ᠤᠶᠢᠷ᠎ᠠ ᠶᠢᠨ ᠵᠢᠯ ᠠᠴᠠ ᠮᠠᠨ ᠤ ᠠᠶᠢᠮᠠᠬ ᠰᠢᠯᠢᠳᠡᠭ ᠡᠬᠦᠯᠳᠡᠷ ᠤᠨ ᠦᠬᠡᠷ ᠳᠡᠵᠢᠬᠡᠨ ᠦᠷᠡᠵᠢᠬᠦᠯᠬᠦ | ᠦᠢᠯᠡᠰ ᠢ ᠬᠦᠴᠦᠯᠡᠨ ᠬᠦᠭᠵᠢᠬᠦᠯᠵᠦ᠂ ᠤᠯᠤᠰ᠂ ᠣᠷᠣᠨ᠂ ᠠᠶᠢᠮᠠᠭ ᠤᠨ ᠲᠠᠰ ᠤᠨ ᠦᠭᠡᠷ ᠤᠨ ᠭᠤᠤᠯᠳᠠᠯᠭᠠᠳᠦ | ᠡᠭᠦᠯᠳᠡᠷ ᠪᠤᠶᠢᠵᠢᠭᠤᠯᠬᠤ ᠲᠠᠯᠠᠪᠠᠶ ᠶᠢ ᠪᠠᠶᠢᠭᠤᠯᠬᠤ ᠡᠷᠴᠢᠮ ᠢ ᠴᠢᠩᠭᠠᠷᠠᠭᠤᠯᠵᠤ᠂ ︽ᠦᠷ᠎ᠠ ᠶᠢᠨ ᠮᠠᠯ ᠤᠨ | ᠦᠷᠳᠡᠭᠡ + ᠭᠤᠣᠯᠳᠠᠯᠭᠠᠳᠤ ᠡᠭᠦᠯᠳᠡᠷ ᠪᠤᠶᠢᠵᠢᠭᠤᠯᠬᠤ ᠲᠠᠯᠠᠪᠠᠶ ︵ᠦᠷ᠎ᠠ ᠶᠢᠨ ᠮᠠᠯ ᠤᠨ ᠲᠠᠯᠠᠪᠠᠶ᠂ ᠭᠤᠣᠯᠳᠠᠯᠭᠠᠳᠤ | ᠰᠦᠷᠦᠭ︶ + ᠲᠡᠵᠢᠭᠡᠨ ᠦᠷᠡᠵᠢᠭᠦᠯᠬᠦ ᠡᠷᠦᠬᠡ︾ ᠶᠢᠨ ᠰᠢᠯᠢᠳᠡᠭ ᠡᠭᠦᠯᠳᠡᠷ ᠤᠨ ᠦᠬᠡᠷ ᠢ ᠦᠷᠡᠵᠢᠭᠦᠯᠦᠨ | ᠪᠤᠶᠢᠵᠢᠭᠤᠯᠬᠤ ᠰᠢᠰᠲ᠋ᠧᠮ ᠢ ᠠᠯᠬᠤᠮ ᠠᠯᠬᠤᠮ ᠢᠶᠠᠷ ᠪᠦᠷᠢᠯᠳᠦᠬᠦᠯᠪᠡ᠃ | 2021 ᠤᠨ ᠳᠤ ᠮᠠᠨ ᠤ ᠠᠶᠢᠮᠠᠭ ᠤᠨ ᠤᠯᠠᠭᠠᠢ ᠬᠠᠮᠢᠶᠠᠷᠤᠯᠳᠡ ᠶᠢᠨ ᠤᠷᠤᠨ ᠳᠤ ᠪᠤᠶᠢᠵᠢᠭᠤᠯᠤᠬᠰᠠᠨ ︽ | ᠬᠤᠸᠠᠰᠢ ᠦᠬᠡᠷ︾ ᠤᠨ ᠰᠢᠨ᠎ᠠ ᠡᠬᠦᠯᠳᠡᠷ ᠢ ᠬᠢᠨᠠᠨ ᠳᠤᠬᠳᠠᠭᠠᠵᠤ ᠨᠡᠷᠡᠶᠢᠳᠤᠭᠡᠳ᠂ ᠮᠠᠨ ᠤ ᠤᠯᠤᠰ ᠤᠨ | ᠪᠦᠷᠢᠮᠦᠰᠤᠨ ᠪᠡᠶ᠎ᠠ ᠪᠠᠨ ᠳᠠᠭᠠᠭᠠᠬᠰᠠᠨ ᠮᠡᠳᠡᠯᠬᠡ ᠶᠢᠨ ᠪᠦᠳᠤᠭᠡᠭᠳᠡᠬᠦᠨ ᠤ ᠦᠮᠴᠢᠯᠡᠬᠦ ᠡᠷᠭᠡ ᠲᠠᠢ ᠦᠬᠡᠷ ᠤᠨ ᠰᠢᠨ᠎ᠠ | ᠡᠬᠦᠯᠳᠡᠷ ᠪᠤᠯᠵᠤ᠂ ᠮᠠᠨ ᠤ ᠠᠶᠢᠮᠠᠭ ᠪᠦᠬᠦ ᠤᠯᠤᠰ ᠤᠨ ᠬᠤᠸᠠᠰᠢ ᠦᠬᠡᠷ ᠤᠨ ᠰᠢᠨ᠎ᠠ ᠡᠬᠦᠯᠳᠡᠷ ᠤᠨ ᠦᠷ᠎ᠠ | ᠬᠠᠨᠭ᠍ᠭᠠᠬᠤ ᠭᠤᠤᠯ ᠰᠠᠭᠤᠷᠢᠨ ᠪᠤᠯᠤᠬᠰᠠᠨ ᠶᠤᠮ᠃ ᠤᠳᠤ ᠤᠯᠠᠭᠠᠢ ᠬᠠᠮᠢᠶᠠᠷᠤᠯᠳᠡ ᠶᠢᠨ ᠤᠷᠤᠨ ᠤ 433 ᠡᠷᠦᠭᠡ | ᠬᠤᠸᠠᠰᠢ ᠦᠭᠡᠷ ᠮᠠᠯᠵᠢᠵᠦ᠂ ᠡᠭᠦᠨ ᠳᠤ 20 ᠭᠠᠷᠤᠢ ᠡᠷᠦᠭᠡ ᠨᠢ ᠬᠤᠸᠠᠰᠢ ᠦᠭᠡᠷ ᠮᠠᠯᠵᠢᠬᠤ ᠳᠤᠰᠬᠠᠢ ᠡᠷᠦᠭᠡ | ᠪᠤᠯᠤᠬᠰᠠᠨ ᠪᠠᠶᠢᠨ᠎ᠠ᠃ | 2023 ᠤᠨ ᠤ 12 ᠰᠠᠷ᠎ᠠ ᠶᠢᠨ 3 ᠤ ᠡᠳᠤᠷ᠂ ᠤᠯᠤᠰ ᠤᠨ ᠳᠡᠰ ᠤᠨ ᠮᠢᠬᠠᠨ ᠤ ᠦᠬᠡᠷ ᠤᠨ | ᠭᠤᠤᠯᠳᠠᠯᠭᠠᠳᠤ ᠡᠬᠦᠯᠳᠡᠷ ᠪᠤᠶᠢᠵᠢᠭᠤᠯᠬᠤ ᠳᠠᠯᠠᠪᠠᠢ ᠪᠠᠷ ᠡᠷᠡᠮᠡᠯᠵᠡᠭᠰᠡᠨ ᠰᠦᠨᠢᠳ ᠵᠡᠬᠦᠨ ᠬᠤᠰᠢᠭᠤᠨ ᠤ ᠴᠠᠭᠠᠨᠬᠠᠳᠠ | ᠮᠠᠯ ᠠᠵᠤ ᠠᠬᠤᠢ ᠶᠢᠨ ᠳᠤᠰᠬᠠᠢ ᠬᠤᠷᠰᠢᠶᠠᠵᠢᠯ ᠨᠢ ᠬᠠᠮᠢᠶ᠎ᠠ ᠪᠦᠬᠦᠢ ᠳᠤᠰᠬᠠᠢ ᠮᠡᠷᠭᠡᠵᠢᠯᠳᠡᠳ ᠤᠨ ᠳᠤᠬᠠᠢ ᠶᠢᠨ | ᠳᠠᠯᠠᠪᠠᠢ ᠳᠠᠬᠢ ᠰᠢᠯᠢᠨ ᠰᠤᠩᠭᠤᠯᠳᠠ ᠶᠢ ᠦᠡᠭᠭᠡᠷᠡᠭᠡᠭᠰᠡᠨ ᠮᠦᠷᠳᠡᠭᠡᠨ 12 ᠰᠠᠷ᠎ᠠ ᠶᠢᠨ 5 ᠤ ᠡᠳᠤᠷ ᠤᠯᠠᠭᠠᠢ | ᠬᠠᠮᠢᠶᠠᠷᠤᠯᠳᠠ ᠶᠢᠨ ᠤᠷᠤᠨ ᠤ ᠤᠦ ᠺᠧ ᠰᠧ ᠮᠠᠯ ᠠᠵᠤ ᠠᠬᠤᠢ ᠶᠢᠨ ᠰᠢᠨᠵᠢᠯᠡᠬᠦ ᠤᠬᠠᠭᠠᠨ ᠲᠧᠭᠨᠢᠭ | ᠮᠡᠷᠭᠡᠵᠢᠯ ᠤᠨ ᠬᠢᠵᠠᠭᠠᠷᠳᠤ ᠺᠤᠮᠫᠠᠨᠢ ᠨᠢ ᠬᠠᠮᠢᠶ᠎ᠠ ᠪᠦᠬᠦᠢ ᠰᠢᠯᠭᠠᠨ ᠪᠠᠶᠢᠴᠠᠭᠠᠯᠳᠠ ᠶᠢ ᠦᠡᠭᠭᠡᠷᠡᠭᠡᠵᠤ ᠤᠯᠤᠰ ᠤᠨ | ᠳᠡᠰ ᠤᠨ ᠮᠢᠬᠠᠨ ᠤ ᠦᠬᠡᠷ ᠤᠨ ᠭᠤᠤᠯᠳᠠᠯᠭᠠᠳᠤ ᠡᠬᠦᠯᠳᠡᠷ ᠪᠤᠶᠢᠵᠢᠭᠤᠯᠬᠤ ᠳᠠᠯᠠᠪᠠᠢ ᠪᠤᠯᠪᠡ᠃ | ᠮᠠᠨ ᠤ ᠠᠶᠢᠮᠠᠭ ᠪᠠᠰᠠ ᠬᠤᠨᠢᠨ ᠤ ᠰᠢᠯᠢᠳᠡᠭ ᠡᠭᠦᠯᠳᠡᠷ ᠢ ᠰᠣᠩᠭᠤᠵᠤ ᠴᠡᠪᠡᠷᠰᠢᠭᠦᠯᠦᠨ ᠳᠡᠭᠡᠭᠰᠢᠯᠡᠭᠦᠯᠬᠦ ᠶᠢ | ᠤᠯᠠᠮ ᠨᠢᠭᠡ ᠠᠯᠬᠤᠮ ᠴᠢᠩᠭᠠᠳᠬᠠᠵᠤ᠂ ᠣᠷᠣᠨ ᠨᠤᠲᠤᠭ ᠤᠨ ᠮᠢᠬᠠᠨ ᠤ ᠬᠤᠨᠢ ᠶᠢ ᠦᠷᠡᠵᠢᠬᠦᠯᠦᠨ ᠪᠤᠶᠢᠵᠢᠭᠤᠯᠬᠤ | ᠪᠠ ᠴᠡᠪᠡᠷ ᠡᠭᠦᠯᠳᠡᠷ ᠢ ᠦᠷᠡᠵᠢᠭᠦᠯᠦᠨ ᠪᠤᠶᠢᠵᠢᠭᠤᠯᠬᠤ ᠪᠠᠷ ᠭᠤᠣᠯ ᠪᠣᠯᠭᠠᠵᠤ᠂ ᠣᠷᠣᠨ ᠨᠤᠲᠤᠭ ᠤᠨ ᠡᠭᠦᠯᠳᠡᠷ ᠤᠨ | ᠤᠳᠤᠮᠯᠠᠯ ᠤᠨ ᠡᠬᠢ ᠪᠠᠶᠠᠯᠢᠭ ᠢ ᠰᠠᠶᠢᠲᠤᠷ ᠬᠠᠮᠠᠭᠠᠯᠠᠬᠤ ᠪᠠ ᠴᠠᠬᠠᠷ ᠬᠤᠨᠢ ᠵᠡᠷᠭᠡ ᠤᠷᠤᠨ ᠨᠤᠳᠤᠬ ᠲᠤ ᠵᠤᠬᠢᠴᠠᠬᠤ | ᠴᠡᠪᠡᠷ ᠡᠬᠦᠯᠳᠡᠷ ᠢ ᠴᠢᠷᠮᠠᠶᠢᠨ ᠪᠤᠶᠢᠵᠢᠭᠤᠯᠵᠦ ᠪᠤᠢ᠃ ᠡᠬᠦᠨ ᠤ ᠳᠠᠭᠠᠤ ︽ᠰᠣᠩᠭᠤᠨ ᠪᠤᠶᠢᠵᠢᠭᠤᠯᠬᠤ + ᠭᠧᠨ ᠤ | ᠪᠦᠯᠦᠭ ᠤᠨ ᠰᠣᠩᠭᠤᠯᠲᠠ + ᠲᠣᠭᠠᠴᠢᠯᠠᠭᠰᠠᠨ ᠡᠭᠦᠯᠳᠡᠷ ᠪᠤᠶᠢᠵᠢᠭᠤᠯᠬᠤ ᠰᠢᠰᠲ᠋ᠧᠮ︾ ᠤᠨ ᠠᠵᠢᠯ ᠤᠨ ᠵᠠᠭᠪᠤᠷ ᠢ | ᠪᠦᠷᠢᠯᠳᠦᠬᠦᠯᠵᠤ᠂ ᠡᠭᠦᠯᠳᠡᠷ ᠰᠣᠩᠭᠤᠨ ᠪᠤᠶᠢᠵᠢᠭᠤᠯᠬᠤ ᠦᠷ᠎ᠡ ᠪᠦᠲᠦᠮᠵᠢ ᠶᠢ ᠳᠡᠭᠡᠭᠰᠢᠯᠡᠭᠦᠯᠦᠨ᠂ ︽ᠡᠭᠦᠯᠳᠡᠷ | ᠪᠤᠶᠢᠵᠢᠭᠤᠯᠬᠤ ᠲᠠᠯᠠᠪᠠᠶ + ᠥᠷᠭᠡᠳᠬᠡᠨ ᠦᠷᠡᠵᠢᠭᠦᠯᠬᠦ ᠲᠠᠯᠠᠪᠠᠶ + ᠭᠤᠤᠯᠳᠠᠯᠭᠠᠳᠤ ᠰᠦᠷᠦᠭ + ᠲᠡᠵᠢᠭᠡᠨ | ᠦᠷᠡᠵᠢᠭᠦᠯᠬᠦ ᠡᠷᠦᠬᠡ︾ ᠶᠢᠨ ᠰᠢᠯᠢᠳᠡᠭ ᠡᠭᠦᠯᠳᠡᠷ ᠪᠤᠶᠢᠵᠢᠭᠤᠯᠬᠤ ᠰᠢᠰᠲ᠋ᠧᠮ ᠢ ᠪᠠᠶᠢᠭᠤᠯᠵᠠᠢ᠃ | ᠬᠥᠪᠡᠭᠡᠲᠦ ᠰᠢᠷ᠎ᠠ ᠬᠤᠰᠢᠭᠤᠨ ᠤ ᠤᠩᠭᠤᠬᠠᠭᠤᠯᠠ ᠰᠤᠮᠤ ᠶᠢᠨ ᠠᠯᠳᠠᠨᠮᠤᠳᠤ ᠭᠠᠴᠠᠭᠠᠨ ᠤ ᠮᠠᠯᠴᠢᠨ | ᠬᠠᠰᠡᠷᠳᠡᠨᠢ ᠶᠢᠨ ᠬᠢᠨ ᠴᠠᠬᠠᠷ ᠬᠤᠨᠢᠨ ᠤ ᠭᠤᠤᠯᠳᠠᠯᠭᠠᠳᠤ ᠰᠦᠷᠦᠭ ᠤᠨ ᠡᠷᠦᠬᠡ ᠪᠣᠯᠤᠨ᠎ᠠ᠃ ᠲᠡᠳᠡᠨ ᠤ ᠬᠢᠨ | ᠤᠤᠯ ᠠᠴᠠ ᠪᠠᠨ ᠨᠠᠷᠢᠨ ᠨᠤᠤᠰᠤᠳᠤ ᠬᠤᠨᠢ ᠮᠠᠯᠵᠢᠵᠤ ᠪᠠᠶᠢᠬᠰᠠᠨ ᠪᠦᠭᠡᠳ 2003 ᠣᠨ ᠠᠴᠠ ᠡᠬᠢᠯᠡᠨ | ᠥᠪᠡᠷ ᠤᠨ ᠨᠠᠷᠢᠨ ᠨᠤᠤᠰᠤᠳᠤ ᠬᠤᠨᠢ ᠪᠠᠨ ᠢᠴᠡᠬᠡᠯ ᠦᠷ᠎ᠠ ᠶᠢᠨ ᠬᠡᠬᠡᠯᠳᠤᠬᠦᠯᠬᠡ ᠪᠠᠷ ᠳᠠᠮᠵᠢᠭᠤᠯᠤᠨ ᠴᠠᠬᠠᠷ | ᠡᠬᠦᠯᠳᠡᠷ ᠤᠨ ᠬᠤᠨᠢ ᠪᠤᠯᠭᠠᠵᠦ᠂ ᠣᠳᠣᠬᠠᠨ ᠳᠤ 200 ᠭᠠᠷᠤᠶ ᠴᠠᠬᠠᠷ ᠬᠤᠨᠢ ᠮᠠᠯᠵᠢᠵᠤ ᠪᠠᠶᠢᠨ᠎ᠠ᠃ ︽ᠴᠠᠬᠠᠷ | ᠬᠤᠨᠢ ᠮᠠᠯᠵᠢᠪᠠᠯ ᠪᠡᠯᠴᠢᠭᠡᠷ ᠤᠨ ᠳᠠᠷᠤᠭᠠᠰᠤ ᠶᠢ ᠬᠥᠩᠭᠡᠷᠡᠭᠦᠯᠵᠦ ᠴᠢᠳᠠᠨ᠎ᠠ᠂ ︿ᠴᠦᠬᠡᠨ ᠮᠠᠯᠵᠢᠵᠤ ᠨᠠᠷᠢᠯᠢᠭ | ᠮᠠᠯᠵᠢᠬᠤ﹀ ᠪᠠᠷ ᠳᠠᠮᠵᠢᠨ ᠥᠨᠳᠥᠷ ᠦᠷ᠎ᠡ ᠠᠰᠢᠭ ᠬᠦ᠋ᠷᠳᠡᠵᠤ ᠪᠤᠯᠤᠨ᠎ᠠ᠂ ᠠᠷᠠᠰᠤ ᠨᠣᠣᠰᠣᠨ ᠤ ᠣᠷᠣᠯᠭ᠎ᠠ ᠨᠢ | ᠪᠤᠰᠤᠳ ᠡᠭᠦᠯᠳᠡᠷ ᠤᠨ ᠬᠤᠨᠢ ᠠᠴᠠ ᠦᠨᠳᠦᠷ ᠪᠠᠶᠢᠵᠤ᠂ ᠮᠢᠬᠠᠨ ᠤ ᠭᠠᠷᠤᠯᠲᠠ ᠨᠢ ᠴᠦ ᠢᠯᠡᠭᠦᠦ᠃ ᠣᠯᠠᠨ ᠵᠢᠯ | ᠳᠠᠷᠠᠭᠠᠯᠠᠨ ᠮᠠᠯᠵᠢᠬᠤ ᠪᠠᠷ ᠳᠡᠮᠵᠢᠵᠥ᠂ ᠮᠠᠨ ᠤ ᠴᠠᠬᠠᠷ ᠬᠤᠨᠢᠨ ᠤ ᠢᠬᠡᠷᠡᠯᠡᠬᠦ ᠨᠣᠷᠮ᠎ᠠ 60% ᠳᠤ ᠬᠥᠷᠪᠡ︾ ᠭᠡᠵᠦ | ᠬᠠᠰᠡᠷᠳᠡᠨᠢ ᠶᠠᠷᠢᠯ᠎ᠠ᠃ | ᠮᠠᠨ ᠤ ᠠᠶᠢᠮᠠᠭ ᠨᠤᠳᠤᠬ ᠤᠨ ᠴᠡᠪᠡᠷ ᠡᠬᠦᠯᠳᠡᠷ ᠤᠨ ᠮᠠᠯ ᠢᠶᠠᠨ ᠬᠠᠮᠠᠭᠠᠯᠠᠬᠤ ᠠᠵᠢᠯ ᠢ ᠴᠢᠩᠭ᠎ᠠ ᠠᠳᠬᠤᠵᠦ᠂ | ᠮᠣᠩᠭᠤᠯ ᠦᠬᠡᠷ᠂ ᠮᠣᠩᠭᠤᠯ ᠠᠳᠤᠭᠤ᠂ ᠦᠵᠦᠮᠦᠴᠢᠨ ᠬᠤᠨᠢ᠂ ᠰᠥᠨᠢᠳ ᠬᠤᠨᠢ᠂ ᠦᠵᠦᠮᠦᠴᠢᠨ ᠴᠠᠭᠠᠨ ᠢᠮᠠᠭ᠎ᠠ | ᠪᠠ ᠰᠥᠨᠢᠳ ᠬᠤᠣᠰ ᠪᠥᠬᠦᠲᠦ ᠲᠡᠮᠡᠭᠡ ᠵᠡᠷᠭᠡ ᠨᠢ ᠬᠠᠮᠠᠭᠠᠯᠠᠯᠳᠠ ᠶᠢᠨ ᠴᠢᠨᠠᠷᠳᠡᠢ ᠡᠬᠦᠯᠳᠡᠷ ᠤᠨ ᠮᠠᠯ ᠪᠤᠯᠪᠠ᠃ | ᠡᠭᠦᠨ ᠳᠤ᠂ ᠮᠣᠩᠭᠤᠯ ᠦᠬᠡᠷ᠂ ᠮᠣᠩᠭᠤᠯ ᠠᠳᠤᠭᠤ᠂ ᠦᠵᠦᠮᠦᠴᠢᠨ ᠬᠤᠨᠢ ᠪᠠ ᠰᠥᠨᠢᠳ ᠬᠤᠨᠢ ᠨᠢ ︽ | ᠤᠯᠤᠰ ᠤᠨ ᠲᠠᠰ ᠤᠨ ᠮᠠᠯ ᠵᠢᠭᠦᠷᠲᠡᠨ ᠤ ᠤᠳᠤᠮᠯᠠᠯ ᠤᠨ ᠡᠬᠢ ᠪᠠᠶᠠᠯᠢᠭ ᠤᠨ ᠬᠠᠮᠠᠭᠠᠯᠠᠯᠲᠠ ᠶᠢᠨ ᠨᠡᠷᠡᠰ ᠤᠨ | ᠵᠢᠭᠰᠠᠭᠠᠯᠲᠠ︾ ᠳᠤ ᠵᠢᠬᠰᠠᠭᠠᠬᠳᠠᠵᠤ᠂ ᠡᠳᠡᠭᠡᠷ ᠡᠭᠦᠯᠳᠡᠷ ᠢ ᠭᠤᠣᠯᠳᠠᠭᠤ ᠤᠤᠯ ᠭᠠᠵᠠᠷ ᠲᠤᠨᠢ ᠦᠷ᠎ᠡ ᠶᠢ ᠨᠢ | ᠬᠠᠮᠠᠭᠠᠯᠠᠬᠤ᠂ ᠳᠤᠰᠬᠠᠢ ᠮᠡᠷᠭᠡᠵᠢᠯ ᠢᠶᠠᠷ ᠡᠬᠡ ᠪᠡᠶ᠎ᠠ ᠠᠴᠠ ᠨᠢ ᠰᠠᠯᠭᠠᠵᠤ ᠬᠠᠮᠠᠭᠠᠯᠠᠬᠤ ᠠᠷᠭ᠎ᠠ ᠵᠠᠮ ᠢᠶᠠᠷ | ᠬᠠᠮᠠᠭᠠᠯᠠᠯᠲᠠ ᠶᠢᠨ ᠣᠷᠣᠨ᠂ ᠡᠬᠦᠯᠳᠡᠷ ᠬᠠᠮᠠᠭᠠᠯᠠᠬᠤ ᠲᠠᠯᠠᠪᠠᠢ ᠪᠠᠶᠢᠭᠤᠯᠵᠤ ᠡᠬᠦᠯᠳᠡᠷ ᠤᠨ ᠴᠡᠪᠡᠷ ᠪᠠᠶᠢᠬᠤ ᠶᠢ | ᠪᠠᠳᠤᠯᠠᠵᠤ ᠪᠤᠢ᠃ | ᠤᠶᠢᠯᠠᠭᠠᠬᠰᠠᠨ ᠢᠶᠠᠷ᠂ ᠤᠳᠤᠬᠠᠨ ᠳᠤ ᠮᠠᠨ ᠤ ᠠᠶᠢᠮᠠᠭ ᠲᠤ ᠤᠯᠤᠰ ᠤᠨ ᠳᠡᠰ ᠤᠨ ᠭᠤᠤᠯᠳᠠᠯᠭᠠᠳᠤ | ᠡᠬᠦᠯᠳᠡᠷ ᠪᠤᠶᠢᠵᠢᠭᠤᠯᠬᠤ ᠳᠠᠯᠠᠪᠠᠢ 4 ︵ᠡᠬᠦᠨ ᠳᠤ ᠮᠢᠠᠬᠨ ᠤ ᠦᠬᠡᠷ ᠤᠨ 3᠂ ᠮᠢᠬᠠᠨ ᠤ ᠬᠤᠨᠢᠨ ᠤ 1︶᠂ | ᠤᠯᠤᠰ ᠤᠨ ᠳᠡᠰ ᠤᠨ ᠡᠬᠦᠯᠳᠡᠷ ᠬᠠᠮᠠᠭᠠᠯᠠᠬᠤ ᠳᠠᠯᠠᠪᠠᠢ 2 ︵ᠰᠦᠨᠢᠳ ᠬᠤᠨᠢ᠂ ᠦᠵᠤᠮᠤᠴᠢᠨ ᠬᠤᠨᠢ︶᠂ | ᠦᠪᠡᠷᠳᠡᠭᠡᠨ ᠵᠠᠰᠠᠬᠤ ᠤᠷᠤᠨ ᠤ ᠳᠡᠰ ᠤᠨ ᠭᠤᠤᠯᠳᠠᠯᠭᠠᠳᠤ ᠡᠬᠦᠯᠳᠡᠷ ᠪᠤᠶᠢᠵᠢᠭᠤᠯᠬᠤ ᠳᠠᠯᠠᠪᠠᠢ 5᠂ ᠠᠶᠢᠮᠠᠭ ᠤᠨ | ᠳᠡᠰ ᠤᠨ ᠦᠷ᠎ᠠ ᠶᠢᠨ ᠮᠠᠯ ᠤᠨ ᠳᠠᠯᠠᠪᠠᠢ 27᠂ ᠦᠬᠡᠷ ᠤᠨ ᠭᠤᠤᠯᠳᠠᠯᠭᠠᠳᠤ ᠰᠦᠷᠦᠭ 345᠂ ᠭᠤᠤᠯᠳᠠᠯᠭᠠᠳᠤ | ᠦᠷ᠎ᠠ ᠶᠢᠨ ᠮᠠᠯ ᠤᠨ ᠳᠠᠯᠠᠪᠠᠢ 10᠂ ᠦᠷᠭᠡᠳᠬᠡᠨ ᠦᠷᠡᠵᠢᠬᠦᠯᠬᠦ ᠳᠠᠯᠠᠪᠠᠢ 110᠂ ᠭᠤᠤᠯᠳᠠᠯᠭᠠᠳᠤ ᠰᠦᠷᠦᠭ | 1500 ᠶᠢ ᠪᠠᠶᠢᠭᠤᠯᠵᠤ᠂ ︽ᠦᠷ᠎ᠠ ᠶᠢᠨ ᠮᠠᠯ ᠤᠨ ᠳᠠᠯᠠᠪᠠᠢ ᠪᠠᠷ ᠭᠤᠤᠯ ᠪᠤᠯᠭᠠᠵᠤ᠂ ᠦᠷᠭᠡᠳᠬᠡᠨ ᠦᠷᠡᠵᠢᠬᠦᠯᠬᠦ | ᠳᠠᠯᠠᠪᠠᠢ ᠪᠠᠷ ᠨᠦᠬᠦᠪᠦᠷᠢ ᠪᠤᠯᠭᠠᠨ᠂ ᠭᠤᠤᠯᠳᠠᠯᠭᠠᠳᠤ ᠰᠦᠷᠦᠭ ᠢᠶᠠᠷ ᠳᠤᠯᠭᠠᠭᠤᠷᠢᠯᠠᠭᠤᠯᠬᠤ︾ ᠦᠬᠡᠷ ᠬᠤᠨᠢᠨ ᠤ | ᠡᠬᠦᠯᠳᠡᠷ ᠪᠤᠶᠢᠵᠢᠭᠤᠯᠬᠤ ᠰᠢᠰᠲ᠋ᠧᠮ ᠢ ᠦᠨᠳᠤᠰᠤᠨ ᠳᠡᠭᠡᠨ ᠪᠦᠷᠢᠯᠳᠦᠭᠦᠯᠵᠠᠢ᠃ |