ᠤᠯᠠᠭᠠᠨ ᠢᠳᠡᠭᠡ ᠳᠤ ᠭᠠᠭ᠋ᠠᠢ ᠶᠢᠨ ᠮᠢᠬ᠎ᠠ᠂ ᠦᠬᠡᠷ ᠤᠨ ᠮᠢᠬ᠎ᠠ᠂ ᠬᠤᠨᠢᠨ ᠮᠢᠬ᠎ᠠ᠂ ᠪᠤᠭᠤ ᠶᠢᠨ ᠮᠢᠬ᠎ᠠ᠂ | ᠲᠠᠤᠯᠠᠢ ᠶᠢᠨ ᠮᠢᠬ᠎ᠠ ᠵᠡᠷᠭᠡ ᠰᠢᠷᠬᠡᠭᠯᠢᠭ ᠳᠠᠪᠬᠤᠷᠭ᠎ᠠ ᠪᠦᠬᠦᠢ ᠤᠯᠠᠭᠠᠨ ᠥᠩᠭᠡ ᠲᠠᠢ ᠮᠠᠯ ᠤᠨ ᠮᠢᠬ᠎ᠠ ᠪᠠᠭᠳᠠᠵᠤ | ᠪᠠᠶᠢᠬᠤ ᠪᠦᠭᠡᠳ ᠨᠢᠭᠡᠨᠲᠡ ᠡᠳᠡᠭᠡᠷ ᠢ ᠳᠡᠯᠡᠬᠡᠢ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ᠶᠢᠨ ᠣᠯᠠᠨ | ᠤᠯᠤᠰ ᠤᠨ ᠬᠤᠣᠷᠲᠤ ᠬᠠᠪᠤᠳᠠᠷ ᠤᠨ ᠰᠤᠳᠤᠯᠭᠠᠨ ᠤ ᠪᠠᠶᠢᠭᠤᠯᠤᠮᠵᠢ ᠠᠴᠠ 2A ᠲᠥᠷᠥᠯ ᠤᠨ ᠬᠤᠣᠷᠲᠤ ᠬᠠᠪᠤᠳᠠᠷ | ᠡᠭᠦᠰᠬᠡᠳᠡᠭ ᠢᠳᠡᠭᠡᠨ ᠢᠶᠠᠷ ᠵᠢᠬᠰᠠᠭᠠᠪᠠ᠃ ᠤᠶᠢᠷ᠎ᠠ ᠶᠢᠨ ᠵᠢᠯ ᠠᠴᠠ ᠮᠠᠰᠢ ᠤᠯᠠᠨ ᠰᠤᠳᠤᠯᠭᠠᠨ ︽ᠤᠯᠠᠭᠠᠨ | ᠢᠳᠡᠭᠡ ᠨᠢ ᠬᠤᠳᠣᠭᠤᠳᠣᠨ ᠤ ᠬᠤᠣᠷᠲᠤ ᠬᠠᠪᠤᠳᠠᠷ᠂ ᠨᠤᠭᠤᠯᠤᠭ᠎ᠠ ᠭᠡᠳᠡᠰᠦᠨ ᠤ ᠬᠤᠣᠷᠲᠤ ᠬᠠᠪᠤᠳᠠᠷ᠂ ᠬᠥᠬᠦᠨ | ᠪᠤᠯᠴᠢᠷᠬᠠᠢ ᠶᠢᠨ ᠬᠤᠣᠷᠲᠤ ᠬᠠᠪᠤᠳᠠᠷ᠂ ᠲᠦᠷᠦᠭᠦᠦ ᠪᠤᠯᠴᠢᠷᠬᠠᠢ ᠶᠢᠨ ᠬᠤᠣᠷᠲᠤ ᠬᠠᠪᠤᠳᠠᠷ ᠵᠡᠷᠭᠡ ᠣᠯᠠᠨ ᠵᠦᠢᠯ ᠤᠨ | ᠬᠤᠣᠷᠲᠤ ᠬᠠᠪᠤᠳᠠᠷ ᠲᠤ ᠨᠡᠷᠪᠡᠭᠳᠡᠬᠦ ᠠᠶᠤᠯ ᠲᠦᠭᠰᠢᠬᠦᠷᠢ ᠶᠢ ᠨᠡᠮᠡᠭᠳᠡᠬᠦᠯᠬᠦ ᠲᠠᠢ ᠬᠠᠷᠢᠴᠠᠭ᠎ᠠ ᠬᠤᠯᠪᠤᠭ᠎ᠠ ᠲᠠᠢ︾ | ᠭᠡᠳᠡᠭ ᠢ ᠭᠡᠷᠡᠴᠢᠯᠡᠭᠰᠡᠨ ᠪᠠᠶᠢᠨ᠎ᠠ᠃ ᠤᠯᠠᠭᠠᠨ ᠢᠳᠡᠭᠡ ᠬᠡᠳᠦᠢ ᠠᠷᠪᠢᠨ ᠢᠳᠡᠪᠡᠯ ᠲᠡᠳᠦᠢ ᠴᠢᠰᠤᠨ ᠰᠤᠳᠠᠯ ᠤᠨ | ᠡᠪᠡᠳᠴᠢᠨ ᠳᠤ ᠨᠡᠷᠪᠡᠭᠳᠡᠬᠦ ᠠᠶᠤᠯ ᠲᠦᠭᠰᠢᠭᠦᠷᠢ ᠥᠨᠳᠥᠷ ᠪᠤᠯᠳᠠᠭᠵᠠᠷᠢᠮ ᠠᠵᠢᠭᠯᠠᠯᠲᠠ ᠶᠢᠨ ᠴᠢᠨᠠᠷ ᠲᠠᠢ | ᠰᠤᠳᠤᠯᠭᠠᠨ ᠠᠴᠠ᠂ ᠤᠯᠠᠭᠠᠨ ᠢᠳᠡᠭᠡ ᠳᠤ ᠬᠡᠲᠦ ᠶᠡᠭᠡ ᠬᠠᠨᠤᠭᠰᠠᠨ ᠥᠭᠡᠬᠦ ᠪᠣᠯᠤᠨ ᠾᠣᠯᠧᠰᠲ᠋ᠧᠷᠢᠨ ᠶᠡᠭᠡ | ᠠᠭᠤᠯᠤᠬᠳᠠᠳᠠᠭ ᠪᠣᠯᠬᠤᠷ ᠬᠦᠮᠦᠨ ᠲᠥᠷᠥᠯᠬᠢᠲᠡᠨ ᠤ ᠵᠢᠷᠦᠬᠡ ᠰᠤᠳᠠᠰᠤᠨ ᠤ ᠡᠪᠡᠳᠴᠢᠨ ᠳᠤ ᠨᠡᠷᠪᠡᠭᠳᠡᠬᠦ ᠠᠶᠤᠯ | ᠲᠦᠭᠰᠢᠭᠦᠷᠢ ᠶᠢ ᠨᠡᠮᠡᠭᠳᠡᠬᠦᠯᠬᠦ ᠲᠠᠢ ᠮᠡᠳᠡᠭᠳᠡᠮ᠎ᠡ ᠬᠠᠷᠢᠴᠠᠭ᠎ᠠ ᠬᠤᠯᠪᠣᠭ᠎ᠠ ᠲᠠᠢ ᠶᠤᠮ᠃ ᠤᠯᠠᠭᠠᠨ ᠢᠳᠡᠭᠡ ᠬᠡᠳᠦᠢ | ᠠᠷᠪᠢᠨ ᠢᠳᠡᠪᠡᠯ ᠲᠡᠳᠦᠢ ᠵᠢᠷᠦᠬᠡ ᠴᠢᠰᠤᠨ ᠰᠤᠳᠠᠯ ᠤᠨ ᠡᠪᠡᠳᠴᠢᠨ ᠳᠤ ᠨᠡᠷᠪᠡᠭᠳᠡᠬᠦ ᠠᠶᠤᠯ ᠲᠦᠭᠰᠢᠭᠦᠷᠢ ᠥᠨᠳᠥᠷ | ᠪᠤᠯᠤᠨ᠎ᠠ ᠭᠡᠳᠡᠭ ᠢ ᠤᠯᠵᠤ ᠮᠡᠳᠡᠵᠡᠢ᠃2 ᠬᠡᠯᠪᠡᠷᠢ ᠶᠢᠨ ᠰᠢᠬᠢᠷ ᠰᠢᠵᠢᠩ ᠡᠪᠡᠳᠴᠢᠨ ᠨᠢ ᠵᠢᠷᠦᠬᠡ ᠴᠢᠰᠤᠨ | ᠰᠤᠳᠠᠯ ᠤᠨ ᠡᠪᠡᠳᠴᠢᠨ ᠤ ᠪᠠᠶᠢᠩᠭᠤ ᠲᠣᠬᠢᠶᠠᠯᠳᠤᠳᠠᠭ ᠬᠠᠪᠰᠤᠷᠤᠬᠰᠠᠨ ᠡᠪᠡᠳᠴᠢᠨ ᠪᠤᠯᠬᠤ ᠪᠦᠭᠡᠳ ᠪᠠᠰᠠ ᠵᠢᠷᠦᠬᠡ | ᠴᠢᠰᠤᠨ ᠰᠤᠳᠠᠯ ᠤᠨ ᠡᠪᠡᠳᠴᠢᠨ ᠤ ᠨᠢᠭᠡᠨᠲᠡ ᠲᠣᠭᠲᠠᠭᠠᠭᠰᠠᠨ ᠠᠶᠤᠯᠲᠠᠶ ᠬᠦᠴᠦᠨ ᠵᠦᠢᠯ ᠪᠣᠯᠤᠨ᠎ᠠ᠃ᠲᠦᠷᠦᠬᠦᠦ | ᠪᠠᠷ ᠰᠤᠳᠤᠯᠤᠭᠠᠴᠢᠳ ᠲᠠᠷᠢᠬᠢᠨ ᠤ ᠴᠢᠰᠤᠨ ᠰᠤᠳᠠᠯ ᠤᠨ 43 ᠲᠥᠷᠥᠯ ᠤᠨ ᠡᠪᠡᠳᠴᠢᠨ ᠤ ᠰᠤᠳᠤᠯᠭᠠᠨ ᠪᠠ 23 | ᠲᠥᠷᠥᠯ ᠤᠨ ᠰᠢᠬᠢᠷ ᠰᠢᠵᠢᠩ ᠡᠪᠡᠳᠴᠢᠨ ᠤ ᠰᠤᠳᠤᠯᠭᠠᠨ ᠳᠤ ᠵᠠᠳᠠᠯᠤᠯᠲᠠ ᠬᠢᠵᠦ᠂ ᠡᠳᠦᠷ ᠪᠦᠷᠢ 50 ᠭᠷᠡᠮ | ᠡᠳ᠋ᠰᠢᠬᠦᠯᠦᠨ ᠪᠤᠯᠪᠠᠰᠤᠷᠠᠭᠤᠯᠤᠬᠰᠠᠨ ᠤᠯᠠᠭᠠᠨ ᠢᠳᠡᠭᠡ ᠪᠣᠯᠤᠨ 100 ᠭᠷᠡᠮ ᠡᠳ᠋ᠰᠢᠬᠦᠯᠦᠨ ᠪᠤᠯᠪᠠᠰᠤᠷᠠᠭᠤᠯᠤᠭᠠᠳᠤᠢ | ᠤᠯᠠᠭᠠᠨ ᠢᠳᠡᠭᠡ ᠬᠢᠭᠡᠳ ᠵᠢᠷᠦᠬᠡ ᠰᠤᠳᠠᠰᠤᠨ ᠤ ᠡᠪᠡᠳᠴᠢᠨ ᠪᠣᠯᠤᠨ ᠰᠢᠬᠢᠷ ᠰᠢᠵᠢᠩ ᠡᠪᠡᠳᠴᠢᠨ ᠤ | ᠬᠤᠭᠤᠷᠤᠨᠳᠤᠬᠢ ᠬᠠᠷᠢᠴᠠᠭ᠎ᠠ ᠬᠤᠯᠪᠤᠭ᠎ᠠ ᠶᠢ ᠵᠠᠳᠠᠯᠤᠨ ᠰᠤᠳᠤᠯᠵᠠᠢ᠃ᠰᠤᠳᠤᠯᠭᠠᠨ ᠢᠶᠠᠷ ᠤᠯᠵᠤ ᠮᠡᠳᠡᠭᠰᠡᠨ ᠨᠢ᠂ | ᠡᠳ᠋ᠰᠢᠬᠦᠯᠦᠨ ᠪᠤᠯᠪᠠᠰᠤᠷᠠᠭᠤᠯᠤᠬᠰᠠᠨ ᠪᠤᠶᠤ ᠡᠳ᠋ᠰᠢᠬᠦᠯᠦᠨ ᠪᠤᠯᠪᠠᠰᠤᠷᠠᠭᠤᠯᠤᠭᠠᠳᠤᠢ ᠤᠯᠠᠭᠠᠨ ᠢᠳᠡᠭᠡ ᠶᠢ ᠶᠡᠭᠡ | ᠬᠡᠮᠵᠢᠶ᠎ᠡ ᠢᠳᠡᠬᠦ ᠨᠢ ᠵᠢᠷᠦᠬᠡ ᠰᠤᠳᠠᠰᠤᠨ ᠤ ᠡᠪᠡᠳᠴᠢᠨ ᠪᠣᠯᠤᠨ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠠᠶᠤᠯ | ᠲᠦᠭᠰᠢᠬᠦᠷᠢ ᠶᠢ ᠨᠡᠮᠡᠭᠳᠡᠭᠦᠯᠳᠡᠭ᠃ ᠡᠳᠦᠷ ᠪᠦᠷᠢ 50 ᠭᠷᠡᠮ ᠡᠳ᠋ᠰᠢᠬᠦᠯᠦᠨ ᠪᠤᠯᠪᠠᠰᠤᠷᠠᠭᠤᠯᠤᠬᠰᠠᠨ ᠤᠯᠠᠭᠠᠨ | ᠢᠳᠡᠭᠡ ᠢᠯᠡᠬᠦᠦ ᠢᠳᠡᠪᠡᠯ ᠵᠢᠷᠦᠬᠡ ᠰᠤᠳᠠᠰᠤᠨ ᠤ ᠡᠪᠡᠳᠴᠢᠨ ᠳᠤ ᠨᠡᠷᠪᠡᠭᠳᠡᠬᠦ ᠠᠶᠤᠯ ᠲᠦᠭᠰᠢᠬᠦᠷᠢ ᠶᠢ 26% ᠪᠠᠷ | ᠨᠡᠮᠡᠭᠳᠡᠬᠦᠯᠵᠦ᠂ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠠᠶᠤᠯ ᠲᠦᠭᠰᠢᠬᠦᠷᠢ 44% ᠪᠠᠷ ᠨᠡᠮᠡᠭᠳᠡᠬᠦᠯᠳᠡᠭ᠃ | ᠡᠳᠦᠷ ᠪᠦᠷᠢ 100 ᠭᠷᠠᠮ ᠤᠯᠠᠭᠠᠨ ᠢᠳᠡᠭᠡ ᠢᠯᠡᠭᠦᠦ ᠢᠳᠡᠪᠡᠯ ᠵᠢᠷᠦᠬᠡ ᠴᠢᠰᠤᠨ ᠰᠤᠳᠠᠯ ᠤᠨ ᠡᠪᠡᠳᠴᠢᠨ ᠳᠤ | ᠨᠡᠷᠪᠡᠭᠳᠡᠬᠦ ᠠᠶᠤᠯ ᠲᠦᠭᠰᠢᠬᠦᠷᠢ ᠶᠢ 11% ᠪᠠᠷ ᠨᠡᠮᠡᠭᠳᠡᠬᠦᠯᠵᠦ᠂ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ | ᠠᠶᠤᠯ ᠲᠦᠭᠰᠢᠬᠦᠷᠢ ᠶᠢ 27 % ᠪᠠᠷ ᠨᠡᠮᠡᠭᠳᠡᠬᠦᠯᠳᠡᠭ ᠪᠠᠶᠢᠨ᠎ᠠ᠃ |