ᠵᠢᠮᠢᠰ ᠢ ᠬᠠᠯᠠᠭᠤᠯᠵᠤ ᠢᠳᠡᠵᠦ ᠪᠣᠯᠬᠤ ᠦᠭᠡᠢ ᠭᠡᠳᠡᠭ ᠨᠢ ᠪᠤᠷᠤᠭᠤ ᠦᠵᠡᠯᠳᠡ ᠪᠤᠯᠤᠨ᠎ᠠ᠃ ᠡᠨᠡ ᠨᠢ | ᠴᠤᠤᠷᠬᠠᠯ ᠶᠤᠮ︕ ᠣᠯᠠᠩᠬᠢ ᠵᠢᠮᠢᠰ ᠢ ᠬᠠᠯᠠᠭᠠᠭᠰᠠᠨ ᠤ ᠳᠠᠷᠠᠭ᠎ᠠ᠂ ᠰᠢᠮ᠎ᠡ ᠲᠡᠵᠢᠭᠡᠯ ᠨᠢ ᠶᠡᠭᠡ ᠠᠯᠳᠠᠭᠳᠠᠳᠠᠭ | ᠥᠬᠡᠶ᠂ ᠵᠥᠪᠬᠡᠨ ᠪᠠᠭ᠎ᠠ ᠬᠡᠮᠵᠢᠶᠡᠨ ᠤ ᠸᠢᠲ᠋ᠠᠮᠢᠨ C ᠶᠡᠭᠡᠳᠡᠢ ᠵᠢᠮᠢᠰ᠂ ᠵᠢᠱᠢᠶᠡᠯᠡᠪᠡᠯ ᠲᠣᠰᠢᠯᠤᠭ᠂ ᠵᠦᠷᠵᠢ | ᠵᠦᠷᠵᠢᠯᠢᠭ᠂ ᠬᠦᠴᠢᠳᠠᠢ ᠵᠦᠷᠵᠢ᠂ ᠭᠦᠵᠡᠯᠵᠡᠭᠡᠨ᠎ᠡ ᠵᠡᠷᠭᠡ ᠶᠢ ᠬᠠᠯᠠᠭᠠᠭᠰᠠᠨ ᠤ ᠳᠠᠷᠠᠭ᠎ᠠ ᠸᠢᠲ᠋ᠠᠮᠢᠨ C ᠨᠢ | ᠡᠪᠳᠡᠭᠳᠡᠳᠡᠭ᠃ 2 0 ᠵᠢᠮᠢᠰ᠂ ᠠᠯᠢᠮ᠎ᠠ᠂ ᠪᠠᠨᠠᠨᠠ ᠵᠡᠷᠭᠡ ᠸᠢᠲ᠋ᠠᠮᠢᠨ C ᠶᠢᠨ ᠠᠭᠤᠯᠤᠭᠳᠠᠴᠠ ᠨᠢ ᠲᠡᠶᠢᠮᠦ ᠶᠡᠭᠡ | ᠪᠢᠰᠢ ᠪᠤᠯᠬᠤᠷ ᠡᠳᠡᠭᠡᠷ ᠵᠢᠮᠢᠰ ᠢ ᠬᠠᠯᠠᠭᠠᠭᠰᠠᠨ ᠤ ᠳᠠᠷᠠᠭ᠎ᠠ ᠳᠡᠮᠡᠶ ᠶᠡᠭᠡ ᠬᠤᠬᠢᠷᠠᠯ ᠦᠭᠡᠢ ᠶᠤᠮ᠃ᠵᠢᠮᠢᠰ ᠢ | ᠬᠠᠯᠠᠭᠠᠪᠠᠯ ᠢᠳᠡᠭᠡᠨ ᠤ ᠰᠢᠷᠬᠡᠭᠯᠢᠭ ᠨᠢ ᠵᠥᠭᠡᠯᠡᠷᠡᠵᠦ᠂ ᠬᠤᠳᠣᠭᠤᠳᠣ ᠭᠡᠳᠡᠰᠦᠨ ᠳᠤ ᠰᠡᠳᠦᠯᠲᠡ ᠥᠭᠬᠦ ᠶᠢ | ᠪᠠᠭᠠᠰᠬᠠᠬᠤ ᠲᠤᠯᠠ ᠬᠤᠳᠣᠭᠤᠳᠣ ᠭᠡᠳᠡᠰᠦᠨ ᠤ ᠠᠵᠢᠯᠯᠠᠭ᠎ᠠ ᠨᠢ ᠨᠡᠯᠢᠶᠡᠳ ᠪᠠᠭᠤᠷᠠᠶ ᠬᠥᠮᠦᠰ ᠵᠢᠴᠢ ᠰᠠᠷ᠎ᠠ ᠶᠢᠨ | ᠭᠬᠢᠷ ᠤᠨ ᠬᠤᠭᠤᠴᠠᠭᠠᠨ ᠳᠠᠬᠢ ᠡᠮᠡᠭᠳᠡᠶᠢᠴᠤᠳ᠂ ᠬᠦᠩᠭᠡᠵᠢᠭᠰᠡᠨ ᠡᠮᠡᠭᠳᠡᠶᠢᠴᠤᠳ᠂ ᠰᠢᠳᠦᠨ ᠤ ᠡᠪᠡᠳᠴᠢᠨ ᠲᠠᠢ | ᠬᠦᠮᠦᠰ ᠵᠡᠷᠭᠡ ᠳᠤ ᠨᠠᠩ ᠳᠣᠭᠢᠷᠠᠨ᠎ᠠ᠃ ᠡᠪᠦᠯ ᠤᠨ ᠤᠯᠠᠷᠢᠯ ᠳᠤ᠂ ᠵᠢᠮᠢᠰ ᠢ ᠬᠦᠶᠲᠡᠨ ᠢᠶᠠᠷ ᠢᠳᠡᠬᠦ ᠠᠴᠠ ᠬᠢᠴᠢᠶᠡᠬᠦ | ᠶᠢᠨ ᠲᠤᠰᠠᠳᠠ ᠵᠢᠮᠢᠰ ᠢᠶᠠᠨ ᠬᠡᠰᠡᠭᠯᠡᠨ ᠬᠡᠷᠴᠢᠵᠦ ᠬᠠᠯᠠᠭᠤᠨ ᠤᠰᠤᠨ ᠳᠤ ᠬᠢᠵᠦ ᠲᠡᠪᠳᠦᠭᠡᠬᠦ ︵ᠤᠰᠤ ᠶᠢ ᠨᠢ ᠴᠤ | ᠤᠤᠭᠤᠬᠤ ᠬᠡᠷᠡᠭᠲᠡᠶ᠂ ᠠᠯᠳᠠᠬᠳᠠᠬᠰᠠᠨ ᠰᠢᠮ᠎ᠡ ᠲᠡᠵᠢᠭᠡᠯᠲᠦ ᠡᠳ᠋ ᠤᠰᠤᠨ ᠳᠣᠲᠣᠷ᠎ᠠ ᠨᠢ ᠪᠠᠶᠢᠳᠠᠭ ᠢ ᠪᠢᠲᠡᠭᠡᠶ | ᠮᠠᠷᠲᠠᠭᠠᠷᠠᠶ︶ ᠪᠤᠶᠤ ᠪᠢᠴᠢᠯ ᠳᠣᠯᠭᠢᠶᠠᠨ ᠤ ᠵᠤᠤᠬ᠎ᠠ ᠪᠠᠷ ᠵᠢᠭᠠᠬᠠᠨ ᠬᠠᠯᠠᠭᠤᠯᠤᠭᠠᠳ ᠢᠳᠡᠭᠡᠷᠡᠶ᠃ |