ᠳᠠᠯᠠᠨ ᠳᠠᠪᠤᠨ ᠵᠢᠯ ᠤᠨ ᠡᠮᠦᠨ᠎ᠡ ᠶᠠᠮᠠᠷ ᠪᠠᠶᠢᠯ᠎ᠠ ᠳ᠋ᠠ︖ ᠭᠡᠵᠦ ᠬᠡᠨ ᠨᠢᠭᠡᠨ ᠡᠷᠭᠡ ᠦᠭᠡᠢ ᠳᠤᠷᠠᠰᠤᠭᠰᠠᠨ | ᠠᠷᠪᠠᠳᠤᠭᠠᠷ ᠰᠠᠷ᠎ᠠ ᠬᠦᠷᠦᠭᠡᠳ ᠢᠷᠡᠯ᠎ᠠ᠃ ᠳᠡᠶᠢᠮᠦ ᠡ᠂ ᠡᠭᠡ ᠤᠯᠤᠰ ᠲᠠᠢ ᠪᠠᠨ ᠨᠠᠰᠤ ᠬᠤᠷᠠᠭ ᠬᠦᠮᠦᠰ ᠯᠡ ᠡᠨᠡ | ᠳᠤᠬᠠᠢ ᠠᠯᠠᠭᠠᠨ ᠤ ᠪᠠᠨ ᠵᠢᠷᠤᠭᠠᠰᠤ ᠰᠢᠭ ᠮᠡᠳᠡᠬᠦ ᠪᠢᠵᠡ︖ ᠳᠠᠯᠠᠨ ᠳᠠᠪᠤᠨ ᠵᠢᠯ ᠭᠡᠬᠦ ᠪᠠᠷ ᠨᠢᠳᠦ ᠢᠷᠮᠡᠬᠦ | ᠬᠤᠭᠤᠷᠤᠨᠳᠤ ᠦᠡᠭᠭᠡᠷᠡᠭᠰᠡᠨ ᠴᠠᠭ ᠮᠡᠳᠦ ᠵᠠᠷᠢᠮ ᠨᠢ ᠪᠤᠳᠤᠳᠠᠭ ᠴᠦ ᠶᠡᠭᠡ ᠤᠯᠠᠨ ᠢ ᠠᠭᠤᠯᠵᠦ᠂ ᠵᠢᠷᠳᠢᠨᠴᠦ ᠶᠢᠨ | ᠰᠠᠶᠢᠨ ᠰᠠᠶᠢᠬᠠᠨ ᠬᠢᠭᠡᠳ ᠬᠠᠷ᠎ᠠ ᠪᠠᠷᠠᠭᠠᠨ ᠢ ᠳᠡᠭᠡᠰᠦ ᠳᠠᠮᠤᠬᠤ ᠮᠡᠳᠦ ᠳᠤᠭᠤᠯᠵᠦ ᠢᠷᠡᠭᠰᠡᠨ ᠴᠠᠭ ᠬᠤᠭᠤᠴᠠᠭ᠎ᠠ | ᠪᠠᠶᠢᠵᠦ ᠯᠡ ᠳᠠᠭᠠᠷᠠᠨ᠎ᠠ᠃ ᠶᠠᠮᠠᠷ ᠭᠠᠵᠠᠷ ᠤᠷᠤᠨ ᠤ ᠮᠠᠨᠳᠤᠯ ᠬᠦᠭᠵᠢᠯ ᠤᠨ ᠠᠶᠠᠨ ᠵᠠᠮ ᠳᠤ ᠰᠠᠭᠠᠳ ᠳᠤᠳᠬᠠᠷ | ᠪᠤᠶᠤ ᠬᠦᠴᠢᠷ ᠳᠦᠪᠡᠭ ᠳᠤᠯᠭᠠᠷᠠᠳᠠᠭ ᠨᠢ ᠵᠦᠢ᠃ ᠪᠦᠬᠦᠨ ᠢ ᠳᠤᠭᠤᠯᠤᠭᠠᠳ ᠰᠠᠶᠢᠨ ᠰᠠᠶᠢᠬᠠᠨ ᠵᠦᠭ ᠳᠡᠮᠡᠤᠯᠬᠦ | ᠡᠷᠴᠢ ᠬᠦᠴᠦ ᠡᠷᠡᠮᠡᠭᠡᠢ ᠵᠤᠷᠢᠭ ᠯᠡ ᠬᠤᠭᠤᠷᠠᠰᠢ ᠦᠭᠡᠢ ᠨᠤᠭᠤᠷᠠᠰᠢ ᠦᠭᠡᠢ ᠳᠤᠭ ᠪᠤᠯᠵᠦ ᠦᠯᠡᠳᠡᠳᠡᠭ ᠶᠤᠮᠰᠠᠨ᠃ | ᠬᠦᠰᠡᠯ ᠳᠡᠮᠡᠤᠯᠦᠯ ᠤᠨ ᠢᠳᠡ ᠬᠦᠴᠦᠨ ᠢᠶᠠᠷ ᠳᠠᠯᠠᠨ ᠳᠠᠪᠤᠨ ᠵᠢᠯ ᠤᠨ ᠬᠦᠭᠵᠢᠯ ᠬᠤᠪᠢᠷᠠᠯ ᠤᠨ ᠳᠤᠮᠳᠠ ᠶᠡᠭᠡ | ᠰᠢᠯᠢ ᠨᠤᠲᠤᠭ ᠮᠠᠨᠢ ᠦᠡᠭᠭᠡᠵᠢᠨ ᠬᠤᠪᠢᠷᠠᠵᠦ ᠦᠭᠡᠳᠡ ᠬᠡᠶᠢᠮᠦᠷᠢ ᠪᠠᠨ ᠳᠡᠭᠡᠳᠦᠯᠡᠨ ᠪᠤᠢ ᠨᠢ ᠦᠨᠡᠨ ᠪᠢᠯᠡ᠃ | ᠤᠮᠠᠷᠠᠳᠤ ᠬᠢᠯᠢ ᠪᠠᠨ ᠰᠠᠬᠢᠨ ᠠᠮᠢᠳᠤᠷᠠᠭ᠎ᠠ ᠰᠢᠯᠢ ᠶᠢᠨ ᠮᠠᠯᠴᠢᠳ ᠤᠨ ᠠᠮᠢᠳᠤᠷᠠᠯ ᠦᠢᠯᠡᠳᠪᠤᠷᠢᠯᠡᠯ ᠴᠦ ᠰᠢᠨ᠎ᠡ ᠴᠠᠭ | ᠦᠶ᠎ᠡ ᠶᠢᠨ ᠦᠡᠭᠭᠡ ᠳᠦᠷᠬᠦ ᠶᠢ ᠬᠠᠷᠠᠭᠤᠯᠤᠨ᠂ ᠠᠯᠢ ᠳᠠᠯ᠎ᠠ ᠠᠴᠠ ᠨᠢ ᠠᠪᠴᠦ ᠬᠡᠯᠡᠭᠰᠡᠨ ᠴᠦ ᠦᠡᠭᠭᠡᠷᠡᠭᠰᠡᠨ ᠲᠠᠢ | ᠬᠠᠷᠢᠴᠠᠭᠤᠯᠤᠰᠢ ᠦᠭᠡᠢ ᠦᠭᠡᠷᠡᠴᠢᠯᠡᠯᠳᠡ ᠭᠠᠷᠤᠭᠰᠠᠨ ᠨᠢ ᠢᠯᠡᠭᠡᠨ᠃ | ᠤᠨᠤᠭ᠎ᠠ ᠬᠦᠰᠭᠡ ᠪᠤᠯ ᠠᠮᠢᠳᠤᠷᠠᠯ ᠳᠤ ᠳᠤᠳᠠᠭᠳᠠᠵᠦ ᠪᠤᠯᠤᠰᠢ ᠦᠭᠡᠢ ᠵᠦᠢᠯ ᠶᠤᠮᠰᠠᠨ᠃ ᠤᠨ ᠵᠢᠯ ᠤᠨ | ᠬᠦᠭᠵᠢᠯᠳᠡ ᠬᠤᠪᠢᠷᠠᠯᠳᠠ ᠶᠢ ᠤᠨᠤᠭ᠎ᠠ ᠬᠦᠰᠭᠡ ᠠᠴᠠ ᠢᠯᠡᠳᠳᠡ ᠬᠠᠷᠠᠬᠤ ᠪᠤᠯᠤᠮᠵᠢ ᠲᠠᠢ᠃ 75 ᠵᠢᠯ ᠤᠨ ᠡᠮᠦᠨ᠎ᠡ | ᠰᠤᠮᠤ ᠤᠷᠤᠬᠤ ᠭᠡᠪᠡᠯ ᠪᠦᠳᠦᠨ ᠡᠳᠦᠷ᠂ ᠵᠠᠷᠢᠮ ᠳᠠᠭᠠᠨ ᠬᠤᠨᠤᠭᠤᠳᠠ ᠦᠨᠵᠢᠬᠦᠳᠡ ᠶᠢᠨ ᠠᠵᠢᠯ ᠪᠤᠯᠳᠠᠭ ᠪᠠᠶᠢᠭᠰᠠᠨ | ᠪᠤᠯ ᠤᠳᠤ ᠴᠠᠢ ᠪᠤᠴᠠᠯᠬᠤ ᠶᠢᠨ ᠬᠤᠭᠤᠷᠤᠨᠳᠤ ᠬᠦᠷᠳᠡᠭ ᠪᠤᠯᠴᠢᠬᠠᠭᠰᠠᠨ ᠢ ᠶᠠᠭᠤ ᠪᠠᠷ ᠵᠦᠢᠷᠯᠡᠬᠦ ᠪᠢᠯᠡ ᠳ᠋ᠧ︖ | ᠬᠠᠷᠪᠤᠭᠰᠠᠨ ᠰᠤᠮᠤ ᠰᠢᠭ ᠴᠠᠬᠢᠯᠵᠦ ᠬᠦᠷᠦᠯ᠎ᠡ ᠭᠡᠳᠡᠭ ᠨᠢ ᠡᠨᠡ ᠪᠠᠶᠢᠬ᠎ᠠ᠃ ᠠᠪᠠᠭ᠎ᠠ ᠬᠤᠰᠢᠭᠤᠨ ᠤ ᠴᠠᠭᠠᠨᠨᠠᠭᠤᠷ | ᠰᠤᠮᠤᠨ ᠤ ᠪᠠᠶᠠᠨᠪᠤᠯᠠᠭ ᠭᠠᠴᠠᠭᠠᠨ ᠤ ᠨᠠᠰᠤᠳᠠᠨ ᠪᠠᠳᠤᠳᠤᠯᠭᠠᠭᠤᠷᠢ᠄ ︽ᠳᠠᠯᠠᠭᠠᠳ ᠤᠨ ᠳᠤ ᠮᠠᠨ ᠤ ᠭᠠᠴᠠᠭᠠᠨ ᠤ | ᠠᠶᠢᠯ ᠤᠨ ᠵᠠᠭᠤᠨ ᠤ ᠶᠡᠷᠡ ᠨᠢ ᠦᠭᠡᠷ ᠳᠡᠷᠭᠡ ᠲᠠᠢ ᠪᠠᠶᠢᠭᠰᠠᠨ᠃ ᠮᠤᠷᠢᠨ ᠳᠡᠷᠭᠡ ᠲᠠᠢ ᠠᠶᠢᠯ ᠶᠡᠭᠡ ᠴᠦᠭᠡᠨ | ᠪᠠᠶᠢᠭᠰᠠᠨ ᠰᠢᠤ᠃ ᠬᠠᠶᠠ ᠨᠢᠭᠡ ᠳᠡᠮᠡᠭᠡᠨ ᠳᠡᠷᠭᠡ ᠲᠠᠢ ᠠᠶᠢᠯ ᠲᠠᠭᠠᠷᠠᠳᠠᠭ᠃ ᠳᠠᠯᠠᠭᠠᠳ ᠤᠨ ᠳᠤ | ᠭᠠᠴᠠᠭᠠᠨ ᠳᠠᠭᠠᠨ ᠨᠢᠭᠡ ᠲᠷᠠᠺᠲ᠋ᠤᠷ ᠲᠠᠢ ᠪᠤᠯᠤᠭᠰᠠᠨ᠃ ᠮᠠᠨ ᠤ ᠬᠢ ᠠᠴᠠ ᠰᠤᠮᠤ ᠶᠡᠷᠡᠨ ᠭᠠᠵᠠᠷ᠂ ᠵᠤᠨ ᠤ ᠴᠠᠭ ᠲᠤ | ᠪᠤᠯ ᠦᠷ ᠳᠦᠡᠭᠭᠡᠭᠡᠳ ᠴᠠᠶᠢᠵᠦ ᠪᠠᠶᠢᠬᠤ ᠳᠤ ᠬᠦᠳᠡᠯᠦᠭᠡᠳ᠂ ᠵᠠᠮ ᠳᠠᠭᠠᠨ ᠨᠢᠭᠡ ᠬᠤᠨᠤᠭᠠᠳ᠂ ᠮᠠᠷᠭᠠᠰᠢ ᠨᠢ | ᠤᠷᠦ᠋ᠢᠬᠠᠨ ᠯᠡ ᠰᠤᠮᠤᠨ ᠳᠤ ᠬᠦᠷᠳᠡᠭ ᠪᠠᠶᠢᠭᠰᠠᠨ ᠶᠤᠮ ᠳ᠋ᠠ᠃ ᠳᠡᠭᠡᠭᠡᠳ ᠰᠤᠮᠤᠨ ᠳᠤ ᠦᠭᠡᠷ ᠢᠶᠠᠨ ᠬᠤᠶᠠᠷ | ᠡᠳᠦᠷ ᠠᠮᠠᠷᠠᠭᠤᠯᠤᠭᠠᠳ᠂ ᠪᠤᠴᠠᠭᠠᠳ ᠬᠠᠷᠢᠬᠤ ᠳᠠᠭᠠᠨ ᠵᠠᠮ ᠳᠠᠭᠠᠨ ᠪᠠᠰᠠ ᠨᠢᠭᠡ ᠦᠨᠵᠢᠭᠡᠳ᠂ ᠳᠠᠪᠤᠳᠤᠭᠠᠷ | ᠡᠳᠦᠷ ᠤᠨ ᠢᠶᠠᠨ ᠤᠷᠤᠢ ᠯᠡ ᠭᠡᠷ ᠲᠡᠭᠡᠨ ᠬᠠᠷᠢᠳᠠᠭ ᠪᠠᠶᠢᠭᠰᠠᠨ ᠶᠤᠮ︾ ᠭᠡᠵᠦ ᠶᠠᠷᠢᠯ᠎ᠠ᠃ ᠳᠤᠬᠠᠢ ᠶᠢᠨ ᠦᠶ᠎ᠡ ᠳᠤ | ᠬᠠᠨᠭ᠍ᠭᠠᠯᠭ᠎ᠠ ᠶᠢᠨ ᠠᠮᠤ ᠪᠤᠳᠠᠭ᠎ᠠ ᠠᠪᠴᠦ ᠪᠠᠶᠢᠭᠰᠠᠨ ᠪᠤᠯᠬᠤᠷ ᠰᠠᠷ᠎ᠠ ᠪᠤᠯᠭᠠᠨ ᠰᠤᠮᠤᠨ ᠳᠤ ᠤᠴᠢᠬᠤ ᠬᠡᠷᠡᠭᠳᠡᠢ | ᠪᠠᠶᠢᠳᠠᠭ᠃ ᠰᠠᠷ᠎ᠠ ᠪᠤᠯᠭᠠᠨ ᠳᠠᠪᠤᠨ ᠡᠳᠦᠷ ᠨᠢ ᠢᠡᠭᠬᠢᠵᠦ ᠳᠠᠭᠤᠰᠳᠠᠭ ᠪᠠᠶᠢᠵᠠᠢ ᠭᠡᠵᠦ ᠤᠶᠢᠯᠠᠭᠠᠵᠦ ᠪᠤᠯᠤᠨ᠎ᠠ᠃ | ᠡᠪᠦᠯ ᠤᠨ ᠴᠠᠭ ᠪᠤᠯ ᠵᠠᠮ ᠳᠠᠭᠠᠨ ᠬᠤᠶᠠᠷ ᠬᠤᠨᠤᠬᠤ ᠤᠴᠢᠷ ᠪᠤᠯᠳᠠᠭ᠃ ᠢᠡᠭᠬᠢᠵᠦ ᠪᠤᠳᠤᠪᠠᠯ ᠳᠤᠯᠤᠭᠠᠨ | ᠡᠳᠦᠷ ᠤᠨ ᠠᠵᠤ ᠪᠤᠯᠵᠦ ᠪᠠᠶᠢᠭᠰᠠᠨ ᠳᠡᠤᠬᠡ ᠲᠠᠢ ᠠᠵᠢ᠃ ︽ᠤᠳᠤ ᠶᠢᠨ ᠬᠡᠤᠬᠡᠳ ᠤᠳ ᠢᠳᠡᠭᠡᠵᠦ ᠶᠠᠳᠠᠨ᠎ᠠ ᠳ᠋ᠠ︾ | ᠭᠡᠳ ᠢᠨᠢᠶᠡᠭᠰᠡᠨ ᠪᠠᠳᠤᠳᠤᠯᠭᠠᠭᠤᠷᠢ ᠨᠠᠰᠤᠳᠠᠨ ᠤ ᠶᠠᠷᠢᠶ᠎ᠠ ᠳᠠᠯᠠᠢ ᠮᠡᠳᠦ ᠬᠤᠪᠢᠷᠠᠯᠳᠠ ᠶᠢ ᠳᠠᠩᠴᠢ ᠳᠤᠳᠤᠷᠬᠠᠢ | ᠬᠡᠷᠡᠴᠢᠯᠡᠨ᠎ᠡ ᠠᠵᠢ᠃ ᠶᠡᠭᠡ ᠰᠢᠯᠢ ᠶᠢᠨ ᠮᠠᠯᠴᠢᠳ ᠤᠨ ᠤᠨᠤᠭ᠎ᠠ ᠬᠦᠰᠭᠡ ᠶᠢᠨ ᠬᠤᠪᠢᠷᠠᠯᠳᠠ ᠪᠠᠷᠤᠭ ᠯᠡ ᠳᠠᠪᠤᠨ | ᠵᠢᠯ ᠳᠤ ᠨᠢᠭᠡ ᠤᠳᠠᠭᠠᠨ ᠤ ᠳᠠᠪᠠᠯᠳᠠ ᠲᠠᠢ ᠪᠤᠯᠵᠦ᠂ ᠤᠳᠤ ᠪᠤᠯᠬᠤ ᠳᠤ ᠠᠶᠢᠯ ᠪᠤᠯᠭᠠᠨ ᠮᠠᠰᠢᠨ ᠲᠠᠢ᠂ ᠤᠯᠠᠩᠬᠢ | ᠠᠶᠢᠯ ᠨᠢ ᠬᠤᠶᠠᠷ ᠮᠠᠰᠢᠨ ᠲᠠᠢ ᠪᠤᠯᠴᠢᠬᠠᠭᠰᠠᠨ ᠶᠤᠮ᠃ ᠤᠳᠤ ᠨᠡᠭᠡᠷᠡᠨ ᠴᠦ ᠶᠠᠪᠤᠬᠤ ᠶᠢᠨ ᠬᠤᠷᠳᠤ ᠶᠢ | ᠭᠠᠶᠢᠬᠠᠭᠤᠯᠤᠭᠰᠠᠨ ᠴᠠᠭ ᠪᠤᠯᠵᠦ ᠪᠠᠶᠢᠭ᠎ᠠ ᠨᠢ ᠢᠯᠡᠭᠡᠨ᠃ | 75 ᠵᠢᠯ ᠤᠨ ᠤᠷᠤᠨ ᠰᠠᠭᠤᠴᠡ ᠶᠢᠨ ᠳᠠᠯ᠎ᠠ ᠶᠢᠨ ᠬᠤᠪᠢᠷᠠᠯᠳᠠ ᠶᠢ ᠬᠡᠯᠡᠬᠦ ᠶᠢᠨ ᠬᠡᠷᠡᠭ ᠪᠠᠶᠢᠬᠤ ᠤᠤ᠂ | ᠬᠤᠳᠠ ᠬᠦᠳᠡᠭᠡ ᠶᠢᠨ ᠵᠦᠷᠢᠶ᠎ᠡ ᠪᠠᠭᠠᠰᠴᠦ ᠬᠦᠳᠡᠭᠡ ᠶᠢᠨ ᠤᠯᠠᠨ ᠠᠶᠢᠯ ᠬᠤᠳᠠ ᠶᠢᠨ ᠬᠢᠨ ᠠᠴᠠ ᠳᠠᠪᠠᠭᠤ ᠪᠠᠷ | ᠰᠠᠶᠢᠬᠠᠨ ᠤᠷᠤᠨ ᠰᠠᠭᠤᠴᠠ ᠲᠠᠢ ᠪᠤᠯᠤᠭᠰᠠᠨ ᠨᠢ ᠦᠨᠡᠨ ᠠᠴᠠ ᠦᠨᠡᠨ᠃ ᠬᠦᠳᠡᠭᠡ ᠨᠤᠲᠤᠭ ᠢᠶᠠᠷ ᠰᠤᠷᠪᠤᠯᠵᠢᠯᠠᠵᠦ | ᠶᠠᠪᠤᠬᠤ ᠳᠠᠭᠠᠨ ᠠᠩᠵᠠᠭᠠᠷᠠᠭᠰᠠᠨ ᠢᠶᠠᠷ ᠵᠠᠷᠢᠮ ᠠᠶᠢᠯ ᠤᠨ ᠤᠷᠤᠨ ᠰᠠᠭᠤᠴᠠ ᠬᠤᠳᠠ ᠶᠢᠨ ᠠᠰᠠᠷ ᠳᠠᠭᠳᠤ ᠠᠴᠠ | ᠬᠤᠯᠠ ᠰᠠᠷᠠᠭᠤᠯ ᠳᠤᠬᠢᠯᠢᠭ ᠪᠠᠶᠢᠳᠠᠭ᠃ ᠭᠡᠷ ᠤᠨ ᠡᠳ᠋ᠯᠡᠯ ᠬᠡᠷᠡᠭᠰᠡᠯ ᠢ ᠨᠢ ᠬᠠᠷᠠᠬᠤ ᠳᠤ ᠰᠠᠶᠢᠬᠠᠨ᠂ ᠬᠡᠷᠡᠭᠯᠡᠬᠦ ᠳᠤ | ᠪᠡᠨᠡᠳᠡᠢ ᠪᠠᠶᠢᠳᠠᠭ ᠢᠶᠠᠷ ᠪᠠᠷᠠᠬᠤ ᠦᠭᠡᠢ᠂ ᠬᠠᠷᠠᠭ᠎ᠠ ᠬᠠᠯᠬᠠᠯᠠᠬᠤ ᠦᠭᠡᠢ ᠰᠠᠷᠠᠭᠤᠯᠬᠠᠨ ᠪᠠᠶᠢᠳᠠᠭ ᠨᠢ ᠰᠡᠳᠭᠢᠯ | ᠠᠭᠤᠵᠢᠷᠠᠭᠤᠯᠤᠮᠠ᠃ ᠰᠦᠨᠢᠳ ᠵᠡᠬᠦᠨ ᠬᠤᠰᠢᠭᠤᠨ ᠤ ᠪᠠᠶ᠋ᠬᠠᠠᠭᠤᠯᠠ ᠰᠤᠮᠤᠨ ᠤ ᠰᠠᠷᠠᠭᠤᠯᠳᠤᠶᠠᠭ᠎ᠠ ᠭᠠᠴᠠᠭ᠎ᠠ ᠪᠠᠷ | ᠨᠤᠲᠤᠭᠳᠠᠢ ᠠᠬᠠᠮᠠᠳ ᠮᠠᠯᠴᠢᠨ ᠭᠤᠨᠴᠤᠭᠵᠠᠮᠰᠦ᠄ ︽ᠦᠪᠡᠷ ᠤᠨ ᠢᠶᠠᠨ ᠳᠦᠷᠦᠵᠦ ᠦᠰᠦᠭᠰᠡᠨ ᠠᠴᠠ ᠡᠬᠢᠯᠡᠵᠦ | ᠶᠠᠷᠢᠪᠠᠯ ᠳᠠᠪᠢ ᠵᠢᠷᠠᠭᠠᠳ ᠤᠨ ᠳᠤ ᠮᠠᠨᠠᠶᠢᠬᠢᠨ ᠤ ᠮᠠᠯᠴᠢᠳ ᠳᠠᠪᠤᠨ ᠬᠠᠨ᠎ᠠ ᠲᠠᠢ᠂ ᠵᠢᠷᠭᠤᠭᠠᠨ ᠬᠠᠨ᠎ᠠ ᠲᠠᠢ | ᠮᠤᠩᠭᠤᠯ ᠭᠡᠷ ᠲᠡᠭᠡᠨ ᠠᠮᠢᠳᠤᠷᠠᠳᠠᠭ ᠪᠠᠶᠢᠭᠰᠠᠨ᠃ ᠨᠠᠮᠠᠢᠢ ᠪᠠᠭ᠎ᠠ ᠪᠠᠶᠢᠬᠤ ᠳᠤ ᠤᠯᠤᠰ ᠭᠡᠷ᠂ ᠠᠵᠤ ᠠᠬᠤᠢ | ᠬᠦᠭᠵᠢᠭᠡ ᠦᠭᠡᠢ ᠪᠠᠶᠢᠭᠰᠠᠨ ᠦᠶ᠎ᠡ᠃ ᠳᠤᠯᠭ᠎ᠠ ᠲᠠᠢ ᠪᠠᠶᠢᠭᠰᠠᠨ ᠪᠤᠯᠬᠤᠷ ᠤᠳᠤᠭᠠᠨ ᠳᠠᠭᠠᠨ ᠬᠠᠨ᠎ᠠ ᠤᠨᠢ ᠨᠢ ᠪᠦᠷ | ᠬᠠᠷᠠᠯᠠᠴᠢᠬᠠᠳᠠᠭ ᠪᠠᠶᠢᠭᠰᠠᠨ᠃ ᠵᠢᠷᠠᠭᠠᠳ ᠤᠨ ᠤ ᠭᠡᠷ ᠪᠤᠯ ᠰᠠᠶᠢᠬᠠᠨ ᠪᠤᠯᠤᠭᠰᠠᠨ᠃ ᠳᠠᠩᠳᠠ ᠳᠡᠮᠦᠷ ᠵᠤᠤᠬ᠎ᠠ ᠲᠠᠢ | ᠵᠤᠤᠬ᠎ᠠ ᠪᠠᠰᠠ ᠪᠤᠳᠤᠭ ᠲᠠᠢ ᠪᠤᠳᠤᠭ ᠦᠭᠡᠢ ᠭᠡᠵᠦ ᠪᠠᠶᠢᠯ᠎ᠠ ᠰᠢᠤ᠃ ᠳᠡᠭᠡᠭᠡᠳ ᠳᠠᠯᠠᠭᠠᠳ ᠤᠨ ᠳᠤ ᠮᠠᠨᠠᠶᠢᠬᠢᠨ | ᠮᠤᠩᠭᠤᠯ ᠭᠡᠷ ᠢᠶᠠᠨ ᠶᠡᠭᠡ ᠰᠠᠶᠢᠬᠠᠨ ᠵᠠᠰᠠᠭᠰᠠᠨ᠃ ᠬᠤᠸᠠᠷ ᠲᠠᠢ ᠠᠪᠳᠠᠷ᠎ᠠ ᠨᠤᠭᠤᠳ ᠲᠠᠢ ᠪᠤᠯᠵᠦ᠂ ᠴᠤᠯ ᠬᠤᠨᠢᠨ ᠤ | ᠤᠡᠭᠭᠠᠰᠤ ᠪᠠᠷ ᠬᠢᠭᠰᠡᠨ ᠵᠤᠨ ᠤ ᠪᠦᠷᠢᠶᠠᠰᠦ᠂ ᠬᠠᠪᠤᠷ ᠤᠨ ᠪᠦᠷᠢᠶᠡᠰᠦ᠂ ᠡᠪᠦᠯ ᠤᠨ ᠪᠦᠷᠢᠶᠡᠰᠦ ᠭᠡᠵᠦ ᠤᠯᠠᠷᠢᠯ | ᠢᠯᠭᠠᠨ ᠬᠢᠳᠡᠭ᠃ ᠨᠠᠶᠠ ᠶᠡᠷᠡᠭᠡᠳ ᠤᠨ ᠠᠴᠠ ᠤᠯᠤᠰ ᠭᠡᠷ᠂ ᠮᠠᠯ ᠠᠵᠤ ᠠᠬᠤᠢ ᠬᠦᠭᠵᠢᠭᠰᠡᠨ ᠢᠶᠠᠷ | ᠠᠮᠢᠳᠤᠷᠠᠯ ᠤᠨ ᠳᠦᠪᠰᠢᠨ ᠰᠠᠶᠢᠵᠢᠷᠠᠵᠦ᠂ ᠭᠤᠷᠪᠠ ᠠᠴᠠ ᠳᠦᠷᠪᠡᠨ ᠵᠠᠩ ᠤᠨ ᠳᠤᠭᠤᠰᠬᠠᠨ ᠪᠠᠶᠢᠰᠢᠩ ᠲᠠᠢ ᠪᠤᠯᠵᠦ᠂ | ᠳᠡᠷᠭᠡ ᠬᠢᠳᠡᠭ ᠬᠦᠮᠦᠷᠭᠡ ᠲᠠᠢ ᠴᠦ ᠪᠤᠯᠤᠭᠰᠠᠨ᠃ ᠤᠳᠤ ᠪᠤᠯᠬᠤ ᠳᠤ ᠮᠠᠯᠴᠢᠳ ᠬᠦᠳᠡᠭᠡ ᠳᠡᠭᠡᠨ ᠬᠤᠳᠠ ᠠᠴᠠ | ᠳᠤᠳᠠᠬᠤ ᠦᠭᠡᠢ ᠰᠠᠭᠤᠷᠢᠰᠢᠯ ᠲᠠᠢ᠂ ᠬᠤᠰᠢᠭᠤ ᠬᠤᠳᠠ ᠤᠷᠤᠪᠠᠯ ᠠᠰᠠᠷ ᠳᠠᠭᠳᠤ ᠲᠠᠢ ᠪᠤᠯᠵᠠᠢ︾ ᠭᠡᠵᠦ ᠶᠠᠷᠢᠯ᠎ᠠ᠃ | ᠤᠯᠠᠨ ᠵᠢᠯ ᠤᠨ ᠬᠦᠭᠵᠢᠯ ᠬᠤᠪᠢᠷᠠᠯ ᠢ ᠤᠨ ᠳᠠᠷᠠᠭᠠᠯᠠᠨ ᠶᠠᠷᠢᠭᠰᠠᠨ ᠨᠠᠰᠤᠳᠠᠨ ᠤ ᠶᠠᠷᠢᠶ᠎ᠠ ᠵᠢᠷᠤᠭ ᠮᠡᠳᠦ᠃ ᠤᠷᠤᠨ | ᠰᠠᠭᠤᠴᠠ ᠨᠢ ᠬᠦᠮᠦᠨ ᠤ ᠠᠮᠢᠳᠤᠷᠠᠯ ᠤᠨ ᠦᠯᠢᠭᠡᠷ ᠳᠡᠤᠬᠡ ᠶᠢ ᠬᠦᠤᠷᠨᠢᠵᠦ᠂ ᠴᠠᠭ ᠦᠶ᠎ᠡ ᠶᠢᠨ ᠦᠡᠭᠭᠡ ᠳᠦᠷᠬᠦ ᠶᠢ | ᠬᠠᠳᠠᠭᠠᠯᠠᠭᠰᠠᠭᠠᠷ ᠪᠠᠶᠢᠭᠰᠠᠨ ᠨᠢ ᠳᠠᠮᠵᠢᠭ ᠦᠭᠡᠢ᠃ 75 ᠵᠢᠯ ᠤᠨ ᠠᠶᠠᠨ᠂ ᠳᠠᠯᠠᠢ ᠶᠡᠭᠡ ᠬᠤᠪᠢᠷᠠᠯᠳᠠ ᠶᠢ ᠳᠠᠯ᠎ᠠ | ᠳᠠᠯ᠎ᠠ ᠠᠴᠠ ᠬᠠᠷᠠᠵᠦ ᠪᠤᠯᠬᠤ ᠳᠡᠤᠬᠡ ᠶᠢᠨ ᠨᠡᠬᠦᠳᠡᠯ ᠪᠠᠶᠢᠯ᠎ᠠ᠃ ᠪᠠᠶᠢᠬᠤ ᠦᠭᠡᠢ ᠠᠴᠠ ᠪᠠᠨ ᠪᠠᠶᠢᠬᠤ ᠪᠤᠯᠵᠦ᠂ | ᠪᠠᠶᠢᠬᠤ ᠠᠴᠠ ᠪᠠᠨ ᠰᠢᠨᠡᠴᠢᠯᠡᠵᠦ ᠰᠠᠶᠢᠵᠢᠷᠠᠭᠰᠠᠨ ᠵᠦᠢᠯ ᠶᠡᠭᠡ ᠰᠢᠯᠢ ᠶᠢᠨ ᠬᠦᠮᠦᠨ ᠠᠷᠠᠳ ᠤᠨ ᠤᠷᠤᠨ | ᠰᠠᠭᠤᠴᠠ ᠳᠤ ᠤᠯᠠᠨ ᠠᠴᠠ ᠤᠯᠠᠨ᠃ | ︽ᠤᠳᠤ ᠴᠦ ᠡᠳᠦᠷ ᠡᠳᠦᠷ ᠴᠠᠭᠠᠨ ᠰᠠᠷ᠎ᠠ ᠪᠤᠯᠵᠠᠢ︾ ᠭᠡᠵᠦ ᠮᠠᠨ ᠤ ᠠᠬᠠᠮᠠᠳ ᠤᠳ ᠬᠠᠶᠠ ᠤᠴᠢᠷᠯᠠᠳᠠᠭ᠃ | ᠡᠨᠡ ᠦᠭᠡ ᠴᠠᠭᠠᠨ ᠰᠠᠷ᠎ᠠ ᠳᠠᠭᠠᠨ ᠯᠡ ᠨᠢᠭᠡ ᠬᠡᠳᠡᠰᠦ ᠭᠠᠷᠳᠠᠭ ᠪᠠᠶᠢᠭᠰᠠᠨ ᠠᠴᠠ ᠤᠯᠪᠠᠭᠠᠯᠠᠨ ᠶᠠᠷᠢᠭᠳᠠᠭᠰᠠᠨ ᠨᠢ | ᠳᠠᠮᠵᠢᠭ ᠦᠭᠡᠢ᠃ ᠢᠳᠡᠯᠭᠡ ᠤᠤᠭᠤᠯᠭ᠎ᠠ ᠶᠢᠨ ᠵᠦᠢᠯᠡᠰ ᠬᠤᠮᠰᠠᠬᠠᠨ ᠪᠠᠶᠢᠭᠰᠠᠨ ᠴᠠᠭ ᠲᠤ ᠬᠦᠮᠦᠰ ᠴᠠᠭᠠᠨ | ᠰᠠᠷ᠎ᠠ ᠳᠠᠭᠠᠨ ᠯᠡ ᠨᠢᠭᠡ ᠴᠠᠳᠳᠠᠭ ᠪᠠᠶᠢᠭᠰᠠᠨ ᠳᠡᠤᠬᠡ ᠪᠤᠢ᠃ ᠬᠦᠨᠳᠦ ᠬᠡᠴᠡᠬᠦᠦ ᠰᠠᠨᠠᠭᠳᠠᠪᠠᠴᠦ ᠴᠠᠭ ᠦᠶ᠎ᠡ ᠶᠢᠨ | ᠬᠦᠭᠵᠢᠯᠳᠡ ᠶᠢ ᠳᠠᠭᠠᠭᠠᠳ ᠨᠢᠭᠡᠨᠳᠡ ᠳᠡᠤᠬᠡ ᠪᠤᠯᠴᠢᠬᠠᠭᠰᠠᠨ ᠶᠤᠮ᠃ ᠳᠡᠤᠬᠡ ᠬᠦᠨᠳᠦ ᠪᠠᠶᠢᠯ᠎ᠠ ᠴᠦ ᠳᠡᠮᠡᠤᠯᠦᠨ | ᠵᠤᠷᠢᠬᠤ ᠢᠳᠡᠭᠡᠯ ᠬᠦᠴᠦᠨ ᠰᠢᠨᠳᠠᠷᠠᠰᠢ ᠦᠭᠡᠢ ᠪᠠᠶᠢᠭᠰᠠᠨ ᠨᠢ ᠦᠨᠦᠳᠦᠷ ᠤᠨ ᠰᠠᠶᠢᠨ ᠰᠠᠶᠢᠬᠠᠨ ᠢ ᠪᠦᠳᠦᠭᠡᠵᠠᠢ᠃ | ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠤᠯᠠᠭᠠᠨᠴᠠᠪ ᠰᠤᠮᠤᠨ ᠤ ᠰᠢᠷᠭ᠎ᠠ ᠭᠠᠴᠠᠭ᠎ᠠ ᠪᠠᠷ ᠨᠤᠲᠤᠭᠳᠠᠢ᠂ | ᠳᠠᠯ᠎ᠠ ᠶᠢᠨ ᠳᠠᠪᠠᠭ᠎ᠠ ᠳᠠᠪᠠᠭᠰᠠᠨ ᠠᠬᠠᠮᠠᠳ ᠮᠠᠯᠴᠢᠳ ᠪᠠᠳᠮᠠᠸᠠᠩᠴᠢᠨ᠄ ︽ᠳᠠᠪᠢᠭᠠᠳ ᠤᠨ ᠤ ᠦᠶ᠎ᠡ ᠳᠤ ᠢᠳᠡᠬᠦ | ᠤᠤᠭᠤᠬᠤ ᠶᠠᠭᠤᠮ᠎ᠠ ᠦᠭᠡᠢ ᠬᠡᠴᠡᠬᠦᠦ ᠪᠠᠶᠢᠭᠰᠠᠨ᠃ 1960 ᠤᠨ ᠠᠴᠠ 1962 ᠤᠨ ᠪᠤᠯᠳᠠᠯ᠎ᠠ ᠶᠡᠭᠡ | ᠪᠠᠶᠢᠭᠠᠯᠢ ᠶᠢᠨ ᠭᠠᠮᠰᠢᠭ ᠪᠤᠯᠤᠭᠠᠳ ᠨᠡᠩ ᠴᠦ ᠬᠡᠴᠡᠬᠦᠦ ᠪᠠᠶᠢᠯ᠎ᠠ ᠳ᠋ᠠ᠃ ᠴᠠᠳᠤᠨ᠎ᠠ ᠭᠡᠵᠦ ᠪᠠᠶᠢᠬᠤ ᠦᠭᠡᠢ᠃ ᠪᠠᠭᠰᠢ | ᠨᠠᠷ ᠮᠠᠨᠢ ᠬᠡᠤᠳᠡᠢ ᠪᠠᠷᠢᠭᠠᠳ ᠠᠶᠢᠯ ᠤᠳ ᠠᠴᠠ ᠨᠢᠭᠡ ᠬᠤᠶᠠᠷ ᠠᠶᠠᠭ᠎ᠠ ᠪᠠᠷ ᠠᠭᠠᠭ ᠲᠠᠢ ᠭᠤᠯᠢᠷ ᠭᠤᠶᠤᠵᠦ | ᠤᠯᠤᠭᠠᠳ ᠰᠤᠷᠤᠭᠴᠢᠳ ᠲᠠᠭᠠᠨ ᠵᠤᠳᠠᠩ ᠴᠢᠨᠠᠵᠦ ᠦᠭᠳᠡᠭ ᠪᠠᠶᠢᠯ᠎ᠠ᠃ ᠭᠠᠮᠰᠢᠭ ᠦᠡᠭᠭᠡᠷᠡᠭᠡᠳ ᠰᠤᠷᠭᠠᠭᠤᠯᠢ ᠶᠢᠨ | ᠮᠠᠨᠢ ᠠᠮᠢᠳᠤᠷᠠᠯ ᠨᠡᠯᠢᠶᠡᠳ ᠰᠠᠶᠢᠵᠢᠷᠠᠭᠰᠠᠨ᠃ ᠭᠡᠬᠦ ᠳᠡᠭᠡᠨ ᠴᠠᠭᠠᠨ ᠭᠤᠯᠢᠷ ᠳᠤᠩ ᠴᠦᠭᠡᠨ ᠡ᠂ ᠭᠠᠷᠠᠭ ᠲᠤ ᠨᠢᠭᠡ | ᠬᠤᠶᠠᠷ ᠡᠷᠢᠨ ᠤᠯᠵᠦ ᠢᠳᠡᠳᠡᠭ ᠪᠠᠶᠢᠭᠰᠠᠨ᠃ ᠬᠤᠤᠰ ᠳᠠᠭᠠᠭᠠᠴᠢᠯᠠᠯᠳᠠ ᠠᠴᠠ ᠬᠤᠶᠢᠰᠢ ᠯᠡ ᠠᠮᠢᠳᠤᠷᠠᠯ ᠠᠬᠤᠢ | ᠳᠡᠭᠰᠢᠷᠡᠭᠡᠳ ᠢᠳᠡᠬᠦ ᠤᠤᠭᠤᠬᠤ ᠵᠦᠢᠯ ᠳᠤᠳᠠᠬᠤ ᠦᠭᠡᠢ ᠪᠤᠯᠤᠭᠰᠠᠨ᠃ ᠶᠡᠷᠡᠭᠡᠳ ᠤᠨ ᠳᠤ ᠬᠤᠯᠠ ᠤᠨᠳᠤᠤ | ᠪᠤᠯᠴᠢᠬᠠᠭᠰᠠᠨ᠃ ᠠᠮᠢᠳᠤᠷᠠᠯ ᠤᠨ ᠳᠡᠭᠡᠭᠰᠢᠯᠡᠯᠳᠡ ᠶᠤᠮ ᠤᠤ ᠬᠤᠷᠳᠤᠴᠠ ᠬᠠᠮᠤᠭ ᠤᠨ ᠰᠠᠶᠢᠨ ᠴᠠᠭ ᠦᠶ᠎ᠡ ᠭᠡᠪᠡᠯ | ᠶᠡᠷᠡᠭᠡᠳ ᠤᠨ ᠪᠠᠶᠢᠬ᠎ᠠ ᠭᠡᠵᠦ ᠪᠢ ᠪᠤᠳᠤᠳᠠᠭ ᠶᠤᠮ᠃ ᠨᠢᠭᠡ ᠦᠶ᠎ᠡ ᠵᠠᠯᠠᠭᠤᠴᠤᠳ ᠨᠢᠭᠡ ᠰᠠᠶᠢᠬᠠᠨ ᠭᠤᠶᠤᠯᠠᠵᠦ | ᠭᠠᠨᠭ᠍ᠭᠠᠯᠠᠭᠠᠳ ᠠᠶᠢᠯ ᠳᠤᠭᠤᠷᠢᠵᠦ ᠠᠷᠢᠬᠢ ᠫᠢᠸᠤ ᠤᠤᠭᠤᠭᠠᠳ ᠶᠠᠪᠤᠳᠠᠭ ᠪᠠᠶᠢᠭᠰᠠᠨ ᠨᠢ ᠦᠨᠡᠨ ᠳᠡᠭᠡᠨ ᠬᠦᠮᠦᠰ | ᠡᠷᠭᠡ ᠳᠤᠷ᠎ᠠ ᠪᠠᠷ ᠢᠶᠠᠨ ᠪᠤᠯᠵᠦ᠂ ᠬᠡᠳᠡᠰᠦ ᠴᠠᠳᠬᠤᠯᠠᠩ ᠮᠦᠷᠦ ᠪᠦᠳᠦᠨ ᠪᠤᠯᠤᠭᠰᠠᠨ ᠤ ᠢᠯᠡᠷᠡᠯ ᠪᠠᠶᠢᠵᠠᠢ᠃ ᠤᠳᠤ | ᠠᠮᠢᠳᠤᠷᠠᠯ ᠤᠨ ᠳᠦᠪᠰᠢᠨ ᠤᠭ ᠤᠨ ᠬᠢ ᠲᠠᠢ ᠬᠠᠷᠢᠴᠠᠭᠤᠯᠦᠰᠢ ᠦᠭᠡᠢ ᠰᠠᠶᠢᠵᠢᠷᠠᠭᠠᠳ ᠬᠦᠮᠦᠰ ᠢᠳᠡᠵᠦ | ᠤᠤᠭᠤᠬᠤ ᠳᠠᠯ᠎ᠠ ᠪᠠᠷ ᠡᠷᠡᠬᠦᠯ ᠢᠳᠡᠭᠡᠨ ᠤᠮᠳᠠᠭᠠᠨ ᠢ ᠴᠢᠬᠤᠯᠠᠴᠢᠯᠠᠬᠤ ᠪᠤᠯᠵᠠᠢ᠃ ᠠᠷᠢᠬᠢ ᠤᠤᠭᠤᠬᠤ ᠬᠦᠮᠦᠨ | ᠳᠤᠩ ᠬᠤᠪᠤᠷ ᠪᠤᠯᠵᠦ᠂ ᠳᠠᠮᠠᠬᠢ ᠳᠠᠳᠠᠳᠠᠭ ᠬᠦᠮᠦᠨ ᠴᠦ ᠴᠦᠭᠡᠷᠡᠵᠦ ᠪᠠᠶᠢᠨ᠎ᠠ ᠭᠡᠰᠡᠨ ᠰᠢᠤ︾ ᠭᠡᠯᠡ᠃ ᠴᠠᠭ | ᠴᠠᠭ ᠤᠨ ᠬᠦᠮᠦᠨ ᠤ ᠠᠯᠬᠤᠭᠰᠠᠨ ᠠᠶᠠᠯᠠᠭᠰᠠᠨ ᠵᠠᠮ ᠠᠳᠠᠯᠢ ᠦᠭᠡᠢ᠂ ᠦᠪᠡᠷ ᠦᠪᠡᠷ ᠤᠨ ᠦᠡᠭᠭᠡ ᠪᠠᠷ ᠢᠶᠠᠨ | ᠠᠮᠢᠳᠤᠷᠠᠯ ᠢᠶᠠᠨ ᠪᠦᠳᠦᠭᠡᠵᠦ ᠶᠠᠪᠤᠭᠰᠠᠨ ᠦᠶ᠎ᠡ ᠦᠶ᠎ᠡ ᠶᠢᠨ ᠬᠦᠮᠦᠰ ᠬᠦᠨᠳᠦᠳᠭᠡᠯᠳᠡᠢ᠃ ᠨᠡᠶᠢᠭᠡᠮ ᠤᠨ | ᠬᠦᠭᠵᠢᠯᠳᠡ ᠶᠢ ᠳᠠᠭᠠᠭᠠᠳ ᠬᠦᠮᠦᠨ ᠤ ᠦᠵᠡᠯ ᠤᠬᠠᠮᠰᠠᠷ ᠡᠯ᠎ᠡ ᠳᠠᠯ᠎ᠠ ᠪᠠᠷ ᠠᠬᠢᠯᠳᠠ ᠳᠠᠪᠰᠢᠯᠳᠠ ᠲᠠᠢ ᠪᠤᠯᠵᠦ᠂ | ᠪᠤᠯᠪᠠᠰᠤᠨ ᠰᠤᠷᠳᠠᠯ ᠢ ᠳᠡᠭᠡᠳᠦᠯᠡᠬᠦ ᠪᠤᠯᠤᠭᠰᠠᠨ ᠨᠢ ᠰᠢᠨ᠎ᠡ ᠴᠠᠭ ᠤᠨ ᠰᠠᠶᠢᠬᠠᠨ ᠪᠢᠯᠡ᠃ ᠢᠳᠡᠵᠦ ᠤᠤᠭᠤᠬᠤ ᠶᠢᠨ | ᠳᠠᠯ᠎ᠠ ᠪᠠᠷ ᠴᠦ ᠡᠷᠡᠬᠦᠯ ᠵᠦᠪ ᠬᠤᠭᠤᠯᠠᠯᠠᠬᠤ᠂ ᠱᠠᠯᠢᠵᠦ ᠪᠦᠷᠢᠯᠭᠡᠬᠦ ᠦᠭᠡᠢ᠂ ᠠᠷᠪᠢᠯᠠᠨ ᠭᠠᠮᠨᠠᠬᠤ ᠵᠡᠷᠭᠡ ᠪᠤᠯᠪᠠᠰᠤᠨ | ᠰᠤᠷᠳᠠᠯ ᠢ ᠳᠡᠭᠡᠳᠦᠯᠡᠵᠦ᠂ ᠡᠳᠦᠷ ᠳᠤᠳᠤᠮ ᠤᠨ ᠵᠢᠵᠢᠭ ᠰᠠᠵᠢᠭ ᠦᠢᠯᠡ ᠬᠢᠳᠡᠯ ᠠᠴᠠ ᠪᠠᠨ ᠡᠬᠢᠯᠡᠨ ᠴᠠᠭ | ᠦᠶ᠎ᠡ ᠶᠢᠨ ᠦᠡᠭᠭᠡ ᠳᠦᠷᠬᠦ ᠶᠢ ᠳᠤᠳᠤᠷᠠᠭᠤᠯᠵᠦ ᠪᠠᠶᠢᠭ᠎ᠠ ᠶᠤᠮ᠃ | ᠡᠮᠦᠰᠬᠡᠯ ᠵᠠᠰᠠᠯ ᠤᠨ ᠬᠤᠪᠢᠷᠠᠯᠳᠠ ᠠᠴᠠ ᠴᠠᠭ ᠦᠶ᠎ᠡ ᠶᠢᠨ ᠬᠦᠭᠵᠢᠯᠳᠡ᠂ ᠠᠮᠢᠳᠤᠷᠠᠯ ᠤᠨ ᠬᠢᠷᠢ ᠳᠦᠪᠰᠢᠨ ᠢ | ᠬᠠᠷᠠᠵᠦ ᠪᠤᠯᠳᠠᠭ᠃ ᠰᠠᠶᠢᠨ ᠰᠠᠶᠢᠬᠠᠨ ᠠᠮᠢᠳᠤᠷᠠᠯ ᠤᠨ ᠨᠢᠳᠦᠨ ᠳᠤ ᠦᠵᠡᠭᠳᠡᠬᠦ ᠨᠢᠭᠡᠨ ᠪᠠᠷᠢᠮᠵᠢᠶ᠎ᠡ ᠭᠡᠪᠡᠯ ᠡᠨᠡ | ᠪᠠᠶᠢᠵᠦ ᠳᠠᠭᠠᠷᠠᠨ᠎ᠠ᠃ ᠦᠶ᠎ᠡ ᠦᠶ᠎ᠡ ᠶᠢᠨ ᠬᠦᠮᠦᠰ ᠤᠨ ᠡᠮᠦᠰᠭᠡᠯ ᠭᠤᠶᠤᠯ ᠵᠠᠰᠠᠯ ᠳᠤᠬᠠᠢ ᠶᠢᠨ ᠴᠠᠭ | ᠦᠶ᠎ᠡ ᠶᠢᠨ ᠢᠶᠠᠨ ᠦᠡᠭᠭᠡ ᠳᠦᠷᠬᠦ ᠪᠤᠯᠤᠨ ᠦᠯᠡᠳᠡᠭᠰᠡᠨ ᠪᠠᠶᠢᠳᠠᠭ᠃ ᠪᠠᠷᠠᠭᠤᠨ ᠦᠵᠦᠮᠦᠴᠢᠨ ᠬᠤᠰᠢᠭᠤᠨ ᠤ | ᠪᠠᠶᠠᠨᠬᠤᠰᠢᠭᠤ ᠰᠤᠮᠤᠨ ᠤ ᠰᠠᠷᠠᠭᠤᠯᠨᠤᠳᠤᠭ ᠭᠠᠴᠠᠭ᠎ᠠ ᠪᠠᠷ ᠨᠤᠲᠤᠭᠳᠠᠢ᠂ ᠨᠠᠶᠠᠨ ᠳᠠᠪᠤᠨ ᠨᠠᠰᠤᠨ ᠤ ᠦᠨᠳᠦᠷ | ᠬᠤᠳᠤᠭ ᠵᠤᠭᠤᠭᠯᠠᠵᠦ ᠶᠠᠪᠤᠭ᠎ᠠ ᠳᠤᠩᠭᠠᠯᠠᠭ ᠨᠠᠰᠤᠳᠠᠨ᠄ ︽ᠨᠠᠮᠠᠢᠢ ᠪᠠᠭ᠎ᠠ ᠪᠠᠶᠢᠬᠤ ᠳᠤ ᠶᠠᠭᠤᠮ᠎ᠠ ᠬᠤᠪᠤᠷ᠂ ᠭᠡᠷ | ᠶᠠᠳᠠᠭᠤ ᠪᠠᠶᠢᠯ᠎ᠠ ᠰᠢᠤ᠃ ᠳᠡᠬᠦᠦ ᠨᠢ ᠠᠬ᠎ᠠ ᠡᠭᠡᠴᠢ ᠶᠢᠨ ᠢᠶᠠᠨ ᠪᠠᠭᠠᠳᠠᠭᠰᠠᠨ ᠢ ᠡᠮᠦᠰᠦᠭᠡᠳ ᠯᠡ᠂ ᠬᠠᠭᠤᠴᠢᠨ | ᠬᠤᠪᠴᠠᠰᠤᠨ ᠳᠠᠭᠠᠨ ᠳᠦᠮᠡᠨ ᠨᠦᠬᠦᠭᠡᠰᠦ ᠳᠠᠯᠪᠢᠭᠠᠳ ᠡᠮᠦᠰᠳᠡᠭ ᠪᠠᠶᠢᠭᠰᠠᠨ ᠶᠤᠮ᠃ ᠤᠳᠤ ᠬᠤᠪᠴᠠᠰᠤ ᠶᠢ | ᠡᠯᠡᠭᠳᠡᠵᠦ ᠪᠠᠷᠠᠳᠠᠯ᠎ᠠ ᠡᠮᠦᠰᠳᠡᠭ ᠬᠦᠮᠦᠨ ᠦᠭᠡᠢ ᠪᠤᠯᠤᠭᠰᠠᠨ ᠳ᠋ᠤᠤ᠃ ᠨᠠᠮᠠᠢᠢ ᠪᠠᠭ᠎ᠠ ᠪᠠᠶᠢᠬᠤ ᠳᠤ ᠭᠤᠶᠤᠯ ᠵᠠᠰᠠᠯ | ᠬᠡᠮᠡᠷ ᠶᠠᠭᠤᠮ᠎ᠠ ᠪᠠᠶᠢᠳᠠᠭ ᠴᠦ ᠦᠭᠡᠢ᠃ ᠳᠡᠪᠡᠯ ᠳᠡᠷᠯᠢᠭ ᠤᠨ ᠬᠤᠷᠭᠤᠢ ᠡᠮᠵᠢᠶᠡᠷᠢ ᠭᠡᠵᠦ ᠠᠯᠠᠭ᠎ᠠ ᠰᠢᠤ᠃ ᠬᠠᠷ᠎ᠠ | ᠪᠦᠰ ᠶᠤᠮ ᠤᠤ ᠦᠭᠡᠳᠡᠩ ᠢᠶᠠᠷ ᠪᠠᠷᠢᠵᠦ ᠤᠶᠤᠬᠤ ᠶᠤᠮ ᠤᠤ ᠡᠰᠡᠬᠦᠯ᠎ᠡ ᠰᠢᠭᠤᠳ ᠬᠦᠰᠢᠭᠡᠳ ᠡᠷᠬᠢᠬᠦᠯᠦᠭᠡᠳ | ᠤᠶᠤᠴᠢᠬᠠᠳᠠᠭ ᠪᠠᠶᠢᠭᠰᠠᠨ ᠶᠤᠮ᠃ ᠤᠳᠤ ᠴᠢᠨᠢ ᠵᠦᠢᠯ ᠪᠦᠷᠢ ᠶᠢᠨ ᠳᠤᠷᠭ᠎ᠠ᠂ ᠦᠡᠭᠭᠡ ᠪᠦᠷᠢ ᠶᠢᠨ ᠤᠳᠠᠰᠤ | ᠳᠤᠳᠠᠬᠤ ᠶᠠᠭᠤᠮ᠎ᠠ ᠦᠭᠡᠢ ᠯᠡ ᠪᠤᠯᠵᠠᠢ᠃ ᠶᠠᠭᠠᠬᠢᠵᠦ ᠤᠶᠤᠨ᠎ᠠ ᠤᠤ ᠦᠪᠡᠷ ᠤᠨ ᠤᠬᠠᠭᠠᠨ ᠴᠢᠳᠠᠪᠤᠷᠢ ᠯᠡ | ᠮᠡᠳᠡᠭᠰᠡᠨ ᠬᠡᠷᠡᠭ ᠪᠤᠯᠵᠠᠢ᠃ ᠪᠢ ᠴᠢᠨᠢ ᠤᠯᠠᠮᠵᠢᠯᠠᠯᠳᠤ ᠦᠵᠦᠮᠦᠴᠢᠨ ᠬᠤᠪᠴᠠᠰᠤ ᠪᠠᠨ ᠤᠶᠤᠬᠤ ᠶᠢᠨ ᠳᠠᠭᠠᠤ | ᠨᠡᠶᠢᠭᠡᠮ ᠤᠨ ᠬᠦᠭᠵᠢᠯᠳᠡ ᠶᠢ ᠳᠠᠭᠠᠭᠠᠳ ᠰᠢᠨ᠎ᠡ ᠮᠠᠶ᠋ᠢᠭ ᠤᠨ ᠬᠤᠪᠴᠠᠰᠤ ᠵᠠᠰᠠᠯ ᠢ ᠴᠦ ᠤᠶᠤᠵᠦ ᠰᠤᠷᠤᠯ᠎ᠠ ᠰᠢᠤ᠃ | ᠶᠠᠭᠤ ᠤᠶᠤᠶᠡ ᠭᠡᠪᠡᠯ ᠶᠠᠭᠤ ᠪᠠᠨ ᠤᠶᠤᠵᠦ ᠪᠤᠯᠳᠠᠭ ᠪᠤᠯᠴᠢᠬᠠᠵᠠᠢ᠃ ᠡᠮᠦᠰᠭᠡᠯ ᠵᠠᠰᠠᠯ ᠴᠦ ᠪᠠᠶᠢᠬᠤ ᠯᠡ ᠪᠤᠶᠠᠨ︾ | ᠬᠡᠮᠡᠨ ᠤᠴᠢᠷᠯᠠᠭᠰᠠᠨ ᠦᠨᠳᠦᠷ ᠨᠠᠰᠤᠳᠠᠨ ᠤ ᠶᠠᠷᠢᠶ᠎ᠠ ᠠᠮᠢᠳᠤᠷᠠᠯ ᠤᠨ ᠴᠢᠬᠤᠯᠠ ᠨᠢᠭᠡᠨ ᠱᠠᠭᠠᠷᠳᠠᠯᠭ᠎ᠠ ᠪᠤᠯᠤᠭᠰᠠᠨ | ᠡᠮᠦᠰᠭᠡᠯ ᠵᠠᠰᠠᠯ ᠤᠨ ᠬᠤᠪᠢᠷᠠᠯᠳᠠ ᠶᠢ ᠨᠢᠳᠦᠨ ᠳᠤ ᠦᠵᠡᠭᠳᠡᠵᠦ ᠭᠠᠷ ᠲᠤ ᠪᠠᠷᠢᠭᠳᠠᠮ᠎ᠠ ᠬᠠᠷᠠᠭᠤᠯᠤᠨ᠎ᠠ᠃ | ᠡᠯᠢᠭᠡ ᠪᠠᠷ ᠪᠠᠨ ᠨᠡᠶᠢᠯᠡᠵᠦ ᠬᠠᠪᠢᠷᠭ᠎ᠠ ᠪᠠᠷ ᠢᠶᠠᠨ ᠨᠠᠯᠠᠭᠰᠠᠨ ᠠᠪᠠᠭ᠎ᠠ ᠴᠠᠬᠠᠷ ᠰᠦᠨᠢᠳ ᠦᠵᠦᠮᠦᠴᠢᠨ | ᠨᠤᠲᠤᠭ ᠤᠨ ᠲᠦᠷᠪᠡᠨ ᠪᠤᠭᠤᠷᠤᠢ ᠶᠢᠨ ᠶᠠᠷᠢᠶ᠎ᠠ ᠡᠷᠬᠢᠴᠡᠬᠦᠯᠦᠯ ᠳᠤᠷᠠᠰᠤᠮᠵᠢ ᠪᠠᠷ ᠳᠦᠬᠦᠷᠡᠩ᠂ ᠡᠨᠡ ᠴᠠᠭ ᠤᠨ | ᠰᠠᠶᠢᠨ ᠰᠠᠶᠢᠬᠠᠨ ᠤ ᠮᠡᠳᠡᠷᠡᠮᠵᠢ ᠪᠠᠷ ᠪᠢᠯᠬᠠᠮ᠎ᠠ᠃ ᠳᠤᠭᠤᠯᠵᠦ ᠢᠷᠡᠭᠰᠡᠨ ᠵᠠᠮ ᠳᠤᠷᠠᠳᠬᠠᠯ ᠤᠨ ᠠᠯᠳᠠᠨ ᠬᠠᠭᠤᠳᠠᠰᠤ | ᠪᠤᠯᠳᠠᠭ ᠶᠤᠮ᠃ ᠳᠤᠷᠠᠳᠬᠠᠯ ᠤᠨ ᠠᠯᠳᠠᠨ ᠬᠠᠭᠤᠳᠠᠰᠤᠨ ᠳᠤ ᠳᠤᠮᠤᠭ ᠮᠡᠳᠦ ᠦᠨᠡᠨ ᠪᠢᠴᠢᠭᠳᠡᠵᠦ ᠴᠠᠭ | ᠬᠤᠭᠤᠴᠠᠭ᠎ᠠ ᠶᠢ ᠳᠡᠮᠳᠡᠭᠯᠡᠭᠰᠡᠨ ᠪᠠᠶᠢᠳᠠᠭ᠃ ᠲᠠᠯᠠᠨ ᠳᠠᠪᠤᠨ ᠵᠢᠯ ᠭᠡᠭᠴᠢ ᠨᠢᠭᠡᠨ ᠰᠠᠶᠢᠬᠠᠨ ᠨᠤᠮ ᠪᠤᠯᠬᠤ ᠶᠢ | ᠪᠡᠶ᠎ᠡ ᠪᠠᠷ ᠢᠶᠠᠨ ᠳᠤᠭᠤᠯᠵᠦ ᠢᠷᠡᠭᠰᠡᠨ ᠪᠤᠭᠤᠷᠤᠯᠴᠤᠳ ᠤᠨ ᠶᠠᠷᠢᠶ᠎ᠠ ᠬᠡᠷᠡᠴᠢᠯᠡᠨ᠎ᠡ᠃ ᠤᠨ ᠴᠠᠭ ᠨᠤᠮ ᠶᠤᠮ ᠡ | ᠭᠡᠬᠦ ᠳᠤ ᠤᠷᠤᠰᠤᠨ ᠪᠤᠢ ᠴᠠᠭ ᠬᠤᠭᠤᠴᠠᠭ᠎ᠠ ᠶᠢ ᠨᠢᠳᠦ ᠰᠡᠳᠭᠢᠯ ᠪᠢᠯᠢᠭ ᠤᠬᠠᠭᠠᠨ ᠳᠠᠭᠠᠨ ᠬᠠᠳᠠᠭᠠᠯᠠᠵᠦ ᠶᠠᠪᠤᠭ᠎ᠠ | ᠨᠠᠰᠤᠳᠠᠳ ᠴᠦ ᠨᠢᠭᠡ ᠨᠢᠭᠡ ᠪᠠᠷ ᠢᠶᠠᠨ ᠰᠠᠶᠢᠨ ᠨᠤᠮ ᠬᠡᠳᠡᠭ ᠢ ᠦᠭᠡᠶᠢᠰᠭᠡᠰᠢ ᠦᠭᠡᠢ᠃ 75 ᠵᠢᠯ ᠤᠨ ᠬᠤᠪᠢᠷᠠᠯᠳᠠ | ᠬᠦᠭᠵᠢᠯᠳᠡ ᠳᠠᠯᠠᠢ ᠶᠡᠭᠡ ᠪᠤᠶᠠ᠃ ᠰᠢᠨ᠎ᠡ ᠴᠠᠭ ᠤᠨ ᠰᠠᠶᠢᠨ ᠰᠠᠶᠢᠬᠠᠨ ᠬᠤᠪᠢᠷᠠᠯᠳᠠ ᠬᠦᠭᠵᠢᠯᠳᠡ ᠶᠢᠨ ᠤᠯᠠ | ᠮᠦᠷ ᠠᠴᠠ ᠢᠯᠡᠳᠳᠡ ᠬᠠᠷᠠᠭᠳᠠᠨ᠎ᠠ᠃ |