ᠠᠯᠲᠠᠨ ᠰᠢᠷᠭᠠᠯ ᠨᠠᠮᠤᠷ ᠥᠵᠥᠮᠥᠴᠢᠨ ᠨᠤᠲᠤᠭ ᠲᠤ ᠰᠠᠭᠠᠲᠠᠬᠤᠶᠠ᠂ ᠡᠪᠡᠰᠥᠨ ᠤ ᠲᠤᠯᠤᠭᠠᠢ ᠬᠠᠯᠢᠭᠤᠷᠠᠨ | ᠲᠠᠷᠭᠤᠨ ᠰᠥᠷᠥᠭ ᠨᠢ ᠲᠠᠯ᠎ᠠ ᠲᠥᠭᠦᠷᠡᠩ ᠪᠡᠯᠴᠢᠵᠥ᠂ ᠮᠠᠯᠴᠢᠳ ᠡᠯᠪᠡᠭ ᠬᠤᠷᠢᠶᠠᠯᠲᠠ ᠶᠢᠨ ᠴᠠᠭ ᠢᠶᠠᠨ ᠤᠭᠲᠤᠵᠥ | ᠠᠪᠤᠯ᠎ᠠ᠃ ᠡᠨᠡ ᠰᠠᠶᠢᠬᠠᠨ ᠴᠠᠭ ᠢᠶᠠᠷ ᠪᠢᠲᠠ ᠡᠬᠦᠲᠠ ᠶᠢᠨ ᠬᠠᠨ ᠤᠪᠤᠭᠠᠨ ᠤ ᠪᠠᠨ ᠡᠩᠭᠡᠷ ᠬᠤᠷᠮᠤᠢ ᠶᠢ ᠲᠥᠰᠢᠵᠥ᠂ | ᠭᠤᠷᠪᠠᠨ ᠰᠢᠯᠢ ᠳᠤ ᠰᠠᠭᠤᠷᠢᠰᠢᠭ᠎ᠠ ᠡᠩᠭᠡᠵᠢᠷᠭᠠᠯᠠᠩ ᠭᠠᠴᠠᠭᠠᠨ ᠤ ᠪᠤᠶᠠᠨᠲᠠᠯᠠᠢ ᠶᠢᠨ ᠬᠢ ᠬᠡᠲᠡᠭ ᠠᠶᠢᠯ ᠳᠤ ᠬᠥᠷᠴᠥ | ᠰᠤᠷᠪᠤᠯᠵᠢᠯᠠᠯ᠎ᠠ᠃ | ᠪᠤᠶᠠᠨᠲᠠᠯᠠᠢ ᠵᠡᠬᠦᠨ ᠥᠵᠥᠮᠥᠴᠢᠨ ᠬᠤᠰᠢᠭᠤᠨ ᠤ ᠤᠯᠢᠶᠠᠰᠤᠲᠠᠢ ᠪᠠᠯᠭᠠᠰᠤ ᠶᠢᠨ ᠡᠩᠭᠡᠵᠢᠷᠭᠠᠯᠠᠩ | ᠭᠠᠴᠠᠭ᠎ᠠ ᠪᠠᠷ ᠨᠤᠲᠤᠭᠲᠠᠢ᠃ ᠥᠵᠥᠮᠥᠴᠢᠨ ᠬᠤᠨᠢᠨ ᠤ ᠪᠠᠨ ᠡᠬᠦᠯᠲᠡᠷ ᠤᠭᠰᠠᠭ᠎ᠠ ᠶᠢ ᠬᠠᠮᠠᠭᠠᠯᠠᠵᠥ᠂ ᠴᠢᠨᠠᠷ | ᠴᠢᠨᠰᠠᠭ᠎ᠠ ᠶᠢ ᠨᠢ ᠰᠠᠶᠢᠵᠢᠷᠠᠭᠤᠯᠵᠥ ᠶᠠᠪᠤᠭ᠎ᠠ ᠵᠠᠯᠠᠭᠤ ᠮᠠᠯᠴᠢᠨ ᠤ ᠨᠢᠭᠡ ᠪᠢᠯᠡ᠃ ᠪᠤᠶᠠᠨᠲᠠᠯᠠᠢ 2011 ᠤᠨ ᠳᠤ | ᠥᠪᠤᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠮᠠᠯ ᠡᠮᠨᠡᠯᠭᠡ ᠶᠢᠨ ᠲᠤᠰᠬᠠᠢ ᠮᠡᠷᠭᠡᠵᠢᠯ ᠠᠴᠠ | ᠲᠡᠬᠦᠰᠴᠥ᠂ ᠰᠤᠷᠭᠠᠭᠤᠯᠢ ᠲᠡᠬᠦᠰᠥᠮᠡᠭᠴᠡ ᠲᠤᠷ᠎ᠠ ᠪᠠᠬ᠎ᠠ ᠳᠠᠭᠠᠨ ᠬᠥᠲᠥᠯᠥᠭᠲᠡᠨ ᠰᠤᠷᠤᠭᠰᠠᠨ ᠮᠡᠷᠭᠡᠵᠢᠯ ᠢᠶᠠᠨ | ᠲᠥᠭᠡᠭᠡᠨ ᠲᠡᠯᠭᠡᠷᠡᠬᠦᠯᠬᠦ ᠪᠠᠷ᠂ ᠮᠥᠨᠴᠥ ᠨᠤᠮ ᠤᠨ ᠤᠨᠤᠯ ᠢ ᠨᠤᠲᠤᠭ ᠤᠨ ᠥᠢᠯᠡᠲᠥᠯᠭᠡ ᠳᠡᠭᠡᠨ ᠠᠪᠴᠢᠷᠠᠬᠤ ᠪᠠᠷ | ᠤᠯᠢᠶᠠᠰᠤᠲᠠᠢ ᠪᠠᠯᠭᠠᠰᠤᠨ ᠤ ᠮᠠᠯ ᠡᠮᠨᠡᠯᠭᠡ ᠶᠢᠨ ᠥᠷᠲᠡᠭᠡᠨ ᠳᠤ ᠬᠤᠶᠠᠷ ᠵᠢᠯ ᠠᠵᠢᠯᠯᠠᠵᠥ᠂ ᠤᠯᠢᠶᠠᠰᠤᠲᠠᠢ | ᠪᠠᠯᠭᠠᠰᠤᠨ ᠤ ᠥᠡᠭᠲᠤ ᠨᠡᠶᠢᠭᠡᠮ ᠲᠤᠭᠤᠷᠢᠭ ᠲᠤ ᠲᠠᠪᠤᠨ ᠵᠢᠯ ᠠᠵᠢᠯᠯᠠᠵᠠᠢ᠃ 2015 ᠤᠨ ᠳᠤ ᠬᠥᠲᠡᠭᠡ | ᠨᠤᠲᠤᠭ ᠲᠠᠭᠠᠨ ᠪᠤᠴᠠᠵᠥ᠂ ᠤᠲᠤᠮ ᠲᠠᠭᠠᠨ ᠤᠷᠭ᠎ᠠ ᠪᠠᠨ ᠠᠳᠬᠤᠵᠥ᠂ ᠥᠵᠥᠮᠥᠴᠢᠨ ᠬᠤᠨᠢᠨ ᠤ ᠡᠬᠦᠯᠲᠡᠷ | ᠰᠠᠶᠢᠵᠢᠷᠠᠭᠤᠯᠬᠤ ᠠᠵᠢᠯ ᠳᠤ ᠴᠢᠷᠮᠠᠶᠢᠵᠥ ᠡᠬᠢᠯᠡᠵᠡᠢ᠃ | ᠪᠤᠶᠠᠨᠲᠠᠯᠠᠢ 2019 ᠤᠨ ᠠᠴᠠ ᠥᠵᠥᠮᠥᠴᠢᠨ ᠬᠤᠨᠢᠨ ᠤ ᠤᠭ ᠡᠬᠦᠯᠲᠡᠷ ᠢ ᠰᠤᠩᠭᠤᠨ ᠰᠠᠶᠢᠵᠢᠷᠠᠭᠤᠯᠵᠥ᠂ | ᠨᠤᠲᠤᠭ ᠤᠨ ᠰᠢᠯᠢᠲᠡᠭ ᠮᠠᠯᠴᠢᠳ ᠠᠴᠠ ᠪᠠᠨ ᠲᠠᠭᠤᠷᠢᠶᠠᠯ ᠠᠪᠴᠥ᠂ ᠰᠥᠷᠥᠭ ᠤᠨ ᠪᠥᠲᠥᠴᠡ ᠪᠠᠨ | ᠰᠢᠯᠢᠲᠡᠭᠵᠢᠬᠦᠯᠵᠥ ᠡᠬᠢᠯᠡᠪᠡ᠃ ᠬᠠᠨ᠎ᠠ ᠲᠥᠭᠦᠷᠡᠩ ᠲᠤᠷᠠᠶᠢᠵᠥ ᠬᠠᠷᠠᠭᠲᠠᠭᠠ ᠱᠠᠩᠨᠠᠯ ᠬᠥᠬᠢᠬᠦᠯᠥᠯ ᠨᠢ ᠲᠡᠬᠦᠨ ᠤ | ᠡᠨᠡ ᠠᠵᠢᠯ ᠳᠤ ᠵᠤᠷᠢᠭᠤᠯᠤᠭᠰᠠᠨ ᠠᠷᠢᠭᠤᠨ ᠬᠥᠲᠡᠯᠮᠥᠷᠢ᠂ ᠰᠢᠷᠭᠠᠭᠤ ᠴᠢᠷᠮᠠᠶᠢᠯᠭ᠎ᠠ ᠶᠢ ᠬᠡᠷᠡᠴᠢᠯᠡᠨ᠎ᠠ᠃ | ᠤᠶᠢᠷ᠎ᠠ ᠶᠢᠨ ᠵᠢᠯ ᠳᠤ ᠡᠯ᠎ᠠ ᠭᠠᠵᠠᠷ ᠤᠨ ᠰᠢᠯᠢᠲᠡᠭ ᠡᠬᠦᠯᠲᠡᠷ ᠤᠨ ᠮᠠᠯ ᠤᠨ ᠠᠲᠠᠯᠢᠳᠬᠠᠯ ᠳᠤ ᠤᠯᠠᠨᠲᠠ ᠤᠷᠤᠯᠴᠠᠵᠥ | ᠠᠷᠠᠴᠢᠯᠠᠨ ᠮᠠᠯᠵᠢᠭᠰᠨᠨ ᠮᠠᠯ ᠨᠢ 2021 ᠤᠨ ᠤ ᠰᠢᠯᠢ ᠶᠢᠨ ᠭᠤᠤᠯ ᠤᠨ ᠥᠵᠥᠮᠥᠴᠢᠨ ᠪᠥᠲᠥᠬᠦᠨ ᠰᠡᠬᠦᠯᠲᠥ | ᠬᠤᠨᠢᠨ ᠤ ︽ᠰᠤᠤᠲᠤ ᠮᠠᠯᠴᠢᠨ︾ ᠬᠤᠯᠪᠤᠭᠠᠨ ᠠᠴᠠ ᠡᠷᠬᠢᠯᠡᠭᠰᠡᠨ ᠥᠵᠥᠮᠥᠴᠢᠨ ᠬᠤᠨᠢᠨ ᠤ ᠠᠲᠠᠯᠢᠳᠬᠠᠯ ᠪᠤᠯᠤᠨ | ᠵᠡᠬᠦᠨ ᠥᠵᠥᠮᠥᠴᠢᠨ ᠬᠤᠰᠢᠭᠤᠨ ᠤ ᠠᠷᠪᠠᠲᠤᠭᠠᠷ ᠬᠤᠭᠤᠴᠠᠭᠠᠨ ᠤ ︽ᠥᠵᠥᠮᠥᠴᠢᠨ ᠬᠤᠨᠢᠨ ᠤ ᠨᠠᠶᠢᠷ︾ ᠤᠨ | ᠠᠲᠠᠯᠢᠳᠬᠠᠯ ᠳᠤ ᠲᠤᠰᠪᠤᠷᠢ ᠥᠨᠲᠤᠷ ᠬᠢᠷᠢ ᠪᠥᠲᠥᠮᠵᠢ ᠲᠤᠰᠴᠥ᠂ ᠤᠨᠴᠠᠭᠠᠶᠢᠯᠠᠨ 2023 ᠤᠨ ᠤ ᠤᠯᠢᠶᠠᠰᠤᠲᠠᠢ | ᠪᠠᠯᠭᠠᠰᠤ ᠶᠢᠨ ᠠᠩᠬᠠᠲᠤᠭᠠᠷ ᠬᠤᠭᠤᠴᠠᠭᠠᠨ ᠤ ᠥᠨᠢᠷ ᠰᠥᠷᠥᠭ ᠤᠨ ᠰᠢᠯᠭᠠᠷᠠᠭᠤᠯᠤᠯᠲᠠ ᠳᠤ ᠲᠥᠯᠥᠭᠡᠨ ᠬᠤᠴᠠ᠂ | ᠡᠮ᠎ᠠ ᠬᠤᠨᠢ᠂ ᠥᠬᠢᠨ ᠬᠤᠷᠠᠭ᠎ᠠ ᠨᠢ ᠲᠤᠰᠪᠤᠷᠢ ᠲᠡᠷᠢᠬᠦᠯᠡᠵᠥ᠂ ᠬᠤᠷᠠᠭᠠᠨ ᠬᠤᠴᠠ᠂ ᠥᠬᠢᠨ ᠲᠥᠯᠥᠭᠡ ᠨᠢ ᠲᠡᠳ᠋ | ᠪᠠᠶᠢᠷᠢᠨ ᠳᠤ ᠲᠤᠲᠤᠷᠠᠭᠰᠠᠨ ᠶᠤᠮ᠃ | ᠪᠤᠶᠠᠨᠲᠠᠯᠠᠢ ᠠᠮᠢ ᠠᠬᠤᠢ ᠶᠢᠨ ᠬᠠᠮᠠᠭᠠᠯᠠᠯᠲᠠ ᠶᠢ ᠲᠡᠷᠢᠬᠦᠨ ᠪᠠᠶᠢᠷᠢᠨ ᠳᠤ ᠲᠠᠯᠪᠢᠵᠥ᠂ ᠪᠤᠬᠢᠷᠲᠤᠯ ᠥᠭᠡᠢ | ᠬᠥᠭᠵᠢᠬᠦᠯᠬᠦ ᠪᠠᠷ ᠤᠷᠢᠲᠠᠯ ᠪᠤᠯᠭᠠᠨ ᠨᠤᠲᠤᠭ ᠪᠡᠯᠴᠢᠭᠡᠷ ᠢᠶᠠᠨ ᠰᠡᠯᠬᠦᠨ ᠮᠠᠯᠵᠢᠵᠥ᠂ ᠡᠪᠡᠰᠥ ᠪᠡᠯᠴᠢᠭᠡᠷ ᠤᠨ | ᠤᠷᠭᠤᠴᠠ ᠶᠢ ᠪᠠᠲᠤᠯᠠᠭᠰᠠᠨ ᠰᠠᠭᠤᠷᠢᠨ ᠲᠡᠭᠡᠷ᠎ᠠ ᠵᠢᠯ ᠪᠤᠯᠭᠠᠨ ᠨᠢᠷᠤᠭᠤ ᠬᠠᠪᠢᠷᠭ᠎ᠠ᠂ ᠪᠡᠶ᠎ᠠ ᠪᠢᠯᠲᠠᠷ᠂ ᠥᠡᠭᠭᠡ ᠵᠢᠰᠥ | ᠰᠠᠶᠢᠲᠠᠢ ᠬᠤᠷᠠᠭᠠᠨ ᠬᠤᠴᠠ ᠰᠤᠩᠭᠤᠵᠥ᠂ ᠬᠤᠨᠢᠨ ᠰᠥᠷᠥᠭ ᠤᠨ ᠢᠶᠠᠨ ᠶᠠᠰᠤ ᠴᠢᠨᠠᠷ ᠢ ᠲᠡᠭᠡᠭᠰᠢᠯᠡᠬᠦᠯᠵᠥ᠂ ᠲᠤᠭ᠎ᠠ | ᠲᠤᠯᠤᠭᠠᠢ ᠶᠢ 300 ᠭᠠᠷᠤᠢ ᠳᠤ ᠬᠢᠵᠠᠭᠠᠷᠯᠠᠵᠠᠢ᠃ ᠮᠥᠨᠴᠥ ᠬᠤᠨᠢ ᠥᠭᠡᠷ ᠢᠶᠠᠨ ᠥᠪᠡᠷᠲᠡᠭᠡᠨ ᠡᠮᠨᠡᠨ ᠵᠠᠰᠠᠵᠥ᠂ | ᠬᠤᠬᠢᠷᠠᠯ ᠢ ᠪᠠᠭᠠᠰᠬᠠᠵᠥ᠂ ᠡᠪᠤᠯ ᠬᠠᠪᠤᠷ ᠤᠨ ᠪᠡᠯᠡᠳᠭᠡᠯ ᠪᠠ ᠲᠡᠵᠢᠭᠡᠯ ᠠᠷᠠᠴᠢᠯᠠᠭ᠎ᠠ ᠪᠠᠨ ᠰᠠᠶᠢᠲᠤᠷ ᠬᠢᠵᠥ᠂ | ᠰᠠᠭᠤᠷᠢ ᠡᠬᠡ ᠮᠠᠯ ᠤᠨ ᠲᠠᠷᠭᠤ ᠬᠥᠴᠥ ᠶᠢ ᠪᠠᠲᠤᠯᠠᠨ ᠰᠢᠨᠵᠢᠯᠡᠬᠦ ᠤᠬᠠᠭᠠᠨᠴᠢ ᠪᠠᠷ ᠠᠷᠠᠴᠢᠯᠠᠭᠰᠠᠨ ᠢᠶᠠᠷ ᠴᠥᠭᠡᠨ | ᠮᠠᠯ ᠠᠴᠠ ᠥᠨᠲᠤᠷ ᠥᠷ᠎ᠠ ᠠᠰᠢᠭ ᠬᠥᠷᠲᠡᠵᠥ᠂ ᠠᠵᠤ ᠠᠬᠤᠢ ᠪᠠ ᠠᠮᠢ ᠠᠬᠤᠢ ᠶᠢᠨ ᠬᠤᠤᠰ ᠥᠷ᠎ᠠ ᠪᠥᠲᠥᠮᠵᠢ ᠶᠢ | ᠤᠯᠵᠥ ᠶᠠᠪᠤᠨ᠎ᠠ᠃ ᠡᠲᠡᠨᠡᠶᠢᠬᠢ ᠵᠢᠯ ᠪᠥᠷᠢ ᠶᠢᠨ ᠨᠠᠢᠮᠠᠨ ᠰᠠᠷ᠎ᠠ ᠳᠤ ᠵᠠᠷᠤᠴᠠᠭᠤᠯᠤᠯᠲᠠ ᠳᠤ ᠭᠠᠷᠭᠠᠬᠤ | ᠬᠤᠷᠠᠭ᠎ᠠ ᠶᠢᠨ ᠢᠶᠠᠨ ᠨᠢᠭᠡ ᠬᠡᠰᠡᠭ ᠢ ᠥᠷ᠎ᠠ ᠶᠢᠨ ᠮᠠᠯ ᠢᠶᠠᠷ ᠬᠤᠲᠠᠯᠲᠤᠵᠥ᠂ ᠨᠢᠭᠡ ᠬᠡᠰᠡᠭ ᠢ ᠰᠠᠭᠤᠷᠢ ᠡᠬᠡ | ᠮᠠᠯ ᠢᠶᠠᠷ ᠵᠠᠷᠤᠴᠠᠭᠤᠯᠵᠥ᠂ ᠥᠯᠡᠲᠡᠭᠰᠡᠨ ᠨᠢᠭᠡ ᠬᠡᠰᠡᠭ ᠢ ᠨᠢ ᠬᠥᠢᠲᠡᠨ ᠬᠥᠮᠥᠷᠭᠡ ᠳᠤ ᠤᠷᠤᠭᠤᠯᠲᠠᠭ ᠪᠠᠶᠢᠵᠠᠢ᠃ | ᠡᠨᠡ ᠵᠢᠯ ᠤᠨ ᠬᠤᠷᠠᠭᠠᠨ ᠤ ᠵᠠᠷᠤᠴᠠᠭᠤᠯᠤᠯᠲᠠ ᠶᠢᠨ ᠲᠡᠭᠰᠢᠳᠭᠡᠯ ᠥᠨ᠎ᠠ ᠨᠢ 1100 ᠲᠥᠭᠦᠷᠢᠭ ᠬᠥᠷᠴᠥ᠂ ᠡᠷ᠎ᠠ | ᠬᠤᠷᠠᠭ᠎ᠠ ᠨᠢ ᠬᠠᠮᠤᠭ ᠥᠨᠲᠤᠷ ᠲᠡᠭᠡᠨ 2000 ᠲᠥᠭᠦᠷᠢᠭ ᠬᠥᠷᠴᠥ᠂ ᠥᠬᠢᠨ ᠬᠤᠷᠠᠭ᠎ᠠ ᠨᠢ ᠬᠠᠮᠤᠭ | ᠥᠨᠲᠤᠷ ᠲᠡᠭᠡᠨ 1300 ᠲᠥᠭᠦᠷᠢᠭ ᠬᠥᠷᠥᠭᠰᠡᠨ ᠪᠠᠶᠢᠨ᠎ᠠ᠃ | ᠪᠤᠶᠠᠨᠲᠠᠯᠠᠢ ᠥᠵᠥᠮᠥᠴᠢᠨ ᠬᠤᠨᠢᠨ ᠤ ᠤᠭ ᠡᠬᠦᠯᠲᠡᠷ ᠤᠨ ᠰᠢᠯᠢᠲᠡᠭ ᠰᠥᠷᠥᠭ ᠢ ᠰᠤᠩᠭᠤᠨ ᠪᠤᠶᠢᠵᠢᠭᠤᠯᠵᠥ | ᠥᠵᠥᠮᠥᠴᠢᠨ ᠬᠤᠨᠢᠨ ᠤ ᠡᠬᠦᠯᠲᠡᠷ ᠤᠭᠰᠠᠭ᠎ᠠ ᠶᠢ ᠰᠠᠶᠢᠵᠢᠷᠠᠭᠤᠯᠵᠥ ᠶᠠᠪᠤᠭ᠎ᠠ ᠮᠠᠯᠵᠢᠯ ᠤᠨ ᠠᠷᠭ᠎ᠠ ᠬᠡᠯᠪᠡᠷᠢ ᠨᠢ | ᠥᠵᠥᠮᠥᠴᠢᠨ ᠬᠤᠨᠢᠨ ᠤ ᠠᠵᠤ ᠥᠢᠯᠡᠰ ᠤᠨ ᠰᠢᠨ᠎ᠠ ᠥᠷ᠎ᠠ ᠪᠥᠲᠥᠮᠵᠢ ᠶᠢ ᠲᠡᠭᠡᠭᠰᠢᠯᠡᠬᠦᠯᠵᠥ᠂ ᠲᠥᠷᠥᠯ | ᠲᠡᠮᠲᠡᠭ ᠤᠨ ᠠᠯᠲᠠᠷᠰᠢᠯ ᠪᠤᠯᠤᠨ ᠨᠥᠯᠥᠬᠡᠯᠡᠬᠦ ᠬᠥᠴᠥᠨ ᠢ ᠲᠠᠰᠤᠷᠠᠯᠲᠠ ᠥᠭᠡᠢ ᠥᠷᠭᠡᠳᠭᠡᠵᠥ᠂ ᠴᠢᠲᠠᠪᠤᠷᠢᠲᠠᠨ ᠤ | ᠡᠩᠨᠡᠭᠡ ᠪᠠᠷ ᠬᠥᠲᠡᠭᠡ ᠲᠤᠰᠬᠤᠨ ᠢ ᠬᠥᠭᠵᠢᠬᠦᠯᠥᠨ ᠮᠠᠨᠲᠤᠭᠤᠯᠬᠤ ᠳᠤ ᠬᠤᠪᠢ ᠨᠡᠮᠡᠷᠢ ᠥᠵᠡᠬᠦᠯᠵᠥ ᠶᠠᠪᠤᠨ᠎ᠠ᠃ |