ᠨᠡᠶᠢᠭᠡᠮ ᠤᠨ ᠰᠡᠳᠬᠢᠴᠡ ᠶᠢᠨ ᠥᠢᠯᠡᠴᠢᠯᠡᠭᠡᠨ ᠤ ᠰᠢᠰᠲ᠋ᠧᠮ ᠢ ᠪᠠᠶᠢᠭᠤᠯᠤᠨ ᠪᠥᠷᠢᠨᠰᠢᠬᠦᠯᠵᠥ᠂ ᠠᠷᠠᠳ | ᠤᠯᠠᠨ ᠳᠤ ᠨᠡᠩ ᠰᠢᠯᠢᠲᠡᠭ ᠨᠡᠩ ᠲᠥᠭᠦᠮ ᠲᠥᠲᠡ ᠰᠡᠳᠬᠢᠴᠡ ᠶᠢᠨ ᠡᠷᠡᠬᠦᠯ ᠮᠡᠨᠲᠤ ᠶᠢᠨ ᠥᠢᠯᠡᠴᠢᠯᠡᠭᠡ | ᠬᠠᠨᠭ᠍ᠭᠠᠬᠤ ᠶᠢᠨ ᠲᠥᠯᠥᠭᠡ ᠤᠶᠢᠷ᠎ᠠ ᠶᠢᠨ ᠬᠤᠭᠤᠴᠠᠭᠠᠨ ᠳᠤ᠂ ᠤᠯᠤᠰ ᠤᠨ ᠡᠷᠡᠬᠦᠯ ᠬᠠᠮᠠᠭᠠᠯᠠᠯ ᠪᠠ ᠡᠷᠡᠬᠦᠯ | ᠮᠡᠨᠲᠤ ᠶᠢᠨ ᠵᠥᠪᠯᠡᠯ ᠨᠢ ᠠᠵᠤ ᠥᠢᠯᠡᠳᠪᠤᠷᠢ ᠪᠤᠯᠤᠨ ᠰᠤᠷᠠᠭ ᠵᠠᠩᠭᠢᠵᠢᠯᠲᠠ ᠶᠢᠨ ᠬᠡᠯᠲᠡᠰ ᠲᠠᠢ ᠬᠠᠮᠵᠢᠯᠴᠠᠨ ︽ | 12356︾ ᠬᠠᠯᠠᠮ ᠤᠲᠠᠰᠤ ᠶᠢ ᠪᠥᠬᠦ ᠤᠯᠤᠰ ᠤᠨ ᠨᠢᠭᠡᠲᠥᠯᠲᠡᠢ ᠰᠡᠳᠬᠢᠴᠡ ᠶᠢᠨ ᠵᠥᠪᠯᠡᠮᠵᠢ ᠶᠢᠨ ᠬᠠᠯᠠᠮ | ᠤᠲᠠᠰᠤ ᠪᠠᠷ ᠲᠤᠬᠢᠷᠠᠭᠤᠯᠪᠠ᠃ ᠠᠶᠢᠮᠠᠭ ᠤᠨ ᠠᠨ ᠱᠧᠨ ᠡᠮᠨᠡᠯᠭᠡ ᠶᠢᠨ ᠬᠤᠷᠢᠶ᠎ᠠ ᠨᠢ ᠡᠨᠡᠬᠦ ᠠᠵᠢᠯ ᠢ ᠢᠲᠡᠪᠬᠢᠲᠡᠢ | ᠴᠤᠤᠷᠢᠶᠠᠲᠤᠨ ᠲᠥᠷᠭᠡᠨ ᠬᠥᠲᠡᠯᠥᠯᠴᠡᠵᠥ᠂ ᠪᠠᠴᠢᠮ ᠶᠠᠭᠠᠷᠠᠯᠲᠠᠢ ᠪᠡᠯᠡᠳᠭᠡᠯ ᠢᠶᠠᠷ ᠲᠠᠮᠵᠢᠨ 2025 ᠤᠨ ᠤ 1 | ᠰᠠᠷ᠎ᠠ ᠶᠢᠨ 26 ᠤ ᠡᠲᠥᠷ ᠵᠢᠩᠭᠢᠨᠢ ᠪᠠᠷ ᠪᠥᠬᠦ ᠤᠯᠤᠰ ᠤᠨ ᠨᠢᠭᠡᠲᠥᠯᠲᠡᠢ ᠰᠡᠳᠬᠢᠴᠡ ᠶᠢᠨ ᠵᠥᠪᠯᠡᠮᠵᠢ ᠶᠢᠨ ︽ | 12356︾ ᠬᠠᠯᠠᠮ ᠤᠲᠠᠰᠤ ᠶᠢ ᠨᠡᠪᠲᠡᠷᠡᠬᠦᠯᠵᠥ᠂ ᠤᠯᠠᠨ ᠲᠥᠮᠡᠨ ᠳᠤ 24 ᠴᠠᠭ ᠢᠶᠠᠷ ᠰᠡᠳᠬᠢᠴᠡ ᠶᠢᠨ | ᠵᠥᠪᠯᠡᠮᠵᠢ ᠶᠢᠨ ᠥᠢᠯᠡᠴᠢᠯᠡᠭᠡ ᠬᠠᠨᠭ᠍ᠭᠠᠵᠥ ᠪᠤᠢ᠃ | ︽12356︾ ᠬᠠᠯᠠᠮ ᠤᠲᠠᠰᠤ ᠶᠢ ᠵᠠᠯᠭᠠᠭᠴᠢ ᠬᠠᠢ ᠵᠤᠤ ᠨᠠᠨ᠄ ︽︿12356﹀ 24 ᠴᠠᠭ ᠢᠶᠠᠷ | ᠥᠢᠯᠡᠴᠢᠯᠡᠬᠦ ᠰᠡᠳᠬᠢᠴᠡ ᠶᠢᠨ ᠵᠥᠪᠯᠡᠮᠵᠢ ᠶᠢᠨ ᠬᠠᠯᠠᠮ ᠤᠲᠠᠰᠤ ᠨᠢ ᠭᠤᠤᠯᠲᠠᠭᠤ ᠤᠲᠠᠰᠤ ᠢᠷᠡᠬᠦᠯᠥᠭᠴᠢᠳ ᠲᠤ | ᠰᠡᠳᠬᠢᠴᠡ ᠶᠢᠨ ᠲᠠᠶᠢᠳᠬᠤᠷᠠᠭᠤᠯᠤᠯ ᠬᠢᠲᠡᠭ᠃ ᠤᠲᠠᠰᠤ ᠢᠷᠡᠬᠦᠯᠥᠭᠴᠢᠳ ᠤᠨ ᠤᠯᠠᠩᠭᠢ ᠨᠢ ᠭᠡᠷ ᠪᠥᠯᠢ᠂ ᠥᠷ᠎ᠠ | ᠬᠡᠥᠭᠡᠳ᠂ ᠬᠥᠮᠥᠰ ᠤᠨ ᠬᠤᠭᠤᠷᠤᠨᠲᠤᠬᠢ ᠬᠠᠷᠢᠴᠠᠭ᠎ᠠ ᠵᠢᠴᠢ ᠠᠵᠢᠯ ᠰᠤᠷᠤᠯᠭ᠎ᠠ ᠶᠢᠨ ᠲᠠᠷᠤᠭᠠᠰᠤ ᠠᠴᠠ ᠪᠤᠯᠤᠭᠰᠠᠨ | ᠰᠡᠳᠬᠢᠴᠡ ᠶᠢᠨ ᠲᠠᠷᠤᠭᠠᠰᠤ ᠲᠠᠢ ᠬᠥᠮᠥᠰ ᠪᠠᠶᠢᠵᠥ᠂ ᠪᠢᠲᠠ ᠲᠤᠰᠬᠠᠢ ᠮᠡᠲᠡᠯᠭᠡ ᠪᠤᠯᠤᠨ ᠬᠥᠯᠢᠴᠡᠩᠭᠦᠢ | ᠬᠠᠯᠠᠭᠤᠮᠰᠤᠭ ᠤᠪᠤᠷ ᠢᠶᠠᠷ ᠥᠢᠯᠡᠴᠢᠯᠡᠵᠥ᠂ ᠤᠲᠠᠰᠤ ᠢᠷᠡᠬᠦᠯᠥᠭᠴᠢᠳ ᠲᠤ ᠰᠡᠳᠬᠢᠴᠡ ᠶᠢᠨ ᠲᠡᠮᠵᠢᠯᠭᠡ ᠪᠤᠯᠤᠨ | ᠲᠤᠬᠢᠷᠠᠭᠤᠯᠤᠯᠲᠠ ᠬᠢᠲᠡᠭ︾ ᠭᠡᠵᠥ ᠲᠠᠨᠢᠯᠴᠠᠭᠤᠯᠪᠠ᠃ | ᠠᠶᠢᠮᠠᠭ ᠤᠨ ᠠᠨ ᠱᠧᠨ ᠡᠮᠨᠡᠯᠭᠡ ᠶᠢᠨ ᠬᠤᠷᠢᠶᠠᠨ ᠤ ᠰᠡᠳᠬᠢᠴᠡ ᠶᠢᠨ ᠰᠠᠯᠠᠭᠠᠨ ᠤ ᠡᠷᠬᠢᠯᠡᠭᠴᠢ ᠶᠠᠩ ᠰᠢᠶᠥᠥ | ᠯᠸᠢ ᠢᠯᠡᠷᠭᠡᠶᠢᠯᠡᠬᠦ ᠳᠡᠭᠡᠨ᠄ ︽︿12356﹀ ᠰᠡᠳᠬᠢᠴᠡ ᠶᠢᠨ ᠵᠥᠪᠯᠡᠮᠵᠢ ᠶᠢᠨ ᠬᠠᠯᠠᠮ ᠤᠲᠠᠰᠤᠨ ᠳᠤ ᠲᠤᠰᠬᠠᠢ | ᠠᠵᠢᠯᠲᠠᠨ ᠲᠤᠬᠢᠷᠠᠭᠤᠯᠤᠨ᠂ 24 ᠴᠠᠭ ᠢᠶᠠᠷ ᠲᠠᠰᠤᠷᠠᠯᠲᠠ ᠥᠭᠡᠢ ᠥᠢᠯᠡᠴᠢᠯᠡᠭᠡ ᠬᠠᠨᠭ᠍ᠭᠠᠵᠥ ᠪᠤᠢ᠃ ᠬᠡᠷᠪᠡ | ᠤᠯᠠᠨ ᠢᠶᠠᠷ ᠢᠶᠠᠨ ᠤᠷᠮ᠎ᠠ ᠰᠡᠳᠬᠢᠯᠭᠡ ᠶᠢᠨ ᠲᠠᠯ᠎ᠠ ᠪᠠᠷ ᠵᠠᠷᠢᠮ ᠠᠰᠠᠭᠤᠲᠠᠯ ᠢᠯᠡᠷᠡᠪᠡᠯ᠂ ᠡᠨᠡᠬᠦ ᠤᠲᠠᠰᠤ ᠪᠠᠷ | ᠬᠤᠯᠪᠤᠭᠲᠠᠨ ᠪᠢᠲᠠᠨ ᠢ ᠡᠷᠢᠵᠥ ᠪᠤᠯᠤᠨ᠎ᠠ᠃ ᠪᠢᠲᠠ ᠬᠠᠮᠤᠭ ᠴᠢᠲᠠᠯ ᠢᠶᠠᠷ ᠢᠶᠠᠨ ᠤᠯᠠᠨ ᠲᠥᠮᠡᠨ ᠤ ᠰᠡᠳᠬᠢᠯ ᠤᠨ | ᠪᠤᠬᠢᠨᠢᠲᠤᠯ ᠪᠤᠯᠤᠨ ᠲᠠᠷᠤᠭᠠᠰᠤ ᠶᠢ ᠬᠥᠡᠭᠭᠡᠷᠡᠬᠦᠯᠵᠥ ᠥᠭᠭᠦᠨ᠎ᠠ︾ ᠬᠡᠪᠡ᠃ | | |