ᠮᠠᠯᠴᠢᠨ ︽ᠢᠨᠵᠧᠨᠧᠷ︾ ᠤᠨ ᠦᠢᠯᠡᠳᠦᠭᠰᠡᠨ ᠰᠢᠨ᠎ᠠ ᠮᠠᠰᠢᠨ ᠨᠤᠭᠤᠳ
ᠨᠡᠶᠢᠲᠡᠯᠡᠭᠰᠡᠨ ᠴᠠᠭ᠄
2024/4/9
     ᠮᠠᠯᠵᠢᠬᠤ ᠤᠷᠦᠨ ᠤ ᠠᠮᠢᠳᠤᠷᠠᠯ ᠤᠨ ᠬᠢᠷᠢ ᠲᠦᠪᠰᠢᠨ ᠲᠡᠰᠤᠷᠠᠯᠳᠠ ᠦᠬᠡᠢ ᠲᠡᠬᠡᠭᠰᠢᠯᠡᠬᠦ ᠶᠢ ᠲᠠᠭᠠᠯᠳᠦᠨ᠂ ᠮᠠᠯᠵᠢᠬᠤ ᠦᠢᠯᠡᠳᠪᠤᠷᠢᠯᠡᠯ ᠤᠨ ᠪᠠᠭᠠᠵᠢ ᠬᠡᠷᠡᠭᠰᠡᠯ ᠤᠳ ᠠᠯᠭᠤᠷ ᠠᠭᠠᠵᠢᠮ ᠢᠶᠠᠷ  ᠰᠢᠨ᠎ᠡ ᠬᠡᠯᠪᠡᠷᠢ ᠶᠢᠨ ᠮᠠᠰᠢᠨ ᠮᠧᠬᠠᠨᠢᠭ ᠢᠶᠠᠷ ᠤᠷᠤᠯᠠᠭᠳᠠᠵᠦ᠂ ᠬᠦᠮᠦᠨ ᠤ ᠬᠦᠴᠦᠨ ᠳᠤ ᠶᠡᠬᠡᠭᠡᠨ ᠠᠷᠪᠢᠳᠠᠢ ᠪᠤᠯᠵᠠᠢ᠃ ᠵᠡᠬᠦᠨ ᠦᠵᠦᠮᠦᠴᠢᠨ ᠬᠤᠰᠢᠭᠤᠨ ᠤ ᠡᠵᠢᠨᠠᠭᠤᠷ ᠪᠠᠯᠭᠠᠰᠦᠨ ᠤ ᠬᠠᠷᠠᠭᠤᠪᠢ ᠭᠠᠴᠠᠭᠠᠨ ᠤ ᠮᠠᠯᠴᠢᠨ ᠴᠢᠯᠠᠭᠤᠨᠳᠠᠪᠠᠬ᠋᠎ᠠ ᠶᠢᠨ ᠰᠤᠳᠤᠯᠤᠨ ᠦᠢᠯᠡᠳᠦᠭᠰᠡᠨ ᠨᠠᠷᠠᠨ   ᠡᠨᠧᠷᠬᠢ ᠶᠢᠨ ᠬᠦᠳᠡᠯᠬᠡᠬᠦᠷᠳᠦ ᠪᠤᠷᠳᠤᠬ᠋᠎ᠠ ᠠᠰᠬᠠᠬᠤ ᠮᠠᠰᠢᠨ ᠪᠤᠯᠤᠨ ᠡᠪᠡᠰᠦ ᠠᠷᠪᠢᠯᠠᠬᠤ ᠲᠤᠭᠤᠷᠠᠭ ᠤᠡᠭᠭᠤᠴᠠ ᠨᠢ ᠬᠦᠳᠡᠯᠮᠤᠷᠢ ᠬᠦᠴᠦᠨ ᠳᠤ ᠠᠷᠪᠢᠳᠠᠢ᠂ ᠵᠤᠭᠤᠰ ᠮᠦᠡᠭᠬᠦᠨ ᠳᠤ ᠭᠠᠮᠳᠠᠢ᠂ ᠭᠡᠷᠡᠭᠯᠡᠬᠦ ᠳᠤ ᠲᠦᠬᠦᠮ ᠵᠡᠷᠭᠡ ᠤᠨᠴᠠᠯᠢᠭ ᠢᠶᠠᠷ ᠢᠶᠠᠨ ᠮᠠᠯᠴᠢᠨ ᠲᠦᠮᠡᠨ ᠳᠤ ᠶᠡᠬᠡᠬᠡᠨ ᠲᠠᠭᠠᠯᠠᠭᠳᠠᠵᠦ ᠪᠠᠶᠢᠨ᠎ᠠ᠃      ᠬᠠᠷᠠᠬᠠᠨ ᠪᠠᠬ᠋᠎ᠠ ᠠᠴᠠ ᠪᠠᠨ ᠮᠠᠰᠢᠨ ᠮᠧᠬᠠᠨᠢᠭ ᠲᠤ ᠰᠤᠨᠢᠷᠬᠠᠯ ᠲᠠᠢ ᠴᠢᠯᠠᠭᠤᠨᠳᠠᠪᠠᠬ᠋᠎ᠠ ᠡᠳᠦᠷ ᠲᠤᠳᠦᠮ ᠤᠨ ᠠᠮᠢᠳᠤᠷᠠᠯ ᠲᠤᠮᠳᠠ ᠪᠠᠨ ᠶᠠᠭᠤ ᠨᠢᠬᠡ ᠶᠢ ᠰᠤᠳᠤᠯᠵᠦ ᠤᠷᠤᠯᠳᠤᠬᠤ ᠲᠤᠷᠠᠳᠠᠢ ᠪᠠᠶᠢᠵᠦ᠂ ᠮᠠᠰᠢᠨᠴᠢᠯᠡᠵᠦ ᠲᠦᠬᠦᠮᠴᠢᠯᠡᠵᠦ ᠪᠤᠯᠬᠤᠶᠢᠴᠠ ᠵᠦᠢᠯ ᠤᠳ ᠢᠶᠠᠨ ᠡᠪ ᠳ᠋ᠦᠢ ᠶᠢ ᠨᠢ ᠦᠵᠡᠵᠦ ᠪᠠᠶᠢᠭᠠᠳ ᠤᠷᠤᠯᠳᠤᠨ ᠬᠢᠵᠦ᠂ ᠮᠠᠯᠵᠢᠬᠤ ᠦᠢᠯᠡᠳᠪᠦᠷᠢᠯᠡᠯ ᠤᠨ ᠴᠠᠭ ᠢ ᠠᠷᠪᠢᠯᠠᠨ ᠦᠷ᠎ᠠ ᠠᠰᠢᠭ ᠢ ᠲᠡᠬᠡᠭᠰᠢᠯᠡᠬᠦᠯᠬᠦ ᠶᠢ ᠰᠡᠳᠬᠢᠳᠡᠭ᠃      2020 ᠤᠨ ᠳᠤ ᠲᠡᠷᠡ ᠬᠤᠶᠠᠷ ᠰᠠᠷ᠎ᠠ ᠭᠠᠷᠦᠢ ᠶᠢᠨ ᠴᠠᠭ ᠬᠡᠷᠡᠭᠰᠡᠵᠦ ᠭᠤᠷᠪᠠᠨ ᠬᠦᠷᠳᠦᠳᠦ ᠴᠢᠶ᠋ᠢᠦ ᠲᠤᠰᠳ ᠤ ᠲᠡᠷᠬᠡ ᠶᠢ ᠦᠬᠡᠷᠡᠴᠢᠯᠡᠨ ᠨᠠᠷᠠᠨ ᠡᠨᠧᠷᠬᠢ ᠶᠢᠨ ᠬᠦᠳᠡᠯᠬᠡᠬᠦᠷᠳᠦ ᠪᠤᠷᠳᠤᠬ᠋᠎ᠠ ᠠᠰᠬᠠᠬᠤ ᠮᠠᠰᠢᠨ ᠪᠤᠯᠭᠠᠨ ᠰᠤᠳᠤᠯᠦᠨ ᠪᠦᠳᠦᠬᠡᠵᠦ᠂ ᠮᠠᠯᠵᠢᠬᠤ ᠦᠢᠯᠡᠳᠪᠤᠷᠢᠯᠠᠯ ᠳᠡᠭᠡᠨ ᠬᠡᠷᠡᠭᠯᠡᠪᠡ᠃ ᠡᠨᠡᠬᠦ ᠡᠬᠦᠳᠦᠨ ᠪᠦᠳᠦᠬᠡᠯᠳᠡ ᠨᠢ 2022 ᠤᠨ ᠳᠤ ᠤᠯᠤᠰ ᠤᠨ ᠲᠤᠰᠬᠠᠢ ᠠᠰᠢᠭ ᠤᠨ ᠡᠷᠬᠡ ᠶᠢ ᠤᠯᠤᠭᠰᠠᠨ ᠪᠦᠬᠡᠳ ᠦᠨᠦ ᠵᠢᠯ ᠵᠡᠬᠦᠨ ᠦᠵᠦᠮᠦᠴᠢᠨ ᠬᠤᠰᠢᠭᠤᠨ ᠤ ᠲᠦᠷᠪᠡᠳᠦᠬᠡᠷ ᠤᠳᠠᠭᠠᠨ ᠤ ︽ᠠᠨᠠᠨᠳᠠ︾ ᠬᠤᠨᠳᠠᠭᠠᠳᠦ ᠪᠦᠬᠦ ᠠᠷᠠᠳ ᠤᠨ ᠰᠢᠨᠵᠢᠯᠡᠭᠡ ᠮᠡᠷᠬᠡᠵᠢᠯ ᠤᠨ ᠡᠬᠦᠳᠦᠨ ᠪᠦᠳᠦᠬᠡᠯᠳᠡ ᠶᠢᠨ ᠤᠷᠤᠯᠳᠤᠭᠠᠨ ᠤ ᠨᠡᠶᠢᠬᠡᠮ ᠤᠨ ᠲᠤᠭᠤᠶᠢᠯᠠᠩ ᠤᠨ ᠨᠢᠬᠡᠳᠦᠬᠡᠷ ᠲᠡᠰ ᠲᠤ ᠲᠤᠳᠤᠷᠠᠵᠠᠢ᠃      ︽ᠪᠤᠷᠳᠤᠬ᠋᠎ᠠ ᠠᠰᠬᠠᠬᠤ ᠪᠤᠯ ᠮᠠᠯᠵᠢᠬᠤ ᠦᠢᠯᠡᠳᠪᠦᠷᠢᠯᠡᠯ ᠤᠨ ᠨᠢᠭᠡᠨ ᠬᠦᠨᠳᠦ ᠠᠵᠢᠯ ᠮᠦᠨ᠂ ᠮᠢᠨᠦ ᠡᠨᠡᠬᠦ ᠨᠠᠷᠠᠨ  ᠡᠨᠧᠷᠬᠢ ᠶᠢᠨ ᠪᠤᠷᠳᠤᠬ᠋᠎ᠠ ᠠᠰᠬᠠᠬᠤ  ᠮᠠᠰᠢᠨ  ᠨᠢ  ᠬᠦᠮᠦᠨ  ᠤ  ᠬᠦᠴᠦ᠂ ᠴᠠᠭ ᠢ ᠠᠷᠪᠢᠯᠠᠬᠤ ᠮᠦᠷᠳᠡᠬᠡᠨ ᠲᠤᠰᠤ᠂ ᠴᠠᠬᠢᠯᠭᠠᠨ ᠬᠡᠷᠡᠭᠯᠡᠬᠦ ᠦᠬᠡᠢ ᠶᠤᠮ᠃ ᠲᠤᠰ ᠮᠠᠰᠢᠨ 800 ᠵᠢᠩ ᠪᠤᠷᠳᠤᠬ᠋᠎ᠠ ᠰᠡᠪᠡᠯᠡᠵᠦ ᠲᠡᠶᠢᠯᠳᠡᠭ ᠪᠦᠬᠡᠳ ᠬᠤᠶᠠᠷ ᠲᠦᠷᠦᠯ ᠤᠨ ᠪᠤᠷᠳᠤᠬ᠋᠎ᠠ ᠶᠢ ᠵᠢᠭᠳᠡ ᠨᠡᠶᠢᠷᠠᠭᠤᠯᠤᠨ ᠠᠰᠬᠠᠵᠦ᠂ 500 ᠬᠤᠨᠢ ᠲᠡᠵᠢᠬᠡᠬᠦ ᠪᠤᠷᠳᠤᠬ᠋᠎ᠠ ᠶᠢ 2 ᠮᠢᠨᠦ᠋ᠲ ᠲᠤ ᠠᠰᠬᠠᠵᠦ ᠲᠠᠭᠤᠰᠬᠠᠳᠠᠭ᠃ ᠡᠬᠦᠨ ᠠᠴᠠ  ᠭᠠᠳᠠᠨ᠎ᠠ ᠲᠤᠰ ᠮᠠᠰᠢᠨ ᠪᠠᠰᠠ 50  ᠮᠧᠲᠷ ᠤᠨ ᠬᠦᠨ ᠠᠴᠠ ᠤᠰᠤ ᠲᠠᠳᠠᠵᠦ ᠴᠢᠳᠠᠳᠠᠭ ᠠᠴᠠ ᠮᠠᠯ ᠢᠶᠠᠨ ᠪᠤᠷᠳᠤᠬᠤ ᠶᠢᠨ ᠲᠠᠭᠠᠦ ᠤᠰᠤᠯᠠᠴᠢᠬᠠᠳᠠᠭ︾ ᠭᠡᠵᠦ ᠴᠢᠯᠠᠭᠤᠨᠳᠠᠪᠠᠬ᠋᠎ᠠ ᠲᠠᠨᠢᠯᠴᠠᠭᠤᠯᠪᠠ᠃      ᠤᠶᠢᠯᠠᠭᠠᠭᠰᠠᠨ ᠢᠶᠠᠷ᠂ ᠲᠤᠰ ᠮᠠᠰᠢᠨ ᠨᠢ ᠭᠤᠷᠪᠠ ᠤᠳᠠᠭᠠᠨ ᠤ ᠰᠢᠨᠡᠴᠢᠯᠡᠯᠳᠡ ᠪᠠᠷ ᠲᠠᠮᠵᠢᠨ᠂ ᠬᠡᠷᠡᠭᠯᠡᠬᠦ ᠳᠤ ᠲᠦᠬᠦᠮ᠂ ᠵᠢᠯᠦᠭᠤᠳᠬᠤ ᠳᠤ ᠠᠮᠠᠷᠬᠠᠨ᠂ ᠪᠤᠷᠳᠤᠬᠤ ᠶᠠᠪᠤᠴᠠ ᠬᠢᠯᠪᠡᠷ᠂ ᠬᠦᠳᠡᠯᠮᠦᠷᠢ ᠬᠦᠴᠦ ᠶᠢ ᠠᠷᠪᠢᠯᠠᠳᠠᠭ ᠵᠡᠷᠬᠡ ᠰᠠᠶᠢᠨ ᠲᠡᠯ᠎ᠠ ᠶᠢ ᠪᠦᠷᠢᠯᠳᠦᠬᠦᠯᠦᠭᠰᠡᠨ ᠠᠴᠠ ᠮᠠᠯᠴᠢᠳ ᠤᠨ ᠦᠢᠯᠡᠳᠪᠤᠷᠢᠯᠡᠯ ᠠᠮᠢᠳᠤᠷᠠᠯ ᠳᠤ ᠶᠡᠬᠡᠬᠡᠨ ᠲᠦᠬᠦᠮ ᠦᠵᠡᠬᠦᠯᠬᠦ  ᠰᠢᠨ᠎ᠡ ᠡᠬᠦᠳᠦᠯᠳᠡ ᠪᠤᠯᠤᠭᠰᠠᠨ ᠪᠠᠶᠢᠨ᠎ᠠ᠃      ᠴᠢᠯᠠᠭᠤᠨᠳᠠᠪᠠᠬ᠋᠎ᠠ 2021 