ᠰᠢᠯᠢ ᠶᠢᠨ ᠬᠤᠲᠠ ᠭᠤᠣᠯ ᠮᠥᠷᠡᠨ ᠨᠠᠭᠤᠷ ᠴᠥᠭᠦᠷᠥᠮ ᠤᠨ ᠬᠠᠮᠢᠶᠠᠷᠤᠯᠲᠠ ᠬᠠᠮᠠᠭᠠᠯᠠᠯᠲᠠ ᠶᠢᠨ ᠠᠵᠢᠯ ᠢ ᠰᠠᠶᠢᠲᠤᠷ ᠬᠢᠵᠦ ᠪᠤᠢ
ᠨᠡᠶᠢᠲᠡᠯᠡᠭᠰᠡᠨ ᠴᠠᠭ᠄
2024/4/12
     ᠣᠶᠢᠷ᠎ᠠ ᠶᠢᠨ ᠵᠢᠯ ᠠᠴᠠ᠂ ᠰᠢᠯᠢ ᠶᠢᠨ ᠬᠤᠲᠠ ᠭᠤᠣᠯ ᠮᠥᠷᠡᠨ ᠨᠠᠭᠤᠷ ᠴᠥᠭᠦᠷᠥᠮ ᠢ ᠵᠠᠰᠠᠬᠤ ᠠᠵᠢᠯ ᠤᠨ ᠰᠡᠳᠬᠢᠮᠵᠢ ᠪᠠᠨ ᠲᠠᠰᠤᠷᠠᠯᠲᠠ ᠦᠭᠡᠢ ᠰᠢᠨᠡᠴᠢᠯᠡᠵᠦ᠂ ᠭᠤᠣᠯ ᠮᠥᠷᠡᠨ ᠨᠠᠭᠤᠷ ᠴᠥᠭᠦᠷᠥᠮ ᠢ ᠪᠠᠶᠢᠩᠭᠤᠵᠢᠭᠤᠯᠤᠨ ᠬᠠᠮᠢᠶᠠᠷᠴᠤ ᠬᠠᠮᠠᠭᠠᠯᠠᠬᠤ ᠬᠢᠷᠢ ᠲᠦᠪᠰᠢᠨ ᠢᠶᠠᠨ ᠦᠷᠭᠦᠯᠵᠢᠯᠡᠨ ᠳᠡᠭᠡᠭᠰᠢᠯᠡᠭᠦᠯᠵᠦ᠂ ᠭᠤᠣᠯᠳᠠᠯᠭ᠎ᠠ ᠲᠠᠢ ᠰᠠᠪᠠ ᠭᠠᠵᠠᠷ ᠤᠨ ᠵᠠᠰᠠᠯᠲᠠ ᠶᠢ ᠴᠢᠩᠭᠠᠳᠬᠠᠬᠤ ᠪᠠᠷ ᠰᠠᠭᠤᠷᠢ ᠪᠣᠯᠭᠠᠠ᠂ ᠪᠦᠬᠦ ᠬᠤᠲᠠ ᠶᠢᠨ ᠭᠤᠣᠯ ᠮᠥᠷᠡᠨ ᠨᠠᠭᠤᠷ ᠴᠥᠭᠦᠷᠥᠮ ᠤᠨ ᠠᠮᠢ ᠠᠬᠤᠢ ᠶᠢᠨ ᠵᠠᠰᠠᠯᠲᠠ᠂ ᠬᠠᠮᠠᠭᠠᠯᠠᠯᠲᠠ ᠪᠠ ᠰᠡᠷᠭᠦᠭᠡᠯᠲᠡ ᠶᠢ ᠨᠢᠭᠡᠳᠦᠯᠲᠡᠢ ᠲᠥᠯᠥᠪᠵᠢᠭᠦᠯᠦᠨ ᠠᠬᠢᠭᠤᠯᠵᠤ᠂ ᠪᠦᠳᠦᠮᠵᠢᠳᠠᠢ ᠠᠷᠭ᠎ᠠ ᠬᠡᠮᠵᠢᠶ᠎ᠡ ᠪᠠᠷ ᠭᠤᠣᠯ ᠮᠥᠷᠡᠨ ᠨᠠᠭᠤᠷ ᠴᠥᠭᠦᠷᠥᠮ ᠤᠨ ᠳᠦᠷᠰᠦ ᠪᠠᠶᠢᠳᠠᠯ ᠤᠨ ᠲᠣᠭᠲᠠᠭᠤᠨ ᠢᠶᠠᠷ ᠰᠠᠶᠢᠵᠢᠷᠠᠬᠤ ᠶᠢ ᠠᠬᠢᠭᠤᠯᠵᠠᠢ᠃      ᠭᠤᠣᠯ ᠮᠥᠷᠡᠨ ᠨᠠᠭᠤᠷ ᠴᠥᠭᠦᠷᠥᠮ ᠤᠨ ᠬᠠᠮᠢᠶᠠᠷᠤᠯᠲᠠ ᠶᠢ ᠤᠯᠠᠮ ᠴᠢᠩᠭᠠᠳᠬᠠᠬᠤ ᠶᠢᠨ ᠲᠥᠯᠥᠭᠡ᠂ ᠰᠢᠯᠢ ᠶᠢᠨ ᠬᠤᠲᠠ ︽ᠬᠤᠳᠠ᠂ ᠰᠤᠮᠤ᠂ ᠭᠠᠴᠠᠭ᠎ᠠ︾ ᠭᠤᠷᠪᠠᠨ ᠳᠡᠰ ᠤᠨ ᠭᠤᠣᠯ ᠮᠥᠷᠡᠨ ᠨᠠᠭᠤᠷ ᠴᠥᠭᠦᠷᠥᠮ ᠤᠨ ᠳᠠᠷᠤᠭ᠎ᠠ ᠶᠢᠨ ᠰᠢᠰᠲ᠋ᠧᠮ ᠢ ᠪᠠᠶᠢᠭᠤᠯᠤᠨ ᠪᠦᠷᠢᠨᠰᠢᠭᠦᠯᠵᠦ᠂ ᠭᠤᠷᠪᠠᠠ ᠳᠡᠰ ᠤᠨ ᠭᠤᠣᠯ ᠮᠥᠷᠡᠨ ᠨᠠᠭᠤᠷ ᠴᠥᠭᠦᠷᠥᠮ ᠤᠨ ᠳᠠᠷᠤᠭ᠎ᠠ ᠶᠢ 99᠎ ᠶᠢ ᠲᠣᠬᠢᠷᠠᠭᠤᠯᠵᠤ᠂ ᠤᠯᠠᠷᠢᠯ ᠪᠦᠷᠢ᠂ ᠰᠠᠷ᠎ᠠ ᠪᠦᠷᠢ᠂ ᠭᠠᠷᠠᠭ ᠪᠦᠷᠢ ᠠᠳᠠᠭ ᠲᠠᠭᠠᠨ ᠨᠢᠭᠡ ᠤᠳᠠᠭ᠎ᠠ ᠪᠦ᠋ᠬᠦ ᠬᠤᠳᠠ ᠶᠢᠨ ᠭᠤᠣᠯ ᠮᠥᠷᠡᠨ ᠳᠤ ᠪᠠᠶᠢᠩᠭᠤ ᠶᠢᠨ ᠲᠣᠭᠤᠷᠢᠨ ᠪᠠᠶᠢᠴᠠᠭᠠᠯᠲᠠ ᠬᠢᠬᠦ ᠪᠤᠯᠪᠠ᠃ ᠡᠭᠦᠨ ᠤ ᠬᠠᠮᠲᠤ᠂ ᠤᠯᠠᠨ ᠰᠠᠯᠠᠭ᠎ᠠ ᠮᠥᠴᠢᠷ ᠬᠠᠮᠲᠤᠷᠠᠨ ᠬᠠᠤᠯᠢ ᠬᠡᠷᠡᠭᠵᠢᠭᠦᠯᠬᠦ ᠠᠵᠢᠯ ᠤᠨ ᠲᠣᠭᠲᠠᠴᠠ ᠶᠢ ᠰᠢᠨ᠎ᠡ ᠪᠠᠷ ᠡᠭᠦᠳᠴᠦ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠣᠯᠣᠨ ᠡᠷᠡᠭᠦᠦ ᠶᠢᠨ ᠬᠡᠷᠡᠭ ᠤᠨ ᠬᠠᠤᠯᠢ ᠪᠠᠷᠢᠬᠤ ᠶᠢᠨ ᠪᠦ᠋ᠲᠦᠮᠵᠢᠲᠡᠢ ᠵᠣᠯᠭᠠᠯᠴᠠᠭ᠎ᠠ ᠶᠢ ᠴᠢᠩᠭᠠᠳᠬᠠᠠ᠂ ᠲᠤᠰᠢᠶᠠᠯ  ᠬᠠᠷᠢᠭᠤᠴᠠᠯᠭ᠎ᠠ  ᠪᠠᠨ  ᠭᠦᠢᠴᠡᠳᠬᠡᠬᠦ᠂ ᠡᠭᠦᠷᠭᠡ ᠴᠢᠳᠠᠪᠬᠢ ᠪᠠᠨ ᠬᠠᠷᠢᠯᠴᠠᠨ ᠨᠥᠬᠦᠪᠦᠷᠢᠯᠡᠬᠦ ᠪᠠᠷ ᠳᠠᠮᠵᠢᠨ ᠬᠠᠮᠲᠤᠪᠠᠷ ᠠᠳᠬᠤᠵᠤ ᠬᠠᠮᠲᠤᠪᠠᠷ ᠬᠠᠮᠢᠶᠠᠷᠤᠨ᠂ ᠦᠷ᠎ᠡ ᠪᠦᠲᠦᠮᠵᠢ ᠭᠠᠷᠭᠠᠬᠤ ᠶᠢ ᠠᠬᠢᠭᠤᠯᠪᠠ᠃      ᠣᠯᠠᠨ ᠲᠦᠮᠡᠨ ᠤ ᠣᠷᠴᠢᠨ ᠲᠣᠭᠤᠷᠢᠨ ᠢ ᠬᠠᠮᠠᠭᠠᠯᠠᠬᠤ ᠤᠬᠠᠮᠰᠠᠷ ᠢ ᠴᠢᠩᠭᠠᠳᠬᠠᠵᠦ᠂ ᠭᠤᠣᠯ ᠮᠥᠷᠡᠨ ᠨᠠᠭᠤᠷ ᠴᠥᠭᠦᠷᠥᠮ ᠤᠨ ᠠᠮᠢ ᠠᠬᠤᠢ ᠶᠢᠨ ᠬᠠᠮᠠᠭᠠᠯᠠᠯᠲᠠ ᠶᠢᠨ ᠢᠳᠡᠪᠬᠢᠵᠢᠯ ᠪᠠ ᠰᠠᠨᠠᠭᠠᠴᠢᠯᠠᠭᠠᠲᠤ ᠴᠢᠨᠠᠷ ᠢ ᠦᠨᠡᠨ ᠬᠦ ᠳᠠᠶᠢᠴᠢᠯᠠᠬᠤ ᠶᠢᠨ ᠲᠦᠯᠦᠭᠡ ᠰᠢᠯᠢ ᠶᠢᠨ ᠬᠤᠲᠠ ᠰᠦᠯᠵᠢᠶᠡᠨ ᠳᠡᠭᠡᠷᠡᠬᠢ ᠪᠠ ᠰᠦᠯᠵᠢᠶᠡᠨ ᠭᠠᠳᠠᠨᠠᠬᠢ ᠣᠯᠠᠨ ᠵᠦᠢᠯ ᠤᠨ ᠠᠷᠭ᠎ᠠ ᠬᠡᠯᠪᠡᠷᠢ ᠶᠢ ᠭᠦᠢᠴᠡᠳ ᠠᠰᠢᠭᠯᠠᠠ᠂ ᠤᠬᠠᠭᠤᠯᠵᠤ ᠬᠥᠲᠥᠯᠥᠨ ᠵᠢᠯᠤᠭᠤᠳᠬᠤ ᠡᠷᠴᠢᠮ ᠢᠶᠠᠨ ᠴᠢᠩᠭᠠᠷᠠᠭᠤᠯᠵᠦ᠂ ︽ᠳᠡᠯᠡᠬᠡᠢ ᠶᠢᠨ ᠣᠷᠴᠢᠨ ᠲᠣᠭᠤᠷᠢᠨ ᠤ ᠡᠳᠦᠷ︾᠂ ︽ᠳᠡᠯᠡᠬᠡᠢ ᠶᠢᠨ ᠤᠰᠤᠨ ᠤ ᠡᠳᠦᠷ︾᠂ ︽ᠳᠤᠮᠳᠠᠳᠤ ᠤᠯᠤᠰ ᠤᠨ ᠤᠰᠤᠨ ᠤ ᠭᠠᠷᠠᠭ︾ ᠵᠡᠷᠭᠡ ᠵᠠᠩᠭᠢᠯᠠᠭ᠎ᠠ ᠶᠢᠨ ᠴᠠᠭ ᠦᠶ᠎ᠠ ᠶᠢ ᠲᠤᠬᠢᠶᠠᠯᠳᠤᠭᠤᠯᠤᠨ᠂ ᠠᠳᠠᠯᠢ ᠪᠤᠰᠤ ᠭᠤᠣᠯ ᠰᠡᠳᠦᠪᠲᠦ ᠤᠬᠠᠭᠤᠯᠭ᠎ᠠ ᠶᠢᠨ ᠠᠵᠢᠯᠯᠠᠭ᠎ᠠ ᠶᠢ ᠥᠷᠨᠢᠭᠦᠯᠵᠦ᠂ ᠡᠨᠡ ᠬᠦ ᠬᠤᠭᠤᠴᠠᠭᠠᠨ ᠳᠤ ᠪᠠᠰᠠ ︽ᠭᠤᠣᠯ ᠮᠥᠷᠡᠨ ᠨᠠᠭᠤᠷ ᠴᠥᠭᠦᠷᠥᠮ ᠤᠨ ᠳᠠᠷᠤᠭ᠎ᠠ ᠶᠢᠨ ᠳᠦᠷᠢᠮ + ᠪᠠᠶᠢᠭᠤᠯᠭ᠎ᠠ ᠨᠢᠭᠡᠴᠢ + ᠠᠷᠠᠳ ᠤᠨ ᠳᠤᠮᠳᠠᠬᠢ ᠭᠤᠣᠯ ᠮᠥᠷᠡᠨ ᠤ ᠳᠠᠷᠤᠭ᠎ᠠ︾᠎ ᠶᠢᠨ ᠵᠠᠭᠪᠤᠷ ᠢ ᠡᠬᠢᠯᠡᠠ ᠬᠡᠷᠡᠭᠵᠢᠬᠦᠯᠪᠡ᠃      ᠰᠢᠯᠢ ᠶᠢᠨ ᠬᠤᠲᠠ ᠵᠠᠰᠠᠬᠤ ᠪᠠ ᠰᠡᠷᠭᠡᠶᠢᠯᠡᠬᠦ ᠶᠢ ᠵᠡᠷᠭᠡ ᠪᠠᠷ ᠴᠢᠬᠤᠯᠠᠴᠢᠯᠠᠵᠦ᠂ ᠭᠤᠣᠯ ᠮᠥᠷᠡᠨ ᠨᠠᠭᠤᠷ ᠴᠥᠭᠦᠷᠥᠮ ᠢ ᠬᠠᠮᠢᠶᠠᠷᠴᠦ ᠬᠠᠮᠠᠭᠠᠯᠠᠬᠤ ᠠᠵᠢᠯᠯᠠᠭ᠎ᠠ ᠶᠢ ᠪᠠᠶᠢᠩᠭᠤᠵᠢᠭᠤᠯᠤᠨ᠂ ᠲᠣᠭᠲᠠᠮᠠᠯ ᠬᠤᠭᠤᠴᠠᠭ᠎ᠠ ᠲᠠᠢ ᠪᠠᠷ ᠲᠤᠰᠬᠠᠢ ᠬᠥᠮᠥᠨ ᠵᠣᠬᠢᠶᠠᠨ ᠪᠠᠶᠢᠭᠤᠯᠤᠨ ᠲᠤᠰᠬᠠᠢ ᠵᠢᠬᠰᠠᠭᠠᠨ ᠪᠠᠶᠢᠴᠠᠭᠠᠯᠲᠠ ᠦᠷᠨᠢᠬᠦᠯᠵᠤ᠂ ᠢᠯᠡᠷᠡᠭᠦᠯᠦᠭᠰᠡᠨ ᠠᠰᠠᠭᠤᠳᠠᠯ ᠢ ᠵᠠᠰᠠᠪᠠᠯ ᠵᠣᠬᠢᠬᠤ ᠶᠢ ᠨᠢ ᠴᠥᠮ ᠵᠠᠰᠠᠪᠠ︔ GPS ᠪᠣᠯᠣᠨ ᠵᠢᠯᠣᠭᠤᠴᠢ ᠦᠭᠡᠢ ᠨᠢᠰᠬᠡᠯ ᠵᠡᠷᠭᠡ ᠮᠡᠷᠭᠡᠵᠢᠯ ᠤᠨ ᠲᠥᠬᠦᠭᠡᠷᠦᠮᠵᠢ ᠶᠢ ᠭᠦᠢᠴᠡᠳ ᠠᠰᠢᠭᠯᠠᠨ᠂ ᠭᠤᠣᠯ ᠤᠨ ᠡᠷᠭᠢ ᠭᠤᠣᠯ ᠤᠨ ᠵᠠᠮ ᠳᠤ ᠣᠷᠣᠰᠢᠵᠤ ᠪᠠᠶᠢᠭ᠎ᠠ ᠬᠡᠮ ᠰᠣᠭᠤᠭ ᠢ ᠪᠥᠬᠦ ᠲᠠᠯ᠎ᠠ ᠪᠠᠷ ᠵᠢᠭᠰᠠᠭᠠᠨ ᠪᠠᠶᠢᠴᠠᠭᠠᠪᠠ︔ ᠡᠭᠦᠨ ᠠᠴᠠ ᠭᠠᠳᠠᠨ᠎ᠠ ᠪᠥ᠋ᠬᠦ ᠬᠤᠲᠠ ᠶᠢᠨ ᠭᠤᠣᠯ ᠮᠥᠷᠡᠨ ᠨᠠᠭᠤᠷ ᠴᠥᠭᠦᠷᠥᠮ ᠤᠨ ᠤᠰᠤᠨ ᠤ ᠴᠢᠨᠠᠷ ᠢ ᠬᠢᠨᠠᠨ ᠬᠡᠮᠵᠢᠬᠦ ᠠᠵᠢᠯ ᠢ ᠭᠤᠣᠯᠳᠠᠯᠭ᠎ᠠ ᠲᠠᠢ ᠰᠠᠶᠢᠲᠤᠷ ᠬᠢᠵᠦ᠂ ᠭᠤᠣᠯ ᠮᠥᠷᠡᠨ ᠨᠠᠭᠤᠷ ᠴᠥᠭᠦᠷᠥᠮ ᠤᠨ ᠬᠠᠮᠢᠶᠠᠷᠤᠯᠲᠠ ᠬᠠᠮᠠᠭᠠᠯᠠᠯᠲᠠ ᠳᠤ ᠭᠦᠢᠴᠡᠳ ᠪᠦᠲᠦᠮᠵᠢᠲᠡᠶ ᠲᠤᠭ᠎ᠠ ᠪᠠᠷᠢᠮᠲᠠ ᠶᠢᠨ ᠦᠨᠳᠦᠰᠦᠯᠡᠯ ᠪᠠ ᠮᠡᠷᠭᠡᠵᠢᠯ ᠤᠨ ᠲᠤᠯᠭᠠᠭᠤᠷᠢᠯᠠᠯ ᠬᠠᠩᠭᠠᠵᠠᠢ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号