ᠠᠪᠠᠭ᠎ᠠ ᠬᠤᠰᠢᠭᠤᠨ ᠤ ᠨᠠᠷᠠᠨᠪᠤᠯᠠᠭ ᠰᠤᠮᠤᠨ ᠤ ᠪᠠᠶᠠᠨᠰᠢᠯᠢ ᠭᠠᠴᠠᠭᠠᠨ ᠤ ᠮᠠᠯᠴᠢᠨ ᠰᠤᠷᠳᠠᠯᠲᠤ ᠶᠢᠨ ᠬᠢᠨ | 14320 ᠮᠤ᠋ ᠨᠤᠲᠤᠭ ᠲᠠᠢ᠂ 300 ᠬᠠᠪᠳᠠᠭᠠᠢ ᠲᠦᠷᠪᠡᠯᠵᠢᠨ ᠮᠧᠲᠷ ᠲᠠᠯᠠᠪᠠᠢ ᠪᠦᠬᠦᠢ ᠫᠧᠩ ᠰᠠᠷᠠᠪᠴᠢ᠂ | ᠲᠤᠯᠠᠭᠠᠨ ᠫᠧᠩ᠂ ᠡᠪᠡᠰᠦ ᠬᠠᠳᠠᠭᠠᠯᠠᠬᠤ ᠫᠧᠩ ᠵᠡᠷᠭᠡ ᠰᠠᠭᠤᠷᠢ ᠪᠦᠲᠦᠭᠡᠨ ᠪᠠᠶᠢᠭᠤᠯᠤᠯᠲᠠ ᠲᠠᠢ ᠲᠦᠪᠬᠢᠨᠡᠬᠦᠨ | ᠰᠠᠶᠢᠬᠠᠨ ᠠᠶᠢᠯ ᠪᠠᠶᠢᠯ᠎ᠠ᠃ ᠲᠡᠳᠡᠨ ᠤ ᠬᠢᠨ ᠢᠶᠠᠷ ᠬᠦᠷᠬᠦ ᠳᠤ᠂ ᠰᠤᠷᠳᠠᠯᠳᠤ ᠶᠠᠭ ᠥᠪᠡᠷ ᠢᠶᠠᠨ ᠨᠠᠶᠢᠷᠠᠭᠰᠠᠨ | ᠬᠤᠯᠢᠮᠠᠭ ᠪᠤᠷᠳᠤᠭ᠎ᠠ ᠪᠠᠷ ᠦᠬᠡᠷ ᠢᠶᠠᠨ ᠲᠡᠵᠢᠬᠡᠵᠦ ᠪᠠᠶᠢᠬᠤ ᠲᠠᠢ ᠨᠢ ᠲᠠᠭᠠᠷᠠᠯᠳᠤᠯ᠎ᠠ᠃ | ᠨᠤᠲᠤᠭ ᠪᠡᠯᠴᠢᠬᠡᠷ ᠤᠨ ᠠᠮᠢ ᠠᠬᠤᠢ ᠶᠢ ᠪᠦᠲᠦᠮᠵᠢᠲᠠᠢ ᠬᠠᠮᠠᠭᠠᠯᠠᠵᠦ᠂ ᠨᠡᠩ ᠦᠨᠳᠦᠷ ᠠᠵᠦ ᠠᠬᠤᠢ ᠶᠢᠨ | ᠠᠰᠢᠭ ᠤᠷᠤᠯᠭ᠎ᠠ ᠡᠬᠦᠳᠬᠦ ᠡᠬᠦᠳᠡᠨ ᠠᠴᠠ᠂ ᠤᠶᠢᠷ᠎ᠠ ᠶᠢᠨ ᠵᠢᠯ ᠳᠤ᠂ ᠰᠤᠷᠳᠠᠯᠳᠤ ᠦᠬᠡᠷ ᠤᠨ ᠢᠶᠠᠨ ᠡᠬᠦᠯᠳᠡᠷ ᠢ | ᠰᠢᠯᠢᠳᠡᠭᠵᠢᠬᠦᠯᠵᠦ᠂ ᠤᠳᠤ ᠪᠤᠯᠬᠤ ᠳᠤ 70 ᠦᠬᠡᠷ ᠨᠢ ᠴᠦᠮ ᠰᠢᠮᠧᠨ᠋ᠲ᠋ᠠᠷ ᠡᠬᠦᠯᠳᠡᠷ ᠤᠨ ᠪᠤᠯᠤᠭᠰᠠᠨ ᠪᠠᠶᠢᠳᠠᠭ᠃ | ᠲᠡᠷᠡ ᠡᠯ᠎ᠠ ᠱᠠᠲᠤᠨ ᠤ ᠮᠠᠯᠴᠢᠳ ᠤᠨ ᠮᠡᠷᠭᠡᠵᠢᠯ ᠤᠨ ᠪᠤᠯᠪᠠᠰᠤᠷᠠᠯ ᠳᠤ ᠪᠠᠶᠢᠩᠭᠤ ᠤᠷᠤᠯᠴᠠᠵᠦ᠂ ᠭᠠᠷ | ᠭᠡᠭᠡᠯᠳᠦᠬᠦᠯᠭᠡ ᠵᠡᠷᠭᠡ ᠮᠠᠯ ᠠᠵᠦ ᠠᠬᠤᠢ ᠶᠢᠨ ᠭᠡᠷᠡᠭᠯᠡᠬᠡᠨ ᠤ ᠮᠡᠷᠭᠡᠵᠢᠯ ᠢ ᠰᠠᠶᠢᠲᠤᠷ ᠡᠵᠡᠮᠰᠢᠵᠦ | ᠦᠢᠯᠡᠳᠦᠯᠬᠡᠵᠢᠬᠦᠯᠦᠨ᠂ ᠵᠤᠬᠢᠬᠤ ᠭᠡᠮᠵᠢᠶᠡᠨ ᠤ ᠮᠡᠷᠬᠡᠵᠢᠯ ᠤᠨ ᠲᠤᠷᠰᠢᠯᠭ᠎ᠠ ᠬᠤᠷᠠᠮᠳᠤᠭᠤᠯᠤᠭᠰᠠᠨ ᠢᠶᠠᠨ 2022 | ᠤᠨ ᠳᠤ ᠥᠪᠡᠷ ᠤᠨ ᠦᠨᠢᠶᠡᠳ ᠲᠡᠭᠡᠨ ᠭᠠᠷ ᠭᠡᠭᠡᠯᠳᠦᠬᠦᠯᠭᠡ ᠬᠢᠵᠦ᠂ ᠭᠡᠭᠡᠯ ᠲᠤᠭᠳᠠᠭᠰᠠᠨ ᠨᠤᠷᠮ᠎ᠠ 95% ᠳᠤ | ᠬᠦᠷᠴᠦ᠂ ᠡᠨᠡ ᠵᠢᠯ ᠪᠠᠰᠠ ᠦᠷᠬᠦᠯᠵᠢᠯᠡᠨ ᠭᠠᠷ ᠭᠡᠭᠡᠯᠳᠦᠬᠦᠯᠭᠡ ᠬᠢᠬᠦ ᠪᠠᠷ ᠲᠦᠯᠦᠪᠯᠡᠵᠦ ᠪᠤᠢ᠃ | ᠰᠤᠷᠳᠠᠯᠲᠤ ᠠᠮᠢ ᠠᠬᠤᠢ ᠶᠢ ᠬᠠᠮᠠᠭᠠᠯᠠᠬᠤ᠂ ᠬᠦᠳᠡᠯᠮᠦᠷᠢ ᠬᠦᠴᠦ ᠠᠷᠪᠢᠯᠠᠬᠤ᠂ ᠦᠨᠢᠶᠡᠨ ᠤ ᠲᠠᠷᠭᠤ | ᠬᠦᠴᠦ ᠶᠢ ᠪᠠᠲᠤᠯᠠᠬᠤ᠂ ᠲᠤᠭᠤᠯ ᠤᠨ ᠰᠢᠮ᠎ᠡ ᠲᠡᠵᠢᠬᠡᠯ ᠢ ᠪᠠᠲᠤᠯᠠᠬᠤ ᠵᠡᠷᠭᠡ ᠲᠠᠯ᠎ᠠ ᠪᠠᠷ ᠵᠤᠷᠢᠭᠲᠠᠢ ᠰᠦᠪᠡᠭᠴᠢᠯᠡᠯᠳᠡ | ᠬᠢᠵᠦ᠂ ᠨᠢᠳᠤᠨᠤᠨ TMR ᠬᠤᠯᠢᠮᠠᠭ ᠲᠡᠵᠢᠬᠡᠯ ᠪᠤᠷᠳᠤᠭ᠎ᠠ ᠦᠢᠯᠡᠳᠪᠦᠷᠢᠯᠡᠬᠦ ᠮᠠᠰᠢᠨ ᠬᠤᠳᠠᠯᠳᠤᠨ ᠠᠪᠤᠭᠰᠠᠨ | ᠪᠦᠬᠡᠳ 144 ᠲᠤᠨ ᠲᠡᠵᠢᠬᠡᠯ ᠡᠪᠡᠰᠦ ᠨᠦᠬᠡᠴᠡᠯᠡᠪᠡ᠃ ᠡᠬᠦᠨ ᠳᠤ ᠬᠤᠯᠢᠮᠠᠭ ᠲᠡᠵᠢᠬᠡᠯ ᠪᠤᠷᠳᠤᠭ᠎ᠠ | ᠪᠤᠯᠪᠠᠰᠤᠷᠠᠭᠤᠯᠬᠤ ᠳᠤ ᠨᠤᠭᠤᠭᠠᠨ ᠲᠠᠷᠤᠰᠢ᠂ ᠰᠢᠰᠢ᠂ ᠨᠠᠷᠢᠮᠤ ᠶᠢᠨ ᠰᠦᠷᠡᠯ᠂ ᠯᠤᠤᠪᠠᠩ᠂ ᠡᠪᠡᠰᠦ ᠵᠡᠷᠭᠡ | ᠮᠠᠲ᠋ᠧᠷᠢᠶᠠᠯ ᠢᠶᠠᠨ ᠵᠤᠬᠢᠬᠤ ᠬᠠᠷᠢᠴᠠᠯ ᠢᠶᠠᠷ ᠨᠠᠶᠢᠷᠠᠭᠰᠠᠨ ᠤ ᠳᠠᠷᠠᠭ᠎ᠠ ᠲᠤᠭᠤᠯ ᠢᠶᠠᠨ ᠲᠡᠵᠢᠬᠡᠳᠡᠭ᠃ ᠡᠳᠦᠷ ᠤᠨ | ᠬᠡᠷᠡᠭᠰᠡᠬᠦ ᠲᠡᠵᠢᠬᠡᠯ ᠪᠤᠷᠳᠤᠭ᠎ᠠ ᠶᠢᠨ ᠬᠡᠮᠵᠢᠶ᠎ᠡ ᠶᠢ ᠲᠤᠬᠢᠷᠠᠮᠵᠢᠲᠠᠢ ᠪᠠᠶᠢᠯᠭᠠᠵᠦ ᠴᠢᠳᠠᠭᠰᠠᠨ ᠠᠴᠠ ᠲᠡᠵᠢᠬᠡᠯ | ᠪᠤᠷᠳᠤᠭ᠎ᠠ ᠶᠢ ᠪᠦᠷᠢᠯᠭᠡᠬᠦ ᠠᠴᠠ ᠵᠠᠶᠢᠯᠠᠰᠬᠢᠵᠦ᠂ ᠨᠢᠬᠡ ᠲᠤᠭᠤᠯ ᠲᠡᠭᠡᠷ᠎ᠡ 10 ᠲᠦᠭᠦᠷᠢᠭ ᠤᠨ ᠠᠷᠠᠴᠢᠯᠠᠨ ᠲᠡᠵᠢᠬᠡᠬᠦ | ᠥᠪᠡᠷ ᠤᠨ ᠦᠷᠳᠡᠭ ᠢ ᠠᠷᠪᠢᠯᠠᠵᠦ ᠴᠢᠳᠠᠭᠰᠠᠨ ᠪᠠᠶᠢᠨ᠎ᠡ᠃ ᠡᠬᠦᠨ ᠤ ᠬᠠᠮᠲᠤ᠂ ᠭᠡᠵᠢᠶ᠎ᠡ ᠴᠤ ᠭᠡᠰᠡᠨ ᠲᠡᠵᠢᠬᠡᠯ | ᠪᠤᠷᠳᠤᠭᠠᠨ ᠤ ᠨᠠᠶᠢᠷᠠᠯᠭ᠎ᠠ ᠳᠤ ᠲᠤᠬᠢᠷᠠᠭᠤᠯᠤᠯᠲᠠ ᠬᠢᠵᠦ ᠪᠤᠯᠳᠠᠭ ᠠᠴᠠ ᠦᠬᠡᠷ ᠤᠨ ᠲᠠᠷᠭᠤ ᠬᠦᠴᠦ ᠶᠢ ᠪᠠᠲᠤᠯᠠᠨ᠂ | ᠡᠬᠦᠯᠳᠡᠷ ᠤᠨ ᠤᠳᠤᠮᠯᠠᠨ ᠦᠷᠡᠵᠢᠬᠦ ᠴᠢᠳᠠᠪᠤᠷᠢ ᠶᠢ ᠬᠦᠢᠴᠡᠳ ᠪᠠᠳᠠᠷᠠᠭᠤᠯᠵᠦ ᠴᠢᠳᠠᠭᠰᠠᠨ ᠪᠠᠶᠢᠨ᠎ᠠ᠃ ︽ᠬᠤᠯᠢᠮᠠᠭ | ᠲᠡᠵᠢᠬᠡᠯ ᠪᠤᠷᠳᠤᠭ᠎ᠠ ᠪᠠᠷ ᠲᠤᠭᠤᠯ ᠲᠡᠵᠢᠬᠡᠬᠦ ᠨᠢ ᠡᠬᠡ ᠮᠠᠯ ᠤᠨ ᠲᠠᠷᠭᠤ ᠬᠦᠴᠦ ᠪᠡ ᠰᠢᠮ᠎ᠠ ᠲᠡᠵᠢᠬᠡᠯ ᠢ ᠪᠠᠲᠤᠯᠠᠵᠦ᠂ | ᠲᠤᠭᠤᠯ ᠤᠨ ᠰᠢᠩᠬᠡᠬᠡᠯᠳᠡ ᠶᠢᠨ ᠰᠢᠰᠲ᠋ᠧᠮ ᠤᠨ ᠪᠤᠶᠢᠵᠢᠯᠳᠠ ᠶᠢ ᠠᠬᠢᠭᠤᠯᠬᠤ᠂ ᠢᠳᠡᠰᠢᠯᠡᠬᠦ ᠴᠢᠳᠠᠪᠤᠷᠢ ᠶᠢ ᠨᠢ | ᠰᠠᠶᠢᠵᠢᠷᠠᠭᠤᠯᠵᠦ ᠴᠢᠳᠠᠬᠤ ᠰᠠᠶᠢᠨ ᠲᠠᠯ᠎ᠠ ᠲᠠᠢ᠂ ᠪᠠᠰᠠ ᠲᠤᠭᠤᠯ ᠢ ᠡᠭᠡ ᠠᠴᠠ ᠨᠢ ᠰᠠᠯᠭᠠᠭᠰᠠᠨ ᠤ ᠳᠠᠷᠠᠭ᠎ᠠ | ᠲᠡᠵᠢᠬᠡᠯ ᠳᠤ ᠠᠮᠠᠷᠬᠠᠨ ᠲᠠᠰᠴᠦ ᠴᠢᠳᠠᠨ᠎ᠠ︾ ᠬᠡᠵᠦ ᠰᠤᠷᠳᠠᠯᠳᠤ ᠶᠠᠷᠢᠨ᠎ᠠ᠃ ᠲᠡᠷᠡ ᠲᠤᠭᠤᠯ ᠢ 7 ᠰᠠᠷ᠎ᠠ | ᠪᠤᠯᠤᠮᠠᠭᠴᠠ ᠡᠭᠡ ᠠᠴᠠ ᠨᠢ ᠰᠠᠯᠭᠠᠵᠦ᠂ ᠵᠠᠯᠭᠠᠭᠠᠳ ᠬᠤᠯᠢᠮᠠᠭ ᠲᠡᠵᠢᠬᠡᠯ ᠪᠤᠷᠳᠤᠭ᠎ᠠ ᠪᠠᠷ ᠪᠤᠷᠳᠤᠵᠦ ᠲᠡᠵᠢᠬᠡᠬᠡᠳ 2 | ᠰᠠᠷ᠎ᠠ ᠶᠢᠨ ᠲᠠᠷᠠᠭ᠎ᠠ ᠵᠠᠷᠤᠴᠠᠭᠤᠯᠳᠠᠭ᠂ ᠢᠩᠬᠢᠵᠦ ᠲᠡᠵᠢᠬᠡᠬᠦ ᠳᠤ ᠲᠤᠭᠤᠯ ᠪᠦᠷᠢ ᠶᠢᠨ ᠬᠦᠨᠲᠤ ᠨᠢ ᠲᠤᠮᠳᠠᠴᠢ ᠪᠠᠷ | 100 ᠵᠢᠩ ᠨᠡᠮᠡᠭᠳᠡᠵᠦ᠂ ᠠᠷᠠᠴᠢᠯᠠᠨ ᠮᠠᠯᠵᠢᠬᠤ ᠥᠪᠡᠷ ᠤᠨ ᠦᠷᠳᠡᠭ ᠢ ᠨᠢ ᠪᠠᠷᠤᠭ ᠬᠠᠭᠠᠰ ᠢᠶᠠᠷ ᠪᠠᠭᠤᠷᠠᠭᠤᠯᠳᠠᠭ᠃ | ᠬᠤᠯᠢᠮᠠᠭ ᠲᠡᠵᠢᠬᠡᠯ ᠪᠤᠷᠳᠤᠭ᠎ᠠ ᠨᠠᠶᠢᠷᠠᠵᠦ᠂ ᠲᠤᠭᠤᠯ ᠲᠡᠵᠢᠬᠡᠬᠦ ᠪᠠᠷ ᠲᠠᠮᠵᠢᠭᠤᠯᠤᠨ᠂ ᠰᠤᠷᠳᠠᠯᠳᠤ ᠮᠠᠯ ᠰᠦᠷᠦᠭ ᠢ | ᠨᠠᠷᠢᠯᠢᠬᠵᠢᠭᠤᠯᠤᠨ ᠲᠡᠵᠢᠬᠡᠬᠦ ᠶᠢ ᠪᠡᠶᠡᠯᠡᠬᠦᠯᠵᠦ᠂ ᠲᠤᠭᠤᠯ ᠤᠨ ᠪᠤᠶᠢᠵᠢᠯᠳᠠ ᠶᠢᠨ ᠬᠤᠷᠳᠤᠴᠠ ᠪᠠ ᠰᠢᠮ᠎ᠠ | ᠲᠡᠵᠢᠬᠡᠯ ᠤᠨ ᠦᠷᠳᠡᠭ ᠢ ᠶᠡᠬᠡᠪᠡᠷ ᠲᠡᠭᠡᠭᠰᠢᠯᠡᠬᠦᠯᠦᠭᠰᠡᠨ ᠪᠠᠶᠢᠳᠠᠭ᠃ ᠨᠢᠳᠤᠨᠤᠨ ᠮᠠᠯ ᠤᠨ ᠦᠨ᠎ᠠ ᠬᠢᠮᠳᠠ᠂ ᠡᠪᠡᠰᠦ | ᠪᠤᠷᠳᠤᠭᠠᠨ ᠤ ᠦᠨ᠎ᠠ ᠬᠠᠩᠰᠢ ᠦᠨᠳᠦᠷ ᠪᠠᠶᠢᠳᠠᠯ ᠲᠤᠤᠷ᠎ᠠ᠂ ᠰᠤᠷᠳᠠᠯᠳᠤ 40 ᠲᠤᠭᠤᠯ ᠢᠶᠠᠨ ᠲᠡᠭᠰᠢᠳᠭᠡᠭᠡᠳ | 8000 ᠲᠦᠭᠦᠷᠢᠭ ᠢᠶᠠᠷ ᠵᠠᠷᠤᠵᠦ᠂ 30 ᠭᠠᠷᠤᠢ ᠲᠦᠮᠡᠨ ᠲᠦᠭᠦᠷᠢᠭ ᠤᠨ ᠤᠷᠤᠯᠭ᠎ᠠ ᠡᠬᠦᠳᠦᠭᠰᠡᠨ ᠪᠠᠶᠢᠨ᠎ᠠ᠃ | ︽ᠤᠳᠤᠬᠠᠨ ᠤ ᠮᠠᠯ ᠤᠨ ᠦᠨ᠎ᠡ ᠬᠠᠩᠰᠢ ᠲᠤᠭᠳᠠᠪᠤᠷᠢ ᠦᠬᠡᠢ᠂ ᠡᠪᠡᠰᠦ ᠪᠤᠷᠳᠤᠭᠠᠨ ᠤ ᠦᠨ᠎ᠡ | ᠲᠠᠰᠤᠷᠠᠯᠳᠠ ᠦᠬᠡᠢ ᠦᠰᠴᠦ ᠪᠠᠶᠢᠭ᠎ᠠ ᠪᠠᠶᠢᠳᠠᠯ ᠲᠤᠤᠷ᠎ᠠ᠂ ᠬᠤᠯᠢᠮᠠᠭ ᠲᠡᠵᠢᠬᠡᠯ ᠪᠤᠷᠳᠤᠭ᠎ᠠ ᠨᠠᠶᠢᠷᠠᠵᠦ ᠭᠡᠷᠡᠭᠯᠡᠬᠦ ᠨᠢ | ᠮᠠᠯ ᠠᠵᠦ ᠠᠬᠤᠢ ᠶᠢᠨ ᠬᠡᠯᠪᠡᠷᠢ ᠶᠢ ᠬᠤᠪᠢᠷᠠᠭᠤᠯᠤᠨ ᠲᠡᠰ ᠲᠡᠪᠰᠢᠬᠦᠯᠬᠦ ᠪᠠ ᠤᠷᠤᠯᠭ᠎ᠠ ᠪᠠᠨ ᠨᠡᠮᠡᠭᠳᠡᠬᠦᠯᠬᠦ ᠳᠤ | ᠵᠤᠬᠢᠬᠤ ᠰᠠᠭᠤᠷᠢ ᠲᠠᠯᠪᠢᠵᠦ ᠦᠭᠭᠦ ᠨᠢ ᠯᠠᠪᠳᠠᠢ︾ ᠬᠡᠵᠦ ᠰᠤᠷᠳᠠᠯᠲᠤ ᠥᠪᠡᠷ ᠤᠨ ᠪᠤᠳᠤᠯ ᠢᠶᠠᠨ ᠶᠠᠷᠢᠪᠠ᠃ |