ᠰᠦᠨᠢᠳ ᠪᠠᠷᠠᠭᠤᠨ ᠬᠤᠰᠢᠭᠤᠨ ᠤ ᠰᠠᠶᠢᠬᠠᠨᠳᠠᠯ᠎ᠠ ᠪᠠᠯᠭᠠᠰᠤᠨ ᠤ ᠪᠠᠶᠠᠠᠭᠤᠪᠢ ᠭᠠᠴᠠᠭᠠᠨ ᠤ ᠮᠠᠯᠴᠢᠨ | ᠰᠡᠴᠡᠨᠪᠠᠭᠠᠳᠤᠷ ᠡᠨᠡ ᠵᠢᠯ ᠦᠪᠡᠷ ᠤᠨ ᠡᠵᠡᠩᠨᠡᠵᠦ ᠪᠠᠶᠢᠭ᠎ᠠ ᠨᠤᠲᠤᠭ ᠤᠨ ᠢᠶᠠᠨ ᠨᠢᠭᠡ ᠬᠡᠰᠡᠭ ᠬᠠᠯᠴᠠᠭᠠᠢ ᠭᠠᠵᠠᠷ | ᠬᠤᠭ ᠰᠠᠴᠤᠵᠦ ᠠᠷᠭᠠᠯ ᠬᠤᠷᠭᠤᠯ ᠢᠶᠠᠨ ︽ᠠᠯᠳᠠ︾ ᠪᠤᠯᠭᠠᠵᠤ᠂ ᠡᠪᠡᠰᠦᠨ ᠤ ᠤᠷᠭᠤᠯᠳᠠ ᠶᠢ | ᠰᠠᠶᠢᠵᠢᠷᠠᠭᠤᠯᠬᠤ ᠶᠢ ᠳᠤᠷᠰᠢᠭᠠᠳ ᠠᠮᠵᠢᠯᠳᠠ ᠤᠯᠵᠠᠢ᠃ | ᠰᠡᠴᠡᠨᠪᠠᠭᠠᠳᠤᠷ ᠬᠦᠳᠡᠭᠡ ᠨᠤᠲᠤᠭ ᠲᠤ ᠡᠯᠪᠡᠭ ᠪᠠᠶᠢᠳᠠᠭ ᠬᠤᠭ ᠬᠤᠷᠭᠤᠯ ᠢ ᠢᠰᠭᠡᠭᠡᠳ ᠪᠡᠯᠴᠢᠭᠡᠷ | ᠳᠡᠭᠡᠷ᠎ᠡ ᠪᠠᠨ ᠰᠠᠴᠤᠪᠠᠯ ᠡᠪᠡᠰᠦᠨ ᠤ ᠤᠷᠭᠤᠯᠳᠠ ᠶᠢ ᠨᠢ ᠯᠠᠪ ᠰᠠᠶᠢᠵᠢᠷᠠᠭᠤᠯᠤᠨ᠎ᠠ ᠭᠡᠵᠦ ᠪᠤᠳᠤᠳᠠᠭ ᠪᠠᠶᠢᠵᠠᠢ᠃ ᠡᠨᠡ | ᠵᠢᠯ ᠤᠨ 6 ᠳ᠋ᠤᠭᠠᠷ ᠰᠠᠷ᠎ᠠ ᠶᠢᠨ ᠡᠬᠢ ᠪᠠᠷ ᠳᠡᠷᠡ ᠭᠡᠷ ᠤᠨ ᠢᠶᠠᠨ ᠳᠤᠭᠤᠷᠢᠨ ᠤ 5 ᠮᠦ ᠬᠠᠯᠴᠠᠭᠠᠢ ᠭᠠᠵᠠᠷ | ᠢᠰᠦᠭᠰᠡᠨ ᠬᠤᠭ ᠰᠠᠴᠤᠵᠦ ᠳᠤᠷᠰᠢᠭᠰᠠᠨ ᠶᠤᠮ ᠪᠠᠶᠢᠨ᠎ᠠ᠃ ︽ᠮᠠᠨ ᠤ ᠬᠦᠳᠡᠭᠡ ᠨᠤᠲᠤᠭ ᠲᠤ ᠬᠤᠭ᠂ ᠦᠭᠡᠷ ᠤᠨ | ᠪᠠᠭᠠᠰᠤ ᠳᠤᠳᠠᠬᠤ ᠦᠭᠡᠢ᠃ ᠭᠦᠷᠵᠡᠩ ᠬᠤᠷᠭᠤᠯ ᠭᠦᠷᠦᠰᠦ ᠰᠢᠷᠤᠢ ᠳᠤ ᠰᠢᠮ᠎ᠠ ᠪᠤᠯᠤᠨ᠎ᠠ ᠭᠡᠳᠡᠭ ᠢ ᠤᠯᠠᠩᠭᠢ | ᠭᠦᠮᠦᠰ ᠮᠡᠳᠡᠳᠡᠭ ᠴᠥ ᠬᠤᠷᠤᠭᠠᠨ ᠤ ᠪᠠᠨ ᠬᠤᠭ ᠢ ᠴᠡᠪᠠᠷᠯᠡᠭᠡᠳ ᠬᠠᠶᠠᠴᠢᠬᠠᠬᠤ ᠠᠴᠠ ᠪᠢᠰᠢ ᠳᠡᠮᠠᠢ | ᠠᠰᠢᠭᠯᠠᠯᠳᠠ ᠳᠤ ᠤᠷᠤᠭᠤᠯᠳᠠᠭ ᠦᠭᠡᠢ ᠪᠠᠶᠢᠯ᠎ᠠ᠃ ᠳᠠᠷᠢᠶ᠎ᠠ ᠳᠠᠷᠢᠳᠠᠭ ᠬᠦᠮᠦᠰ ᠮᠠᠯ ᠤᠨ ᠢᠶᠠᠨ ᠬᠤᠭ ᠢ ᠪᠤᠷᠳᠤᠭᠤᠷ | ᠪᠤᠯᠭᠠᠵᠦ ᠬᠢᠭᠡᠳ ᠰᠠᠶᠢᠨ ᠤᠷᠭᠤᠭᠤᠯᠳᠠᠭ ᠭᠡᠵᠦ ᠰᠤᠨᠤᠰᠴᠦ ᠪᠠᠶᠢᠯ᠎ᠠ᠃ ᠠᠳᠠᠯᠢ ᠪᠠᠷ ᠪᠠᠶᠢᠭᠠᠯᠢᠯᠢᠭ ᠪᠡᠯᠴᠢᠭᠡᠷ ᠲᠤ | ᠴᠦ ᠬᠤᠭ ᠰᠠᠴᠤᠪᠠᠯ ᠤᠷᠭᠤᠯᠳᠠ ᠶᠢ ᠨᠢ ᠯᠠᠪ ᠰᠠᠶᠢᠵᠢᠷᠠᠭᠤᠯᠤᠨ᠎ᠠ ᠭᠡᠵᠦ ᠪᠤᠳᠤᠵᠠᠢ︾ ᠭᠡᠵᠦ ᠮᠠᠯᠴᠢᠨ | ᠰᠡᠴᠡᠨᠪᠠᠭᠠᠳᠤᠷ ᠠᠩᠬᠠᠨ ᠤ ᠪᠤᠳᠤᠯ ᠢᠶᠠᠨ ᠤᠴᠢᠷᠯᠠᠨ᠎ᠠ᠃ | ᠰᠡᠴᠡᠨᠪᠠᠭᠠᠳᠤᠷ ᠤᠨ ᠬᠤᠶᠠᠷ ᠵᠢᠯ ᠪᠤᠯᠵᠦ ᠪᠠᠶᠢᠭᠰᠠᠨ ᠬᠤᠭ ᠨᠢ ᠭᠠᠵᠠᠷ ᠤᠨ ᠴᠢᠬᠢᠭ ᠢᠶᠠᠷ ᠠᠶᠠᠨᠳᠠᠭᠠᠨ | ᠢᠰᠦᠭᠰᠡᠨ ᠪᠠᠶᠢᠪᠠ᠃ ᠳᠡᠷᠡ ᠮᠦ ᠪᠦᠷᠢ ᠳᠤ ᠬᠤᠶᠠᠷ ᠳᠠᠷᠢᠶᠠᠯᠠᠩ ᠤᠨ ᠮᠠᠰᠢᠨ ᠬᠤᠭ ᠰᠠᠴᠤᠵᠦ ᠳᠤᠷᠰᠢᠭᠰᠠᠨ | ᠠᠵᠢ᠃ ᠬᠤᠭ ᠰᠠᠴᠤᠭᠰᠨᠨ ᠤ ᠳᠠᠷᠠᠭ᠎ᠠ ᠬᠠᠯᠴᠠᠭᠠᠢ ᠭᠠᠵᠠᠷ ᠬᠡᠳᠦᠭᠡᠨ ᠡᠳᠦᠷ ᠲᠤ ᠬᠤᠪᠢᠷᠠᠯᠳᠠ ᠭᠠᠷᠴᠠᠢ᠃ 40 | ᠡᠳᠦᠷ ᠤᠨ ᠳᠠᠷᠠᠭ᠎ᠠ ᠠᠵᠢᠬᠤ ᠳᠤ ᠬᠤᠭ ᠰᠠᠴᠤᠭᠰᠠᠨ ᠭᠠᠵᠠᠷ ᠤᠨ ᠬᠢᠨᠢ ᠡᠪᠡᠰᠦ ᠦᠭᠡᠷ᠎ᠡ ᠭᠠᠵᠠᠷ ᠠᠴᠠ ᠮᠡᠳᠡᠭᠳᠡᠮ᠎ᠡ | ᠤᠷᠭᠤᠯᠳᠠ ᠰᠠᠶᠢᠳᠠᠢ ᠪᠠᠶᠢᠪᠠ᠃ ᠭᠤᠷᠪᠠᠨ ᠰᠠᠷ᠎ᠠ ᠶᠢᠨ ᠳᠠᠷᠠᠭ᠎ᠠ 9 ᠰᠠᠷ᠎ᠠ ᠶᠢᠨ 6 ᠤ ᠡᠳᠦᠷ ᠬᠡᠮᠵᠢᠵᠦ ᠦᠵᠡᠬᠦ ᠳᠤ | ᠬᠤᠭ ᠰᠠᠴᠤᠭᠰᠠᠨ ᠭᠠᠵᠠᠷ ᠤᠨ ᠡᠪᠡᠰᠦ ᠨᠢ ᠨᠡᠶᠢᠳᠡᠮ ᠳᠡᠭᠡᠨ 30 — 40 ᠰᠡᠨᠲ᠋ᠢᠮᠧᠲᠷ ᠤᠷᠭᠤᠵᠦ᠂ | ᠬᠠᠮᠤᠭ ᠤᠨ ᠦᠨᠳᠦᠷ ᠲᠡᠭᠡᠨ 60 ᠰᠡᠨᠲ᠋ᠢᠮᠧᠲᠷ ᠤᠷᠭᠤᠭᠰᠠᠨ ᠪᠠᠶᠢᠪᠠ᠃ ᠤᠰᠤᠯᠠᠯᠳᠠ ᠶᠢᠨ ᠪᠠᠶᠢᠳᠠᠯ ᠢ ᠨᠢ | ᠠᠰᠠᠭᠤᠬᠤ ᠳᠤ ᠰᠡᠴᠡᠨᠪᠠᠭᠠᠳᠤᠷ᠄ ︽ᠬᠤᠭ ᠬᠢᠬᠦ ᠦᠭᠡᠢ ᠤᠰᠤᠯᠠᠪᠠᠯ ᠳᠡᠮᠡᠢ ᠰᠠᠶᠢᠨ ᠤᠷᠭᠤᠬᠤ ᠦᠭᠡᠢ ᠪᠠᠶᠢᠭᠰᠠᠨ᠃ | ᠬᠤᠭ ᠬᠢᠭᠡ ᠦᠭᠡᠢ ᠭᠠᠵᠠᠷ ᠤᠨ ᠡᠪᠡᠰᠦ ᠤᠳᠤ ᠴᠦ ᠭᠠᠵᠠᠷ ᠤᠨ ᠬᠦᠷᠦᠰᠦ ᠨᠠᠭᠠᠯᠳᠤᠭᠰᠠᠨ ᠬᠡᠪ ᠢᠶᠠᠷ ᠢᠶᠠᠨ | ᠪᠠᠶᠢᠨ᠎ᠠ᠃ ᠬᠠᠷᠢᠨ ᠬᠤᠭ ᠬᠢᠴᠢᠭᠡᠭᠡᠳ ᠤᠰᠤᠯᠠᠭᠰᠠᠨ ᠴᠢᠨᠢ ᠮᠡᠳᠡᠭᠳᠡᠮ᠎ᠡ ᠤᠷᠭᠤᠵᠦ ᠡᠬᠢᠯᠡᠭᠰᠡᠨ᠃ ᠭᠡᠬᠦ ᠳᠡᠭᠡᠨ | ᠰᠢᠨ᠎ᠡ ᠬᠤᠭ ᠬᠢᠭᠡᠳ ᠳᠡᠮᠡᠢ ᠦᠢᠯᠡᠳᠦᠯ ᠦᠭᠡᠢ᠃ ᠰᠢᠨ᠎ᠡ ᠬᠤᠭ ᠵᠤᠵᠠᠭᠠᠨ ᠬᠢᠪᠡᠯ ᠮᠠᠯ ᠤᠨ ᠰᠢᠭᠡᠰᠦ | ᠪᠠᠭᠠᠰᠤᠨ ᠳᠤ ᠡᠪᠡᠰᠦ ᠤᠷᠭᠤᠮᠠᠯ ᠳᠦᠯᠡᠭᠳᠡᠴᠢᠭᠡᠬᠦ ᠶᠤᠮ᠃ ᠢᠰᠦᠭᠰᠡᠨ ᠬᠤᠭ ᠬᠢᠪᠡᠯ ᠰᠠᠶᠢᠨ᠃ ᠭᠡᠬᠦ ᠳᠡᠭᠡᠨ | ᠳᠡᠩᠳᠡᠬᠦᠦ ᠵᠤᠵᠠᠭᠠᠨ ᠰᠠᠴᠤᠵᠦ ᠪᠤᠯᠬᠤ ᠦᠭᠡᠢ᠃ ᠡᠨᠡ ᠵᠢᠯ ᠠᠱᠢᠬᠦᠢ ᠪᠤᠷᠤᠭᠠᠨ ᠬᠤᠷ᠎ᠠ ᠡᠯᠪᠡᠭ ᠪᠤᠯᠬᠤᠷ | ᠤᠰᠤᠯᠠᠯᠳᠠ ᠳᠤ ᠳᠡᠮᠡᠢ ᠶᠡᠭᠡ ᠬᠦᠴᠦ ᠤᠷᠤᠭᠰᠠᠨ ᠦᠭᠡᠢ᠃ ᠨᠤᠲᠤᠭ ᠤᠨ ᠡᠪᠡᠰᠦ ᠭᠤᠤᠯᠳᠠᠢ ᠤᠷᠭᠤᠵᠦ ᠪᠠᠶᠢᠨ᠎ᠠ᠃ | ᠭᠡᠵᠦ ᠰᠡᠴᠡᠨᠪᠠᠭᠠᠳᠤᠷ ᠶᠠᠷᠢᠨ᠎ᠠ᠃ | ᠳᠡᠷᠡ ᠡᠨᠡ ᠵᠢᠯ ᠬᠤᠭ ᠰᠠᠴᠤᠭᠰᠠᠨ ᠬᠡᠳᠦᠨ ᠮᠦ ᠭᠠᠵᠠᠷ ᠤᠨ ᠢᠶᠠᠨ ᠡᠪᠡᠰᠦ ᠶᠢ ᠬᠠᠳᠤᠭᠰᠠᠨ ᠦᠭᠡᠢ | ᠪᠠᠶᠢᠯ᠎ᠠ᠃ ︽ᠮᠠᠨ ᠤ ᠠᠳᠡ ᠰᠠᠯᠬᠢ ᠶᠡᠬᠡᠳᠡᠢ ᠪᠤᠯᠬᠤᠷ ᠡᠪᠡᠰᠦ ᠶᠢ ᠨᠢ ᠬᠠᠳᠤᠴᠢᠬᠠᠪᠠᠯ ᠬᠤᠭ ᠨᠢ ᠬᠡᠶᠢᠰᠴᠢᠭᠡᠬᠦ ᠭᠡᠳ | ᠪᠠᠶᠢᠳᠠᠭ ᠶᠤᠮ᠃ ᠬᠤᠶᠠᠷ ᠵᠢᠯ ᠪᠤᠯᠤᠭᠠᠳ ᠬᠦᠷᠦᠰᠦ ᠨᠢ ᠰᠢᠮᠡᠵᠢᠴᠢᠭᠡᠪᠡᠯ ᠬᠠᠳᠤᠬᠤ ᠰᠠᠨᠠᠭᠠᠳᠠᠢ︾ ᠭᠡᠵᠦ ᠶᠠᠷᠢᠭᠰᠠᠨ | ᠳᠡᠬᠦᠨ ᠠᠴᠠ ᠬᠤᠵᠢᠮ ᠤᠨ ᠳᠦᠯᠦᠪᠯᠡᠭᠡ ᠶᠢ ᠨᠢ ᠠᠰᠠᠭᠤᠪᠠᠯ ᠢᠷᠡᠬᠦ ᠵᠢᠯ ᠬᠤᠭ ᠰᠠᠴᠤᠬᠤ ᠬᠡᠪᠴᠢᠶ᠎ᠡ ᠪᠠᠨ | ᠦᠷᠭᠡᠳᠭᠡᠵᠦ ᠬᠠᠳᠤᠯᠠᠩ ᠠᠪᠬᠤ ᠪᠠᠷ ᠳᠦᠯᠦᠪᠯᠡᠵᠦ ᠪᠠᠶᠢᠭ᠎ᠠ ᠪᠠᠨ ᠶᠠᠷᠢᠯ᠎ᠠ᠃ | ᠮᠠᠯᠴᠢᠨ ᠭᠦᠮᠦᠡ ᠶᠠᠷᠦᠨᠢ ᠨᠤᠳᠤᠭ ᠪᠠᠯᠴᠢᠭᠡᠷ ᠢᠶᠠᠨ ᠠᠮᠢ ᠭᠤᠤᠯ ᠢᠶᠠᠨ ᠮᠡᠳᠤ ᠬᠠᠶᠢᠷᠠᠯᠠᠵᠤ ᠠᠮᠢ ᠠᠬᠤᠢ ᠪᠠᠨ | ᠬᠠᠮᠠᠭᠠᠯᠠᠬᠤ ᠤᠬᠠᠮᠰᠠᠷ ᠢ ᠲᠡᠭᠡᠳᠦᠯᠡᠭᠰᠡᠭᠡᠷ ᠢᠷᠡᠵᠠᠢ᠃ ᠰᠡᠴᠡᠨᠪᠠᠭᠠᠳᠤᠷ ᠠᠮᠢ ᠠᠬᠤᠢ ᠪᠠᠨ ᠬᠠᠮᠠᠭᠠᠯᠠᠵᠤ | ᠪᠡᠯᠴᠢᠭᠡᠷ ᠢᠶᠠᠨ ᠨᠦᠭᠡᠴᠡᠯᠡᠬᠦ ᠶᠢᠨ ᠳᠦᠯᠦᠭᠡ ᠵᠢᠯ ᠤᠨ ᠵᠢᠯ ᠤᠳᠤᠷ ᠬᠠᠶᠢᠳᠠᠭ ᠶᠠᠪᠤᠵᠦ ᠰᠡᠯᠬᠦᠨ ᠮᠠᠯᠵᠢᠳᠠᠭ᠃ | ᠡᠳᠡᠨ ᠤ ᠬᠢ ᠤᠤᠯ ᠠᠴᠠ ᠪᠠᠨ ᠤᠯᠠᠭᠠᠨ ᠬᠦᠳᠦᠯ ᠤᠨ ᠡᠪᠦᠯᠵᠢᠶᠡᠨ ᠳᠤ ᠰᠠᠭᠤᠷᠢᠰᠢᠵᠦ᠂ ᠡᠪᠦᠯᠵᠢᠶᠡᠨ ᠠᠴᠠ ᠪᠠᠨ | 30 ᠺᠢᠯᠤᠮᠧᠲᠷ ᠵᠠᠶᠢᠳᠠᠢ ᠬᠤᠨᠳᠠᠭ᠎ᠠ ᠶᠢᠨ ᠵᠤᠰᠠᠯᠠᠩ ᠳᠠᠭᠠᠨ ᠵᠤᠰᠠᠵᠦ ᠪᠠᠶᠢᠭᠰᠠᠨ ᠶᠤᠮ᠃ ᠵᠢᠯ ᠳᠡᠭᠡᠨ ᠬᠤᠶᠠᠷ | ᠤᠳᠠᠭ᠎ᠠ ᠤᠳᠤᠷ ᠨᠡᠬᠦᠳᠡᠯ ᠶᠠᠪᠤᠬᠤ ᠪᠠᠨ ᠪᠠᠷᠢᠮᠳᠠᠯᠠᠳᠠᠭ ᠪᠤᠯᠬᠤᠷ ᠪᠡᠯᠴᠢᠭᠡᠷ ᠨᠤᠲᠤᠭ ᠢᠶᠠᠨ ᠬᠠᠪᠤᠷ ᠲᠠᠭᠠᠨ ᠨᠢᠭᠡ | ᠤᠳᠠᠭ᠎ᠠ ᠰᠡᠷᠬᠦᠭᠡᠬᠦ᠂ ᠨᠠᠮᠤᠷ ᠲᠠᠭᠠᠨ ᠨᠢᠭᠡ ᠤᠳᠠᠭ᠎ᠠ ᠰᠡᠷᠬᠦᠭᠡᠬᠦ ᠨᠢ ᠳᠡᠳᠡᠨ ᠤ ᠬᠤᠪᠢ ᠳᠤ ᠵᠤᠷᠰᠢᠯ ᠪᠤᠯᠵᠠᠢ᠃ | ᠮᠦᠨᠴᠦ ᠮᠠᠯᠴᠢᠨ ᠰᠡᠴᠡᠨᠪᠠᠭᠠᠳᠤᠷ ᠤᠨ ᠠᠮᠢ ᠠᠬᠤᠢ ᠪᠠᠨ ᠬᠠᠮᠠᠭᠠᠯᠠᠬᠤ ᠬᠠᠮᠤᠭ ᠤᠨ ᠰᠠᠶᠢᠨ ᠠᠷᠭ᠎ᠠ ᠨᠢ ᠡᠨᠡ | ᠪᠤᠯᠵᠠᠢ᠃ ᠤᠳᠤᠷ ᠬᠠᠶᠢᠳᠠᠭ ᠶᠠᠪᠤᠬᠤ ᠳᠡᠶᠢᠮᠦ ᠴᠦ ᠠᠮᠠᠷᠬᠠᠨ ᠪᠢᠰᠢ ᠪᠤᠯᠪᠠᠴᠦ ᠳᠡᠬᠦᠨ ᠤ ᠪᠠᠷᠢᠮᠳᠠᠯᠠᠯ ᠨᠤᠲᠤᠭ ᠤᠨ | ᠬᠦᠷᠦᠰᠦ ᠶᠢ ᠬᠠᠮᠠᠭᠠᠯᠠᠬᠤ᠂ ᠡᠪᠡᠰᠦᠨ ᠤ ᠤᠷᠭᠤᠯᠳᠠ ᠶᠢ ᠪᠠᠳᠤᠯᠠᠬᠤ᠂ ᠮᠠᠯ ᠤᠨ ᠳᠠᠷᠭᠤ ᠬᠦᠴᠦ ᠶᠢ ᠵᠤᠬᠢᠴᠠᠭᠤᠯᠬᠤ | ᠪᠦᠬᠦ ᠳᠠᠯ᠎ᠠ ᠳᠤ ᠦᠢᠯᠡᠴᠢᠯᠡᠳᠡᠭ ᠢ ᠤᠳᠤᠬᠢ ᠪᠠᠶᠢᠳᠠᠯ ᠬᠡᠷᠡᠴᠢᠯᠡᠨ᠎ᠡ᠃ ᠰᠡᠴᠡᠨᠪᠠᠭᠠᠳᠤᠷ ᠨᠤᠲᠤᠭ ᠤᠰᠤ ᠪᠠᠨ | ᠨᠢᠳᠦᠨ ᠤ ᠴᠡᠴᠡᠭᠡᠢ ᠪᠠᠨ ᠰᠢᠭ ᠬᠠᠶᠢᠷᠠᠯᠠᠵᠦ ᠤᠯᠠᠨ ᠵᠢᠯ ᠤᠨ ᠳᠤᠷᠰᠢ ᠬᠦᠷᠦᠰᠦ ᠶᠢ ᠬᠠᠮᠠᠭᠠᠯᠠᠬᠤ᠂ ᠡᠪᠡᠰᠦ ᠮᠤᠳᠤ | ᠳᠠᠷᠢᠵᠦ ᠤᠷᠭᠤᠭᠤᠯᠬᠤ᠂ ᠪᠡᠯᠴᠢᠭᠡᠷ ᠰᠡᠯᠬᠦᠬᠦ ᠵᠡᠷᠭᠡ ᠠᠷᠭ᠎ᠠ ᠪᠠᠷ ᠬᠠᠮᠠᠭᠠᠯᠠᠭᠰᠠᠭᠠᠷ ᠢᠷᠡᠭᠰᠡᠨ ᠪᠢᠯᠡ᠃ |