ᠲᠠᠷᠢᠶᠠᠯᠠᠩ ᠮᠠᠯ ᠠᠵᠤ ᠠᠬᠤᠢ ᠶᠢᠨ ᠥᠭᠡᠷᠡᠴᠢᠯᠡᠯᠲᠡ ᠪᠠᠷ ᠬᠥᠭᠵᠢᠯᠲᠡ ᠶᠢᠨ ᠰᠢᠨ᠎ᠡ ᠬᠠᠭᠤᠳᠠᠰᠤ ᠶᠢ ᠪᠢᠴᠢᠭᠯᠡᠨ᠎ᠠ
ᠨᠡᠶᠢᠲᠡᠯᠡᠭᠰᠡᠨ ᠴᠠᠭ᠄
2024/8/13
     ᠣᠶᠢᠷ᠎ᠠ ᠳᠤ᠂ ᠪᠥᠬᠦ ᠠᠶᠢᠮᠠᠭ ᠤᠨ ᠲᠠᠷᠢᠶᠠᠯᠠᠩ ᠮᠠᠯ ᠠᠵᠤ ᠠᠬᠤᠢ ᠶᠢᠨ ᠰᠢᠰᠲ᠋ᠧᠮ᠂ ᠬᠤᠰᠢᠭᠤ ᠰᠢᠶᠠᠨ ᠤ ᠲᠠᠷᠢᠶᠠᠯᠠᠩ ᠮᠠᠯ ᠠᠵᠤ ᠠᠬᠤᠢ ᠶᠢᠨ ᠡᠵᠡᠩᠨᠡᠯᠲᠡ ᠬᠥᠭᠵᠢᠯᠲᠡ ᠶᠢᠨ ᠵᠢᠱᠢᠶᠡᠴᠢ ᠠᠵᠤ ᠠᠬᠤᠶᠢᠯᠠᠯ ᠪᠣᠯᠣᠨ ᠮᠠᠯᠴᠢᠨ ᠲᠦᠮᠡᠨ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠭᠤᠷᠪᠠᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ ᠶᠢ ᠨᠠᠷᠢᠨ ᠬᠢᠨᠠᠮᠠᠭᠠᠢ ᠰᠤᠷᠤᠯᠴᠠᠪᠠ᠃ ᠤᠯᠠᠨ ᠢᠶᠠᠷ ᠢᠶᠠᠨ᠂ ᠬᠥᠳᠡᠭᠡ ᠠᠵᠤ ᠠᠬᠤᠢ ᠬᠥᠳᠡᠭᠡ ᠲᠣᠰᠬᠤᠨ ᠤ ᠥᠭᠡᠷᠡᠴᠢᠯᠡᠯᠲᠡ ᠨᠢ ᠪᠦᠬᠦᠳᠡ ᠬᠤᠷᠠᠯ ᠳᠤ ᠴᠢᠬᠤᠯᠠ ᠪᠠᠶᠢᠷᠢ ᠰᠠᠭᠤᠷᠢ ᠶᠢ ᠡᠵᠡᠯᠡᠵᠦ᠂ ︽ᠥᠭᠡᠷᠡᠴᠢᠯᠡᠯᠲᠡ ᠶᠢ ᠴᠢᠨᠠᠭᠰᠢᠳᠠ ᠪᠦᠬᠦ ᠲᠠᠯ᠎ᠠ ᠪᠠᠷ ᠭᠦᠨᠵᠡᠭᠡᠶᠢᠷᠡᠭᠦᠯᠵᠦ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢ ᠠᠬᠢᠭᠤᠯᠬᠤ ᠲᠤᠬᠠᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶᠠᠨ ᠤ ᠲᠣᠭᠲᠠᠭᠠᠯ︾  ᠤᠨ ᠬᠤᠳᠠ ᠬᠥᠳᠡᠭᠡ ᠶᠢ ᠠᠭᠤᠰᠤᠯᠴᠠᠭᠤᠯᠤᠨ ᠬᠥᠭᠵᠢᠭᠦᠯᠬᠦ ᠪᠠᠶᠢᠭᠤᠯᠤᠮᠵᠢ ᠲᠣᠭᠲᠠᠴᠠ ᠶᠢ ᠲᠡᠭᠦᠯᠳᠡᠷᠵᠢᠭᠦᠯᠬᠦ ᠲᠤᠬᠠᠢ ᠰᠢᠰᠲ᠋ᠧᠮ ᠲᠠᠢ ᠪᠠᠶᠢᠷᠢᠯᠠᠭᠤᠯᠤᠯᠲᠠ ᠶᠢ ᠦᠨᠳᠦᠰᠦᠯᠡᠵᠦ᠂ ᠲᠠᠷᠢᠶᠠᠯᠠᠩ ᠮᠠᠯ ᠠᠵᠤ ᠠᠬᠤᠢ ᠶᠢᠨ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠰᠢᠯᠢ ᠶᠢᠨ ᠭᠤᠣᠯ ᠠᠶᠢᠮᠠᠭ ᠤᠨ ᠲᠠᠷᠢᠶᠠᠯᠠᠩ ᠮᠠᠯ ᠠᠵᠤ ᠠᠬᠤᠢ ᠶᠢᠨ ᠬᠥᠭᠵᠢᠯᠲᠡ ᠶᠢᠨ ᠰᠢᠨ᠎ᠡ ᠬᠠᠭᠤᠳᠠᠰᠤ ᠶᠢ ᠪᠢᠴᠢᠭᠯᠡᠨ᠎ᠠ ᠭᠡᠵᠦ ᠰᠠᠨᠠᠯ ᠨᠢᠭᠡᠲᠡᠢ ᠢᠯᠡᠷᠭᠡᠶᠢᠯᠡᠵᠡᠭᠡᠪᠡ᠃      ᠰᠥᠨᠢᠳ ᠵᠡᠭᠦᠨ ᠬᠤᠰᠢᠭᠤᠨ ᠤ ︽ᠤᠯᠠᠨ ᠮᠠᠯ ᠠᠵᠤ ᠠᠬᠤᠢ ᠶᠢᠨ ᠬᠢᠵᠠᠭᠠᠷᠲᠤ ᠺᠣᠮᠫᠠᠨᠢ︾ ᠶᠢᠨ ᠲᠡᠵᠢᠭᠡᠨ ᠦᠷᠡᠵᠢᠭᠦᠯᠵᠦ ᠪᠤᠷᠳᠤᠨ ᠲᠠᠷᠭᠤᠯᠠᠭᠤᠯᠬᠤ ᠰᠠᠭᠤᠷᠢᠨ ᠭᠠᠵᠠᠷ ᠨᠢ ᠮᠠᠯᠴᠢᠳ ᠤᠨ ᠦᠭᠡᠷ ᠢ ᠬᠠᠮᠢᠶᠠᠷᠴᠤ ᠣᠷᠣᠯᠠᠨ ᠲᠡᠵᠢᠭᠡᠬᠦ ᠵᠠᠭᠪᠤᠷ ᠢ ᠭᠡᠷᠡᠭᠵᠢᠭᠦᠯᠵᠦ᠂ ᠡᠭᠦᠨ ᠤ ᠠᠴᠢ ᠪᠠᠷ ᠲᠤᠰ ᠬᠤᠰᠢᠭᠤᠨ ᠤ ᠣᠯᠠᠨ ᠮᠠᠯᠴᠢᠳ ᠤᠨ ᠮᠢᠬᠠᠨ ᠤ ᠦᠬᠡᠷ ᠲᠡᠵᠢᠭᠡᠬᠦ ᠥᠪᠡᠷ ᠤᠨ ᠥᠷᠲᠡᠭ ᠥᠨᠳᠥᠷ ᠪᠠᠶᠢᠭ᠎ᠠ ᠬᠦᠴᠢᠷᠳᠡᠯ ᠢ ᠨᠢ ᠰᠶᠢᠳᠪᠦᠷᠢᠯᠡᠵᠦ ᠦᠭᠴᠠᠢ᠃ ᠺᠣᠮᠫᠠᠨᠢ ᠶᠢᠨ ᠬᠠᠷᠢᠭᠤᠴᠠᠯᠭᠠᠳᠠᠨ ᠰᠢᠵᠢᠷ ᠤᠨ ᠲᠠᠨᠢᠯᠴᠠᠭᠤᠯᠬᠤ ᠪᠠᠷ᠂ ᠮᠠᠯᠴᠢᠳ ᠮᠢᠬᠠᠨ ᠤ ᠦᠬᠡᠷ ᠢᠶᠠᠨ ᠨᠠᠶᠢᠳᠠᠨ ᠬᠠᠮᠢᠶᠠᠷᠤᠭᠤᠯᠵᠦ ᠣᠷᠣᠯᠠᠨ ᠲᠡᠵᠢᠭᠡᠯᠭᠡᠬᠦ ᠶᠢᠨ ᠳᠠᠪᠠᠭᠤᠯᠢᠭ ᠨᠢ ᠰᠢᠨᠵᠢᠯᠡᠬᠦ ᠤᠬᠠᠭᠠᠨᠴᠢ ᠲᠡᠵᠢᠭᠡᠨ ᠦᠷᠡᠵᠢᠭᠦᠯᠬᠦ ᠬᠠᠮᠢᠶᠠᠷᠤᠯᠲᠠ ᠶᠢᠨ ᠵᠠᠭᠪᠤᠷ᠂ ᠡᠪᠡᠰᠦ ᠪᠣᠷᠳᠤᠭ᠎ᠠ ᠬᠤᠳᠠᠯᠳᠤᠨ ᠠᠪᠬᠤ ᠥᠪᠡᠷ ᠤᠨ ᠥᠷᠲᠡᠭ ᠢ ᠪᠠᠭᠤᠷᠠᠭᠤᠯᠬᠤ ᠪᠠ ᠰᠠᠭᠠᠳ ᠦᠭᠡᠢ ᠪᠤᠷᠤᠯᠠᠭᠤᠯᠬᠤ ᠲᠡᠭᠡᠷ᠎ᠠ ᠢᠯᠡᠷᠡᠵᠦ ᠪᠠᠶᠢᠨ᠎ᠠ᠂ ᠨᠠᠶᠢᠳᠠᠨ ᠬᠠᠮᠢᠶᠠᠷᠤᠭᠤᠯᠵᠤ ᠣᠷᠣᠯᠠᠨ ᠲᠡᠵᠢᠭᠡᠯᠭᠡᠬᠦ ᠬᠤᠭᠤᠴᠠᠭᠠᠨ ᠳᠤ᠂ ᠠᠵᠤ ᠠᠬᠤᠶᠢᠯᠠᠯ ᠪᠠᠰᠠ ᠦᠬᠡᠷ ᠲᠤ ᠦᠨ᠎ᠡ ᠲᠥᠯᠥᠪᠦᠷᠢ ᠦᠭᠡᠢ ᠪᠠᠷ ᠲᠠᠷᠢᠯᠭ᠎ᠠ ᠳᠠᠷᠢᠨ᠂ ᠬᠢᠵᠢᠭ ᠡᠪᠡᠳᠴᠢᠨ ᠤ ᠬᠢᠨᠠᠨ ᠬᠡᠮᠵᠢᠯᠲᠡ ᠬᠢᠵᠦ ᠦᠭᠳᠡᠭ ᠪᠠᠶᠢᠵᠠᠢ᠃      ᠣᠶᠢᠷ᠎ᠠ ᠶᠢᠨ ᠵᠢᠯ᠂ ᠰᠥᠨᠢᠳ ᠵᠡᠭᠦᠨ ᠬᠤᠰᠢᠭᠤ ᠮᠢᠬᠠᠨ ᠤ ᠦᠬᠡᠷ ᠢ ᠨᠠᠶᠢᠳᠠᠨ ᠬᠠᠮᠢᠶᠠᠷᠤᠭᠤᠯᠵᠤ ᠣᠷᠣᠯᠠᠨ ᠲᠡᠵᠢᠭᠡᠯᠭᠡᠭᠦ ᠨᠡᠶᠢᠭᠡᠮᠴᠢᠯᠡᠭᠰᠡᠨ ᠦᠢᠯᠡᠴᠢᠯᠡᠭᠡ ᠶᠢ ᠢᠳᠡᠪᠬᠢᠲᠡᠢ ᠰᠦᠪᠡᠭᠴᠢᠯᠡᠨ ᠠᠬᠢᠭᠤᠯᠵᠤ᠂ ᠨᠢᠭᠡ ᠪᠦᠯᠦᠭ ᠡᠵᠡᠩᠨᠡᠯᠲᠡ ᠶᠢᠨ ᠭᠤᠣᠯ ᠴᠣᠭᠴᠠ ᠶᠢᠨ ᠨᠠᠶᠢᠳᠠᠯᠭ᠎ᠠ ᠪᠠᠷ ᠬᠠᠮᠢᠶᠠᠷᠴᠦ ᠣᠷᠣᠯᠠᠨ ᠲᠡᠵᠢᠭᠡᠬᠦ ᠦᠢᠯᠡᠴᠢᠯᠡᠭᠡ ᠥᠷᠨᠢᠭᠦᠯᠬᠦ ᠶᠢ ᠳᠡᠮᠵᠢᠵᠦ᠂ ᠮᠠᠯᠴᠢᠳ ᠤᠨ ᠲᠡᠵᠢᠭᠡᠨ ᠦᠷᠡᠵᠢᠭᠦᠯᠬᠦ ᠥᠪᠡᠷ ᠤᠨ ᠥᠷᠲᠡᠭ ᠢ ᠪᠠᠭᠤᠷᠠᠭᠤᠯᠤᠨ᠂ ᠠᠵᠤ ᠠᠬᠤᠢ ᠶᠢᠨ ᠬᠤᠬᠢᠷᠠᠯ ᠢ ᠪᠠᠭᠠᠰᠬᠠᠵᠤ᠂ ᠮᠠᠯᠴᠢᠳ ᠤᠨ ᠣᠷᠣᠯᠭ᠎ᠠ ᠶᠢᠨ ᠲᠣᠭᠲᠠᠭᠤᠨ ᠪᠠᠶᠢᠬᠤ ᠶᠢ ᠪᠠᠳᠤᠯᠠᠪᠠ᠃ ︽ᠪᠢᠳᠡ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠭᠤᠷᠪᠠᠳᠤᠭᠠᠷ ᠪᠦᠭᠦᠳᠡ ᠬᠤᠷᠠᠯ ᠤᠨ ᠵᠣᠷᠢᠭ ᠰᠠᠨᠠᠭ᠎ᠠ  ᠶᠢ ᠭᠦᠨᠵᠡᠭᠡᠢ ᠰᠤᠷᠤᠯᠴᠠᠵᠤ᠂ ᠥᠭᠡᠷᠡᠴᠢᠯᠡᠯᠲᠡ ᠶᠢ ᠭᠦᠨᠵᠡᠭᠡᠶᠢᠷᠡᠭᠦᠯᠭᠦ ᠰᠢᠨ᠎ᠡ ᠬᠥᠭᠵᠢᠯᠲᠡ ᠶᠢᠨ ᠠᠵᠠ ᠲᠣᠬᠢᠶᠠᠯ ᠢ ᠴᠢᠩᠭ᠎ᠠ ᠠᠳᠬᠤᠵᠤ᠂ ︿ᠵᠠᠰᠠᠭ ᠤᠨ ᠣᠷᠳᠣᠨ + ᠠᠵᠤ ᠠᠬᠤᠶᠢᠯᠠᠯ ︵ᠬᠤᠷᠰᠢᠶᠠᠵᠢᠯ︶ + ᠮᠠᠯᠵᠢᠬᠤ ᠡᠷᠦᠬᠡ﹀ ᠮᠢᠬᠠᠨ ᠤ ᠦᠬᠡᠷ ᠢ ᠣᠷᠣᠯᠠᠨ ᠲᠡᠵᠢᠭᠡᠬᠦ ᠵᠠᠭᠪᠤᠷ ᠢ ᠡᠭᠦᠳᠭᠦ ᠪᠠᠷ ᠳᠠᠮᠵᠢᠭᠤᠯᠤᠨ᠂ ᠲᠠᠯ᠎ᠠ ᠨᠤᠲᠤᠭ ᠤᠨ ᠮᠠᠯ ᠠᠵᠤ ᠠᠬᠤᠢ ᠶᠢᠨ ᠬᠡᠯᠪᠡᠷᠢ ᠪᠠᠨ ᠬᠤᠪᠢᠷᠠᠭᠤᠯᠤᠨ ᠲᠠᠰ ᠳᠡᠪᠰᠢᠬᠦ ᠶᠢ ᠠᠬᠢᠭᠤᠯᠵᠤ᠂ ᠥᠪᠡᠷᠲᠡᠭᠡᠨ ᠵᠠᠰᠠᠬᠤ ᠣᠷᠣᠨ ᠤ ᠤᠯᠤᠰ ᠤᠨ ᠴᠢᠬᠤᠯᠠ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠤ ᠦᠢᠯᠡᠳᠪᠦᠷᠢᠯᠡᠯ ᠤᠨ ᠰᠠᠭᠤᠷᠢᠨ ᠭᠠᠵᠠᠷ ᠢ ᠴᠢᠨᠠᠷ ᠰᠠᠶᠢᠲᠠᠢ ᠪᠦᠲᠦᠭᠡᠨ ᠪᠠᠶᠢᠭᠤᠯᠬᠤ ᠳᠤ ᠨᠠᠩ ᠶᠡᠭᠡ  ᠰᠢᠨ᠎ᠡ  ᠬᠤᠪᠢ  ᠨᠡᠮᠡᠷᠢ  ᠦᠵᠡᠭᠦᠯᠦᠨ᠎ᠡ︾ ᠭᠡᠵᠦ ᠰᠢᠵᠢᠷ ᠶᠠᠷᠢᠨ᠎ᠠ᠃      ᠣᠶᠢᠷ᠎ᠠ ᠶᠢᠨ ᠵᠢᠯ᠂ ᠰᠢᠯᠢ ᠶᠢᠨ ᠭᠤᠣᠯ ᠠᠶᠢᠮᠠᠭ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠬᠦ ᠪᠠᠷ ᠶᠡᠷᠦᠩᠬᠡᠢ ᠭᠠᠷᠳᠠᠴᠠ ᠪᠣᠯᠭᠠᠵᠤ᠂ ᠲᠠᠷᠢᠶᠠᠯᠠᠩ ᠮᠠᠯ ᠠᠵᠤ ᠠᠬᠤᠢ ᠶᠢᠨ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠥᠭᠡᠷᠡᠴᠢᠯᠡᠯᠲᠡ ᠪᠠᠷ ᠭᠤᠣᠯ ᠰᠢᠵᠢᠮ ᠪᠣᠯᠭᠠᠨ᠂ ᠠᠮᠢ ᠠᠬᠤᠢ ᠶᠢ ᠤᠷᠢᠳ ᠢᠶᠠᠷ ᠪᠤᠳᠤᠯᠭᠢᠯᠠᠬᠤ᠂ ᠪᠣᠬᠢᠷᠲᠤᠯ ᠦᠭᠡᠢ ᠬᠥᠭᠵᠢᠭᠦᠯᠬᠦ ᠶᠢ ᠪᠠᠷᠢᠮᠲᠠᠯᠠᠨ᠂ ᠠᠵᠤ ᠦᠢᠯᠡᠰ ᠤᠨ ᠪᠦᠲᠦᠴᠡ ᠶᠢ ᠢᠳᠡᠪᠬᠢᠲᠡᠢ ᠲᠣᠬᠢᠷᠠᠭᠤᠯᠤᠨ ᠰᠢᠯᠢᠳᠡᠭᠵᠢᠭᠦᠯᠵᠦ᠂ ᠮᠠᠯᠵᠢᠬᠤ ᠲᠠᠷᠢᠶᠠᠯᠠᠬᠤ ᠣᠷᠣᠨ ᠤ ᠬᠥᠭᠵᠢᠯᠲᠡ ᠶᠢᠨ ᠠᠮᠢᠵᠢᠷᠠᠯ ᠤᠨ ᠬᠦᠴᠦᠨ ᠢ ᠬᠥᠭᠵᠢᠭᠡᠨ᠂ ᠤᠯᠠᠮᠵᠢᠯᠠᠯᠲᠤ ᠲᠠᠷᠢᠶᠠᠯᠠᠩ ᠮᠠᠯ ᠠᠵᠤ ᠠᠬᠤᠢ ᠶᠢ ᠣᠲᠣ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠳᠠᠶᠢᠰᠢ ᠬᠤᠪᠢᠷᠠᠭᠤᠯᠬᠤ ᠶᠢ ᠲᠦᠷᠭᠡᠳᠬᠡᠨ ᠠᠬᠢᠭᠤᠯᠵᠤ᠂ ᠲᠠᠷᠢᠶᠠᠯᠠᠩ ᠮᠠᠯ ᠠᠵᠤ ᠠᠬᠤᠢ ᠶᠢᠨ ᠲᠣᠭᠲᠠᠭᠤᠨ ᠬᠥᠭᠵᠢᠬᠦ ᠰᠠᠶᠢᠨ ᠰᠠᠶᠢᠬᠠᠨ ᠬᠠᠨᠳᠤᠰᠢ ᠶᠢ ᠪᠠᠲᠤᠯᠠᠪᠠ᠃      ᠣᠶᠢᠷ᠎ᠠ ᠶᠢᠨ ᠬᠤᠭᠤᠴᠠᠭᠠᠨ ᠳᠤ᠂ ᠠᠶᠢᠮᠠᠭ ᠤᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠶᠢᠨ ᠥᠷᠭᠡᠨ ᠣᠯᠠᠨ ᠨᠠᠮ ᠤᠨ ᠭᠡᠰᠢᠭᠦᠨ ᠺᠠᠳ᠋ᠷ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠭᠤᠷᠪᠠᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ ᠶᠢ ᠨᠠᠷᠢᠨ ᠬᠢᠨᠠᠮᠠᠭᠠᠢ ᠰᠤᠷᠤᠯᠴᠠᠪᠡ᠃ ᠣᠯᠠᠨ ᠢᠶᠠᠷ ᠢᠶᠠᠨ᠂ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠣᠶᠢᠯᠠᠭᠠᠵᠤ᠂ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠭᠤᠷᠪᠠᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ ᠶᠢᠨ ᠲᠣᠭᠤᠷᠢᠨ ᠳᠤ ᠲᠥᠯᠥᠪᠯᠡᠨ ᠪᠠᠶᠢᠷᠢᠯᠠᠭᠤᠯᠵᠤ᠂ ᠭᠦᠳᠡᠭᠡ ᠠᠵᠦ ᠠᠬᠤᠢ ᠬᠥᠳᠡᠭᠡ ᠲᠣᠰᠬᠤᠨ ᠤ ᠥᠭᠡᠷᠡᠴᠢᠯᠡᠯᠲᠡ ᠶᠢᠨ ᠭᠤᠣᠯᠳᠠᠯᠭ᠎ᠠ ᠲᠠᠢ ᠡᠭᠦᠷᠭᠡ ᠶᠢ ᠨᠠᠷᠢᠨ ᠨᠢᠮᠪᠠᠢ ᠪᠣᠳᠠᠲᠠᠢ ᠠᠳᠬᠤᠵᠤ᠂ ᠬᠥᠳᠡᠭᠡ ᠲᠣᠰᠬᠤᠨ ᠢ ᠪᠥᠬᠦ ᠲᠠᠯ᠎ᠠ ᠪᠠᠷ ᠬᠥᠭᠵᠢᠭᠦᠯᠦᠨ ᠮᠠᠨᠳᠤᠭᠤᠯᠬᠤ ᠳᠤ ᠬᠥᠳᠡᠯᠭᠡᠬᠦ ᠬᠦᠴᠦᠨ᠂ ᠠᠮᠢᠵᠢᠷᠠᠯ ᠤᠨ ᠬᠦᠴᠦᠨ ᠨᠡᠮᠡᠷᠢᠯᠡᠨ᠎ᠡ ᠭᠡᠵᠦ ᠢᠯᠡᠷᠭᠡᠶᠢᠯᠡᠵᠡᠭᠡᠪᠡ᠃ ᠲᠠᠷᠠᠭ᠎ᠠ ᠠᠯᠬᠤᠮ ᠳᠤ᠂ ᠮᠠᠨ ᠤ ᠠᠶᠢᠮᠠᠭ ᠤᠨ ᠲᠠᠷᠢᠶᠠᠯᠠᠩ ᠮᠠᠯ ᠠᠵᠤ ᠠᠬᠤᠢ ᠶᠢᠨ ᠰᠠᠯᠠᠭ᠎ᠠ ᠮᠥᠴᠢᠷ ᠮᠠᠯᠵᠢᠬᠤ ᠲᠠᠷᠢᠶᠠᠯᠠᠬᠤ ᠣᠷᠣᠨ ᠤ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠲᠠᠯ᠎ᠠ ᠪᠠᠷ ᠦᠷᠭᠦᠯᠵᠢᠯᠡᠨ ᠬᠦᠴᠦᠯᠡᠵᠦ᠂ ᠮᠠᠯᠵᠢᠬᠤ ᠲᠠᠷᠢᠶᠠᠯᠠᠬᠤ ᠣᠷᠣᠨ ᠤ ︽ᠭᠤᠷᠪᠠ ᠶᠢ ᠬᠤᠪᠢᠷᠠᠭᠤᠯᠬᠤ︾ ᠥᠭᠡᠷᠡᠴᠢᠯᠡᠯᠲᠡ ᠶᠢ ᠠᠬᠢᠭᠤᠯᠵᠤ᠂ 50 ᠭᠠᠴᠠᠭ᠎ᠠ ᠲᠣᠰᠬᠤᠨ ᠤ ᠲᠤᠷᠰᠢᠯᠲᠠ ᠶᠢᠨ ᠴᠡᠭ ᠢ ᠰᠠᠶᠢᠲᠤᠷ ᠠᠳᠬᠤᠨ᠎ᠠ︔ ᠬᠥᠳᠡᠭᠡ ᠲᠣᠰᠬᠤᠨ ᠤ ᠣᠨᠴᠠᠯᠢᠭᠲᠤ ᠠᠵᠤ ᠦᠢᠯᠡᠰ᠂ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠢ ᠡᠳ᠋ᠰᠢᠭᠦᠯᠦᠨ ᠪᠤᠯᠪᠠᠰᠤᠷᠠᠭᠤᠯᠬᠤ ᠦᠢᠯᠡᠰ᠂ ᠬᠥᠳᠡᠭᠡ ᠲᠣᠰᠬᠤᠨ ᠤ ᠰᠢᠨ᠎ᠡ ᠬᠡᠯᠪᠡᠷᠢ ᠶᠢᠨ ᠦᠢᠯᠡᠴᠢᠯᠡᠭᠡᠨ ᠤ ᠦᠢᠯᠡᠰ ᠵᠡᠷᠭᠡ ᠠᠵᠤ ᠦᠢᠯᠡᠰ ᠢ ᠦᠷᠭᠦᠯᠵᠢᠯᠡᠨ ᠬᠥᠭᠵᠢᠭᠦᠯᠵᠦ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠦᠬᠦ ᠬᠦᠴᠦᠨ ᠢᠶᠠᠷ ᠠᠬᠢᠭᠤᠯᠤᠨ᠎ᠠ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号