᠢ ᠮᠥᠩᠬᠦ = ᠬᠥᠮᠥᠨ ᠭᠡᠷᠡᠭᠯᠡᠬᠦ ᠨᠢᠭᠡᠴᠨ ᠳᠤ ᠠᠵᠢᠯᠯᠠᠭᠰᠠᠨ ᠵᠢᠯ ᠬᠤᠭᠤᠴᠠᠭ᠎ᠠ×ᠰᠠᠷ᠎ᠠ  ᠎ ᠶᠢᠨ ᠴᠠᠯᠢᠩ (ᠰᠠᠷ᠎ᠠ  ᠎ ᠶᠢᠨ ᠴᠠᠯᠢᠩ ᠭᠡᠳᠡᠭ ᠨᠢ ᠠᠵᠥ ᠠᠬᠤᠢᠢᠯᠠᠯ  ᠎ ᠤᠨ  ᠭᠡᠪ  ᠎ ᠤᠨ  ᠥᠢᠯᠡᠳᠪᠤᠷᠢᠯᠡᠯ  ᠎ ᠤᠨ  ᠪᠠᠶᠢᠳᠠᠯ  ᠳᠤᠤᠷ᠎ᠠ᠂ ᠬᠥᠳᠡᠯᠮᠥᠷᠢᠯᠡᠭᠴᠢᠳ ᠎ ᠤᠨ ᠭᠡᠷ᠎ᠠ  ᠎ ᠪᠠᠨ  ᠵᠤᠭᠰᠤᠬᠤ ᠠᠴᠠ  ᠡᠮᠥᠨᠡᠬᠢ 12  ᠰᠠᠷ᠎ᠠ ᠶᠢᠨ  ᠳᠤᠮᠳᠠᠴᠢ  ᠴᠠᠯᠢᠩ  ᠎ ᠢ  ᠵᠢᠭᠠᠵᠥ  ᠪᠠᠶᠢᠨ᠎ᠠ ;ᠠᠵᠢᠯᠯᠠᠭᠰᠠᠨ ᠤᠨ  ᠰᠠᠷ᠎ᠠ ᠨᠢ1ᠵᠢᠯ ᠪᠤᠯᠤᠭ᠎ᠠ ᠥᠭᠡᠢ ᠪᠤᠯ᠂ ᠡᠬᠦᠨ ᠢ 1 ᠵᠢᠯ ᠻᠢᠨᠷ ᠪᠤᠳᠤᠨ᠎ᠠ ;ᠠᠵᠢᠯᠯᠠᠭᠰᠠᠨ ᠤᠨ ᠰᠠᠷ᠎ᠠ  ᠎ ᠨᠢ 12 ᠵᠢᠯ ᠪᠤᠯᠤᠭᠰᠠᠨ ᠪᠠᠶᠢᠪᠠᠯ᠂ 12 ᠵᠢᠯ ᠎ ᠢᠶᠠᠷ ᠪᠤᠳᠤᠨ᠎ᠠ᠂ ᠳᠤᠷᠤᠭᠰᠢ ᠎ ᠪᠠᠨ ᠠᠳᠠᠯᠢ )᠃      2.ᠬᠥᠳᠡᠯᠮᠥᠷᠢᠯᠡᠭᠴᠢᠳ ᠡᠬᠦᠷᠭᠡᠯᠡᠭᠰᠠᠨ ᠠᠵᠢᠯ  ᠎ ᠢᠶᠠᠨ ᠬᠢᠵᠥ ᠳᠡᠶᠢᠯᠬᠦ ᠥᠭᠡᠢ ᠪᠠᠷ ᠬᠥᠳᠡᠯᠮᠥᠷᠢ ᠶᠢᠨ ᠭᠡᠷ᠎ᠠ ᠪᠠᠨ ᠵᠤᠭᠰᠤᠭᠠᠭᠳᠠᠭᠰᠠᠨ ᠪᠠᠶᠢᠪᠠᠯ᠄ ᠠᠵᠥ ᠠᠬᠤᠢ ᠎ ᠶᠢᠨ ᠨᠥᠬᠦᠪᠤᠷᠢ ᠮᠥᠩᠬᠦ ᠨᠢ = ᠬᠥᠮᠥᠨ ᠭᠡᠷᠡᠭᠯᠡᠭᠰᠠᠨ ᠨᠢᠭᠡᠴᠨ ᠳᠤ ᠠᠵᠢᠯᠯᠠᠭᠰᠠᠨ ᠤᠨ ᠰᠠᠷ᠎ᠠ×ᠰᠠᠷ᠎ᠠ ᠎ ᠶᠢᠨ ᠴᠠᠯᠢᠩ᠃      3.ᠠᠵᠢᠯᠳᠠᠨ ᠡᠪᠡᠳᠴᠢᠨ ᠤᠯᠤᠭᠰᠠᠨ ᠪᠤᠶᠤ ᠡᠰᠡᠬᠦᠯ᠎ᠠ ᠠᠵᠢᠯ ᠤᠨ ᠪᠤᠰᠤ ᠰᠢᠷᠬᠠᠳᠤᠯ ᠠᠴᠠ ᠪᠤᠯᠵᠥ ᠬᠥᠳᠡᠯᠮᠥᠷᠢ  ᠎ ᠶᠢᠨ ᠭᠡᠷ᠎ᠠ ᠪᠠᠨ ᠵᠤᠭᠰᠤᠭᠰᠠᠨ ᠪᠠᠶᠢᠪᠠᠯ᠄ ᠠᠵᠥ ᠠᠬᠤᠢ  ᠎ ᠶᠢᠨ ᠨᠥᠬᠦᠪᠤᠷᠢ ᠮᠥᠩᠬᠦ = ᠬᠥᠮᠥᠨ ᠭᠡᠷᠡᠭᠯᠡᠭᠰᠠᠨ ᠨᠢᠭᠡᠴᠨ ᠳᠤ ᠠᠵᠢᠯᠯᠠᠭᠰᠠᠨ ᠤᠨ ᠰᠠᠷ᠎ᠠ×ᠰᠠᠷ᠎ᠠ ᠻᠢᠨ ᠴᠠᠯᠢᠩ + ᠡᠮᠴᠢᠯᠡᠭᠡᠨ ᠤ ᠨᠥᠬᠦᠪᠤᠷᠢ ᠰᠥᠢᠳᠭᠡᠯ (ᠡᠮᠴᠢᠯᠡᠭᠡᠨ ᠤ ᠨᠥᠬᠦᠪᠤᠷᠢ ᠰᠥᠢᠳᠭᠡᠯ ᠨᠢ 6 ᠰᠠᠷ᠎ᠠ ᠎ ᠶᠢᠨ ᠴᠠᠯᠢᠩ ᠠᠴᠠ ᠳᠤᠤᠷ᠎ᠠ ᠪᠠᠶᠢᠵᠥ ᠪᠤᠯᠬᠤ‌ᠥᠭᠡᠢ ;ᠬᠥᠳᠡᠯᠮᠥᠷᠢᠯᠡᠭᠴᠢᠳ ᠤᠨ ᠰᠠᠷ᠎ᠠ  ᠎ ᠶᠢᠨ ᠳᠤᠮᠳᠠᠴᠢ ᠴᠠᠯᠢᠩ ᠨᠢ ᠠᠵᠥ ᠠᠬᠤᠢᠢᠯᠠᠯ ᠤᠨ ᠰᠠᠷ᠎ᠠ  ᠎ ᠶᠢᠨ ᠳᠤᠮᠳᠠᠴᠢ ᠴᠠᠯᠢᠩ ᠠᠴᠠ ᠳᠤᠤᠷ᠎ᠠ ᠪᠠᠶᠢᠪᠠᠯ᠂ ᠠᠵᠥ ᠠᠬᠤᠢᠢᠯᠠᠯ ᠤᠨ ᠰᠠᠷ᠎ᠠ  ᠎ ᠶᠢᠨ ᠳᠤᠮᠳᠠᠴᠢ ᠴᠠᠯᠢᠩ  ᠎ ᠢᠶᠠᠷ ᠪᠠᠷᠢᠮᠵᠢᠶᠠᠯᠠᠨ ᠥᠭᠬᠦᠨ᠎ᠠ  ᠂ ᠳᠤᠷᠤᠭᠰᠢ ᠪᠠᠨ ᠠᠳᠠᠯᠢ )᠃      4.ᠪᠤᠰᠤᠳᠴᠢ ᠪᠠᠶᠢᠳᠠᠯ ᠠᠴᠠ ᠪᠤᠯᠵᠥ ᠴᠢᠬᠤᠯᠨ ᠶᠡᠭᠡ ᠬᠤᠪᠢᠷᠠᠯᠳᠠ ᠭᠠᠷᠴᠥ ᠬᠥᠳᠡᠯᠮᠥᠷᠢ ᠻᠢᠨ ᠭᠡᠷ᠎ᠠ ᠪᠠᠨ ᠵᠤᠭᠰᠤᠭᠰᠠᠨ ᠪᠠᠶᠢᠪᠠᠯ᠄ ᠠᠵᠥ ᠠᠬᠤᠢ ᠶᠢᠨ ᠨᠥᠬᠦᠪᠤᠷᠢ ᠮᠥᠩᠬᠦ ᠨᠢ = ᠬᠥᠮᠥᠨ ᠭᠡᠷᠡᠭᠯᠡᠭᠰᠠᠨ ᠨᠢᠭᠡᠴᠨ ᠳᠤ ᠠᠵᠢᠯᠯᠠᠭᠰᠠᠨ ᠤᠨ ᠰᠠᠷ᠎ᠠ×ᠰᠠᠷ᠎ᠠ  ᠎ ᠶᠢᠨ ᠴᠠᠯᠢᠩ᠃      5.ᠠᠵᠥ ᠠᠬᠤᠢ  ᠎ ᠶᠢᠨ ᠴᠢᠨᠠᠷᠳᠠᠢ ᠠᠵᠢᠯᠳᠠᠨ ᠬᠠᠰᠤᠬᠤ ᠪᠠᠷ ᠬᠥᠳᠡᠯᠮᠥᠷᠢ  ᠎ ᠶᠢᠨ ᠭᠡᠷ᠎ᠠ ᠪᠠᠨ ᠵᠤᠭᠰᠤᠭᠰᠠᠨ‌‍ᠪᠠᠶᠢᠪᠠᠯ᠄ ᠠᠵᠥ ᠠᠬᠤᠢ ᠎ ᠶᠢᠨ ᠨᠥᠬᠦᠪᠤᠷᠢ ᠮᠥᠩᠬᠦ ᠨᠢ = ᠬᠥᠮᠥᠨ ᠭᠡᠷᠡᠭᠯᠡᠭᠰᠠᠨ ᠨᠢᠭᠡᠴᠨ ᠳᠤ ᠠᠵᠢᠯᠯᠠᠭᠰᠠᠨ ᠤᠨ ᠰᠠᠷ᠎ᠠ×ᠰᠠᠷ᠎ᠠ  ᠎ ᠶᠢᠨ ᠴᠠᠯᠢᠩ᠃       6.ᠭᠡᠷᠪᠡ ᠬᠥᠮᠥᠨ ᠭᠡᠷᠡᠭᠯᠡᠭᠰᠠᠨ ᠨᠢᠭᠡᠴᠨ ᠨᠢ ᠠᠵᠥ ᠠᠬᠤᠢ  ᠎ ᠶᠢᠨ ᠨᠥᠬᠦᠪᠤᠷᠢ ᠮᠥᠩᠬᠦ ᠥᠭᠬᠦ ᠬᠤᠭᠤᠴᠠᠭ᠎ᠠ ᠨᠢ ᠭᠡᠳᠥᠷᠡᠭᠰᠠᠨ ᠪᠠᠶᠢᠪᠠᠯ᠂ ᠪᠠᠰᠨ ᠡᠬᠦᠨ ᠠᠴᠠ ᠭᠠᠳᠠᠨ᠎ᠠ ᠵᠤᠬᠢᠬᠤ ᠳᠤᠭ᠎ᠠ ᠎ ᠶᠢᠨ ᠠᠵᠥ ᠠᠬᠤᠢ ᠎ ᠶᠢᠨ ᠨᠥᠬᠦᠪᠤᠷᠢ ᠮᠥᠩᠬᠦ ᠥᠭᠬᠦ ᠭᠡᠷᠡᠭᠳᠠᠢ᠄ ᠵᠤᠬᠢᠬᠤ ᠳᠤᠭ᠎ᠠ ᠎ ᠶᠢᠨ ᠠᠵᠥ ᠠᠬᠤᠢ ᠻᠢᠨ‌ᠨᠥ᠋ᠬᠦᠪᠤᠷᠢ ᠮᠥᠩᠬᠦ ᠨᠢ = ᠠᠵᠥ ᠠᠬᠤᠢ  ᠎ ᠶᠢᠨ ᠨᠥᠬᠦᠪᠤᠷᠢ ᠮᠥᠩᠬᠦ×50%᠃      ᠬᠤᠶᠠᠷ  ᠂ ᠪᠡᠶ᠎ᠠ  ᠎ ᠶᠢᠨ ᠠᠳᠠᠯ ᠤᠨ ᠨᠥᠬᠦᠪᠤᠷᠢ ᠮᠥᠩᠬᠦ ᠻᠢ ᠪᠤᠳᠤᠬᠤ ᠠᠷᠭ᠎ᠠ᠃  ᠪᠡᠶ᠎ᠠ  ᠎ ᠶᠢᠨ ᠠᠳᠠᠯ ᠭᠠᠷᠬᠤ᠂ ᠰᠢᠷᠬᠠᠳᠤᠭᠰᠠᠨ ᠠᠴᠠ ᠪᠤᠯᠵᠥ ᠵᠡᠮᠳᠡᠭ ᠪᠤᠯᠬᠤ᠂ ᠥᠬᠦᠬᠦ ᠵᠡᠷᠭᠡ ᠪᠠᠶᠢᠳᠠᠯ ᠭᠠᠷᠤᠭᠰᠠᠨ ᠪᠠᠶᠢᠪᠠᠯ᠂ ᠬᠤᠯᠪᠤᠭᠳᠠᠭᠰᠠᠨ ᠬᠥᠮᠥᠨ ᠵᠢᠴᠢ ᠪᠤᠳᠠᠳᠠᠢ ᠳᠥᠯᠥᠪᠤᠷᠢ ᠶᠢᠨ ᠠᠭᠤᠯᠭ᠎ᠠ ᠪᠠ ᠵᠥᠢᠯ ᠢ︽ᠳᠡᠭᠡᠳᠥ ᠵᠡᠷᠭᠡ  ᠎ ᠶᠢᠨ ᠠᠷᠠᠳ ᠤᠨ ᠰᠢᠬᠦᠬᠦ ᠬᠤᠢᠷᠶᠠᠨ ᠤ ᠪᠡᠶ᠎ᠠ  ᠠᠳᠠᠯ ᠤᠨ ᠳᠥᠯᠥᠪᠤᠷᠢ ᠎ ᠶᠢᠨ ᠭᠡᠷᠡᠭ ᠲᠤ ᠵᠤᠬᠢᠴᠠᠭᠤᠯᠤᠭᠰᠠᠨ ᠬᠠᠤᠯᠢ ᠎ ᠶᠢᠨ ᠠᠰᠠᠭᠤᠳᠠᠯ ᠤᠳ ᠤᠨ ᠳᠤᠬᠠᠢ ᠳᠠᠶᠢᠯᠪᠤᠷᠢ︾᠎ ᠪᠠᠷ ᠯᠠᠪᠯᠠᠯᠳᠠ ᠪᠤᠯᠭᠠᠵᠥ ᠪᠤᠯᠤᠨ᠎ᠠ  ᠃      1.