ᠤᠶᠢᠷ᠎ᠠ ᠳᠤ᠂ ︽ᠬᠦᠯᠦᠭ ᠤᠨ ᠬᠡᠶᠢᠮᠤᠷᠢᠲᠤ ᠳᠦᠷᠪᠡᠯᠵᠢ︾ ᠭᠡᠬᠦ ᠬᠤᠯᠪᠤᠭ᠎ᠠ 4 ᠵᠦᠢᠯ ᠤᠨ ᠮᠤᠷᠢᠨ | ᠤᠷᠤᠯᠳᠤᠭᠠᠨ ᠬᠢᠵᠦ᠂ ᠰᠢᠳᠤᠯᠡᠩ ᠦᠷᠢᠶ᠎ᠠ ᠶᠢᠨ ᠤᠷᠤᠯᠳᠤᠭᠠᠨ ᠤ ᠠᠶᠢᠷᠠᠭ ᠤᠨ ᠲᠠᠪᠤ ᠶᠢ ᠱᠠᠩᠨᠠᠵᠤ᠂ ᠪᠤᠰᠤᠳ | ᠮᠤᠷᠢᠨ ᠤ ᠤᠷᠤᠯᠳᠤᠭᠠᠨ ᠳᠤ ᠲᠤᠰ ᠪᠦᠷᠢ ᠳᠡᠭᠡᠳᠦ ᠨᠠᠢᠮᠠ ᠶᠢ ᠱᠠᠩᠨᠠᠭᠰᠠᠨ ᠪᠠᠶᠢᠨ᠎ᠠ᠃ | ︽ᠬᠦᠯᠦᠭ ᠤᠨ ᠬᠡᠶᠢᠮᠤᠷᠢᠲᠦ ᠳᠦᠷᠪᠡᠯᠵᠢ︾ ᠭᠡᠬᠦ ᠬᠤᠯᠪᠤᠭ᠎ᠠ ᠶᠢ ᠪᠠᠷᠠᠭᠤᠨ ᠦᠵᠦᠮᠦᠴᠢᠨ ᠬᠤᠰᠢᠭᠤᠨ ᠤ | ᠵᠢᠷ ᠤᠨ ᠭᠤᠤᠯ ᠪᠠᠯᠭᠠᠰᠤᠨ ᠤ ᠳᠦᠷᠪᠡᠯᠵᠢ ᠭᠠᠴᠠᠭᠠᠨ ᠤ ᠮᠤᠷᠢᠨ ᠤ ᠪᠠᠭ᠋ᠠᠲᠠᠨ ᠮᠠᠯᠴᠢᠨ ᠪᠠᠶᠠᠷᠲᠤ ᠡᠭᠦᠰᠭᠡᠨ | ᠪᠠᠶᠢᠭᠤᠯᠤᠭᠠᠳ 7 ᠵᠢᠯ ᠤᠨ ᠨᠢᠭᠤᠷ ᠦᠵᠡᠵᠦ ᠪᠤᠢ᠂ ᠲᠤᠰ ᠬᠤᠯᠪᠤᠭᠠᠨ ᠳᠤ ᠳᠦᠷᠪᠡᠯᠵᠢ ᠭᠠᠴᠠᠭ᠎ᠠ ᠪᠠᠷ | ᠭᠤᠤᠯᠳᠠᠭᠰᠠᠨ ᠬᠤᠷᠳᠤᠨ ᠮᠤᠷᠢᠨ ᠳᠤ ᠪᠠᠭ᠋ᠠᠲᠠᠢ 40 ᠭᠠᠷᠤᠢ ᠬᠦᠮᠦᠨ ᠲᠠᠢ᠃ | ᠡᠬᠢᠨ ᠤ ᠵᠢᠯ ᠳᠡᠭᠡᠨ ᠬᠤᠯᠪᠤᠭᠠᠨ ᠤ ᠭᠡᠰᠢᠭᠦᠳ ᠪᠤᠯᠤᠨ ᠮᠤᠷᠢᠨ ᠳᠤ ᠪᠠᠭ᠋ᠠᠲᠠᠢ ᠪᠤᠰᠤᠳ ᠬᠦᠮᠦᠰ ᠬᠠᠮᠲᠤᠷᠠᠨ | ᠪᠡᠯᠡ ᠭᠠᠷᠭᠠᠨ ᠬᠢᠭᠰᠡᠨ ᠠᠴᠠ ᠨᠠᠭᠠᠰᠢ ᠵᠢᠯ ᠪᠦᠷᠢ ᠬᠤᠯᠪᠤᠭᠠᠨ ᠤ ᠬᠡᠰᠢᠭᠦᠳ 5 ᠬᠦᠮᠦᠨ ᠪᠦᠷᠢ ᠨᠢᠭᠡ ᠬᠤᠨᠢ ᠬᠡᠰᠡᠭ | ᠮᠦᠩᠭᠦ ᠭᠠᠷᠭᠠᠨ ᠤᠳᠤ ᠪᠤᠯᠲᠠᠯ᠎ᠠ ᠮᠤᠷᠢᠨ ᠤᠷᠤᠯᠳᠤᠭᠠᠨ ᠢᠶᠠᠨ ᠠᠯᠭᠠᠰᠠᠯ ᠦᠭᠡᠢ ᠬᠢᠭᠰᠡᠭᠡᠷ ᠢᠷᠡᠪᠡ᠃ | ᠲᠤᠰ ᠤᠳᠠᠭ᠎ᠠ ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨᠬᠠᠭᠠᠯᠭ᠎ᠠ᠂ ᠪᠠᠶᠠᠨᠬᠤᠰᠢᠭᠤ᠂ | ᠬᠤᠭᠤᠯᠠᠲᠤ ᠶᠢᠨ ᠭᠤᠤᠯ ᠵᠡᠷᠭᠡ ᠰᠤᠮᠤ ᠪᠠᠯᠭᠠᠰᠤᠨ ᠤ ᠮᠤᠷᠢ ᠤᠷᠤᠯᠴᠠᠭᠰᠠᠨ ᠠᠴᠠ ᠭᠠᠳᠠᠨ᠎ᠠ ᠰᠢᠯᠢ ᠶᠢᠨ ᠬᠤᠳᠠ᠂ | ᠵᠡᠭᠦᠨ ᠰᠦᠨᠢᠳ᠂ ᠠᠪᠠᠭ᠎ᠠ ᠵᠡᠷᠭᠡ ᠬᠤᠲᠠ ᠬᠤᠰᠢᠭᠤ ᠶᠢᠨ 70 ᠭᠠᠷᠤᠢ ᠬᠤᠷᠳᠤᠨ ᠮᠤᠷᠢ ᠤᠷᠤᠯᠴᠠᠭᠰᠠᠨ ᠬᠡᠶᠢᠮᠤᠷᠢ | ᠰᠡᠷᠭᠦᠭᠡᠭᠰᠡᠨ ᠨᠠᠭᠠᠳᠤᠮ ᠪᠤᠯᠵᠠᠢ᠃ |