ᠤᠨ ᠳᠤ ᠪᠠᠰᠠ ᠦᠬᠡᠷ ᠲᠡᠵᠢᠬᠡᠬᠦ ᠡᠪᠡᠰᠦ ᠠᠷᠪᠢᠯᠠᠬᠤ ᠤᠡᠭᠭᠤᠴᠠ ᠶᠢ ᠰᠤᠳᠤᠯᠤᠨ ᠪᠦᠳᠦᠬᠡᠵᠦ᠂ ᠲᠤᠰ ᠤᠡᠭᠭᠤᠴᠠ ᠨᠢ ᠬᠠᠮᠤᠭ ᠠᠷᠪᠢᠨ ᠳᠠᠭᠠᠨ 250 ᠺᠢᠯᠦᠭᠷᠠᠮ ᠡᠪᠡᠰᠦ ᠰᠠᠪᠠᠯᠠᠵᠦ᠂ 10 ᠦᠬᠡᠷ ᠢ ᠵᠡᠷᠬᠡᠪᠡᠷ ᠲᠡᠵᠢᠬᠡᠵᠦ ᠪᠤᠯᠳᠠᠭ ᠪᠠᠶᠢᠵᠦ᠂ ᠪᠠᠭᠳᠠᠭᠠᠮᠵᠢ ᠨᠢ ᠶᠡᠭᠡ ᠤᠴᠢᠷ ᠠᠴᠠ ᠦᠬᠡᠷ ᠤᠨ ᠤᠷᠳᠦ ᠬᠤᠭᠤᠴᠠᠬ᠋᠎ᠠ ᠪᠠᠷ ᠢᠳᠡᠰᠢᠯᠡᠬᠦ ᠱᠠᠭᠠᠷᠳᠠᠯᠬ᠋᠎ᠠ ᠶᠢ ᠬᠠᠨᠭ᠍ᠭᠠᠨ᠂ ᠬᠦᠮᠦᠨ ᠤ ᠬᠦᠴᠦ ᠶᠢ ᠠᠷᠪᠢᠯᠠᠬᠤ ᠮᠦᠷᠳᠡᠭᠡᠨ ᠦᠬᠡᠷ ᠤᠳ ᠬᠤᠭᠤᠷᠤᠨᠳᠦ ᠪᠠᠨ ᠮᠦᠷᠬᠦᠯᠳᠦᠬᠦ ᠪᠠᠶᠢᠳᠠᠯ ᠠᠴᠠ ᠴᠤ ᠵᠠᠶᠢᠯᠠᠰᠬᠢᠳᠠᠭ᠃ ᠡᠬᠦᠨ ᠠᠴᠠ ᠭᠠᠳᠠᠨ᠎ᠠ ᠲᠤᠰ ᠤᠡᠭᠭᠤᠴᠠ ᠨᠢ ᠡᠪᠡᠰᠦ ᠲᠡᠵᠢᠬᠡᠯ ᠦᠯᠡᠳᠡᠬᠦ᠂ ᠲᠡᠪᠢᠰᠦᠭᠳᠡᠬᠦ ᠶᠢ ᠰᠡᠷᠬᠡᠶᠢᠯᠡᠨ᠂ ᠰᠠᠯᠬᠢᠨ ᠳᠤ ᠬᠡᠶᠢᠰᠬᠦ ᠦᠬᠡᠢ᠂ ᠠᠷᠪᠢᠯᠠᠨ ᠭᠠᠮᠨᠠᠬᠤ ᠦᠢᠯᠡᠳᠦᠯ ᠲᠠᠢ ᠮᠦᠷᠳᠡᠬᠡᠨ ᠤᠭᠰᠠᠷᠠᠬᠤ ᠳᠤ ᠲᠦᠬᠦᠮ᠂ ᠵᠠᠳᠠᠯᠵᠦ ᠰᠠᠯᠭᠠᠵᠦ ᠪᠤᠯᠳᠠᠭ ᠪᠠᠶᠢᠵᠦ᠂ ᠬᠦᠷᠳᠦ ᠲᠠᠢ ᠪᠠᠶᠢᠳᠠᠭ ᠠᠴᠠ ᠨᠡᠬᠦᠯᠬᠡᠵᠦ ᠰᠢᠯᠵᠢᠬᠦᠯᠵᠦ ᠪᠤᠯᠳᠠᠭ ᠪᠠᠶᠢᠨ᠎ᠠ᠃ 2022 ᠤᠨ ᠠᠴᠠ ᠨᠠᠭᠠᠰᠢ ᠴᠢᠯᠠᠭᠤᠨᠳᠠᠪᠠᠬ᠋᠎ᠠ ᠦᠪᠡᠷ ᠤᠨ ᠮᠠᠯᠵᠢᠬᠤ ᠦᠢᠯᠡᠳᠪᠤᠷᠢᠯᠠᠯ ᠤᠨ ᠴᠢᠯᠦᠬᠡ ᠵᠠᠪ ᠢᠶᠠᠷ ᠢᠶᠠᠨ ᠲᠦᠴᠢᠬᠡᠳ ᠡᠪᠡᠰᠦ ᠠᠷᠪᠢᠯᠠᠬᠤ ᠤᠡᠭᠭᠤᠴᠠ ᠦᠢᠯᠡᠳᠦᠨ ᠪᠤᠷᠤᠯᠠᠭᠤᠯᠵᠦ᠂ ᠬᠠᠨᠭ᠍ᠭᠠᠯᠬ᠋᠎ᠠ ᠨᠢ ᠬᠡᠷᠡᠭᠴᠡᠬᠡᠨ ᠳᠡᠭᠡᠨ ᠬᠦᠷᠬᠦ ᠦᠬᠡᠢ ᠪᠠᠶᠢᠪᠠ᠃      2023 ᠤᠨ ᠳᠤ ᠴᠢᠯᠠᠭᠤᠨᠳᠠᠪᠠᠬ᠋᠎ᠠ ᠬᠤᠰᠢᠭᠤᠨ ᠤ ᠪᠠᠨ ᠬᠠᠮᠢᠶ᠎ᠠ ᠪᠦᠬᠦᠢ ᠪᠠᠶᠢᠭᠤᠯᠬ᠋᠎ᠠ ᠨᠢᠬᠡᠴᠢ ᠶᠢᠨ ᠲᠡᠮᠵᠢᠯᠬᠡ ᠪᠠᠷ ︽ᠲᠠᠪᠠᠬ᠋᠎ᠠ ᠰᠢᠨ᠎ᠡ  ᠡᠨᠧᠷᠬᠢ ᠶᠢᠨ ᠬᠢᠵᠠᠭᠠᠷᠳᠤ ᠺᠤᠮᠫᠠᠨᠢ︾ ᠪᠠᠨ ᠲᠠᠩᠰᠠᠯᠠᠭᠤᠯᠤᠨ ᠪᠠᠶᠢᠭᠤᠯᠵᠦ᠂ ᠮᠠᠯᠴᠢᠨ ᠲᠦᠮᠡᠨ ᠤ ᠦᠢᠯᠡᠳᠪᠤᠷᠢᠯᠡᠯ ᠠᠮᠢᠳᠤᠷᠠᠯ ᠳᠤ ᠲᠦᠬᠦᠮ ᠦᠵᠡᠬᠦᠯᠵᠦ ᠴᠢᠳᠠᠬᠤ ᠨᠡᠩ ᠤᠯᠠᠨ  ᠰᠢᠨ᠎ᠡ ᠪᠦᠳᠦᠬᠡᠭᠳᠡᠬᠦᠨ ᠢ ᠦᠢᠯᠡᠳᠪᠤᠷᠢᠯᠡᠬᠦ ᠪᠠᠷ ᠴᠢᠷᠮᠠᠶᠢᠵᠦ  ᠪᠠᠶᠢᠨ᠎ᠠ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号