ᠤᠷᠢᠬᠠᠨ ᠰᠠᠯᠬᠢᠨ ᠤ ᠠᠶᠠᠰ ᠢᠶᠠᠷ ᠦᠢᠯᠡᠰ ᠤᠨ ᠵᠠᠮ ᠰᠠᠷᠠᠭᠤᠯᠵᠢᠨ᠎ᠠ
ᠨᠡᠶᠢᠲᠡᠯᠡᠭᠰᠡᠨ ᠴᠠᠭ᠄
2024/4/12
     ᠤᠷᠢᠬᠠᠨ ᠬᠠᠪᠤᠷ ᠡᠬᠡ ᠭᠠᠵᠠᠷ ᠲᠤ ᠰᠠᠭᠠᠲᠠᠵᠦ᠂ ᠲᠦᠮᠡᠨ ᠪᠣᠳᠠᠰ ᠠᠮᠢᠯᠠᠯ ᠤᠨ ᠬᠦᠴᠦᠨ ᠢᠶᠠᠷ ᠪᠢᠯᠬᠠᠨ᠎ᠠ᠃ 2 ᠰᠠᠷ᠎ᠠ ᠶᠢᠨ ᠡᠬᠢ ᠪᠠᠷ᠂ ᠮᠠᠨ ᠤ ᠠᠶᠢᠮᠠᠭ ︽ᠰᠢᠯᠢ ᠶᠢᠨ ᠭᠤᠣᠯ ᠠᠶᠢᠮᠠᠭ ᠤᠨ ᠰᠢᠯᠢᠳᠡᠭ ᠡᠭᠦᠯᠳᠡᠷ ᠤᠨ ᠮᠢᠬᠠᠨ ᠤ ᠦᠬᠡᠷ ᠤᠨ ᠠᠵᠦ ᠦᠢᠯᠡᠰ ᠤᠨ ᠬᠥᠭᠵᠢᠯᠲᠡ ᠶᠢ ᠳᠡᠮᠵᠢᠨ ᠲᠡᠳᠬᠦᠬᠦ ᠠᠷᠭ᠎ᠠ ︵ᠲᠤᠷᠰᠢᠨ ᠬᠡᠷᠡᠭᠵᠢᠭᠦᠯᠬᠦ︶︾ ︽ᠰᠢᠯᠢ ᠶᠢᠨ ᠭᠤᠣᠯ ᠠᠶᠢᠮᠠᠭ ᠤᠨ ᠮᠢᠬᠠᠨ ᠤ ᠦᠬᠡᠷ ᠢ ᠨᠠᠷᠢᠯᠢᠭ ᠡᠳ᠋ᠰᠢᠭᠦᠯᠦᠨ ᠪᠤᠯᠪᠠᠰᠤᠷᠠᠭᠤᠯᠬᠤ ᠠᠵᠤ ᠦᠢᠯᠡᠰ ᠤᠨ ᠬᠡᠯᠬᠢᠶ᠎ᠡ ᠶᠢᠨ ᠬᠥᠭᠵᠢᠯᠲᠡ ᠶᠢ ᠠᠬᠢᠭᠤᠯᠬᠤ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠨᠦᠭᠦᠳ ︵ᠲᠦᠷ ᠬᠡᠷᠡᠭᠵᠢᠭᠦᠯᠬᠦ︶︾ ︽ᠰᠢᠯᠢ ᠶᠢᠨ ᠭᠤᠤᠯ ᠠᠶᠢᠮᠠᠭ ᠤᠨ ᠬᠤᠯᠠᠨ ᠰᠢᠷᠭ᠎ᠠ ᠳᠠᠭ᠎ᠠ ᠶᠢᠨ ᠡᠯᠡᠰᠤᠷᠬᠡᠭ ᠭᠠᠵᠠᠷ ᠵᠢᠴᠢ ᠬᠠᠭᠠᠰ ᠮᠠᠯᠵᠢᠬᠤ ᠬᠠᠭᠠᠰ ᠲᠠᠷᠢᠶᠠᠯᠠᠬᠤ ᠤᠷᠤᠨ ᠳᠤ ᠮᠢᠬᠠᠨ ᠤ ᠦᠭᠡᠷ ᠢ ᠬᠡᠪᠴᠢᠶᠡᠵᠢᠬᠦᠯᠦᠨ ᠲᠡᠵᠢᠭᠡᠨ ᠦᠷᠡᠵᠢᠬᠦᠯᠬᠦ ᠶᠢ ᠠᠬᠢᠭᠤᠯᠬᠤ ᠲᠦᠷᠦ ᠢᠢᠨ ᠪᠤᠳᠤᠯᠭ᠎ᠠ ᠶᠢᠨ ᠠᠷᠭ᠎ᠠ ᠭᠡᠮᠵᠢᠶ᠎ᠠ ᠨᠦᠭᠦᠳ ︵ᠲᠦᠷ ᠭᠡᠷᠡᠭᠵᠢᠬᠦᠯᠬᠦ︶︾ ᠎ ᠢ ᠳᠠᠷᠤᠮᠠᠯᠯᠠᠨ ᠲᠠᠷᠬᠠᠭᠠᠵᠦ᠂ ᠴᠢᠨᠠᠷ ᠰᠠᠶᠢᠲᠠᠢ ᠮᠢᠬᠠᠨ ᠤ ᠦᠬᠡᠷ ᠤᠨ ᠰᠢᠯᠢᠳᠡᠭ ᠡᠭᠦᠯᠳᠡᠷ ᠢ ᠥᠷᠭᠡᠳᠬᠡᠨ ᠦᠷᠡᠵᠢᠭᠦᠯᠬᠦ᠂ ᠮᠢᠬᠠᠨ ᠤ ᠦᠬᠡᠷ ᠢ ᠬᠡᠪᠴᠢᠶᠡᠵᠢᠭᠦᠯᠦᠨ ᠲᠡᠵᠢᠭᠡᠨ ᠦᠷᠡᠵᠢᠬᠦᠯᠬᠦ ᠪᠠ ᠮᠢᠬᠠᠨ ᠤ ᠦᠬᠡᠷ ᠢ ᠨᠠᠷᠢᠯᠢᠭ ᠡᠳ᠋ᠰᠢᠭᠦᠯᠦᠨ ᠪᠣᠯᠪᠠᠰᠤᠷᠠᠭᠤᠯᠬᠤ ᠳᠤ ᠠᠩᠬᠠᠷᠤᠯ ᠢᠶᠠᠨ ᠲᠥᠪᠯᠡᠷᠡᠭᠦᠯᠵᠦ᠂ ᠪᠥᠬᠦ ᠠᠶᠢᠮᠠᠭ ᠤᠨ ᠮᠢᠬᠠᠨ ᠤ ᠦᠬᠡᠷ ᠤᠨ ᠪᠥᠬᠦ ᠠᠵᠤ ᠦᠢᠯᠡᠰ ᠤᠨ ᠬᠡᠯᠬᠢᠶ᠎ᠡ ᠶᠢᠨ ᠴᠢᠨᠠᠷ ᠰᠠᠶᠢᠲᠠᠢ ᠬᠥᠭᠵᠢᠯᠲᠡ ᠶᠢᠨ ᠠᠶᠠᠰ ᠢ ᠴᠢᠪᠬᠠᠳᠠᠬᠰᠠᠨ ᠪᠢᠯᠡ᠃      ᠠᠪᠠᠭ᠎ᠠ ᠬᠤᠰᠢᠭᠤᠨ ᠤ ᠪᠡᠯᠭᠦᠳᠡᠢ ᠪᠠᠯᠭᠠᠰᠤᠨ ᠤ ᠠᠯᠲᠠᠬᠠᠠᠩᠭᠠᠢ ᠭᠠᠴᠠᠭ᠎ᠠ ᠶᠢᠨ ᠮᠠᠯᠴᠢᠨ ᠬᠠᠰᠭᠤᠸ᠎ᠠ ᠶᠢᠨ ᠬᠢᠨ ᠨᠢᠳᠤᠨᠤᠨ ᠤ 11 ᠰᠠᠷ᠎ᠠ ᠠᠴᠠ ᠤᠳᠤᠬᠠᠨ ᠪᠤᠯᠲᠠᠯ᠎ᠠ  ᠨᠡᠶᠢᠲᠡ  ᠭᠤᠴᠢᠭᠠᠳ  ᠲᠤᠭᠤᠯ ᠲᠤᠰᠴᠦ᠂ ᠵᠢᠱᠢᠯᠲᠡ ᠪᠠᠷ 5 ᠰᠠᠷ᠎ᠠ ᠪᠤᠯᠲᠠᠯ᠎ᠠ ᠵᠢᠷᠠᠭᠠᠳ ᠲᠤᠭᠤᠯ ᠲᠤᠰᠬᠤ ᠪᠠᠷ ᠪᠤᠢ᠃      ︽ᠣᠶᠢᠷ᠎ᠠ ᠳᠤ ᠠᠶᠢᠮᠠᠭ ᠤᠨ ᠨᠡᠶᠢᠲᠡᠯᠡᠭᠰᠡᠨ ᠮᠢᠬᠠᠨ ᠤ ᠦᠬᠡᠷ ᠤᠨ ᠠᠵᠤ ᠦᠢᠯᠡᠰ ᠤᠨ ᠬᠥᠭᠵᠢᠯᠲᠡ ᠶᠢᠨ ᠰᠢᠨ᠎ᠡ ᠲᠥᠷᠥ ᠶᠢᠨ ᠪᠣᠳᠣᠯᠭ᠎ᠠ ᠶᠢ ᠰᠤᠳᠤᠯᠵᠤ ᠪᠠᠶᠢᠨ᠎ᠠ᠂ ᠲᠡᠷᠡ ᠲᠦᠷᠦ ᠶᠢᠨ ᠪᠤᠳᠤᠯᠭ᠎ᠠ ᠲᠤᠳᠤᠷᠠᠬᠢ ᠮᠠᠯᠴᠢᠨ ᠠᠶᠢᠯ ᠤᠨ ᠮᠠᠯᠵᠢᠭᠰᠠᠨ ᠲᠤᠭᠤᠯ ᠨᠢ ᠪᠤᠷᠳᠤᠨ ᠲᠠᠷᠭᠤᠯᠠᠭᠤᠯᠬᠤ ᠲᠠᠯᠠᠪᠠᠢ ᠶᠢᠨ ᠠᠪᠬᠤ ᠪᠠᠷᠢᠮᠵᠢᠶᠠᠨ ᠳᠤ ᠬᠦᠷᠪᠡᠯ ᠱᠠᠩᠨᠠᠯ ᠭᠥᠷᠳᠡᠵᠦ ᠪᠣᠯᠣᠨ᠎ᠠ ᠭᠡᠵᠦ ᠳᠤᠷᠠᠳᠤᠭᠰᠠᠨ ᠶᠤᠮ᠂ ᠡᠨᠡ ᠨᠢ ᠮᠠᠨ ᠤ ᠮᠠᠯ ᠤᠨ ᠵᠠᠷᠤᠴᠠᠭᠤᠯᠤᠯᠳᠡ ᠳᠤ ᠪᠠᠰᠠ ᠨᠢᠭᠡᠨ ᠰᠢᠨ᠎ᠠ ᠵᠠᠮ ᠨᠡᠭᠡᠭᠡᠭᠳᠡᠯ᠎ᠠ ᠭᠡᠵᠤ ᠤᠶᠢᠯᠠᠭᠠᠵᠦ ᠪᠤᠯᠤᠨ᠎ᠠ︾ ᠭᠡᠵᠦ   ᠬᠠᠰᠭᠤᠸ᠎ᠠ ᠶᠠᠷᠢᠨ᠎ᠠ᠃ 2017 ᠣᠨ ᠳᠤ᠂ ᠡᠳᠡᠨ ᠤ ᠬᠢᠨ ︽ᠬᠤᠨᠢ ᠶᠢ ᠴᠥᠭᠡᠴᠢᠯᠡᠵᠦ ᠦᠬᠡᠷ ᠢ ᠨᠡᠮᠡᠭᠳᠡᠭᠦᠯᠬᠦ︾ ᠲᠥᠷᠥ ᠶᠢᠨ ᠪᠣᠳᠣᠯᠭ᠎ᠠ ᠶᠢᠨ ᠤᠷᠢᠶᠠᠯᠠᠭ᠎ᠠ ᠶᠢ ᠳᠠᠭᠠᠵᠤ᠂ ᠨᠤᠲᠤᠭ ᠤᠨ ᠬᠤᠨᠢ ᠪᠠ ᠦᠬᠡᠷ ᠢᠶᠠᠨ ᠬᠤᠳᠠᠯᠳᠤᠬᠰᠠᠨ ᠤ ᠳᠠᠷᠠᠭ᠎ᠠ᠂ 64 ᠰᠢᠮᠧᠨ᠋ᠲ᠋ᠠᠷ ᠦᠬᠡᠷ  ᠤᠷᠤᠭᠤᠯᠤᠨ ᠠᠪᠴᠢᠷᠠᠵᠦ ᠮᠢᠬᠠᠨ ᠤ ᠦᠬᠡᠷ ᠤᠨ ᠠᠵᠤ ᠦᠢᠯᠡᠰ ᠢ ᠬᠥᠭᠵᠢᠭᠦᠯᠵᠠᠢ᠃ ᠣᠶᠢᠷ᠎ᠠ ᠶᠢᠨ ᠵᠢᠯ ᠠᠴᠠ᠂ ᠡᠯ᠎ᠡ ᠵᠦᠢᠯ ᠤᠨ ᠲᠦᠷᠦ ᠶᠢᠨ ᠪᠣᠳᠣᠯᠭ᠎ᠠ ᠶᠢᠨ ᠳᠡᠮᠵᠢᠯᠭᠡ ᠪᠠ ᠣᠳᠣᠬᠢᠴᠢᠯᠠᠭᠰᠠᠨ ᠮᠠᠯ ᠠᠵᠤ ᠠᠬᠤᠢ ᠶᠢᠨ ᠮᠠᠰᠢᠨ ᠮᠧᠬᠠᠨᠢᠭ ᠤᠨ ᠳᠡᠮᠵᠢᠯᠭᠡ ᠳᠣᠣᠷ᠎ᠠ᠂ ᠡᠳᠡᠨ ᠤ ᠬᠢᠨ ᠮᠢᠬᠠᠨ ᠤ ᠦᠬᠡᠷ ᠮᠠᠯᠵᠢᠬᠤ ᠣᠷᠴᠢᠨ ᠨᠦᠬᠦᠴᠡᠯ ᠢ ᠲᠠᠰᠤᠷᠠᠯᠲᠠ ᠦᠭᠡᠢ ᠰᠠᠶᠢᠵᠢᠷᠠᠭᠤᠯᠵᠤ᠂ ᠣᠳᠣᠬᠢᠴᠢᠯᠠᠭᠰᠠᠨ ᠰᠢᠨᠵᠢᠯᠡᠬᠦ ᠤᠬᠠᠭᠠᠨᠴᠢ ᠲᠡᠵᠢᠭᠡᠨ ᠦᠷᠡᠵᠢᠭᠦᠯᠬᠦ ᠵᠠᠭᠪᠤᠷ ᠢ ᠬᠡᠷᠡᠭᠵᠢᠬᠦᠯᠦᠭᠰᠡᠨ ᠢᠶᠠᠷ ᠮᠠᠯ ᠰᠦᠷᠦᠭ ᠤᠨ ᠶᠠᠰᠤ ᠴᠢᠨᠠᠷ ᠮᠡᠳᠡᠭᠳᠡᠮ᠎ᠡ ᠳᠡᠭᠡᠭᠰᠢᠯᠡᠵᠡᠢ᠃  ᠬᠠᠰᠭᠤᠸ᠎ᠠ ᠶᠢᠨ ᠬᠢ ᠣᠳᠣ 110 ᠰᠢᠮᠧᠨ᠋ᠲ᠋ᠠᠷ ᠦᠬᠡᠷ ᠮᠠᠯᠵᠢᠵᠦ᠂ ᠨᠢᠳᠤᠨᠤᠨ ᠵᠢᠯ 50 ᠲᠤᠭᠤᠯ ᠢᠶᠠᠨ ᠲᠡᠭᠰᠢᠳᠬᠡᠭᠡᠳ 8000 ᠲᠥᠭᠦᠷᠢᠭ ᠢᠶᠠᠷ ᠬᠤᠳᠠᠯᠳᠤᠵᠠᠢ᠃      ᠨᠠᠷᠠᠰᠤ ᠪᠣᠯ ᠠᠪᠠᠭ᠎ᠠ ᠬᠤᠰᠢᠭᠤᠨ ᠤ ᠬᠦᠭᠵᠢᠯ ᠦᠭᠡᠷ ᠬᠤᠨᠢ ᠲᠡᠵᠢᠭᠡᠨ ᠦᠷᠡᠵᠢᠬᠦᠯᠬᠦ ᠬᠤᠷᠰᠢᠶᠠᠵᠢᠯ ᠤᠨ ᠭᠡᠷᠡᠭ ᠡᠷᠬᠢᠯᠡᠭᠴᠢᠳ ᠤᠨ ᠳᠠᠷᠤᠭ᠎ᠠ ᠪᠤᠯᠤᠨ᠎ᠠ᠂ ᠲᠣᠰ ᠬᠤᠷᠰᠢᠶᠠᠵᠢᠯ ᠪᠣᠯ 5 ᠮᠠᠯᠵᠢᠬᠤ ᠡᠷᠦᠬᠡ ︽ᠡᠵᠡᠩᠨᠡᠯᠲᠡ ᠶᠢᠨ ᠴᠢᠨᠠᠷᠲᠠᠢ ᠡᠳ᠋ ᠬᠥᠷᠥᠩᠭᠡ ᠶᠢᠨ ᠪᠡᠯᠡ ᠮᠥᠩᠭᠦ ᠪᠠᠷ ᠬᠤᠪᠢ ᠣᠷᠣᠭᠤᠯᠤᠨ ᠬᠤᠷᠰᠢᠬᠤ︾ ᠠᠷᠭ᠎ᠠ ᠮᠠᠶ᠋ᠢᠭ ᠢᠶᠠᠷ ᠪᠠᠶᠢᠭᠤᠯᠤᠭᠰᠠᠨ ᠬᠤᠪᠢ ᠣᠷᠣᠭᠤᠯᠬᠤ ᠳᠦᠷᠢᠮᠲᠦ ᠠᠵᠤ ᠠᠬᠤᠢ ᠶᠢᠨ ᠬᠤᠷᠰᠢᠶᠠᠵᠢᠯ ᠪᠣᠯᠣᠨ᠎ᠠ᠂ ᠪᠠᠶᠢᠭᠤᠯᠤᠭᠳᠠᠭᠰᠠᠨ 6 ᠵᠢᠯ ᠤᠨ ᠲᠤᠷᠰᠢ᠂ ᠬᠤᠷᠠᠭ᠎ᠠ ᠶᠢ ᠲᠥᠪᠯᠡᠷᠡᠭᠦᠯᠦᠨ ᠪᠣᠷᠳᠣᠬᠤ᠂ ᠣᠬᠤᠷ ᠬᠤᠭᠤᠴᠠᠭᠠᠨ ᠳᠤ ᠮᠢᠬᠠᠨ ᠤ ᠦᠬᠡᠷ ᠪᠤᠶᠢᠵᠢᠭᠤᠯᠬᠤ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ᠂ ᠣᠲᠣ ᠦᠶ᠎ᠡ ᠶᠢᠨ ᠮᠠᠯ ᠠᠵᠤ ᠠᠬᠤᠢ ᠶᠢᠨ ᠬᠥᠭᠵᠢᠯᠲᠡ ᠶᠢᠨ ᠵᠠᠮ ᠢᠶᠠᠷ ᠵᠠᠮᠨᠠᠵᠤ᠂ ᠪᠥᠬᠦ ᠡᠳ᠋ ᠬᠥᠷᠥᠩᠭᠡ ᠨᠢ ᠴᠦ 265 ᠲᠦᠮᠡᠨ ᠲᠥᠭᠦᠷᠢᠭ ᠪᠠᠶᠢᠭᠰᠠᠨ ᠠᠴᠠ ᠪᠠᠨ ᠨᠡᠮᠡᠭᠳᠡᠭᠡᠳ 1000 ᠲᠦᠮᠡᠨ ᠲᠥᠭᠦᠷᠢᠭ ᠠᠴᠠ ᠳᠡᠭᠡᠭᠰᠢ ᠪᠣᠯᠤᠭᠰᠠᠨ ᠪᠠᠶᠢᠨ᠎ᠠ᠃      ᠨᠢᠳᠤᠨᠤᠨ ᠬᠤᠷᠰᠢᠶᠠᠵᠢᠯ ᠤᠨ ᠢᠶᠠᠨ 100 ᠲᠤᠭᠤᠯ ᠢ ᠲᠡᠭᠰᠢᠳᠭᠡᠭᠡᠳ 8000 ᠲᠦᠭᠦᠷᠢᠭ ᠢᠶᠠᠷ ᠬᠤᠳᠠᠯᠳᠤᠭᠰᠠᠨ ᠪᠦᠭᠡᠳ ᠤᠶᠢᠷ᠎ᠠ ᠬᠠᠪᠢ ᠠᠴᠠ ᠪᠠᠨ ᠪᠠᠰᠠ 700 ᠳᠤᠭᠤᠯ ᠠᠪᠴᠤ ᠤᠬᠤᠷ ᠬᠤᠭᠤᠴᠠᠭ᠎ᠠ ᠪᠤᠷᠳᠤᠨ ᠲᠠᠷᠭᠤᠯᠠᠭᠤᠯᠵᠤ ᠲᠡᠭᠰᠢᠳᠭᠡᠭᠡᠳ 6000 ᠲᠦᠭᠦᠷᠢᠭ ᠢᠶᠠᠷ ᠬᠤᠳᠠᠯᠳᠤᠭᠰᠠᠨ ᠪᠠᠶᠢᠨ᠎ᠠ᠃ ︽ᠪᠢᠳᠡ ᠲᠦᠷᠦ ᠢᠢᠨ ᠪᠤᠳᠤᠯᠭ᠎ᠠ ᠪᠠᠨ ᠰᠠᠶᠢᠳᠤᠷ ᠠᠰᠢᠭᠯᠠᠵᠤ᠂ ᠮᠠᠯᠴᠢᠳ ᠲᠠᠢ ᠪᠠᠨ ᠬᠠᠮᠳᠤᠷᠠᠵᠤ ᠪᠠᠶᠢᠭᠠᠳ ᠬᠦᠢᠳᠡᠨ ᠬᠦᠮᠦᠷᠭᠡ ᠢᠢᠨ ᠪᠠᠷᠢᠮᠵᠢᠶᠠᠨ ᠳᠤ ᠨᠡᠶᠢᠴᠡᠬᠦ ᠦᠭᠡᠷ ᠪᠤᠷᠳᠤᠨ ᠲᠠᠷᠭᠤᠯᠠᠭᠤᠯᠵᠤ ᠪᠤᠯᠤᠮᠠᠷ ᠪᠠᠶᠢᠨ᠎ᠠ︾ ᠭᠡᠮᠡᠨ ᠶᠠᠷᠢᠭᠰᠠᠨ ᠨᠠᠷᠠᠰᠤ ᠬᠤᠷᠰᠢᠶᠠᠵᠢᠯ ᠤᠨ ᠢᠶᠠᠨ ᠤᠶᠢᠯᠡᠰ  ᠢ  ᠰᠢᠨ᠎ᠠ  ᠱᠠᠳᠤᠨ ᠳᠤ ᠠᠬᠢᠭᠤᠯᠬᠤ ᠳᠤ ᠢᠳᠡᠭᠡᠯ ᠲᠠᠢ ᠪᠠᠶᠢᠯ᠎ᠠ᠃      2016 ᠣᠨ ᠠᠴᠠ ᠨᠠᠭᠠᠰᠢ᠂ ᠮᠠᠨ ᠤ ᠠᠶᠢᠮᠠᠭ ᠨᠡᠶᠢᠲᠡ 10.5 ᠲᠦᠮᠡᠨ ᠰᠢᠯᠢᠳᠡᠭ ᠡᠭᠦᠯᠳᠡᠷ ᠤᠨ ᠮᠢᠬᠠᠨ ᠤ ᠦᠬᠡᠷ ᠢ ᠣᠷᠣᠭᠤᠯᠤᠨ ᠠᠪᠴᠢᠷᠠᠵᠤ᠂ 2023 ᠣᠨ ᠳᠤ ᠮᠢᠬᠠᠨ ᠤ ᠦᠬᠡᠷ ᠤᠨ ᠲᠤᠭ᠎ᠠ 220 ᠲᠦᠮᠡ ᠪᠣᠯᠣᠨ ᠨᠡᠮᠡᠭᠳᠡᠵᠦ᠂ ᠬᠤᠶᠠᠳᠤᠭᠠᠷ ᠦᠶ᠎ᠡ ᠠᠴᠠ ᠳᠡᠭᠡᠭᠰᠢᠬᠢ ᠰᠢᠮᠧᠨ᠋ᠲ᠋ᠠᠷ᠂ ᠠᠩᠭᠢᠰ ᠵᠡᠷᠭᠡ ᠰᠢᠯᠢᠳᠡᠭ ᠡᠭᠦᠯᠳᠡᠷ ᠤᠨ ᠦᠬᠡᠷ ᠤᠨ ᠬᠤᠪᠢ ᠶᠢᠨ ᠵᠢᠩ ᠨᠢᠭᠡᠨᠲᠡ 70% ᠠᠴᠠ ᠳᠡᠭᠡᠭᠰᠢ ᠳᠤ ᠬᠦᠷᠴᠦ᠂ ᠠᠩᠭᠢᠰ ᠵᠡᠷᠭᠡ ᠳᠡᠭᠡᠳᠦ ᠲᠠᠰ ᠤᠨ ᠮᠢᠬᠠᠨ ᠤ ᠦᠬᠡᠷ ᠲᠡᠵᠢᠭᠡᠨ ᠦᠷᠡᠵᠢᠭᠦᠯᠬᠦ ᠬᠡᠪᠴᠢᠶ᠎ᠡ ᠪᠥᠬᠦ ᠣᠷᠣᠨ ᠤ ᠲᠡᠷᠢᠭᠦᠨ ᠳᠤ ᠣᠷᠣᠵᠤ᠂ ᠵᠢᠯ ᠳᠤ 90 ᠲᠦᠮᠡᠨ ᠮᠢᠬᠠᠨ ᠤ ᠦᠬᠡᠷ ᠵᠠᠷᠤᠴᠠᠭᠤᠯᠵᠦ᠂ ᠡᠮᠦᠨᠡᠲᠦ ᠬᠡᠰᠡᠭ ᠤᠨ ᠬᠤᠰᠢᠭᠤ ᠰᠢᠶᠠᠨ᠂ ᠡᠯᠡᠰᠦᠷᠬᠡᠭ ᠭᠠᠵᠠᠷ ᠪᠠ ᠭᠤᠣᠯ ᠪᠣᠯᠬᠤ ᠤᠰᠤᠨ ᠰᠢᠰᠲ᠋ᠧᠮ ᠤᠨ ᠰᠠᠪᠠ ᠭᠠᠵᠠᠷ ᠢᠶᠠᠷ ᠭᠤᠣᠯᠳᠠᠯᠭ᠎ᠠ ᠪᠣᠯᠭᠠᠭᠰᠠᠨ᠂ ᠰᠢᠮᠧᠨ᠋ᠲ᠋ᠠᠷ᠂ ᠠᠩᠭᠢᠰ ᠦᠬᠡᠷ ᠢᠶᠠᠷ ᠭᠤᠣᠯ ᠪᠣᠯᠭᠠᠭᠰᠠᠨ ᠴᠢᠨᠠᠷ ᠰᠠᠶᠢᠲᠠᠢ ᠰᠢᠯᠢᠳᠡᠭ ᠡᠭᠦᠯᠳᠡᠷ ᠤᠨ ᠮᠢᠬᠠᠨ ᠤ ᠦᠬᠡᠷ ᠤᠨ ᠠᠵᠤ ᠦᠢᠯᠡᠰ ᠤᠨ ᠪᠦᠰᠡ ᠶᠢ ᠪᠣᠶ ᠪᠣᠯᠭᠠᠪᠠ᠃      ᠠᠶᠢᠮᠠᠭ ᠤᠨ ᠲᠠᠷᠢᠶᠡᠯᠡᠩ ᠮᠠᠯ ᠠᠵᠤ ᠠᠬᠤᠢ ᠶᠢᠨ ᠲᠤᠪᠴᠢᠶᠠᠨ ᠤ ᠮᠠᠯ ᠠᠵᠤ ᠠᠬᠤᠢ ᠶᠢᠨ ᠰᠠᠯᠠᠭᠠᠨ ᠤ ᠳᠠᠷᠤᠭ᠎ᠠ ᠪᠠᠶᠠᠷ᠄ ︽ᠮᠢᠬᠠᠨ ᠤ ᠦᠭᠡᠷ ᠤᠨ ᠠᠵᠤ ᠤᠶᠢᠯᠡᠰ ᠤᠨ ᠬᠦᠭᠵᠢᠯᠳᠡ ᠶᠢ ᠲᠡᠳᠬᠦᠨ ᠳᠡᠮᠵᠢᠬᠦ ᠠᠷᠭ᠎ᠠ ᠳᠤ ᠭᠤᠤᠯᠳᠠᠯᠭᠠᠳᠤ ᠰᠦᠷᠦᠭ ᠢ ᠱᠠᠩᠨᠠᠨ ᠵᠤᠷᠢᠭᠵᠢᠭᠤᠯᠬᠤ ᠠᠭᠤᠯᠭ᠎ᠠ ᠪᠤᠯᠤᠨ ᠮᠢᠬᠠᠨ ᠤ ᠦᠭᠡᠷ ᠤᠨ ᠰᠢᠯᠢᠳᠡᠭ ᠢᠴᠡᠭᠡᠯ ᠦᠷ᠎ᠠ ᠶᠢᠨ ᠭᠡᠭᠡᠯᠳᠦᠬᠦᠯᠭᠡ ᠶᠢᠨ ᠠᠵᠢᠯ ᠤᠨ ᠠᠷᠭ᠎ᠠ ᠪᠠᠷᠢᠯ ᠢ ᠤᠯᠠᠮ ᠨᠢᠭᠡ ᠠᠯᠬᠤᠮ ᠪᠦᠷᠢᠨᠰᠢᠬᠦᠯᠵᠤ᠂ ᠢᠴᠡᠭᠡᠯ ᠦᠷ᠎ᠠ ᠶᠢᠨ ᠭᠡᠭᠡᠯᠳᠦᠬᠦᠯᠭᠡ ᠶᠢᠨ ᠬᠡᠪᠴᠢᠶ᠎ᠠ ᠶᠢ ᠦᠷᠭᠡᠳᠭᠡᠬᠦ ᠪᠠ ᠮᠢᠬᠠᠨ ᠤ ᠦᠭᠡᠷ ᠤᠨ ᠢᠴᠡᠭᠡᠯ ᠦᠷ᠎ᠠ ᠶᠢᠨ ᠨᠡᠶᠢᠭᠡᠮᠴᠢᠯᠡᠭᠰᠡᠨ ᠤᠶᠢᠯᠡᠴᠢᠯᠡᠭᠡᠨ ᠤ ᠠᠵᠢᠯ ᠵᠡᠷᠬᠡ ᠶᠢ ᠨᠡᠮᠡᠭᠳᠡᠬᠦᠯᠪᠠ︔ ᠮᠢᠬᠠᠨ ᠤ ᠦᠭᠡᠷ ᠢ ᠬᠡᠪᠴᠢᠶᠡᠵᠢᠬᠦᠯᠦᠨ ᠲᠡᠵᠢᠭᠡᠨ ᠦᠷᠡᠵᠢᠬᠦᠯᠬᠦ ᠲᠦᠷᠦ ᠶᠢᠨ ᠪᠤᠳᠤᠯᠭ᠎ᠠ ᠠᠷᠭ᠎ᠠ ᠭᠡᠮᠵᠢᠶᠠᠨ ᠤ ᠲᠠᠯ᠎ᠠ ᠪᠠᠷ᠂ ᠭᠤᠤᠯᠳᠠᠯᠭ᠎ᠠ ᠲᠠᠢ ᠭᠠᠵᠠᠷ ᠤᠷᠤᠨ ᠤ ᠮᠠᠯ ᠠᠵᠤ ᠠᠬᠤᠢ ᠶᠢᠨ ᠰᠠᠭᠤᠷᠢ ᠲᠦᠭᠦᠭᠡᠷᠤᠮᠵᠢ ᠶᠢᠨ ᠪᠦᠳᠦᠭᠡᠨ ᠪᠠᠶᠢᠭᠤᠯᠤᠯᠳᠠ ᠳᠤ ᠨᠦᠬᠦᠪᠦᠷᠢ ᠤᠯᠭᠤᠬᠤ ᠠᠭᠤᠯᠭ᠎ᠠ ᠳᠤ ᠵᠠᠰᠠᠪᠤᠷᠢ ᠤᠷᠤᠭᠤᠯᠵᠤ᠂ ᠲᠡᠵᠢᠭᠡᠯ ᠪᠤᠷᠳᠤᠭ᠎ᠠ ᠰᠤᠳᠤᠯᠤᠨ ᠤᠶᠢᠯᠡᠳᠪᠤᠷᠢᠯᠡᠬᠦ ᠵᠡᠷᠬᠡ ᠳᠤ ᠪᠠᠰᠠ ᠲᠡᠮᠵᠢᠯᠭᠡ ᠦᠵᠡᠬᠦᠯᠬᠦ ᠪᠠᠷ ᠪᠤᠯᠪᠠ︔ ᠲᠠᠬᠢᠪᠠᠯ ᠮᠢᠬᠠᠨ ᠤ ᠦᠭᠡᠷ ᠢ ᠡᠷᠦᠬᠡ ᠮᠠᠯᠵᠢᠵᠤ ᠠᠵᠤ ᠠᠬᠤᠶᠢᠯᠠᠯ ᠪᠤᠷᠳᠤᠨ ᠲᠠᠷᠭᠤᠯᠠᠭᠤᠯᠬᠤ᠂ ᠠᠶᠢᠮᠠᠭ ᠤᠨ ᠲᠤᠳᠤᠷᠠᠬᠢ ᠮᠢᠬᠠᠨ ᠤ ᠦᠭᠡᠷ ᠢ ᠪᠤᠷᠳᠤᠨ ᠲᠠᠷᠭᠤᠯᠠᠭᠤᠯᠬᠤ ᠠᠵᠤ ᠠᠬᠤᠶᠢᠯᠠᠯ᠂ ᠠᠶᠢᠮᠠᠭ ᠤᠨ ᠲᠤᠳᠤᠷᠠᠬᠢ ᠠᠯᠠᠵᠤ ᠨᠢᠳᠤᠯᠤᠨ ᠨᠠᠷᠢᠯᠢᠭ ᠡᠳ᠋ᠰᠢᠬᠦᠯᠤᠨ ᠪᠤᠯᠪᠠᠰᠤᠷᠠᠭᠤᠯᠬᠤ ᠠᠵᠤ ᠠᠬᠤᠶᠢᠯᠠᠯ ᠪᠤᠯᠤᠨ ᠮᠢᠠᠬᠨ ᠤ ᠦᠭᠡᠷ ᠤᠨ ᠬᠦᠯᠳᠡᠬᠦᠤ ᠬᠡᠯᠬᠢᠶᠡᠳᠦ ᠬᠦᠢᠯᠭᠡᠭᠡᠨ ᠤ  ᠰᠢᠰᠲ᠋ᠧᠮ ᠤᠨ ᠪᠠᠶᠢᠭᠤᠯᠤᠯᠳᠠ ᠵᠡᠷᠬᠡ ᠶᠢ ᠭᠤᠤᠯᠳᠠᠯᠭ᠎ᠠ ᠲᠠᠢ ᠳᠡᠮᠵᠢᠨ᠎ᠠ᠃ ᠭᠤᠷᠪᠠᠨ ᠵᠦᠢᠯ ᠤᠨ ᠲᠥᠷᠥ ᠶᠢᠨ ᠪᠣᠳᠣᠯᠭ᠎ᠠ ᠶᠢᠨ ᠲᠡᠳᠬᠦᠨ ᠳᠡᠮᠵᠢᠬᠦ ᠴᠢᠭᠯᠡᠯ ᠲᠣᠳᠣᠷᠬᠠᠢ᠂ ᠲᠡᠳᠬᠦᠨ ᠳᠡᠮᠵᠢᠬᠦ ᠡᠷᠴᠢᠮ ᠨᠡᠯᠢᠶᠡᠳ ᠴᠢᠩᠭ᠎ᠠ᠂ ᠬᠠᠷᠢᠯᠴᠠᠨ ᠬᠤᠯᠪᠣᠭ᠎ᠠ ᠲᠠᠢ ᠪᠠᠶᠢᠵᠤ᠂ ᠮᠠᠨ ᠤ ᠠᠶᠢᠮᠠᠭ ᠤᠨ ᠮᠢᠬᠠᠨ ᠤ ᠦᠬᠡᠷ ᠤᠨ ᠪᠥᠬᠦ ᠠᠵᠤ ᠦᠢᠯᠡᠰ ᠤᠨ ᠬᠡᠯᠬᠢᠶ᠎ᠡ ᠶᠢᠨ ᠴᠢᠨᠠᠷ ᠰᠠᠶᠢᠲᠠᠢ ᠬᠥᠭᠵᠢᠯᠲᠡ ᠳᠤ ᠲᠥᠷᠥ ᠶᠢᠨ ᠪᠣᠳᠣᠯᠭ᠎ᠠ ᠶᠢᠨ ᠪᠠᠲᠤᠯᠠᠭ᠎ᠠ ᠬᠠᠩᠭᠠᠭᠰᠠᠨ ᠪᠠᠶᠢᠨ᠎ᠠ︾ ᠭᠡᠵᠤ ᠶᠠᠷᠢᠯ᠎ᠠ᠃      ︽ᠡᠳ᠋ ᠤᠨ ᠵᠠᠰᠠᠭ ᠤᠨ ᠨᠦᠬᠦᠪᠦᠷᠢ ᠶᠢᠨ ᠲᠦᠷᠦ ᠶᠢᠨ ᠪᠤᠳᠤᠯᠭ᠎ᠠ ᠠᠴᠠ ᠠᠪᠴᠤ ᠶᠠᠷᠢᠪᠠᠯ᠂ ᠮᠠᠨ ᠤ ᠠᠶᠢᠮᠠᠭ ᠮᠢᠬᠠᠨ ᠤ ᠦᠭᠡᠷ ᠢ ᠨᠠᠷᠢᠯᠢᠭ ᠡᠳ᠋ᠰᠢᠬᠦᠯᠤᠨ ᠪᠤᠯᠪᠠᠰᠤᠷᠠᠭᠤᠯᠬᠤ ᠠᠵᠤ ᠤᠶᠢᠯᠡᠰ ᠢ ᠳᠡᠮᠵᠢᠬᠦ ᠡᠷᠴᠢᠮ ᠢᠶᠠᠨ ᠪᠦᠬᠦ ᠲᠠᠯ᠎ᠠ ᠪᠠᠷ ᠨᠡᠮᠡᠭᠳᠡᠬᠦᠯᠵᠤ ᠪᠠᠶᠢᠨ᠎ᠠ᠃  ᠵᠢᠱᠢᠶᠡᠯᠡᠪᠡᠯ᠂ ᠠᠶᠢᠮᠠᠭ ᠤᠨ ᠲᠤᠳᠤᠷᠠᠬᠢ ᠮᠢᠬᠠᠨ ᠤ ᠦᠭᠡᠷ ᠮᠠᠯᠵᠢᠵᠤ ᠪᠤᠢ ᠡᠷᠦᠬᠡ ᠨᠢ ᠬᠡᠪᠴᠢᠶᠡᠵᠢᠭᠰᠡᠨ ᠪᠤᠷᠳᠤᠨ ᠲᠠᠷᠭᠤᠯᠠᠭᠤᠯᠬᠤ ᠲᠠᠯᠠᠪᠠᠢ ᠳᠤ ᠪᠠᠷᠢᠮᠵᠢᠶᠡᠨ ᠳᠤ ᠬᠦᠷᠦᠭᠰᠡᠨ ᠲᠤᠭᠤᠯ ᠢᠶᠠᠨ ᠬᠤᠳᠠᠯᠳᠤᠵᠤ ᠦᠭᠬᠦ᠂ ᠠᠶᠢᠮᠠᠭ ᠤᠨ ᠲᠤᠳᠤᠷᠠᠬᠢ ᠮᠢᠬᠠᠨ ᠤ ᠦᠭᠡᠷ ᠪᠤᠷᠳᠤᠨ ᠲᠠᠷᠭᠤᠯᠠᠭᠤᠯᠬᠤ ᠲᠠᠯᠠᠪᠠᠢ ᠨᠢ ᠪᠤᠷᠳᠤᠨ ᠲᠠᠷᠭᠤᠯᠠᠭᠤᠯᠤᠭᠰᠠᠨ ᠦᠭᠡᠷ ᠢᠶᠠᠨ ᠠᠶᠢᠮᠠᠭ ᠤᠨ ᠲᠤᠳᠤᠷᠠᠬᠢ ᠦᠭᠡᠷ ᠤᠨ ᠮᠢᠬ᠎ᠠ ᠡᠳ᠋ᠰᠢᠬᠦᠯᠤᠨ ᠪᠤᠯᠪᠠᠰᠤᠷᠠᠭᠤᠯᠬᠤ ᠠᠵᠤ ᠠᠬᠤᠶᠢᠯᠠᠯ ᠳᠤ ᠬᠤᠳᠠᠯᠳᠤᠵᠤ ᠦᠭᠪᠠᠯ ᠱᠠᠩᠨᠠᠨ ᠵᠤᠷᠢᠭᠵᠢᠭᠤᠯᠤᠨ᠎ᠠ︾ ᠭᠡᠵᠤ ᠠᠶᠢᠮᠠᠭ ᠤᠨ ᠡᠳ᠋ ᠤᠨ ᠵᠠᠰᠠᠭ ᠤᠨ ᠲᠤᠪᠴᠢᠶᠠᠨ ᠤ ᠲᠠᠷᠢᠶᠠᠯᠠᠩ ᠮᠠᠯ ᠠᠵᠤ ᠠᠬᠤᠢ ᠶᠢᠨ ᠰᠠᠯᠠᠭᠠᠨ ᠤ ᠳᠠᠷᠤᠭ᠎ᠠ ᠤᠷᠬᠢᠯ ᠶᠠᠷᠢᠯ᠎ᠠ᠃
 
ᠢᠷᠡᠯᠲᠡ᠄ ᠰᠢᠯᠢ ᠶᠢᠨ ᠭᠤᠤᠯ ᠤᠨ ᠮᠤᠩᠭᠤᠯ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号