ᠣᠶᠢᠷ᠎ᠠ ᠶᠢᠨ ᠵᠢᠯ᠂ ᠮᠠᠨ ᠤ ᠠᠶᠢᠮᠠᠭ ᠠᠵᠤ ᠠᠬᠤᠶᠢᠯᠠᠯ ᠬᠢᠭᠡᠳ ᠣᠯᠠᠨ ᠲᠦᠮᠡᠨ ᠤ ᠠᠵᠢᠯ ᠶᠠᠪᠤᠳᠠᠯ | ᠭᠦᠢᠴᠡᠳᠬᠡᠬᠦ ᠬᠦᠰᠡᠯ ᠱᠠᠭᠠᠷᠳᠠᠯᠭ᠎ᠠ ᠶᠢ ᠦᠨᠳᠦᠰᠦᠯᠡᠨ᠂ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶᠢ | ᠪᠠᠷᠢᠮᠲᠠᠯᠠᠵᠤ᠂ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠭᠠᠴᠢᠯᠠᠯᠲᠠ ᠲᠡᠶᠢᠰᠢ ᠬᠡᠯᠪᠡᠷᠢ ᠪᠠᠨ ᠬᠤᠪᠢᠷᠠᠭᠤᠯᠬᠤ | ᠠᠵᠢᠯ ᠢ ᠦᠷᠭᠦᠯᠵᠢᠯᠡᠨ ᠠᠬᠢᠭᠤᠯᠵᠤ᠂ ᠠᠵᠢᠯ ᠶᠠᠪᠤᠳᠠᠯ ᠭᠦᠢᠴᠡᠳᠬᠡᠬᠦ ᠶᠠᠪᠤᠴᠠ ᠶᠢ ᠰᠢᠯᠢᠳᠡᠭᠵᠢᠭᠦᠯᠤᠨ᠂ | ᠠᠷᠠᠳ ᠲᠤ ᠲᠥᠬᠦᠮ ᠦᠵᠡᠭᠦᠯᠵᠦ ᠠᠵᠤ ᠠᠬᠤᠶᠢᠯᠠᠯ ᠳᠤ ᠠᠰᠢᠭ ᠬᠦᠷᠲᠡᠭᠡᠬᠦ ᠦᠢᠯᠡᠴᠢᠯᠡᠭᠡᠨ ᠤ ᠴᠢᠳᠠᠪᠤᠷᠢ ᠪᠠ | ᠦᠷ᠎ᠡ ᠪᠦᠲᠦᠮᠵᠢ ᠶᠢ ᠪᠦᠲᠦᠮᠵᠢᠲᠡᠶ ᠳᠡᠭᠡᠭᠰᠢᠯᠡᠭᠦᠯᠪᠡ᠃ | ᠣᠳᠣᠬᠠᠨ ᠳᠤ᠂ ᠮᠠᠨ ᠤ ᠠᠶᠢᠮᠠᠭ ᠬᠢᠨᠠᠨ ᠵᠥᠪᠰᠢᠶᠡᠷᠡᠬᠦ ᠦᠢᠯᠡᠴᠢᠯᠡᠭᠡᠨ ᠤ ︽ᠰᠦᠯᠵᠢᠶᠡᠨ ᠲᠡᠭᠡᠷ᠎ᠠ ᠨᠡᠶᠢᠳᠡᠮ | ᠭᠦᠢᠴᠡᠳᠬᠡᠬᠦ︾ ᠶᠢ ᠲᠦᠷᠭᠡᠳᠬᠡᠨ ᠬᠡᠷᠡᠭᠵᠢᠭᠦᠯᠵᠦ᠂ ᠪᠥᠬᠦ ᠠᠶᠢᠮᠠᠭ ᠤᠨ ᠬᠢᠨᠠᠨ ᠵᠥᠪᠰᠢᠶᠡᠷᠡᠬᠦ ᠦᠢᠯᠡᠴᠢᠯᠡᠭᠡᠨ ᠤ | ᠵᠦᠢᠯᠡᠰ ᠢ ᠪᠦᠬᠦᠨ ᠢ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠰᠦᠯᠵᠢᠶ᠎ᠡ ᠳᠤ ᠣᠷᠣᠭᠤᠯᠵᠤ᠂ ︽ | ᠦᠷᠳᠡᠭᠡᠴᠢᠯᠡᠭᠰᠡᠨ ᠮᠠᠶ᠋ᠢᠭ ᠤᠨ᠂ ᠪᠦᠬᠦᠯᠢ ᠡᠳᠦᠷ ᠤᠨ᠂ ᠪᠦᠬᠦᠨ ᠢ ᠪᠦᠷᠭᠦᠭᠦᠯᠭᠦ︾ ᠨᠢᠭᠡ ᠴᠣᠭᠴᠠᠵᠢᠭᠤᠯᠤᠭᠰᠠᠨ | ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠠᠪᠴᠠᠩ ᠢ ᠪᠥᠬᠦ ᠲᠠᠯ᠎ᠠ ᠪᠠᠷ ᠪᠠᠶᠢᠭᠤᠯᠪᠠ᠃ ᠡᠨᠡ ᠵᠢᠯ ᠤᠨ 4 ᠰᠠᠷ᠎ᠠ | ᠪᠣᠯᠲᠠᠯ᠎ᠠ᠂ ᠨᠢᠭᠡ ᠴᠣᠭᠴᠠᠵᠢᠭᠤᠯᠤᠭᠰᠠᠨ ᠲᠠᠪᠴᠠᠩ ᠤᠨ ᠬᠢᠨ ᠨᠡᠶᠢᠲᠡ 196.2 ᠲᠦᠮᠡᠨ ᠬᠤᠪᠢ ᠵᠦᠯᠡᠰ ᠢ | ᠭᠥᠯᠢᠶᠡᠨ ᠠᠪᠴᠤ᠂ 181.2 ᠲᠦᠮᠡᠨ ᠵᠦᠢᠯᠡᠰ ᠢ ᠰᠶᠢᠳᠪᠦᠷᠢᠯᠡᠵᠦ ᠳᠠᠭᠤᠰᠬᠠᠪᠠ᠂ ᠡᠭᠦᠨ ᠳᠤ ᠰᠦᠯᠵᠢᠶᠡᠨ | ᠳᠡᠭᠡᠷ᠎ᠡ 131.6 ᠲᠦᠮᠡᠨ ᠬᠤᠪᠢ ᠵᠦᠢᠯᠡᠰ ᠢ ᠭᠦᠢᠴᠡᠳᠭᠡᠵᠡᠢ᠃ ᠡᠭᠦᠨ ᠤ ᠬᠠᠮᠲᠤ᠂ ︽ᠮᠦᠡᠭᠭᠡ ᠰᠤᠪᠠᠭ︾ | APP ᠪᠠᠷ ᠠᠴᠢᠶᠠᠯᠠᠪᠤᠷᠢ ᠪᠤᠯᠭᠠᠨ᠂ ᠪᠥᠬᠦ ᠠᠶᠢᠮᠠᠭ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠵᠦᠢᠯᠡᠰ ᠢ | ᠰᠦᠯᠵᠢᠶᠡᠨ ᠲᠡᠭᠡᠷ᠎ᠠ ᠡᠷᠡᠮᠡᠯᠵᠡᠨ ᠮᠡᠳᠡᠭᠦᠯᠬᠦ᠂ ᠠᠮᠢᠳᠤᠷᠠᠯ ᠤᠨ ᠰᠦᠢᠳᠬᠡᠯ ᠲᠤᠰᠢᠶᠠᠬᠤ᠂ ᠨᠡᠶᠢᠭᠡᠮ ᠤᠨ ᠳᠠᠭᠠᠳᠬᠠᠯ | ᠨᠡᠶᠢᠲᠡ ᠶᠢᠨ ᠬᠤᠷᠠᠮᠳᠤᠭᠤᠯᠭ᠎ᠠ ᠶᠢᠨ ᠮᠥᠩᠭᠦ ᠶᠢ ᠪᠠᠶᠢᠴᠠᠭᠠᠨ ᠯᠠᠪᠯᠠᠬᠤ ᠵᠡᠷᠭᠡ ︽ᠦᠷᠳᠡᠭᠡᠴᠢᠯᠡᠭᠰᠡᠨ ᠮᠠᠶ᠋ᠢᠭ ᠤᠨ︾ | ᠦᠢᠯᠡᠴᠢᠯᠡᠭᠡ ᠶᠢ ᠠᠩᠬ᠎ᠠ ᠠᠯᠬᠤᠮ ᠪᠡᠶᠡᠯᠡᠭᠦᠯᠪᠡ᠃ ᠣᠲᠣ ᠪᠣᠯᠲᠠᠯ᠎ᠠ᠂ ︽ᠮᠦᠡᠭᠭᠡ ᠰᠤᠪᠠᠭ︾ APP ᠶᠢᠨ | ᠬᠡᠷᠡᠭᠯᠡᠭᠴᠢ 61.3 ᠲᠦᠮᠡ ᠭᠦᠷᠴᠠᠢ᠃ | ᠮᠠᠨ ᠤ ᠠᠶᠢᠮᠠᠭ ᠢᠲᠡᠭᠡᠮᠵᠢ ᠶᠢᠨ ᠮᠡᠳᠡᠭᠡ ᠵᠠᠩᠭᠢ ᠶᠢᠨ ᠰᠢᠰᠲ᠋ᠧᠮ ᠤᠨ ᠪᠠᠶᠢᠭᠤᠯᠤᠯᠲᠠ ᠶᠢ ᠴᠢᠩᠭᠠᠳᠬᠠᠵᠤ᠂ | ᠢᠲᠡᠭᠡᠮᠵᠢ ᠶᠢᠨ ᠮᠡᠳᠡᠭᠡ ᠵᠠᠩᠭᠢ ᠶᠢ ᠪᠠᠶᠢᠴᠠᠭᠠᠨ ᠯᠠᠪᠯᠠᠵᠤ ᠬᠡᠷᠡᠭᠯᠡᠬᠦ ᠬᠡᠪᠴᠢᠶ᠎ᠡ ᠶᠢ ᠥᠷᠭᠡᠳᠬᠡᠨ᠂ ︽ᠪᠠᠩᠬᠢ ᠠᠵᠤ | ᠠᠬᠤᠶᠢᠯᠠᠯ ᠢ ᠨᠡᠪᠲᠡᠷᠡᠭᠦᠯᠬᠦ︾ ᠮᠡᠳᠡᠭᠡ ᠵᠠᠩᠭᠢ ᠶᠢ ᠬᠠᠮᠲᠤ ᠪᠠᠷ ᠡᠳ᠋ᠯᠡᠬᠦ ᠦᠢᠯᠡᠴᠢᠯᠡᠭᠡᠨ ᠤ ᠲᠠᠪᠴᠠᠩ ᠢ ᠪᠠᠶᠢᠭᠤᠯᠵᠤ᠂ | ᠡᠵᠡᠩᠨᠡᠯᠲᠡ ᠶᠢᠨ ᠭᠤᠣᠯ ᠴᠣᠭᠴᠠ ᠳᠤ ᠣᠯᠠᠨ ᠶᠠᠩᠵᠤ ᠶᠢᠨ ᠢᠲᠡᠭᠡᠮᠵᠢ ᠶᠢᠨ ᠦᠢᠯᠡᠴᠢᠯᠡᠭᠡ ᠬᠠᠩᠭᠠᠪᠡ᠃ ᠣᠲᠣ | ᠪᠣᠯᠲᠠᠯ᠎ᠠ᠂ ᠮᠠᠨ ᠤ ᠠᠶᠢᠮᠠᠭ ᠤᠨ ᠣᠯᠠᠨ ᠨᠡᠶᠢᠲᠡ ᠶᠢᠨ ᠢᠲᠡᠭᠡᠮᠵᠢ ᠶᠢᠨ ᠮᠡᠳᠡᠭᠡ ᠵᠠᠩᠭᠢ ᠶᠢᠨ ᠲᠠᠪᠴᠠᠩ ᠨᠢ ᠨᠢᠭᠡᠨᠲᠡ | ᠪᠥᠬᠦ ᠠᠶᠢᠮᠠᠭ ᠤᠨ ᠵᠠᠰᠠᠭ ᠤᠨ ᠣᠷᠳᠣᠨ ᠤ 368 ᠰᠠᠯᠠᠭ᠎ᠠ ᠮᠥᠴᠢᠷ ᠢ ᠬᠠᠮᠤᠷᠴᠤ᠂ ᠨᠡᠶᠢᠲᠡ 84 ᠲᠦᠮᠡ ᠭᠠᠷᠤᠢ | ᠢᠲᠡᠭᠡᠮᠵᠢ ᠶᠢᠨ ᠮᠡᠳᠡᠭᠡ ᠵᠠᠩᠭᠢ ᠶᠢ ᠴᠤᠭᠯᠠᠭᠤᠯᠦᠨ᠂ ᠪᠥᠬᠦ ᠠᠶᠢᠮᠠᠭ ᠤᠨ ᠢᠲᠡᠭᠡᠮᠵᠢ ᠶᠢᠨ ᠮᠡᠳᠡᠭᠡ ᠵᠠᠩᠭᠢ ᠶᠢ | ᠬᠥᠮᠥᠷᠭᠡ ᠳᠤ ᠣᠷᠣᠭᠤᠯᠵᠤ᠂ ᠪᠥᠬᠦ ᠲᠠᠪᠴᠠᠩ ᠢᠶᠠᠷ ᠢᠶᠠᠨ ᠬᠠᠮᠲᠤᠪᠠᠷ ᠡᠳ᠋ᠯᠡᠭᠦ ᠶᠢ ᠪᠡᠶᠡᠯᠡᠭᠦᠯᠪᠡ᠃ ᠢᠲᠡᠭᠡᠮᠵᠢ ᠶᠢᠨ | ᠮᠡᠳᠡᠭᠡ ᠵᠠᠩᠭᠢ ᠶᠢ ᠪᠠᠶᠢᠴᠠᠭᠠᠨ ᠯᠠᠪᠯᠠᠵᠤ ᠬᠡᠷᠡᠭᠯᠡᠬᠦ ᠬᠡᠪᠴᠢᠶ᠎ᠡ ᠶᠢ ᠲᠠᠰᠤᠷᠠᠯᠲᠠ ᠦᠭᠡᠢ ᠥᠷᠭᠡᠳᠬᠡᠬᠦ ᠪᠠᠷ | ᠳᠠᠮᠵᠢᠭᠤᠯᠤᠨ᠂ ᠢᠲᠡᠭᠡᠮᠵᠢ ᠶᠢᠨ ᠰᠢᠰᠲ᠋ᠧᠮ ᠤᠨ ᠪᠠᠶᠢᠭᠤᠯᠤᠯᠲᠠ ᠶᠢᠨ ᠠᠵᠢᠯ ᠳᠤ ᠲᠤᠭ᠎ᠠ ᠪᠠᠷᠢᠮᠲᠠ ᠶᠢᠨ | ᠲᠤᠯᠭᠠᠭᠤᠷᠢᠯᠠᠯ ᠬᠠᠨᠭ᠍ᠭᠠᠵᠠᠢ᠃ ᠡᠭᠦᠨ ᠠᠴᠠ ᠭᠠᠳᠠᠨ᠎ᠠ᠂ ᠪᠠᠷᠢᠯᠭ᠎ᠠ ᠶᠢᠨ ᠬᠢᠨᠠᠨ ᠵᠥᠪᠰᠢᠶᠡᠷᠡᠯ ᠢ ︽ᠨᠡᠶᠢᠯᠡᠭᠦᠯᠦᠨ | ᠲᠦᠷᠭᠡᠨ ᠭᠦᠢᠴᠡᠳᠬᠡᠬᠦ︾ ᠶᠢ ᠠᠬᠢᠭᠤᠯᠵᠤ᠂ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠬᠢᠨᠠᠨ ᠵᠥᠪᠰᠢᠶᠡᠷᠡᠬᠦ | ᠶᠠᠪᠤᠴᠠ ᠶᠢ ᠰᠢᠯᠢᠳᠡᠭᠵᠢᠭᠦᠯᠦᠨ ᠡᠮᠬᠢᠯᠡᠨ ᠨᠡᠶᠢᠳᠬᠡᠪᠡ᠃ ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠶᠢᠨ ᠲᠥᠷᠥᠯ | ᠵᠦᠢᠯ ᠤᠨ ᠬᠢᠨᠠᠨ ᠵᠥᠪᠰᠢᠶᠡᠷᠡᠬᠦ ᠬᠠᠮᠢᠶᠠᠷᠤᠯᠲᠠ ᠶᠢᠨ ᠰᠢᠰᠲ᠋ᠧᠮ ᠢ ᠪᠡᠯᠡ ᠣᠷᠣᠭᠤᠯᠤᠯᠲᠠ ᠶᠢᠨ ᠰᠦᠯᠵᠢᠶᠡᠨ | ᠲᠠᠪᠴᠠᠩ᠂ ᠡᠯᠧᠺᠲᠷᠣᠨ ᠦᠨᠡᠮᠯᠡᠯ᠂ ᠭᠠᠯ ᠰᠡᠷᠭᠡᠶᠢᠯᠡᠵᠦ ᠤᠨᠲᠠᠷᠠᠭᠠᠬᠤ᠂ ᠴᠠᠬᠢᠯᠭᠠᠨ ᠬᠦᠴᠦᠨ ᠵᠡᠷᠭᠡ ᠣᠯᠠᠨ | ᠰᠠᠯᠠᠭ᠎ᠠ ᠮᠥᠴᠢᠷ ᠤᠨ ᠰᠢᠰᠲ᠋ᠧᠮ ᠲᠠᠢ ᠵᠣᠯᠭᠠᠭᠤᠯᠵᠦ᠂ ᠨᠡᠶᠢᠲᠡ 164 ᠲᠥᠷᠥᠯ ᠵᠦᠢᠯ᠂ 521 ᠬᠢᠨᠠᠨ | ᠵᠥᠪᠰᠢᠶᠡᠷᠡᠬᠦ ᠵᠦᠢᠯᠡᠰ ᠢ ᠨᠡᠶᠢᠯᠡᠭᠦᠯᠦᠨ ᠬᠢᠨᠠᠨ ᠵᠥᠪᠰᠢᠶᠡᠷᠡᠭᠰᠡᠨ ᠨᠣᠷᠮ᠎ᠠ 97% ᠬᠦᠷᠴᠦ᠂ ᠥᠪᠡᠷᠲᠡᠭᠡᠨ ᠵᠠᠰᠠᠬᠤ | ᠣᠷᠣᠨ ᠤ ᠡᠮᠦᠨ᠎ᠡ ᠡᠩᠨᠡᠭᠡᠨ ᠳᠤ ᠤᠷᠤᠵᠠᠢ᠃ | ᠮᠠᠨ ᠤ ᠠᠶᠢᠮᠠᠭ ᠬᠥᠳᠡᠯᠮᠦᠷᠢ ᠠᠵᠢᠯ ᠣᠯᠭᠤᠯᠲᠠ᠂ ᠨᠡᠶᠢᠭᠡᠮ ᠤᠨ ᠳᠠᠭᠠᠳᠬᠠᠯ᠂ ᠨᠡᠶᠢᠭᠡᠮ ᠤᠨ ᠠᠪᠤᠷᠠᠨ | ᠲᠤᠰᠠᠯᠠᠯᠲᠠ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠵᠡᠷᠭᠡ ᠬᠦᠷᠢᠶᠡᠨ ᠳᠤ ᠬᠤᠯᠪᠣᠭᠳᠠᠭᠰᠠᠨ | ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠵᠦᠢᠯᠡᠰ ᠢ ᠠᠩᠬ᠎ᠠ ᠠᠯᠬᠤᠮ ᠡᠮᠬᠢᠯᠡᠨ ᠳᠢᠭᠯᠡᠵᠦ᠂ 11 ᠵᠦᠢᠯ ᠢ | ᠦᠨᠳᠦᠰᠦᠨ ᠱᠠᠳᠤᠨ ᠳᠤ ᠪᠠᠭᠤᠯᠭᠠᠭᠰᠠᠨ ᠪᠥᠭᠡᠳ ᠲᠡᠭᠦᠨ ᠢ ᠢᠳᠡᠭ ᠢᠳᠡᠭ ᠢᠶᠠᠷ ᠨᠡᠶᠢᠭᠡᠮ ᠲᠣᠭᠤᠷᠢᠭ ᠤᠨ | ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠠᠪᠴᠠᠩ ᠳᠤ ᠣᠷᠣᠭᠤᠯᠤᠨ ᠲᠥᠪᠯᠡᠷᠡᠭᠦᠯᠦᠨ ᠭᠦᠢᠴᠡᠳᠬᠡᠵᠦ᠂ ᠣᠯᠠᠨ | ᠲᠦᠮᠡᠨ ᠤ ᠣᠶᠢᠷ᠎ᠠ ᠬᠠᠪᠢ ᠳᠠᠭᠠᠨ ᠠᠵᠢᠯ ᠶᠠᠪᠤᠳᠠᠯ ᠭᠦᠢᠴᠡᠳᠭᠡᠵᠦ ᠦᠢᠯᠡᠰ ᠪᠦᠳᠦᠭᠡᠭᠦ ᠳᠤ ᠲᠥᠬᠦᠮ ᠦᠵᠡᠭᠦᠯᠪᠠ᠃ | ᠡᠭᠦᠨ ᠤ ᠬᠠᠮᠲᠤ᠂ ᠣᠯᠠᠨ ᠲᠦᠮᠡᠨ ᠤ ᠭᠦᠰᠡᠯ ᠱᠠᠭᠠᠷᠳᠠᠯᠭ᠎ᠠ ᠶᠢ ᠲᠤᠰᠬᠠᠬᠤ ᠠᠷᠭ᠎ᠠ ᠵᠠᠮ ᠢ ᠪᠠᠶᠠᠯᠢᠭᠵᠢᠭᠤᠯᠵᠤ᠂ | 12345 ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠠᠷᠠᠳ ᠲᠤ ᠲᠥᠬᠦᠮ ᠦᠵᠡᠭᠦᠯᠬᠦ ᠬᠠᠯᠠᠮ ᠤᠲᠠᠰᠤ᠂ | ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠰᠦᠯᠵᠢᠶ᠎ᠠ᠂ ᠣᠯᠠᠨ ᠡᠰᠢᠳᠦ ᠵᠠᠭᠤᠴᠢᠯᠠᠭᠤᠷ ᠤᠨ ᠲᠠᠪᠴᠠᠩ ᠢᠶᠠᠷ | ᠠᠴᠢᠶᠠᠯᠠᠪᠤᠷᠢ ᠪᠣᠯᠭᠠᠵᠤ᠂ ᠠᠵᠤ ᠠᠬᠤᠶᠢᠯᠠᠯ ᠣᠯᠠᠨ ᠲᠦᠮᠡᠨ ᠤ ᠠᠰᠠᠭᠤᠨ ᠯᠠᠪᠯᠠᠯᠳᠠ᠂ ᠲᠤᠰᠠᠯᠠᠮᠵᠢ ᠭᠤᠶᠤᠴᠢᠯᠠᠬᠤ | ᠰᠠᠨᠠᠯ᠂ ᠰᠠᠨᠠᠭᠤᠯᠭ᠎ᠠ ᠪᠠ ᠵᠠᠭᠠᠯᠳᠤᠯᠭ᠎ᠠ ᠶᠢ ᠲᠥᠪᠯᠡᠷᠡᠭᠦᠯᠦᠨ ᠭᠥᠯᠢᠶᠡᠨ ᠠᠪᠴᠤ ᠰᠶᠢᠳᠪᠦᠷᠢᠯᠡᠭᠰᠡᠨ ᠨᠣᠷᠮ᠎ᠠ 94. | 67% ᠭᠦᠷᠴᠠᠢ᠃ |