ᠰᠥᠨᠢᠳ ᠵᠡᠬᠦᠨ ᠬᠤᠰᠢᠭᠤ ᠵᠠᠰᠠᠭ ᠤᠨ ᠶᠠᠪᠤᠲᠠᠯ ᠤᠨ ᠥᠢᠯᠡᠴᠢᠯᠡᠭᠡ ᠶᠢ ᠨᠠᠷᠢᠯᠢᠭ ᠪᠤᠲᠠᠲᠠᠢ ᠬᠢᠪᠠ
ᠨᠡᠶᠢᠲᠡᠯᠡᠭᠰᠡᠨ ᠴᠠᠭ᠄
2025/2/21
     ᠰᠥᠨᠢᠳ ᠵᠡᠬᠦᠨ ᠬᠤᠰᠢᠭᠤ ᠵᠠᠰᠠᠭ ᠤᠨ ᠶᠠᠪᠤᠲᠠᠯ ᠤᠨ ᠥᠢᠯᠡᠴᠢᠯᠡᠭᠡᠨ ᠤ ︽ᠵᠢᠷᠭᠤᠭ᠎ᠠ ᠶᠢ ᠬᠥᠢᠴᠡᠳᠭᠡᠬᠦ︾ ᠵᠠᠬᠪᠤᠷ ᠢ ᠬᠥᠨᠵᠡᠭᠡᠢ ᠠᠬᠢᠭᠤᠯᠵᠥ᠂ ᠬᠤᠲᠠᠯᠲᠤᠭ᠎ᠠ ᠡᠷᠬᠢᠯᠡᠬᠦ ᠤᠷᠴᠢᠨ ᠨᠥᠬᠦᠴᠡᠯ ᠢ ᠥᠷᠬᠦᠯᠵᠢᠯᠡᠨ ᠰᠢᠯᠢᠲᠡᠭᠵᠢᠬᠦᠯᠵᠥ᠂ ᠵᠠᠰᠠᠭ ᠤᠨ ᠶᠠᠪᠤᠲᠠᠯ ᠤᠨ ᠥᠢᠯᠡᠴᠢᠯᠡᠭᠡᠨ ᠤ ᠲᠥᠪᠰᠢᠨ ᠢ ᠲᠡᠭᠡᠭᠰᠢᠯᠡᠬᠦᠯᠵᠡᠢ᠃      ︽ᠵᠢᠷᠭᠤᠭ᠎ᠠ ᠶᠢ ᠬᠥᠢᠴᠡᠳᠭᠡᠬᠦ︾ ᠬᠡᠲᠡᠭ ᠨᠢ ᠲᠠᠷᠤᠢ ᠬᠠᠮᠢᠶ᠎ᠠ ᠪᠥᠬᠦᠢ ᠵᠥᠢᠯᠡᠰ ᠢ ︽ᠲᠥᠪᠯᠡᠷᠡᠩᠭᠦᠢ ᠬᠥᠢᠴᠡᠳᠭᠡᠬᠦ︾᠂ ᠤᠨᠲᠤᠤ ᠭᠠᠵᠠᠷ ᠲᠠᠬᠢ ᠤᠴᠢᠷ ᠶᠠᠪᠤᠲᠠᠯ ᠢ ︽ᠤᠷᠤᠨ ᠠᠯᠤᠰᠯᠠᠨ ᠬᠥᠢᠴᠡᠳᠭᠡᠬᠦ︾᠂ ᠲᠥᠷᠥ ᠶᠢᠨ ᠪᠤᠲᠤᠯᠭ᠎ᠠ ᠶᠢᠨ ᠥᠢᠯᠡᠴᠢᠯᠡᠭᠡᠨ ᠤ ︽ᠡᠷᠡᠮᠡᠯᠵᠡᠯ ᠲᠡᠪᠰᠢᠬᠦᠯᠬᠦ ᠥᠭᠡᠢ ᠪᠠᠷ ᠬᠥᠢᠴᠡᠳᠭᠡᠬᠦ︾᠂ ︽ᠲᠤᠲᠠᠭᠤᠲᠠᠯ ᠢ ᠪᠠᠭᠲᠠᠭᠠᠨ ᠬᠥᠢᠴᠡᠳᠭᠡᠬᠦ ᠵᠥᠢᠯᠡᠰ︾   ᠢ ᠠᠮᠠᠯᠲᠠᠨ ᠬᠥᠢᠴᠡᠳᠭᠡᠬᠦ᠂ ᠲᠤᠬᠠᠢ ᠶᠢᠨ ᠲᠠᠯᠠᠪᠠᠢ ᠳᠤ ᠨᠢᠭᠡᠯᠡ ᠴᠤᠩᠬᠤᠪᠴᠢ ᠳᠤ ᠬᠥᠢᠴᠡᠳᠭᠡᠬᠦ᠂ ᠰᠥᠯᠵᠢᠶᠡᠨ ᠲᠡᠭᠡᠷ᠎ᠠ ᠨᠢᠭᠡᠯᠡ ᠦᠷᠳᠡᠭᠡ ᠳᠤ ᠬᠥᠢᠴᠡᠳᠭᠡᠬᠦ ᠶᠢ ᠬᠡᠯᠡᠵᠥ ᠪᠤᠢ᠃ 2024 ᠤᠨ ᠤ 10 ᠰᠠᠷ᠎ᠠ ᠳᠤ᠂ ᠪᠥᠬᠦ ᠠᠶᠢᠮᠠᠭ ᠤᠨ ᠬᠤᠲᠠᠯᠲᠤᠭ᠎ᠠ ᠡᠷᠬᠢᠯᠡᠬᠦ ᠤᠷᠴᠢᠨ ᠨᠥᠬᠦᠴᠡᠯ ᠢ ᠰᠢᠯᠢᠲᠡᠭᠵᠢᠬᠦᠯᠥᠭᠰᠡᠨ ᠲᠠᠭᠠᠰᠢᠶᠠᠯ ᠤᠨ ᠬᠡᠮᠵᠢᠶ᠎ᠠ ᠶᠢ ᠪᠠᠶᠢᠴᠠᠭᠠᠨ ᠥᠨᠡᠯᠡᠬᠦ ᠠᠵᠢᠯ ᠲᠤᠮᠲᠠ᠂ ᠲᠤᠰ ᠬᠤᠰᠢᠭᠤ ᠪᠥᠬᠦ ᠠᠶᠢᠮᠠᠭ ᠲᠤ ᠨᠢᠭᠡᠲᠥᠭᠡᠷ ᠲᠤ ᠵᠢᠭᠰᠠᠭᠠᠭᠲᠠᠵᠥ᠂ 11 ᠰᠠᠷ᠎ᠠ ᠳᠤᠨᠢ ᠪᠥᠬᠦ ᠠᠶᠢᠮᠠᠭ ᠤᠨ ᠵᠠᠰᠠᠭ ᠤᠨ ᠶᠠᠪᠤᠲᠠᠯ ᠤᠨ ᠥᠢᠯᠡᠴᠢᠯᠡᠭᠡᠨ ᠤ ᠠᠵᠢᠯ ᠤᠨ ᠵᠢᠭᠰᠠᠭᠠᠯᠲᠠ ᠲᠤᠮᠲᠠ ᠲᠤᠰ ᠬᠤᠰᠢᠭᠤ ᠮᠥᠨ ᠨᠢᠭᠡᠲᠥᠭᠡᠷ ᠲᠤ ᠵᠢᠭᠰᠠᠭᠠᠭᠲᠠᠵᠠᠢ᠃      2024 ᠤᠨ ᠳᠤ᠂ ᠲᠤᠰ ᠬᠤᠰᠢᠭᠤ ︽ᠨᠢᠭᠡ ᠬᠤᠪᠢ ᠶᠠᠪᠤᠲᠠᠯ︾   ᠢ ᠲᠥᠷᠥᠬᠦᠯᠡᠨ ᠬᠥᠢᠴᠡᠳᠭᠡᠬᠦ ᠰᠠᠯᠠᠭ᠎ᠠ ᠮᠥᠴᠢᠷ ᠢ ᠲᠤᠲᠤᠷᠬᠠᠶᠢᠯᠠᠵᠥ᠂ ᠲᠤᠬᠠᠶᠢᠯᠠᠭᠰᠠᠨ ᠠᠵᠢᠯ ᠤᠨ ᠬᠥᠢᠴᠡᠳᠭᠡᠬᠦ ᠶᠠᠪᠤᠴᠠ ᠶᠢ ᠲᠠᠬᠢᠨᠲᠠ ᠲᠤᠬᠢᠷᠠᠭᠤᠯᠵᠥ᠂ ᠪᠡᠯᠡᠳᠭᠡᠯ ᠭᠤᠭᠴᠤᠭ᠎ᠠ ᠶᠢ ᠰᠢᠯᠢᠲᠡᠭᠵᠢᠬᠦᠯᠤᠨ ᠰᠥᠯᠵᠢᠶᠡᠨ ᠲᠡᠭᠡᠷᠡᠬᠢ ᠪᠠ ᠪᠤᠲᠠᠲᠤ ᠲᠠᠯᠠᠪᠤᠷ ᠲᠤ ᠬᠠᠷᠢᠯᠴᠠᠨ ᠬᠤᠯᠪᠤᠭᠠᠯᠠᠬᠤ ᠶᠢ ᠴᠢᠩᠭᠠᠳᠬᠠᠵᠥ᠂ ᠵᠢᠯ ᠲᠤᠲᠤᠷ᠎ᠠ 3887 ᠬᠤᠪᠢ ᠶᠠᠪᠤᠲᠠᠯ ᠢ ᠬᠥᠢᠴᠡᠳᠭᠡᠪᠡ᠃ ︽ᠪᠥᠬᠦ ᠤᠷᠤᠨ ᠳᠤ ᠨᠢᠭᠡᠲᠥᠯᠲᠡᠢ ᠬᠥᠢᠴᠡᠳᠭᠡᠬᠦ︾ ᠲᠤᠰᠬᠠᠢ ᠲᠤᠭᠤᠷᠢᠭ ᠲᠤ ︽ᠪᠥᠬᠦ ᠤᠷᠤᠨ ᠳᠤ ᠨᠢᠭᠡᠲᠥᠯᠲᠡᠢ ᠬᠥᠢᠴᠡᠳᠭᠡᠬᠦ︾ ᠵᠥᠢᠯ ᠢ 150 ᠨᠡᠮᠡᠭᠲᠡᠬᠦᠯᠥᠭᠰᠡᠨ ᠪᠥᠭᠡᠳ ᠵᠠᠰᠠᠭ ᠤᠨ ᠶᠠᠪᠤᠲᠠᠯ ᠤᠨ ᠥᠢᠯᠡᠴᠢᠯᠡᠭᠡᠨ ᠤ ᠲᠢᠩᠭᠢᠮ ᠳᠤ ︽ᠮᠤᠵᠢ ᠠᠯᠤᠰᠯᠠᠨ ᠨᠢᠭᠡᠲᠥᠯᠲᠡᠢ ᠬᠥᠢᠴᠡᠳᠭᠡᠬᠦ︾ ︽ᠪᠥᠬᠦ  ᠤᠷᠤᠨ  ᠳᠤ  ᠨᠢᠭᠡᠲᠥᠯᠲᠡᠢ  ᠬᠥᠢᠴᠡᠳᠭᠡᠬᠦ︾ ᠴᠤᠩᠬᠤᠪᠴᠢ ᠲᠤᠬᠢᠷᠠᠭᠤᠯᠤᠨ ᠵᠢᠯ ᠤᠨ ᠲᠤᠲᠤᠷ᠎ᠠ 10039 ᠬᠤᠪᠢ ᠶᠠᠪᠤᠲᠠᠯ ᠬᠥᠢᠴᠡᠳᠭᠡᠪᠡ᠃ ᠠᠵᠤ ᠠᠬᠤᠶᠢᠯᠠᠯ ᠤᠯᠠᠨ ᠲᠥᠮᠡᠨ ᠤ ᠲᠤᠰ ᠪᠡᠶ᠎ᠠ ᠶᠢᠨ ᠠᠰᠢᠭ ᠲᠤᠰᠠ ᠳᠤ ᠬᠤᠯᠪᠤᠭᠲᠠᠭᠰᠠᠨ ᠵᠠᠰᠠᠭ ᠵᠠᠬᠢᠷᠭᠠᠨ ᠤ ᠲᠥᠯᠥᠪᠤᠷᠢ ᠥᠭᠭᠦ᠂ ᠪᠡᠯᠡ ᠮᠥᠡᠭᠭᠦᠨ ᠤ ᠨᠥᠬᠦᠪᠤᠷᠢ ᠥᠭᠭᠦ᠂ ᠭᠠᠶᠢᠯᠢ ᠰᠥᠢᠳᠭᠡᠯ ᠤᠨ ᠬᠠᠷᠠᠭᠠᠯᠵᠠᠯ ᠵᠡᠷᠭᠡ ᠡᠷᠡᠮᠡᠯᠵᠡᠯ ᠲᠡᠪᠰᠢᠬᠦᠯᠬᠦ ᠥᠭᠡᠢ ᠪᠠᠷ ᠲᠠᠷᠤᠢ ᠬᠥᠷᠲᠡᠬᠦ ᠲᠥᠷᠥ ᠶᠢᠨ ᠪᠤᠲᠤᠯᠭ᠎ᠠ ᠶᠢᠨ 18 ᠵᠥᠢᠯ ᠤᠨ ᠠᠷᠭ᠎ᠠ ᠬᠡᠮᠵᠢᠶ᠎ᠠ ᠶᠢ ᠰᠢᠯᠤᠭᠤᠳᠬᠠᠵᠥ᠂ ᠠᠵᠤ ᠠᠬᠤᠶᠢᠯᠠᠯ ᠤᠯᠠᠨ ᠲᠥᠮᠡᠨ ᠤ ᠲᠤᠬᠠᠶᠢᠯᠠᠭᠰᠠᠨ ᠠᠵᠢᠯ ᠬᠥᠢᠴᠡᠳᠭᠡᠬᠦ ᠪᠥᠬᠦ ᠶᠠᠪᠤᠴᠠ ᠳᠤ ︽ᠡᠷᠡᠮᠡᠯᠵᠡᠯ ᠥᠯᠥ ᠲᠡᠪᠰᠢᠬᠦᠯᠬᠦ᠂ ᠲᠤᠬᠠᠢ ᠶᠢᠨ ᠲᠠᠯᠠᠪᠠᠢ ᠳᠤ ᠥᠯᠥ ᠬᠥᠷᠬᠦ᠂ ᠨᠠᠶᠢᠲᠠᠪᠤᠷᠢᠵᠢᠭᠤᠯᠤᠯᠲᠠ ᠲᠥᠷᠭᠡᠨ︾ ᠪᠠᠶᠢᠬᠤ ᠶᠢ ᠪᠡᠶᠡᠯᠡᠬᠦᠯᠥᠭᠰᠡᠨ ᠪᠠᠶᠢᠨ᠎ᠠ᠃      2024 ᠤᠨ ᠳᠤ᠂ ᠲᠤᠰ ᠬᠤᠰᠢᠭᠤ ᠲᠤᠲᠠᠭᠤᠲᠠᠯ ᠢ ᠬᠥᠯᠢᠶᠡᠨ ᠰᠶᠢᠳᠪᠤᠷᠢᠯᠡᠬᠦ 71 ᠵᠥᠢᠯ ᠵᠢᠴᠢ ᠠᠮᠠᠯᠲᠠᠯ ᠢ ᠮᠡᠲᠡᠭᠲᠡᠬᠦ 102 ᠵᠥᠢᠯ ᠤᠨ ᠲᠠᠩᠰᠠ ᠶᠢ ᠰᠢᠯᠤᠭᠤᠳᠬᠠᠵᠥ᠂ ᠪᠥᠬᠦ ᠵᠢᠯ ᠳᠤ ᠲᠤᠲᠠᠭᠤᠲᠠᠯ ᠢ‌‍ᠬᠥ᠋ᠯᠢᠶᠡᠨ ᠰᠶᠢᠳᠪᠤᠷᠢᠯᠡᠭᠰᠡᠨ ᠵᠥᠢᠯ 137 ᠬᠤᠪᠢ ᠬᠥᠷᠴᠥ᠂ ᠠᠮᠠᠯᠲᠠᠯ ᠢ ᠮᠡᠲᠡᠭᠲᠡᠭᠰᠡᠨ ᠶᠠᠪᠤᠲᠠᠯ 233 ᠬᠤᠪᠢ ᠬᠥᠷᠪᠡ᠃ ︽ᠶᠡᠷᠥᠩᠭᠡᠶᠢᠯᠡᠭᠰᠡᠨ ᠴᠤᠨᠬᠬᠤᠪᠴᠢ ᠶᠢᠨ ᠥᠭᠡᠷᠡᠴᠢᠯᠡᠯᠲᠡ︾ ᠶᠢ ᠬᠥᠨᠵᠡᠭᠡᠶᠢᠷᠡᠬᠦᠯᠤᠨ ︽1+ 4︾ ᠵᠠᠰᠠᠭ ᠤᠨ ᠶᠠᠪᠤᠲᠠᠯ ᠤᠨ ᠥᠢᠯᠡᠴᠢᠯᠡᠭᠡᠨ ᠤ ᠵᠠᠬᠪᠤᠷ ᠢ ᠶᠡᠬᠡᠪᠡᠷ ᠲᠡᠯᠭᠡᠷᠡᠬᠦᠯᠵᠥ᠂ ᠪᠥᠬᠦ ᠬᠤᠰᠢᠭᠤᠨ ᠤ 95% ᠠᠴᠠ ᠲᠡᠭᠡᠭᠰᠢᠬᠢ ᠵᠠᠰᠠᠭ ᠤᠨ ᠶᠠᠪᠤᠲᠠᠯ ᠤᠨ ᠥᠢᠯᠡᠴᠢᠯᠡᠭᠡᠨ ᠤ ᠵᠥᠢᠯ ᠢ ︽ᠨᠢᠭᠡ ᠴᠤᠩᠬᠤᠪᠴᠢ ᠪᠠᠷ ᠬᠥᠯᠢᠶᠡᠨ ᠠᠪᠴᠥ ᠰᠶᠢᠳᠪᠤᠷᠢᠯᠡᠬᠦ︾ ᠶᠢ ᠪᠡᠶᠡᠯᠡᠬᠦᠯᠵᠥ᠂ ᠪᠥᠬᠦ ᠵᠢᠯ ᠳᠤ 11 ᠲᠥᠮᠡ 1289 ᠬᠤᠪᠢ ᠶᠠᠪᠤᠲᠠᠯ ᠢ ᠰᠶᠢᠳᠪᠤᠷᠢᠯᠡᠵᠥ᠂ ᠪᠤᠯᠵᠤᠨ ᠲᠤᠭᠲᠠᠵᠥ ᠴᠠᠭ ᠤᠷᠲᠤᠳᠬᠠᠭᠰᠠᠨ ᠥᠢᠯᠡᠴᠢᠯᠡᠭᠡ 291 ᠤᠲᠠᠭ᠎ᠠ᠂ ᠭᠡᠷ ᠲᠤᠨᠢ ᠬᠥᠷᠴᠥ ᠥᠢᠯᠡᠴᠢᠯᠡᠭᠰᠡᠨ ᠥᠢᠯᠡᠴᠢᠯᠡᠭᠡ 24 ᠤᠲᠠᠭ᠎ᠠ᠂ ᠬᠠᠪᠰᠤᠷᠤᠨ ᠬᠥᠢᠴᠡᠳᠭᠡᠵᠥ ᠤᠷᠤᠯᠠᠨ ᠬᠥᠢᠴᠡᠳᠭᠡᠭᠰᠡᠨ ᠥᠢᠯᠡᠴᠢᠯᠡᠭᠡ 4143 ᠤᠲᠠᠭ᠎ᠠ ᠬᠥᠷᠥᠭᠰᠡᠨ ᠪᠠᠶᠢᠨ᠎ᠠ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号