ᠪᠣᠬᠢᠷᠲᠤᠯ ᠦᠭᠡᠢ ᠠᠭᠤᠷᠬᠠᠢ ᠶᠢᠨ ᠦᠢᠯᠡᠰ ᠤᠨ ᠴᠢᠨᠠᠷ ᠰᠠᠶᠢᠳᠠᠢ ᠬᠦᠭᠵᠢᠯᠳᠡ ᠶᠢᠨ ᠵᠠᠮᠨᠠᠯ
ᠨᠡᠶᠢᠲᠡᠯᠡᠭᠰᠡᠨ ᠴᠠᠭ᠄
2024/7/29
     ᠣᠶᠢᠷ᠎ᠠ ᠶᠢᠨ ᠵᠢᠯ ᠠᠴᠠ᠂ ᠰᠢᠯᠢ ᠶᠢᠨ ᠭᠤᠣᠯ ᠠᠶᠢᠮᠠᠭ ︽ᠬᠥᠬᠡᠮᠳᠦᠭ ᠨᠣᠭᠤᠭᠠᠨ ᠠᠭᠤᠯᠠ ᠤᠰᠤ ᠪᠣᠯ ᠳᠠᠷᠤᠢ ᠠᠯᠳᠠ ᠮᠥᠩᠭᠦᠨ ᠠᠭᠤᠯᠠ ᠮᠦᠨ︾ ᠭᠡᠬᠦ ᠣᠶᠢᠯᠠᠭᠠᠭᠳᠠᠬᠤᠨ ᠢ ᠪᠦᠬᠦ ᠲᠠᠯ᠎ᠠ ᠪᠠᠷ ᠲᠤᠭᠤᠰᠢᠯᠠᠭᠤᠯᠵᠦ᠂ ᠪᠤᠬᠢᠷᠳᠤᠯ ᠦᠬᠡᠢ ᠬᠦᠭᠵᠢᠯᠲᠡ ᠶᠢᠨ ᠵᠠᠭᠪᠤᠷ ᠢ ᠢᠳᠡᠪᠬᠢᠲᠡᠢ ᠰᠦᠪᠡᠭᠴᠢᠯᠡᠠ᠂ ᠠᠮᠢ ᠠᠬᠤᠢ ᠶᠢᠨ ᠬᠠᠮᠠᠭᠠᠯᠠᠯᠲᠠ ᠶᠢᠨ ᠣᠶᠢᠯᠠᠭᠠᠭᠳᠠᠬᠤᠨ ᠢ ᠠᠭᠤᠷᠬᠠᠢ ᠶᠢᠨ ᠡᠬᠢ ᠪᠠᠶᠠᠯᠢᠭ ᠢ ᠨᠡᠭᠡᠭᠡᠨ ᠮᠠᠯᠲᠠᠬᠤ᠂ ᠪᠤᠯᠪᠠᠰᠤᠷᠠᠭᠤᠯᠬᠤ᠂ ᠠᠰᠢᠭᠯᠠᠬᠤ ᠪᠦᠬᠦ ᠶᠠᠪᠤᠴᠠ ᠳᠤ ᠲᠤᠭᠤᠰᠢᠯᠠᠭᠤᠯᠵᠦ᠂ ᠪᠣᠬᠢᠷᠲᠤᠯ ᠦᠭᠡᠢ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠳᠤ ᠮᠡᠳᠡᠭᠳᠡᠮ᠎ᠡ ᠦᠷ᠎ᠡ ᠪᠦᠲᠦᠮᠵᠢ ᠣᠯᠵᠠᠢ᠃      ᠰᠢᠯᠢ ᠶᠢᠨ ᠭᠤᠣᠯ ᠠᠶᠢᠮᠠᠭ ᠠᠭᠤᠷᠬᠠᠢ ᠶᠢᠨ ᠡᠬᠢ ᠪᠠᠶᠠᠯᠢᠭ ᠢ ᠨᠡᠭᠡᠭᠡᠨ ᠠᠰᠢᠭᠯᠠᠬᠤ ᠬᠠᠮᠢᠶᠠᠷᠤᠯᠲᠠ ᠶᠢ ᠴᠢᠩᠳᠠᠯᠠᠬᠤ᠂ ᠬᠠᠶᠢᠷ ᠴᠢᠯᠠᠭᠤᠨ ᠤ ᠡᠬᠢ ᠪᠠᠶᠠᠯᠢᠭ ᠢ ᠡᠷᠴᠢᠮᠵᠢᠭᠦᠯᠦᠨ ᠥᠨᠳᠥᠷ ᠪᠦᠲᠦᠮᠵᠢᠲᠡᠶ ᠠᠰᠢᠭᠯᠠᠬᠤ ᠶᠢ ᠠᠬᠢᠭᠤᠯᠬᠤ᠂ ᠡᠵᠡᠨ ᠦᠭᠡᠢ ᠬᠠᠶᠠᠭᠳᠠᠮᠠᠯ ᠨᠦᠬᠡ ᠶᠢ ᠵᠠᠰᠠᠬᠤ ᠵᠡᠷᠭᠡ ᠠᠷᠭ᠎ᠠ ᠬᠡᠮᠵᠢᠶ᠎ᠡ ᠶᠢ ᠬᠡᠷᠡᠭᠵᠢᠭᠦᠯᠬᠦ ᠪᠠᠷ ᠳᠠᠮᠵᠢᠭᠤᠯᠤᠨ᠂ ᠨᠤᠲᠤᠭ ᠪᠡᠯᠴᠢᠭᠡᠷ ᠢ ᠬᠠᠮᠠᠭᠠᠯᠠᠵᠤ᠂ ᠠᠭᠤᠷᠬᠠᠢ ᠶᠢᠨ ᠡᠬᠢ ᠪᠠᠶᠠᠯᠢᠭ ᠢ ᠵᠦᠢ ᠵᠣᠬᠢᠰᠲᠠᠢ ᠨᠡᠭᠡᠭᠡᠨ ᠠᠰᠢᠭᠯᠠᠬᠤ᠂ ᠪᠦᠲᠦᠮᠵᠢᠲᠡᠶ ᠬᠠᠮᠠᠭᠠᠯᠠᠬᠤ᠂ ᠦᠷᠭᠦᠯᠵᠢᠯᠡᠨ ᠠᠰᠢᠭᠯᠠᠬᠤ ᠶᠢ ᠠᠬᠢᠭᠤᠯᠪᠠ᠃      2018 ᠣᠨ ᠠᠴᠠ ᠨᠠᠭᠠᠰᠢ᠂ ᠪᠥᠬᠦ ᠠᠶᠢᠮᠠᠭ ᠤᠨ ᠬᠢᠨ ᠡᠯ᠎ᠡ ᠲᠥᠷᠥᠯ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠳᠠᠬᠢ ᠲᠡᠦᠬᠡᠨ ᠠᠴᠠ ᠦᠯᠡᠳᠡᠭᠳᠡᠵᠦ ᠢᠷᠡᠭᠰᠡᠨ ᠠᠭᠤᠷᠬᠠᠢ ᠮᠠᠯᠲᠠᠬᠤ ᠡᠷᠬᠡ ᠶᠢ 73᠂ ᠠᠭᠤᠷᠬᠠᠢ ᠬᠠᠶᠢᠬᠤ ᠡᠷᠬᠡ ᠶᠢ 77᠎ ᠶᠢ ᠬᠦᠴᠦᠨ ᠦᠭᠡᠢ ᠪᠣᠯᠭᠠᠵᠤ᠂ ᠬᠤᠭᠤᠴᠠᠭ᠎ᠠ ᠨᠢ ᠥᠩᠭᠡᠷᠡᠭᠰᠡᠨ ᠪᠥᠭᠡᠳ ᠨᠥᠬᠦᠴᠡᠯ ᠳᠤ ᠥᠯᠥ ᠨᠡᠶᠢᠴᠡᠬᠦ ᠠᠭᠤᠷᠬᠠᠢ ᠮᠠᠯᠲᠠᠬᠤ ᠡᠷᠬᠡ ᠶᠢ 118᠎ ᠶᠢ ᠢᠯᠭᠠᠷᠠᠭᠤᠯᠤᠨ ᠳᠢᠭᠯᠡᠵᠦ᠂ 180 ᠵᠢᠵᠢᠭ ᠬᠡᠯᠪᠡᠷᠢ ᠶᠢᠨ ᠠᠭᠤᠷᠬᠠᠢ ᠶᠢᠨ ᠠᠵᠤ ᠠᠬᠤᠶᠢᠯᠠᠯ ᠢ ᠬᠠᠭᠠᠵᠤ ᠬᠦᠴᠦᠨ ᠦᠭᠡᠢ ᠪᠣᠯᠭᠠᠵᠤ᠂ ᠲᠣᠮᠣ ᠳᠤᠮᠳᠠ ᠬᠡᠯᠪᠡᠷᠢ ᠶᠢᠨ ᠠᠭᠤᠷᠬᠠᠢ ᠶᠢᠨ ᠡᠵᠡᠯᠡᠬᠦ ᠬᠠᠷᠢᠴᠠᠯ ᠢ 18% ᠪᠠᠶᠢᠭᠰᠠᠨ ᠠᠴᠠ 43% ᠪᠣᠯᠭᠠᠨ ᠳᠡᠭᠡᠭᠰᠢᠯᠡᠭᠦᠯᠪᠡ᠃ 2022 ᠣᠨ ᠳᠤ᠂ ᠪᠠᠷᠢᠯᠭ᠎ᠠ ᠳᠤ ᠬᠡᠷᠡᠭᠯᠡᠬᠦ ᠬᠠᠶᠢᠷ ᠴᠢᠯᠠᠭᠤᠨ ᠤ ᠠᠭᠤᠷᠬᠠᠢ ᠶᠢᠨ ᠬᠠᠤᠯᠢ ᠠᠴᠠ ᠵᠥᠷᠢᠴᠡᠭᠰᠡᠨ ᠠᠵᠢᠯᠯᠠᠭ᠎ᠠ ᠶᠢ ᠲᠤᠰᠬᠠᠢ ᠴᠡᠭᠴᠡᠯᠡᠨ ᠵᠠᠰᠠᠬᠤ ᠠᠵᠢᠯ ᠢ ᠪᠥᠬᠦ ᠣᠷᠣᠨ ᠳᠤ ᠤᠷᠢᠳ ᠢᠶᠠᠷ ᠥᠷᠨᠢᠭᠦᠯᠵᠦ᠂ ᠪᠥᠬᠦ ᠠᠶᠢᠮᠠᠭ ᠤᠨ 31 ᠬᠠᠶᠢᠷ ᠴᠢᠯᠠᠭᠤᠨ ᠤ ᠠᠭᠤᠷᠬᠠᠢ ᠭᠠᠷᠳᠠᠮ ᠪᠦᠷᠢᠨ ᠪᠤᠰᠤ᠂ ᠠᠮᠤᠷ ᠲᠦᠪᠰᠢᠨ ᠣᠷᠴᠢᠨ ᠲᠤᠭᠤᠷᠢᠨ ᠤ ᠬᠠᠮᠠᠭᠠᠯᠠᠯᠲᠠ ᠶᠢᠨ ᠪᠠᠷᠢᠮᠵᠢᠶ᠎ᠠ ᠳᠤ ᠬᠦᠷᠬᠦ ᠦᠭᠡᠢ ᠵᠡᠷᠭᠡ ᠠᠰᠠᠭᠤᠳᠠᠯ ᠠᠴᠠ ᠪᠣᠯᠵᠤ ᠬᠠᠤᠯᠢ ᠶᠣᠰᠣᠭᠠᠷ ᠤᠬᠤᠷᠢᠨ ᠭᠠᠷᠴᠦ᠂ ᠰᠢᠯᠢ ᠶᠢᠨ ᠬᠤᠲᠠ ᠶᠢᠨ ᠬᠢᠨ ᠪᠥᠬᠦ ᠬᠤᠲᠠ ᠶᠢᠨ 46 ᠬᠠᠶᠢᠷ ᠴᠢᠯᠠᠭᠤᠨ ᠤ ᠠᠭᠤᠷᠬᠠᠢ ᠶᠢ ᠨᠡᠶᠢᠯᠡᠭᠦᠯᠦᠭᠡᠳ 2 ᠪᠣᠯᠭᠠᠵᠤ᠂ ᠬᠡᠷᠡᠭᠯᠡᠬᠦ ᠭᠠᠵᠠᠷ ᠤᠨ ᠲᠠᠯᠠᠪᠠᠶ ᠶᠢ 2000 ᠭᠠᠷᠤᠢ ᠮᠦ ᠪᠠᠭᠠᠰᠬᠠᠨ᠂ ᠬᠠᠶᠢᠷ ᠴᠢᠯᠠᠭᠤᠨ ᠤ ᠠᠭᠤᠷᠬᠠᠢ ᠶᠢ ᠴᠡᠭᠴᠡᠯᠡᠨ ᠵᠠᠰᠠᠬᠤ ᠠᠵᠢᠯ ᠢᠯᠡᠳᠲᠡ ᠦᠷ᠎ᠡ ᠪᠦᠲᠦᠮᠵᠢ ᠣᠯᠪᠠ᠃ 2023 ᠣᠨ ᠳᠤ ᠂ ᠪᠠᠷᠢᠯᠭ᠎ᠠ ᠳᠤ ᠬᠡᠷᠡᠭᠯᠡᠬᠦ ᠬᠠᠶᠢᠷ ᠴᠢᠯᠠᠭᠤᠨ ᠤ ᠠᠭᠤᠷᠬᠠᠢ ᠶᠢᠨ ︽ᠴᠡᠪᠡᠷ ᠠᠭᠤᠷᠬᠠᠢ︾᠎ ᠶᠢᠨ ᠲᠤᠷᠰᠢᠯᠲᠠ ᠶᠢᠨ ᠴᠡᠭ ᠢ ᠪᠥᠬᠦ ᠣᠷᠣᠨ ᠳᠤ ᠤᠷᠢᠳ ᠢᠶᠠᠷ ᠥᠷᠨᠢᠭᠦᠯᠵᠦ᠂ ᠠᠭᠤᠷᠬᠠᠢ ᠳᠤ ᠬᠡᠷᠡᠭᠯᠡᠬᠦ ᠭᠠᠵᠠᠷ ᠤᠨ ᠭᠠᠷᠳᠠᠮ ᠢ ᠭᠦᠢᠴᠡᠳᠬᠡᠬᠦ ᠨᠢ ᠤᠳᠠᠭᠠᠰᠢᠷᠠᠵᠤ ᠪᠠᠶᠢᠭ᠎ᠠ ᠠᠰᠠᠭᠤᠳᠠᠯ ᠢ ᠦᠨᠳᠦᠰᠦᠨ ᠠᠴᠠ ᠨᠢ ᠰᠶᠢᠳᠪᠦᠷᠢᠯᠡᠪᠡ᠃ 2021 ᠣᠨ ᠎ ᠠᠴᠠ ᠨᠠᠭᠠᠰᠢ᠂ ᠨᠡᠶᠢᠲᠡ 10.88 ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠵᠤ᠂ ᠲᠡᠦᠬᠡᠨ ᠠᠴᠠ ᠦᠯᠡᠳᠡᠭᠳᠡᠵᠦ ᠢᠷᠡᠭᠰᠡᠨ 9423 ᠡᠵᠡᠨ ᠦᠭᠡᠢ ᠬᠠᠶᠠᠭᠳᠠᠮᠠᠯ ᠨᠦᠬᠡ ᠶᠢ ᠵᠠᠰᠠᠵᠤ᠂ ᠳᠠᠯᠠᠪᠠᠢ ᠨᠢ 123.23 ᠬᠠᠪᠲᠠᠭᠠᠢ ᠳᠥᠷᠪᠡᠯᠵᠢᠨ  ᠺᠢᠯᠤᠮᠧᠲᠷ ᠲᠤ ᠬᠦᠷᠴᠡᠢ᠂ 2023 ᠣᠨ ᠤ ᠡᠴᠦᠰ ᠪᠣᠯᠬᠤ ᠳᠤ᠂ ᠪᠥᠬᠦ ᠠᠶᠢᠮᠠᠭ ᠤᠨ ᠲᠡᠦᠬᠡᠨ ᠠᠴᠠ ᠦᠯᠡᠳᠡᠭᠳᠡᠵᠦ ᠢᠷᠡᠭᠰᠡᠨ ᠡᠵᠡᠨ ᠦᠭᠡᠢ ᠬᠠᠶᠠᠭᠳᠠᠮᠠᠯ ᠨᠦᠬᠡ ᠶᠢ ᠪᠦᠬᠦᠨ ᠢ ᠵᠠᠰᠠᠵᠤ ᠳᠠᠭᠤᠰᠬᠠᠭᠠᠳ᠂ ᠲᠤᠬᠲᠠᠬᠰᠠᠨ ᠬᠠᠷᠠᠯᠲᠠ ᠪᠠᠨ 2 ᠵᠢᠯ ᠤᠷᠢᠳᠴᠢᠯᠠᠨ ᠪᠡᠶᠡᠯᠡᠭᠦᠯᠪᠡ ᠁ ᠰᠢᠯᠢ ᠶᠢᠨ ᠭᠤᠣᠯ ᠠᠶᠢᠮᠠᠭ ᠠᠭᠤᠷᠬᠠᠢ ᠶᠢᠨ ᠭᠠᠵᠠᠷ ᠰᠢᠨᠵᠢᠯᠡᠭᠡᠨ ᠤ ᠣᠷᠴᠢᠨ ᠲᠣᠭᠤᠷᠢᠨ ᠤ ᠵᠠᠰᠠᠯᠲᠠ ᠶᠢᠨ ᠲᠡᠦᠬᠡᠨ ᠠᠴᠠ ᠦᠯᠡᠳᠡᠭᠳᠡᠵᠦ ᠢᠷᠡᠭᠰᠡᠨ ᠦᠷᠢ ᠰᠢᠷᠢ ᠤᠯᠠᠨ᠂ ᠵᠠᠰᠠᠬᠤ ᠳᠤ ᠬᠦᠴᠢᠷ ᠵᠡᠷᠭᠡ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂ ︽ᠬᠡᠨ ᠨᠡᠭᠡᠭᠡᠨ ᠠᠰᠢᠬᠯᠠᠪᠠᠯ ᠬᠡᠨ ᠬᠠᠮᠠᠭᠠᠯᠠᠬᠤ᠂ ᠬᠡᠨ ᠪᠣᠬᠢᠷᠲᠤᠭᠤᠯᠪᠠᠯ ᠬᠡᠨ ᠵᠠᠰᠠᠬᠤ︾ ᠵᠠᠷᠴᠢᠮ ᠶᠣᠰᠣᠭᠠᠷ᠂ ᠵᠠᠰᠠᠯᠲᠠ ᠶᠢᠨ  ᠰᠢᠰᠲ᠋ᠧᠮ ᠢ ᠲᠡᠭᠦᠯᠳᠡᠷᠵᠢᠭᠦᠯᠬᠦ᠂ ᠵᠠᠰᠠᠯᠲᠠ ᠶᠢᠨ ᠬᠠᠷᠢᠭᠤᠴᠠᠯᠭ᠎ᠠ ᠶᠢ ᠪᠣᠳᠠᠲᠠᠶᠢᠵᠢᠭᠤᠯᠬᠤ᠂ ᠵᠠᠰᠠᠯᠲᠠ ᠶᠢᠨ ᠣᠷᠣᠭᠤᠯᠤᠯᠲᠠ ᠶᠢ ᠨᠡᠮᠡᠭᠳᠡᠭᠦᠯᠬᠦ ᠵᠡᠷᠭᠡ ᠬᠠᠮ ᠠᠷᠭ᠎ᠠ ᠬᠡᠮᠵᠢᠶ᠎ᠡ ᠶᠢ ᠠᠪᠴᠤ᠂ ᠠᠭᠤᠷᠬᠠᠢ ᠶᠢᠨ ᠠᠮᠢ ᠠᠬᠤᠢ ᠣᠷᠴᠢᠨ ᠲᠣᠭᠤᠷᠢᠨ ᠢ ᠰᠡᠷᠭᠦᠭᠡᠨ ᠵᠠᠰᠠᠬᠤ ᠶᠢ  ᠰᠢᠰᠲ᠋ᠧᠮ ᠲᠠᠢ ᠠᠬᠢᠭᠤᠯᠪᠠ᠃      2018 ᠣᠨ  ᠠᠴᠠ ᠨᠠᠭᠠᠰᠢ᠂ ᠪᠥᠬᠦ ᠠᠶᠢᠮᠠᠭ ᠤᠨ ᠡᠯ᠎ᠡ ᠠᠭᠤᠷᠬᠠᠢ ᠶᠢᠨ ᠠᠵᠤ ᠠᠬᠤᠶᠢᠯᠠᠯ ᠤᠳ ᠨᠡᠶᠢᠲᠡ 56.5 ᠳ᠋ᠦᠩᠰᠢᠭᠤᠷ ᠲᠥᠭᠦᠷᠢᠭ ᠤᠨ ᠵᠠᠰᠠᠯᠲᠠ ᠶᠢᠨ ᠪᠡᠯᠡ ᠮᠥᠩᠭᠦ ᠣᠷᠣᠭᠤᠯᠵᠤ᠂ 350 ᠬᠠᠪᠲᠠᠭᠠᠢ ᠳᠥᠷᠪᠡᠯᠵᠢᠨ ᠺᠢᠯᠤᠮᠧᠲᠷ ᠲᠠᠯᠠᠪᠠᠶ ᠶᠢ ᠵᠠᠰᠠᠵᠦ᠂ ᠪᠡᠯᠡ ᠮᠥᠩᠭᠦ ᠪᠠ ᠵᠠᠰᠠᠬᠰᠠᠨ ᠲᠠᠯᠠᠪᠠᠶ ᠨᠢ ᠣᠯᠠᠨ ᠵᠢᠯ ᠳᠠᠷᠠᠭᠠᠯᠠᠨ ᠪᠥᠬᠦ ᠣᠷᠣᠨ ᠤ ᠡᠮᠦᠨ᠎ᠡ ᠡᠩᠨᠡᠭᠡᠨ ᠳᠤ ᠣᠷᠣᠭᠰᠠᠨ ᠪᠠᠶᠢᠨ᠎ᠠ᠃ ᠡᠭᠦᠨ ᠳᠤ᠂ 2021 ᠣᠨ ᠳᠤ ᠨᠡᠶᠢᠲᠡ 16.1 ᠳ᠋ᠦᠩᠰᠢᠭᠤᠷ ᠲᠥᠭᠦᠷᠢᠭ ᠤᠨ ᠪᠡᠯᠡ ᠮᠦᠡᠭᠭᠦ ᠣᠷᠣᠭᠤᠯᠵᠤ᠂ ᠡᠵᠡᠩᠨᠡᠯᠲᠡ ᠳᠤ ᠪᠠᠶᠢᠭ᠎ᠠ ᠠᠭᠤᠷᠬᠠᠢ ᠶᠢ 60 ᠬᠠᠪᠲᠠᠭᠠᠢ ᠳᠥᠷᠪᠡᠯᠵᠢᠨ  ᠺᠢᠯᠤᠮᠧᠲᠷ ᠵᠠᠰᠠᠵᠤ᠂ ᠪᠡᠯᠡ ᠮᠦᠡᠭᠭᠦ ᠪᠤᠯᠤᠨ ᠵᠠᠰᠠᠭᠰᠠᠨ ᠲᠠᠯᠠᠪᠠᠶ ᠨᠢ ᠲᠣᠰ ᠲᠣᠰ ᠠᠷᠪᠠᠨ ᠭᠤᠷᠪᠠᠳᠤᠭᠠᠷ ᠲᠠᠪᠤᠨ ᠵᠢᠯ ᠤᠨ ᠲᠥᠯᠦᠪᠵᠢᠭᠦᠯᠭᠡ ᠶᠢᠨ ᠬᠤᠭᠤᠴᠠᠭᠠᠨ ᠤ ᠶᠡᠷᠦᠩᠬᠡᠢ ᠬᠡᠮᠵᠢᠶ᠎ᠡ ᠶᠢᠨ 74% ᠪᠠ 42% ᠪᠤᠯᠪᠠ᠃      ᠰᠢᠯᠢ ᠶᠢᠨ ᠭᠤᠣᠯ ᠠᠶᠢᠮᠠᠭ ᠪᠣᠬᠢᠷᠲᠤᠯ ᠦᠭᠡᠢ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠶᠢᠨ ᠪᠠᠷᠢᠮᠵᠢᠶ᠎ᠠ ᠶᠢᠨ ᠰᠢᠰᠲ᠋ᠧᠮ ᠢ ᠲᠠᠰᠤᠷᠠᠯᠲᠠ ᠦᠭᠡᠢ ᠲᠡᠭᠦᠯᠳᠡᠷᠵᠢᠭᠦᠯᠦᠨ᠂ ᠬᠥᠳᠡᠯᠦᠩᠭᠦᠢ ᠬᠠᠮᠢᠶᠠᠷᠤᠯᠲᠠ ᠶᠢᠨ ᠲᠣᠭᠲᠠᠴᠠ ᠶᠢ ᠪᠠᠶᠢᠭᠤᠯᠤᠨ ᠪᠦᠷᠢᠨᠰᠢᠭᠦᠯᠵᠦ᠂ ᠪᠣᠬᠢᠷᠲᠤᠯ ᠦᠭᠡᠢ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠶᠢᠨ ᠶᠠᠰᠤ ᠴᠢᠨᠠᠷ ᠢ ᠳᠡᠭᠡᠭᠰᠢᠯᠡᠭᠦᠯᠦᠨ ᠦᠷ᠎ᠡ ᠠᠰᠢᠭ ᠢ ᠨᠡᠮᠡᠭᠳᠡᠭᠦᠯᠬᠦ ᠶᠢ ᠪᠥᠬᠦ ᠬᠦᠴᠦᠨ ᠢᠶᠠᠷ ᠠᠬᠢᠭᠤᠯᠤᠨ᠂ ᠪᠣᠬᠢᠷᠲᠤᠯ ᠦᠭᠡᠢ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠶᠢᠨ ᠠᠭᠤᠯᠤᠭᠳᠠᠬᠤᠨ ᠢ ᠭᠦᠨᠵᠡᠭᠡᠶᠢᠷᠡᠭᠦᠯᠦᠨ ᠥᠷᠭᠡᠳᠬᠡᠪᠡ᠃ ᠪᠥᠬᠦ ᠠᠶᠢᠮᠠᠭ ᠲᠤ ᠤᠷᠢᠳ ᠬᠤᠵᠢᠳ 73 ᠠᠭᠤᠷᠬᠠᠢ ᠪᠣᠬᠢᠷᠲᠤᠯ ᠦᠭᠡᠢ ᠠᠭᠤᠷᠬᠠᠢ ᠶᠢᠨ ᠭᠤᠷᠪᠠᠳᠠᠭᠢ ᠡᠲᠡᠭᠡᠳ ᠤᠨ ᠦᠨᠡᠯᠡᠨ ᠵᠢᠱᠢᠯᠲᠡ ᠶᠢ ᠥᠩᠭᠡᠷᠡᠭᠡᠵᠦ᠂ 48 ᠠᠭᠤᠷᠬᠠᠢ ᠥᠪᠡᠷᠲᠡᠭᠡᠨ ᠵᠠᠰᠠᠬᠤ ᠣᠷᠣᠨ ᠤ ᠲᠠᠰ ᠤᠨ ᠪᠣᠬᠢᠷᠲᠤᠯ ᠦᠭᠡᠢ ᠠᠭᠤᠷᠬᠠᠢ ᠶᠢᠨ ᠨᠡᠷᠡᠰ ᠤᠨ ᠬᠥᠮᠥᠷᠭᠡ ᠳᠤ ᠣᠷᠣᠵᠤ᠂ 8 ᠠᠭᠤᠷᠬᠠᠢ ᠤᠯᠤᠰ ᠤᠨ ᠲᠠᠰ ᠤᠨ ᠪᠣᠬᠢᠷᠲᠤᠯ ᠦᠭᠡᠢ ᠠᠭᠤᠷᠬᠠᠢ ᠶᠢᠨ ᠨᠡᠷᠡᠰ ᠤᠨ ᠬᠥᠮᠥᠷᠭᠡ ᠳᠤ ᠣᠷᠣᠬᠰᠠᠨ ᠪᠠᠶᠢᠨ᠎ᠠ᠃      2022 ᠣᠨ ᠠᠴᠠ ᠨᠠᠭᠠᠰᠢ᠂ ᠠᠭᠤᠷᠬᠠᠢ ᠶᠢᠨ ᠦᠢᠯᠡᠰ ᠤᠨ ᠡᠷᠬᠡ ᠶᠢ ᠬᠠᠶᠢᠨ ᠪᠠᠶᠢᠴᠠᠭᠠᠵᠤ ᠨᠡᠭᠡᠭᠡᠨ ᠮᠠᠯᠲᠠᠬᠤ ᠮᠡᠳᠡᠭᠡ ᠵᠠᠩᠭᠢ ᠶᠢᠨ ᠰᠢᠰᠲ᠋ᠧᠮ ᠤᠨ ᠬᠡᠪ ᠤᠨ ᠪᠤᠰᠤ ᠨᠡᠷᠡᠰ ᠤᠨ ᠵᠢᠭᠰᠠᠭᠠᠯᠲᠠ ᠳᠤ ᠤᠷᠤᠬᠰᠠᠨ᠂ ᠵᠠᠰᠠᠭᠰᠠᠨ ᠦᠷ᠎ᠡ ᠪᠦᠲᠦᠮᠵᠢ ᠨᠢ ᠠᠨᠠᠢ ᠵᠢᠴᠢ ᠬᠠᠤᠯᠢ ᠶᠢ ᠵᠦᠷᠢᠴᠡᠨ ᠭᠠᠵᠠᠷ ᠡᠵᠡᠯᠡᠭᠰᠡᠨ ᠠᠰᠠᠭᠤᠳᠠᠯ ᠲᠠᠢ᠂ ᠴᠡᠭᠴᠡᠯᠡᠨ ᠰᠠᠶᠢᠵᠢᠷᠠᠭᠤᠯᠤᠬᠰᠠᠨ ᠤ ᠳᠠᠷᠠᠭ᠎ᠠ ᠮᠥᠨ ᠬᠦ ᠪᠠᠷᠢᠮᠵᠢᠶ᠎ᠠ ᠳᠤ ᠬᠦᠷᠬᠦ ᠦᠭᠡᠢ 22 ᠠᠭᠤᠷᠬᠠᠢ ᠶᠢ ᠪᠣᠬᠢᠷᠲᠤᠯ ᠦᠭᠡᠢ ᠠᠭᠤᠷᠬᠠᠢ ᠶᠢᠨ ᠨᠡᠷᠡᠰ ᠤᠨ ᠵᠢᠭᠰᠠᠭᠠᠯᠲᠠ ᠶᠢᠨ ᠬᠥᠮᠥᠷᠭᠡ ᠠᠴᠠ ᠰᠢᠯᠵᠢᠭᠦᠯᠦᠨ ᠭᠠᠷᠭᠠᠪᠠ᠃ ᠡᠭᠦᠨ ᠤ ᠬᠠᠮᠲᠤ᠂ ᠤᠶᠤᠨᠴᠢ ᠪᠠ ᠠᠮᠤᠷ ᠲᠦᠪᠰᠢᠨ ᠢ ᠪᠣᠬᠢᠷᠲᠤᠯ ᠦᠭᠡᠢ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠳᠤ ᠠᠭᠤᠰᠬᠠᠨ ᠣᠷᠣᠭᠤᠯᠵᠤ᠂ ᠠᠭᠤᠷᠬᠠᠢ ᠶᠢᠨ ᠣᠶᠤᠨᠴᠢᠯᠠᠯᠲᠠ ᠶᠢᠨ ᠪᠦᠲᠦᠭᠡᠨ ᠪᠠᠶᠢᠭᠤᠯᠤᠯᠲᠠ ᠶᠢᠨ ᠭᠤᠷᠪᠠᠨ ᠵᠢᠯ ᠤᠨ ᠠᠵᠢᠯᠯᠠᠭᠠᠨ ᠤ ᠲᠥᠯᠥᠪᠯᠡᠭᠡ ︵2021 — 2023 ᠣᠨ︶᠎ ᠶᠢ ᠬᠡᠷᠡᠭᠵᠢᠭᠦᠯᠪᠡ᠃ ᠠᠷᠪᠠᠨ ᠳᠥᠷᠪᠡᠳᠦᠭᠡᠷ ᠲᠠᠪᠤᠨ ᠵᠢᠯ ᠤᠨ ᠲᠥᠯᠦᠪᠵᠢᠭᠦᠯᠭᠡ ᠠᠴᠠ ᠨᠠᠭᠠᠰᠢ᠂ ︽ᠮᠠᠰᠢᠨᠴᠢᠯᠠᠯᠲᠠ ᠪᠠᠷ ᠬᠥᠮᠥᠨ ᠢ ᠤᠷᠤᠯᠠᠭᠤᠯᠬᠤ᠂ ᠠᠦ᠋ᠲ᠋ᠣᠴᠢᠯᠠᠯᠲᠠ ᠪᠠᠷ ᠬᠥᠮᠥᠨ ᠢ ᠬᠠᠰᠤᠬᠤ᠂ ᠣᠶᠤᠨᠴᠢᠯᠠᠯᠲᠠ ᠪᠠᠷ ᠬᠥᠮᠥᠨ ᠬᠡᠷᠡᠭᠰᠡᠬᠦ ᠦᠭᠡᠢ ᠪᠣᠯᠭᠠᠬᠤ︾᠎ ᠪᠠᠷ ᠭᠤᠣᠯ ᠠᠭᠤᠯᠭ᠎ᠠ ᠪᠣᠯᠭᠠᠵᠤ᠂ ᠨᠡᠭᠦᠷᠡᠰᠦᠨ ᠠᠭᠤᠷᠬᠠᠢ ᠶᠢᠨ ᠪᠤᠰᠤ ᠬᠦᠷᠢᠶᠡᠨ ᠳᠤ 98 ᠣᠶᠤᠨᠴᠢᠯᠠᠭᠰᠠᠨ ᠲᠥᠷᠥᠯ ᠵᠦᠢᠯ ᠢ ᠪᠦᠲᠦᠭᠡᠨ ᠪᠠᠶᠢᠭᠤᠯᠵᠤ᠂ ᠪᠥᠬᠦ ᠠᠶᠢᠮᠠᠭ ᠤᠨ ᠨᠡᠭᠦᠷᠡᠰᠦᠨ ᠬᠤᠳᠳᠤᠭ ᠤᠨ ᠪᠤᠰᠤ ᠠᠵᠤ ᠦᠢᠯᠡᠳᠪᠦᠷᠢ ᠠᠭᠤᠷᠬᠠᠢ ᠳᠤ ᠰᠠᠯᠬᠢ ᠨᠡᠪᠲᠡᠷᠡᠭᠦᠯᠬᠦ᠂ ᠤᠰᠤ ᠵᠠᠯᠠᠬᠤ᠂ ᠴᠠᠬᠢᠯᠭᠠᠨ ᠬᠠᠩᠭᠠᠬᠤ᠂ ᠳᠡᠭᠡᠭᠰᠢᠯᠡᠭᠦᠯᠬᠦ ᠰᠢᠰᠲ᠋ᠧᠮ ᠵᠡᠷᠭᠡ ᠲᠣᠭᠲᠠᠮᠠᠯ ᠲᠤᠨᠤᠭ ᠲᠦᠬᠦᠭᠡᠷᠦᠮᠵᠢ ᠳᠤ ᠲᠤᠰᠬᠠᠢ ᠬᠥᠮᠥᠨ ᠵᠢᠵᠢᠭᠦᠷᠯᠡᠬᠦ ᠦᠭᠡᠢ ᠪᠠᠶᠢᠬᠤ ᠶᠢ ᠪᠡᠶᠡᠯᠡᠭᠦᠯᠵᠦ᠂ ᠬᠤᠳᠳᠤᠭ ᠳᠣᠣᠷᠠᠬᠢ ᠭᠤᠣᠯ ᠪᠣᠯᠬᠤ ᠨᠦᠬᠡᠨ ᠵᠠᠮ ᠳᠤ ᠴᠢᠮᠡᠭᠡ ᠨᠡᠪᠲᠡᠷᠡᠯᠭᠡ ᠶᠢᠨ ᠳᠣᠬᠢᠶ᠎ᠠ ᠶᠢ ᠵᠠᠯᠭᠠᠠ ᠣᠷᠣᠭᠤᠯᠵᠦ᠂ ᠠᠭᠤᠷᠬᠠᠢ ᠮᠠᠯᠲᠠᠬᠤ᠂ ᠲᠡᠭᠡᠭᠡᠪᠦᠷᠢᠯᠡᠬᠦ ᠵᠡᠷᠭᠡ ᠭᠤᠭᠴᠤᠭ᠎ᠠ ᠶᠢᠨ ᠮᠠᠰᠢᠨᠴᠢᠯᠠᠯᠲᠠ ᠤᠲ᠋ᠣᠴᠢᠯᠠᠯᠲᠠ ᠶᠢᠨ ᠬᠢᠷᠢ ᠬᠡᠮᠵᠢᠶ᠎ᠡ ᠶᠢ ᠢᠯᠡᠳᠲᠡ ᠳᠡᠭᠡᠭᠰᠢᠯᠡᠭᠦᠯᠪᠠ︔ ᠨᠡᠭᠦᠷᠡᠰᠦᠨ ᠤ ᠬᠦᠷᠢᠶᠡᠨ ᠳᠠᠬᠢ 201 ᠣᠶᠤᠨᠴᠢᠯᠠᠭᠰᠠᠨ ᠲᠥᠷᠥᠯ ᠵᠦᠢᠯ ᠢ ᠪᠡᠶᠡᠯᠡᠭᠦᠯᠵᠦ᠂ ᠲᠡᠷᠭᠡ ᠬᠥᠰᠬᠡ᠂ ᠠᠵᠢᠯᠲᠠᠨ ᠤ ᠪᠠᠶᠢᠷᠢ ᠲᠣᠭᠲᠠᠭᠠᠯᠲᠠ ᠵᠡᠷᠭᠡ ᠶᠢ ᠪᠦᠬᠦᠨ ᠢ 5G ᠰᠢᠰᠲ᠋ᠧᠮ ᠳᠤ ᠵᠠᠯᠭᠠᠨ ᠣᠷᠣᠭᠤᠯᠵᠤ᠂ ᠠᠦ᠋ᠲ᠋ᠣ᠋ ᠬᠢᠨᠠᠨ ᠬᠡᠮᠵᠢᠯᠲᠡ᠂ ᠣᠶᠤᠨᠴᠢ ᠪᠠᠷ ᠲᠣᠬᠢᠷᠠᠭᠤᠯᠬᠤ ᠶᠢ ᠪᠡᠶᠡᠯᠡᠭᠦᠯᠪᠡ᠃ ᠡᠭᠦᠨ ᠠᠴᠠ ᠭᠠᠳᠠᠨ᠎ᠠ᠂ ᠣᠯᠠᠨ ᠲᠥᠷᠥᠯ ᠤᠨ ᠮᠡᠷᠭᠡᠵᠢᠯ ᠨᠢ ᠠᠵᠢᠯ ᠲᠥᠷᠥᠯ ᠤᠨ ᠳᠤᠮᠳᠠ ᠳᠠᠭᠠᠭᠤᠯᠤᠭᠴᠢ ᠪᠠᠶᠢᠷᠢᠨ ᠳᠤ ᠤᠷᠤᠵᠦ᠂ ᠪᠠᠶᠠᠨᠬᠤᠸᠠ ᠮᠧᠩ ᠳ᠋ᠦᠩ ᠤᠨ ᠨᠡᠭᠦᠷᠡᠰᠦᠨ ᠤ ᠦᠢᠯᠡᠰ ᠤᠨ ᠺᠣᠮᠫᠠᠨᠢ ᠶᠢᠨ ᠣᠶᠤᠨᠴᠢᠯᠠᠭᠰᠠᠨ ᠠᠮᠤᠷ ᠲᠦᠪᠰᠢᠨ ᠤ ᠬᠠᠮᠢᠶᠠᠷᠤᠯᠲᠠ ᠶᠢᠨ ᠲᠠᠪᠴᠠᠩ ᠨᠢ ᠳᠤᠮᠳᠠᠳᠤ ᠤᠯᠤᠰ ᠤᠨ ᠨᠡᠭᠦᠷᠡᠰᠦᠨ ᠤ ᠠᠵᠤ ᠦᠢᠯᠡᠳᠪᠦᠷᠢ ᠶᠢᠨ ᠨᠡᠶᠢᠭᠡᠮᠯᠢᠭ ᠤᠨ 2022 ᠣᠨ ᠤ ᠨᠡᠭᠦᠷᠡᠰᠦᠨ ᠤ ᠠᠵᠢᠯ ᠲᠥᠷᠥᠯ ᠤᠨ ᠬᠡᠪ ᠳᠠᠭᠤᠷᠢᠶᠠᠯ ᠤᠨ ᠬᠡᠷᠡᠭ ᠤᠨ ᠵᠢᠱᠢᠶ᠎ᠡ ᠳᠤ ᠰᠣᠩᠭᠤᠭᠳᠠᠨ ᠣᠷᠣᠵᠤ᠂ ᠤᠯᠤᠰ ᠤᠨ ᠴᠠᠬᠢᠯᠭᠠᠨ ᠬᠦᠴᠦᠨ ᠤ ᠪᠡᠯᠡ ᠣᠷᠣᠭᠤᠯᠤᠯᠲᠠ ᠶᠢᠨ ᠪᠦᠯᠦᠭᠯᠡᠯ ᠤᠨ ᠥᠪᠥᠷ ᠮᠣᠩᠭᠤᠯ ᠤᠨ ᠪᠠᠶᠠᠨᠬᠤᠸᠠ ᠨᠡᠭᠦᠷᠡᠰᠦ ᠴᠠᠬᠢᠯᠭᠠᠨ ᠤ ᠬᠢᠵᠠᠭᠠᠷᠲᠤ ᠺᠣᠮᠫᠠᠨᠢ ᠶᠢᠨ 5G + ᠵᠢᠯᠣᠭᠤᠴᠢ ᠦᠭᠡᠢ ᠲᠥᠷᠥᠯ ᠵᠦᠢᠯ 2022 ᠣᠨ ᠤ ᠪᠥᠬᠦ ᠤᠯᠤᠰ ᠤᠨ ᠡᠨᠧᠷᠭᠢ ᠶᠢᠨ ᠬᠦᠷᠢᠶᠡᠨ ᠳᠠᠬᠢ 5G᠎ ᠤᠨ ᠬᠡᠷᠡᠭᠯᠡᠭᠡᠨ ᠤ ᠰᠢᠯᠢᠳᠡᠭ ᠬᠡᠷᠡᠭ ᠤᠨ ᠵᠢᠱᠢᠶ᠎ᠡ ᠳᠤ ᠰᠣᠩᠭᠤᠭᠳᠠᠨ ᠣᠷᠣᠵᠠᠢ᠃  
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号