ᠡᠮᠡᠨᠡᠯᠭᠡ  ᠎ ᠶᠢᠨ ᠵᠠᠷᠤᠳᠠᠯ = ᠡᠮ ᠤᠨ ᠰᠥᠢᠳᠭᠡᠯ+ ᠡᠮᠨᠡᠯᠭᠡ  ᠳᠤ ᠤᠷᠤᠭᠰᠠᠨ ᠰᠥᠢᠳᠭᠡᠯ + ᠡᠮᠨᠡᠯᠭᠡ  ᠎ ᠶᠢᠨ ᠬᠤᠷᠢᠶᠠᠨ ᠠᠴᠠ ᠭᠠᠷᠭᠠᠭᠰᠠᠨ ᠪᠤᠰᠤᠤᠨ ᠰᠥᠢᠳᠭᠡᠯ ᠤᠨ ᠪᠠᠷᠢᠮᠳᠠ᠃      2.ᠬᠥᠳᠡᠯᠮᠥᠷᠢ ᠰᠠᠭᠠᠳᠤᠭᠰᠠᠨ ᠰᠥᠢᠳᠭᠡᠯ=ᠠᠳᠠᠯ ᠭᠠᠷᠤᠭᠰᠠᠨ ᠬᠥᠮᠥᠨ ᠤ ᠴᠠᠯᠢᠩ (ᠳᠥᠬᠦᠷᠢᠭ/ᠡᠳᠥᠷ  )×ᠬᠥᠳᠡᠯᠮᠥᠷᠢ  ᠰᠠᠭᠠᠳᠤᠭᠰᠠᠨ  ᠴᠠᠭ  ( ᠡᠳᠥᠷ  )  (ᠠᠳᠠᠯ  ᠭᠠᠷᠤᠭᠰᠠᠨ ᠬᠥᠮᠥᠨ  ᠎ ᠨᠢ  ᠳᠤᠭᠳᠠᠭᠰᠠᠨ  ᠤᠷᠤᠯᠭ᠎ᠠ  ᠥᠭᠡᠢ  ᠪᠤᠯ᠂ ᠤᠷᠴᠢᠮ ᠤᠨ ᠭᠤᠷᠪᠠᠨ ᠵᠢᠯ ᠤᠨ ᠳᠤᠮᠳᠠᠴᠢ ᠤᠷᠤᠯᠭ᠎ᠠ ᠪᠠᠷ ᠪᠤᠳᠤᠨ᠎ᠠ;ᠠᠳᠠᠯ ᠭᠠᠷᠤᠭᠰᠠᠨ ᠬᠥᠮᠥᠨ ᠨᠢ ᠤᠷᠴᠢᠮ ᠤᠨ ᠭᠤᠷᠪᠠᠨ ᠵᠢᠯ ᠤᠨ ᠳᠤᠮᠳᠠᠴᠢ ᠤᠷᠤᠯᠭ᠎ᠠ  ᠎ ᠶᠢᠨ ᠪᠠᠶᠢᠳᠠᠯ ᠢ ᠳᠤᠰᠬᠠᠬᠤ ᠭᠡᠷᠡᠴᠢ ᠭᠠᠷᠭᠠᠵᠥ ᠳᠡᠶᠢᠯᠬᠦ ᠥᠭᠡᠢ ᠪᠤᠯ᠂ ᠵᠠᠭᠠᠯᠳᠤᠯᠭ᠎ᠠ  ᠎ ᠶᠢ ᠬᠥᠯᠢᠶᠠᠨ ᠠᠪᠤᠭᠰᠠᠨ ᠰᠢᠬᠦᠬᠦ ᠬᠤᠷᠢᠶᠠᠨ ᠤ ᠪᠠᠶᠢᠭ᠎ᠠ ᠭᠠᠵᠠᠷ  ᠤᠨ ᠠᠳᠠᠯᠢ ᠪᠤᠶᠤ ᠤᠢᠢᠷᠠᠳᠤᠬᠤ ᠠᠵᠢᠯ ᠥᠢᠯᠡᠰ ᠤᠨ ᠨᠢᠭᠡ ᠵᠢᠯ ᠤᠨ ᠠᠵᠢᠯᠳᠠᠨ ᠤ ᠳᠤᠮᠳᠠᠴᠢ ᠴᠠᠯᠢᠩ  ᠎ ᠢᠶᠠᠷ ᠪᠤᠳᠤᠨ᠎ᠠ )᠃      3.ᠰᠤᠪᠢᠯᠠᠭᠰᠠᠨ ᠵᠠᠷᠤᠳᠠᠯ = ᠰᠤᠪᠢᠯᠠᠬᠤ ᠪᠠᠷᠢᠮᠵᠢᠶ᠎ᠠ ( ᠳᠥᠬᠦᠷᠢᠭ/ᠡᠳᠥᠷ )×ᠰᠤᠪᠢᠯᠠᠭᠰᠠᠨ ᠬᠤᠭᠤᠴᠠᠭ᠎ᠠ (ᠡᠳᠥᠷ) (ᠰᠤᠪᠢᠯᠠᠭᠰᠠᠨ‌ᠬᠤᠭᠤᠴᠠᠭ᠎ᠠ  ᠎ ᠶᠢ ᠠᠳᠠᠯ ᠭᠠᠷᠤᠭᠰᠠᠨ ᠬᠥᠮᠥᠨ ᠥᠪᠡᠷ ᠤᠨ ᠪᠡᠶ᠎ᠠ ᠪᠠᠨ ᠳᠠᠭᠠᠭᠠᠬᠤ ᠳᠡᠶᠢᠯᠬᠦ ᠪᠤᠯᠳᠠᠯ᠎ᠠ ᠪᠤᠳᠤᠨ᠎ᠠ )᠂ ᠠᠳᠠᠯ ᠭᠠᠷᠤᠭᠰᠠᠨ ᠬᠥᠮᠥᠨ ᠭᠡᠷᠪᠡ ᠵᠡᠮᠳᠡᠭ ᠪᠤᠯᠤᠭᠰᠠᠨ ᠠᠴᠠ ᠥᠪᠡᠷ  ᠎ ᠤᠨ ᠪᠡᠶ᠎ᠠ ᠪᠠᠨ ᠳᠠᠭᠠᠭᠠᠬᠤ ᠳᠡᠶᠢᠯᠬᠦ ᠥᠭᠡᠢ ᠪᠠᠶᠢᠪᠠᠯ᠂ ᠰᠤᠪᠢᠯᠠᠬᠤ ᠬᠤᠭᠤᠴᠠᠭ᠎ᠠ ᠨᠢ ᠬᠠᠮᠤᠭ ᠤᠷᠳᠤ ᠨᠢ 20 ᠵᠢᠯ ᠠᠴᠠ ᠳᠠᠪᠠᠭ᠋ᠤ ᠥᠭᠡᠢ    4.ᠵᠠᠮ ᠤᠨ ᠵᠠᠷᠤᠳᠠᠯ ᠢ ᠠᠳᠠᠯ ᠭᠠᠷᠤᠭᠰᠠᠨ ᠬᠥᠮᠥᠨ ᠵᠢᠴᠢ ᠠᠰᠠᠷᠠᠵᠥ ᠬᠠᠷᠭᠠᠯᠵᠠᠬᠤ ᠬᠥᠮᠥᠨ ᠡᠮᠡᠨᠡᠯᠭᠡ ᠳᠤ ᠥᠵᠡᠬᠦᠯᠬᠦ ᠪᠤᠶᠤ ᠡᠮᠡᠨᠡᠯᠭᠡ ᠠᠴᠠ ᠰᠢᠯᠵᠢᠨ ᠵᠠᠰᠠᠭᠤᠯᠬᠤ ᠳᠤ ᠪᠤᠳᠠᠳᠠᠢ ᠤᠷᠤᠭᠰᠠᠨ‌‍ᠰᠥ᠋ᠢᠳᠭᠡᠯ ᠢ ᠥᠨᠳᠥᠰᠥᠯᠡᠨ ᠪᠤᠳᠤᠨ᠎ᠠ᠃    5.ᠡᠮᠨᠡᠯᠭᠡ ᠳᠤ ᠤᠷᠤᠭᠰᠠᠨ ᠢᠳᠡᠭᠡᠨ ᠤ ᠨᠥᠬᠦᠪᠤᠷᠢ = ᠳᠤᠬᠠᠢ  ᠎ ᠶᠢᠨ ᠭᠠᠵᠠᠷ ᠤᠨ ᠳᠥᠷᠥ  ᠎ ᠶᠢᠨ ᠪᠠᠶᠢᠭᠤᠯᠤᠯᠠᠭ᠎ᠠ  ᠎ ᠶᠢᠨ ᠡᠩ ᠤᠨ ᠠᠵᠢᠯᠳᠠᠨ ᠤ  ᠭᠠᠳᠠᠭᠰᠢ ᠭᠠᠷᠬᠤ‌ᠢᠳᠡᠰᠢ ᠤᠤᠭᠤᠰᠢ  ᠎ ᠶᠢᠨ ᠨᠥᠬᠦᠪᠤᠷᠢ‌‍ᠶᠢᠨ ᠪᠠᠷᠢᠮᠵᠢᠶ᠎ᠠ (ᠳᠥᠬᠦᠷᠢᠭ/ᠡᠳᠥᠷ )×ᠡᠮᠨᠡᠯᠭᠡ  ᠳᠤ ᠰᠠᠭᠤᠭᠰᠠᠨ ᠡᠳᠥᠷ ᠤᠨ ᠳᠤᠭ᠎ᠠ᠃       6.ᠰᠢᠮ᠎ᠠ ᠳᠡᠵᠢᠭᠡᠯ ᠤᠨ ᠰᠥᠢᠳᠭᠡᠯ ᠢ ᠠᠳᠠᠯ ᠭᠠᠷᠤᠭᠰᠠᠨ ᠬᠥᠮᠥᠨ ᠰᠢᠷᠬᠠᠳᠤᠨ ᠵᠡᠮᠳᠡᠭ ᠪᠤᠯᠤᠭᠰᠠᠨ ᠪᠠᠶᠢᠳᠠᠯ ᠢ ᠥᠨᠳᠥᠰᠥᠯᠡᠨ ᠡᠮ ᠡᠮᠨᠡᠯᠭᠡ ᠎ ᠶᠢᠨ ᠪᠠᠶᠢᠭᠤᠯᠤᠮᠵᠢ ᠻᠢᠨ ᠰᠠᠨᠠᠯ  ᠎ ᠢᠶᠠᠷ ᠳᠤᠭᠳᠠᠭᠠᠨ᠎ᠠ᠃      7.ᠵᠡᠮᠳᠡᠭ ᠪᠤᠯᠤᠭᠰᠠᠨ ᠳᠥᠯᠥᠪᠤᠷᠢ  ᠎ ᠶᠢᠨ ᠮᠥᠩᠬᠦ = ᠵᠠᠭᠠᠯᠳᠤᠯᠭ᠎ᠠ  ᠎ ᠶᠢ ᠬᠥᠯᠢᠶᠠᠨ ᠠᠪᠤᠭᠰᠠᠨ ᠰᠢᠬᠦᠬᠦ ᠬᠤᠷᠢᠶᠠᠨ ᠤ ᠰᠠᠭᠤᠭ᠎ᠠ ᠭᠠᠵᠠᠷ ᠤᠨ ᠳᠡᠭᠡᠷ᠎ᠠ ᠵᠢᠯ ᠤᠨ ᠬᠤᠳᠠ ᠪᠠᠯᠭᠠᠳ ᠤᠨ ᠰᠠᠭᠤᠭᠠᠯᠢ ᠠᠷᠠᠳ‌‍ᠤᠨ ᠵᠠᠷᠤᠵᠥ ᠪᠤᠯᠬᠤ ᠤᠷᠤᠯᠭ᠎ᠠ ( ᠡᠰᠡᠬᠦᠯ᠎ᠠ ᠬᠥᠳᠡᠭᠡ ᠳᠤᠰᠬᠤᠨ ᠤ ᠰᠠᠭᠤᠭᠠᠯᠢ ᠠᠷᠠᠳ ᠤᠨ ᠬᠥᠮᠥᠨ  ᠳᠤᠮᠳᠠᠴᠢ   ᠎ ᠶᠢᠨ  ᠴᠤᠯ  ᠤᠷᠤᠯᠭ᠎ᠠ)×ᠵᠡᠮᠳᠡᠭ  ᠎ ᠤᠨ  ᠳᠡᠰ  ᠎ ᠤᠨ  ᠢᠯᠡᠳᠭᠡᠮᠵᠢ×20 ᠵᠢᠯ (60 ᠪᠥᠬᠦᠯᠢ ᠨᠠᠰᠤᠨ ᠠᠴᠠ ᠳᠡᠭᠡᠭᠰᠢᠬᠢ  ᠎ ᠶᠢ ᠪᠤᠯ‌ᠨᠠᠰᠥ ᠨᠢ ᠨᠢᠭᠡ ᠨᠠᠰᠥ ᠨᠡᠮᠡᠭᠳᠡᠬᠦ ᠪᠥᠷᠢ 1 ᠵᠢᠯ ᠢ ᠬᠠᠰᠤᠨ᠎ᠠ ;7 5 ᠪᠥᠬᠦᠯᠢ ᠨᠠᠰᠥᠨ ᠠᠴᠠ ᠳᠡᠭᠡᠭᠰᠢᠬᠢ  ᠎ ᠶᠢ ᠪᠤᠯ 5 ᠵᠢᠯ  ᠎ ᠢᠶᠠᠷ ᠪᠤᠳᠤᠵᠥ ᠥᠭᠬᠦᠨ᠎ᠠ)  ᠃         8.ᠵᠡᠮᠳᠡᠭ  ᠎ ᠲᠤ ᠳᠤᠰᠠᠯᠠᠬᠤ ᠪᠠᠭᠠᠵᠢ ᠎ ᠶᠢᠨ ᠰᠥᠢᠳᠭᠡᠯ = ᠡᠩ ᠤᠨ ᠭᠡᠷᠡᠭᠯᠡᠬᠦ ᠪᠠᠭᠠᠵᠢ ᠎ ᠶᠢᠨ ᠰᠥᠢᠳᠭᠡᠯ×(ᠳᠥᠯᠥᠪᠤᠷᠢ ᠥᠭᠬᠦ ᠬᠤᠭᠤᠴᠠᠭ᠎ᠠ/ᠰᠤᠯᠢᠬᠤ ᠡᠷᠬᠢᠯᠳᠠ  ᠎ ᠶᠢᠨ ᠬᠤᠭᠤᠴᠠᠭ᠎ᠠ  ) (ᠬᠢᠨᠠᠨ ᠳᠤᠭᠳᠠᠭᠠᠯ ᠬᠢᠭᠰᠡᠨ ᠪᠠᠶᠢᠭᠤᠯᠤᠮᠵᠢ ᠪᠤᠶᠤ ᠵᠤᠬᠢᠶᠠᠨ‌‍ᠬᠢᠭᠰᠡᠨ ᠪᠠᠶᠢᠭᠤᠯᠤᠮᠵᠢ ᠎ ᠶᠢᠨ ᠰᠠᠨᠠᠯ ᠢ ᠥᠨᠳᠥᠰᠥᠯᠡᠨ᠎ᠠ )᠃      9.ᠤᠷᠤᠰᠢᠭᠤᠯᠬᠤ ᠰᠥᠢᠳᠭᠡᠯ = ᠵᠠᠭᠠᠯᠳᠤᠯᠭ᠎ᠠ ᠶᠢ ᠬᠥᠯᠢᠶᠠᠨ ᠠᠪᠤᠭᠰᠠᠨ ᠰᠢᠬᠦᠬᠦ ᠬᠤᠷᠢᠶᠠᠨ ᠤ ᠰᠠᠭᠤᠭ᠎ᠠ ᠭᠠᠵᠠᠷ ᠎ ᠤᠨ ᠠᠵᠢᠯᠳᠠᠨ ᠤ ᠰᠠᠷ᠎ᠠ  ᠎ ᠶᠢᠨ ᠳᠤᠮᠳᠠᠴᠢ ᠴᠠᠯᠢᠩ ×6 ᠰᠠᠷ᠎ᠠ᠃       10.ᠳᠡᠵᠢᠭᠡᠨ ᠠᠰᠠᠷᠠᠬᠤ ᠬᠥᠮᠥᠨ ᠤ ᠠᠮᠢᠳᠤᠷᠠᠯ ᠤᠨ ᠰᠥᠢᠳᠭᠡᠯ = ᠵᠠᠭᠠᠯᠳᠤᠯᠭ᠎ᠠ ᠶᠢ ᠬᠥᠯᠢᠶᠠᠨ ᠠᠪᠤᠭᠰᠠᠨ ᠰᠢᠬᠦᠬᠦ ᠬᠤᠷᠢᠶᠠᠨ ᠤ ᠰᠠᠭᠤᠭ᠎ᠠ ᠭᠠᠵᠠᠷ ᠤᠨ ᠳᠡᠭᠡᠷ᠎ᠠ ᠵᠢᠯ ᠤᠨ ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠬᠥᠮᠥᠨ ᠳᠤᠮᠳᠠᠴᠢ  ᠎ ᠶᠢᠨ ᠭᠡᠷᠡᠭᠯᠡᠭᠡᠨ ᠤ ᠴᠢᠨᠠᠷᠳᠠᠢ ᠵᠠᠷᠤᠯᠭ᠎ᠠ  ᠎ ᠶᠢᠨ ᠨᠤᠷᠮ᠎ᠠ ( ᠡᠰᠡᠬᠦᠯ᠎ᠠ ᠬᠥᠳᠡᠭᠡ ᠳᠤᠰᠬᠤᠨ ᠤ ᠰᠠᠭᠤᠭᠠᠯᠢ ᠠᠷᠠᠳ ᠤᠨ ᠬᠥᠮᠥᠨ ᠳᠤᠮᠳᠠᠴᠢ ᠎ ᠶᠢᠨ ᠨᠢᠭᠡ ᠵᠢᠯ ᠤᠨ ᠠᠮᠢᠳᠤᠷᠠᠯ ᠤᠨ ᠭᠡᠷᠡᠭᠯᠡᠭᠡᠨ ᠤ ᠵᠠᠷᠤᠳᠠᠯ ᠤᠨ ᠨᠤᠷᠮ᠎ᠠ )×ᠵᠡᠮᠳᠡᠭ ᠪᠤᠯᠤᠭᠰᠠᠨ ᠢᠯᠡᠳᠭᠡᠮᠵᠢ (ᠥᠬᠦᠭᠰᠠᠨ ᠬᠥᠮᠥᠨ ᠤ ᠢᠯᠡᠳᠭᠡᠮᠵᠢ ᠨᠢ 1 )×ᠳᠥᠯᠥᠪᠤᠷᠢ  ᠎ ᠶᠢᠨ ᠵᠢᠯ ᠬᠤᠭᠤᠴᠠᠭ᠎ᠠ  /ᠡᠬᠦᠷᠭᠡᠯᠡᠬᠦ ᠳᠡᠵᠢᠭᠡᠨ ᠠᠰᠠᠷᠠᠬᠤ ᠬᠥᠮᠥᠨ ᠤ ᠳᠤᠭ᠎ᠠ (ᠳᠡᠵᠢᠭᠡᠨ ᠠᠰᠠᠷᠠᠬᠤ ᠬᠥᠮᠥᠨ ᠨᠢ ᠨᠠᠰᠤᠨ ᠳᠤ ᠬᠥᠷᠥᠭᠡᠳᠥᠢ ᠪᠤᠯ 18 ᠪᠥᠬᠦᠯᠢ ᠨᠠᠰᠥ ᠬᠥᠷᠳᠠᠯ᠎ᠠ ᠪᠤᠳᠤᠨ᠎ᠠ;ᠳᠡᠵᠢᠭᠡᠨ ᠠᠷᠠᠴᠢᠯᠠᠬᠤ ᠬᠥᠮᠥᠨ ᠨᠢ ᠬᠥᠳᠡᠯᠮᠥᠷᠢᠯᠡᠬᠦ ᠴᠢᠳᠠᠪᠤᠷᠢ ᠥᠭᠡᠢ ᠮᠥᠷᠳᠡᠭᠡᠨ ᠪᠠᠰᠨ ᠪᠤᠰᠤᠤᠨ ᠠᠮᠢᠳᠤᠷᠠᠯ  ᠤᠨ ᠢᠷᠡᠯᠳᠠ ᠥᠭᠡᠢ ᠪᠤᠯ  ᠂ 20 ᠵᠢᠯ  ᠎ ᠢᠶᠠᠷ  ᠪᠤᠳᠤᠵᠥ ᠥᠭᠬᠦᠨ᠎ᠠ ;60 ᠪᠥᠬᠦᠯᠢ ᠨᠠᠰᠥ ᠠᠴᠠ ᠳᠡᠭᠡᠭᠰᠢᠬᠢ ᠪᠤᠯ᠂ ᠨᠠᠰᠥ ᠨᠢ ᠨᠢᠭᠡ  ᠨᠠᠰᠥ ᠨᠡᠮᠡᠭᠳᠡᠬᠦ ᠪᠥᠷᠢ 1 ᠵᠢᠯ ᠬᠠᠰᠤᠨ᠎ᠠ ;75 ᠪᠥᠬᠦᠯᠢ ᠨᠠᠰᠥᠨ ᠠᠴᠠ ᠳᠡᠭᠡᠭᠰᠢᠬᠢ ᠪᠤᠯ 5ᠵᠢᠯ  ᠎ ᠢᠶᠠᠷ ᠪᠤᠳᠤᠵᠥ ᠥᠭᠬᠦᠨ᠎ᠠ )᠃      11. ᠥᠬᠦᠭᠰᠠᠨ ᠳᠥᠯᠥᠪᠤᠷᠢ  ᠎ ᠶᠢᠨ ᠮᠥᠩᠬᠦ = ᠵᠠᠭᠠᠯᠳᠤᠯᠭ᠎ᠠ  ᠎ ᠶᠢ ᠬᠥᠯᠢᠶᠠᠨ ᠠᠪᠤᠭᠰᠠᠨ ᠰᠢᠬᠦᠬᠦ ᠬᠤᠷᠢᠶᠠᠨ ᠤ ᠰᠠᠭᠤᠭ᠎ᠠ ᠭᠠᠵᠠᠷ  ᠤᠨ ᠳᠡᠭᠡᠷ᠎ᠠ ᠵᠢᠯ ᠤᠨ ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠬᠥᠮᠥᠨ ᠳᠤᠮᠳᠠᠴᠢ ᠎ ᠢᠶᠠᠷ ᠵᠠᠷᠤᠵᠥ ᠪᠤᠯᠬᠤ ᠤᠷᠤᠯᠭ᠎ᠠ ( ᠡᠰᠡᠬᠦᠯ᠎ᠠ ᠬᠥᠳᠡᠭᠡ ᠳᠤᠰᠬᠤᠨ ᠤ ᠰᠠᠭᠤᠭᠠᠯᠢ  ᠠᠷᠠᠳ ᠎ ᠤᠨ  ᠬᠥᠮᠥᠨ  ᠳᠤᠮᠳᠠᠴᠢ  ᠴᠡᠪᠡᠷ  ᠤᠷᠤᠯᠭ᠎ᠠ ) × 20  ᠵᠢᠯ ( 6 0  ᠪᠥᠬᠦᠯᠢ ᠨᠠᠰᠥᠨ  ᠎ ᠠᠴᠠ ᠳᠡᠭᠡᠭᠰᠢᠬᠢ ᠪᠤᠯ᠂ ᠨᠠᠰᠥ ᠨᠢ ᠨᠢᠭᠡ ᠨᠠᠰᠥ ᠨᠡᠮᠡᠭᠳᠡᠬᠦ ᠪᠥᠷᠢ 1 ᠵᠢᠯ ᠬᠠᠰᠤᠨ᠎ᠠ ;75 ᠪᠥᠬᠦᠯᠢ ᠨᠠᠰᠥᠨ ᠠᠴᠠ ᠳᠡᠭᠡᠭᠰᠢᠬᠢ ᠪᠤᠯ᠂ 5 ᠵᠢᠯ  ᠎ ᠢᠶᠠᠷ ᠪᠤᠳᠤᠨ᠎ᠠ)᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号