ᠲᠥᠷᠥ ᠶᠢᠨ ᠶᠠᠪᠤᠳᠠᠯ ᠤᠨ ᠬᠤᠷᠢᠶᠠᠨ ᠤ ᠰᠣᠨᠢᠨ ᠮᠡᠳᠡᠭᠡᠨ ᠤ ᠠᠯᠪᠠᠨ ᠭᠡᠷ 9 ᠳ᠋ᠦ᠋ᠭᠡᠷ ᠰᠠᠷ᠎ᠠ ᠶᠢᠨ 10 ᠤ ᠡᠳᠦᠷ | ︽ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ︾ ᠰᠢᠷᠢᠰ ᠰᠡᠳᠦᠪᠲᠦ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠵᠤ᠂ | ᠤᠯᠤᠰ ᠤᠨ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶᠠᠨ ᠤ ᠬᠤᠯᠪᠣᠭᠳᠠᠯ ᠪᠦᠬᠦᠢ ᠬᠠᠷᠢᠭᠤᠴᠠᠯᠭᠠᠲᠠᠨ ᠬᠠᠮᠢᠶ᠎ᠠ ᠪᠦᠬᠦᠢ | ᠪᠠᠶᠢᠳᠠᠯ ᠢ ᠲᠠᠨᠢᠯᠴᠠᠭᠤᠯᠪᠠ᠃ ᠬᠠᠮᠲᠤ ᠳᠤ ᠪᠠᠨ ᠣᠶᠢᠯᠠᠭᠠᠵᠤ ᠠᠪᠤᠶ᠎ᠠ︕ | ᠰᠠᠭᠤᠭᠠᠯᠢ ᠠᠷᠠᠳ ᠤᠨ ᠡᠮᠴᠢᠯᠡᠭᠡᠨ ᠤ ᠳᠠᠭᠠᠳᠬᠠᠯ ᠳᠤ ᠣᠷᠣᠪᠠᠯ ᠬᠦᠨᠳᠦ ᠡᠪᠡᠳᠴᠢᠨ ᠤ ᠳᠠᠭᠠᠳᠬᠠᠯ ᠢ | ᠲᠤᠰᠬᠠᠶᠢᠯᠠᠨ ᠠᠪᠬᠤ ᠴᠢᠬᠤᠯᠠ ᠦᠭᠡᠢ | ᠦᠨᠳᠦᠰᠦᠨ ᠡᠮᠴᠢᠯᠡᠭᠡᠨ ᠤ ᠪᠠᠲᠤᠯᠠᠭ᠎ᠠ ᠶᠢᠨ ᠲᠣᠭᠲᠠᠯᠴᠠᠭ᠎ᠠ ᠨᠢ ᠭᠤᠣᠯᠳᠠᠭᠤ ᠳᠣᠣᠷᠠᠬᠢ ᠭᠤᠷᠪᠠᠨ ᠲᠠᠯ᠎ᠠ ᠶᠢ | ᠬᠠᠮᠤᠷᠤᠨ᠎ᠠ᠄ | ᠨᠢᠭᠡᠳᠦᠭᠡᠷ ᠲᠤ ᠤᠯᠠᠨ ᠤ ᠰᠠᠶᠢᠨ ᠮᠡᠳᠡᠳᠡᠭ ᠠᠵᠢᠯᠲᠠᠨ ᠠᠵᠢᠯᠴᠢᠨ ᠤ ᠡᠮᠴᠢᠯᠡᠭᠡᠨ ᠤ ᠳᠠᠭᠠᠳᠬᠠᠯ᠂ ᠰᠠᠭᠤᠭᠠᠯᠢ | ᠠᠷᠠᠳ ᠤᠨ ᠡᠮᠴᠢᠯᠡᠭᠡᠨ ᠤ ᠳᠠᠭᠠᠳᠬᠠᠯ ᠪᠣᠯᠣᠨ᠎ᠠ᠂ ᠡᠨᠡ ᠨᠢ ᠪᠢᠳᠡᠨ ᠤ ᠶᠠᠷᠢᠭᠠᠳ ᠪᠠᠶᠢᠳᠠᠭ ᠦᠨᠳᠦᠰᠦᠨ ᠡᠮᠴᠢᠯᠡᠭᠡᠨ ᠤ | ᠳᠠᠭᠠᠳᠬᠠᠯ ᠪᠣᠯᠣᠨ᠎ᠠ᠃ | ᠬᠤᠶᠠᠳᠤᠭᠠᠷ ᠲᠤ ᠬᠦᠴᠢᠷᠳᠡᠯᠲᠡᠢ ᠣᠯᠠᠨ ᠲᠦᠮᠡᠨ ᠳᠤ ᠡᠮᠴᠢᠯᠡᠭᠡᠨ ᠤ ᠲᠤᠰᠠᠯᠠᠮᠵᠢ ᠬᠦᠷᠲᠡᠭᠡᠨ᠎ᠡ᠂ ᠪᠢᠳᠡ 2023 | ᠣᠨ ᠳᠤ 8020 ᠲᠦᠮᠡᠨ ᠬᠦᠴᠢᠷᠳᠡᠯᠲᠡᠢ ᠣᠯᠠᠨ ᠲᠦᠮᠡᠨ ᠳᠤ ᠳᠠᠭᠠᠳᠬᠠᠯ ᠳᠤ ᠣᠷᠣᠭᠤᠯᠵᠤ ᠲᠤᠰᠠᠯᠠᠪᠠ᠂ ᠣᠯᠠᠨ ᠤ | ᠦᠷᠭᠦᠯᠵᠢ ᠠᠩᠬᠠᠷᠳᠠᠭ ᠵᠦᠢᠯ ᠪᠣᠯ ᠲᠡᠳᠡᠭᠡᠷ ᠣᠨᠴᠠ ᠬᠦᠴᠢᠷᠳᠡᠯᠲᠡᠢ ᠬᠥᠮᠥᠰ ᠪᠤᠶᠤ ᠣᠷᠣᠯᠭ᠎ᠠ ᠦᠭᠡᠢ ᠡᠪᠡᠳᠴᠢᠲᠡᠨ᠂ | ᠬᠦᠨᠳᠦ ᠡᠪᠡᠳᠴᠢᠲᠡᠨ ᠢ ᠬᠡᠷᠬᠢᠨ ᠳᠠᠭᠠᠳᠬᠠᠯ ᠳᠤ ᠣᠷᠣᠭᠤᠯᠬᠤ ᠪᠣᠶ ᠭᠡᠰᠡᠨ ᠶᠠᠪᠤᠳᠠᠯ ᠪᠣᠯᠣᠨ᠎ᠠ᠃ ᠤᠯᠤᠰ ᠠᠴᠠ | ᠬᠦᠴᠢᠷᠳᠡᠯᠲᠡᠢ ᠣᠯᠠᠨ ᠲᠦᠮᠡᠨ ᠤ ᠳᠠᠭᠠᠳᠬᠠᠯ ᠳᠤ ᠣᠷᠣᠬᠤ ᠠᠰᠠᠭᠤᠳᠠᠯ ᠢ ᠮᠠᠰᠢ ᠬᠠᠯᠠᠮᠵᠢᠯᠠᠵᠤ ᠪᠣᠢ᠂ ᠪᠢᠳᠡ | ᠬᠦᠴᠢᠷᠳᠡᠯᠲᠡᠢ ᠣᠯᠠᠨ ᠲᠦᠮᠡᠨ ᠳᠤ ᠪᠦᠬᠦ ᠲᠣᠭᠠᠨ ᠤ ᠪᠤᠶᠤ ᠬᠡᠰᠡᠭ ᠪᠡᠯᠡ ᠮᠥᠩᠭᠦ ᠪᠠᠷ ᠲᠤᠰᠠᠯᠠᠵᠤ ᠪᠠᠶᠢᠭᠠᠳ᠂ ᠲᠡᠳᠡᠨ ᠤ | ᠳᠠᠭᠠᠳᠬᠠᠯ ᠳᠤ ᠣᠷᠣᠬᠤ ᠶᠢ ᠨᠢ ᠳᠡᠮᠵᠢᠨ᠎ᠡ᠃ | ᠭᠤᠷᠪᠠᠳᠤᠭᠠᠷ ᠲᠤ ᠬᠦᠨᠳᠦ ᠡᠪᠡᠳᠴᠢᠨ ᠤ ᠳᠠᠭᠠᠳᠬᠠᠯ ᠪᠣᠯᠣᠨ᠎ᠠ᠃ ᠰᠠᠭᠤᠭᠠᠯᠢ ᠠᠷᠠᠳ ᠤᠨ ᠡᠮᠴᠢᠯᠡᠭᠡᠨ ᠤ | ᠳᠠᠭᠠᠳᠬᠠᠯ ᠳᠤ ᠣᠷᠣᠭᠰᠠᠳ ᠬᠦᠨᠳᠦ ᠡᠪᠡᠳᠴᠢᠨ ᠤ ᠳᠠᠭᠠᠳᠬᠠᠯ ᠢ ᠲᠤᠰᠬᠠᠶᠢᠯᠠᠨ ᠠᠪᠬᠤ ᠴᠢᠬᠤᠯᠠ ᠦᠭᠡᠢ᠃ ᠡᠨᠡ ᠪᠣᠯ | ᠦᠨᠳᠦᠰᠦᠨ ᠡᠮᠴᠢᠯᠡᠭᠡᠨ ᠤ ᠳᠠᠭᠠᠳᠬᠠᠯ ᠤᠨ ᠪᠣᠷᠣ ᠲᠥᠯᠥᠪ ᠲᠠᠬᠢ ᠳᠠᠭᠠᠯᠳᠤᠭᠰᠠᠨ ᠬᠤᠶᠠᠳᠠᠭᠢ ᠳᠠᠪᠬᠤᠴᠠᠯ ᠪᠠᠲᠤᠯᠠᠭ᠎ᠠ | ᠮᠥᠨ᠃ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠡᠮᠴᠢᠯᠡᠭᠡᠨ ᠤ ᠳᠠᠭᠠᠳᠬᠠᠯ ᠳᠤ ᠣᠷᠣᠭᠰᠠᠨ ᠪᠠᠶᠢᠪᠠᠯ ᠠᠶᠠᠨᠳᠠᠭᠠᠨ | ᠬᠦᠨᠳᠦ ᠡᠪᠡᠳᠴᠢᠨ ᠤ ᠳᠠᠭᠠᠳᠬᠠᠯ ᠤᠨ ᠬᠢᠷᠢ ᠬᠡᠮ ᠲᠠᠢ ᠪᠣᠯᠴᠢᠬᠠᠨ᠎ᠠ᠃ ᠵᠠᠷᠢᠮ ᠦᠶ᠎ᠡ ᠳᠤ ᠣᠯᠠᠨ ᠢᠶᠠᠷ ᠢᠶᠠᠨ ᠶᠠᠭᠠᠬᠢᠭᠠᠳ | ᠮᠡᠳᠡᠳᠡᠭ ᠦᠭᠡᠢ ᠪᠤᠢ ᠭᠡᠪᠡᠯ᠂ ᠪᠢᠳᠡ ᠣᠳᠣ ︽ᠨᠢᠭᠡ ᠥᠷᠲᠡᠭᠡ ᠪᠠᠷ ᠲᠣᠭᠠᠴᠠᠭ᠎ᠠ ᠬᠢᠬᠦ︾ ᠶᠢ ᠬᠡᠷᠡᠭᠵᠢᠭᠦᠯᠦᠭᠰᠡᠨ ᠠᠴᠠ | ᠪᠣᠯᠤᠭᠰᠠᠨ ᠶᠤᠮ᠃ ᠬᠡᠷᠪᠡ ᠳᠠᠭᠠᠳᠬᠠᠯ ᠳᠤ ᠣᠷᠣᠭᠰᠠᠳ ᠡᠮᠴᠢᠯᠡᠭᠦᠯᠬᠦ᠂ ᠢᠯᠠᠩᠭᠤᠶ᠎ᠠ ᠡᠮᠨᠡᠯᠭᠡ ᠳᠤ ᠰᠠᠭᠤᠵᠤ ᠡᠮᠴᠢᠯᠡᠭᠦᠯᠬᠦ | ᠶᠠᠪᠤᠴᠠ ᠳᠤ᠂ ᠬᠤᠪᠢ ᠬᠥᠮᠥᠨ ᠤ ᠵᠠᠷᠤᠴᠠᠭᠤᠯᠤᠭᠰᠠᠨ ᠵᠠᠷᠤᠳᠠᠯ ᠨᠢ ᠵᠣᠬᠢᠬᠤ ᠲᠤᠭ᠎ᠠ ᠠᠴᠠ ᠬᠡᠲᠦᠷᠡᠪᠡᠯ ᠬᠦᠨᠳᠦ | ᠡᠪᠡᠳᠴᠢᠨ ᠤ ᠳᠠᠭᠠᠳᠬᠠᠯ ᠨᠢ ᠠᠶᠠᠨᠳᠠᠭᠠᠨ ᠲᠣᠭᠠᠴᠠᠭᠠᠯᠠᠵᠤ ᠡᠬᠢᠯᠡᠭᠡᠳ᠂ ᠣᠯᠠᠨ ᠢ ᠬᠠᠪᠰᠤᠷᠤᠨ ᠬᠤᠪᠢ ᠬᠥᠮᠥᠨ ᠤ | ᠥᠪᠡᠷ ᠢᠶᠠᠨ ᠲᠤᠰᠢᠶᠠᠬᠤ ᠵᠠᠷᠤᠳᠠᠯ ᠢ ᠨᠢ ᠨᠡᠩ ᠠᠷᠪᠢᠯᠠᠵᠤ ᠥᠭᠬᠦ ᠪᠣᠯᠣᠨ᠎ᠠ᠃ ᠵᠠᠷᠢᠮ ᠦᠶ᠎ᠡ ᠳᠤ ᠪᠢᠳᠡ ᠡᠮᠨᠡᠯᠭᠡ ᠶᠢᠨ | ᠬᠤᠷᠢᠶᠠᠨ ᠳᠤ ᠡᠮᠴᠢᠯᠡᠭᠦᠯᠦᠭᠡᠳ ᠭᠠᠷᠬᠤ ᠳᠤ ᠪᠠᠨ ᠲᠣᠭᠠᠴᠠᠭ᠎ᠠ ᠬᠢᠭᠰᠡᠨ ᠳᠠᠩᠰᠠ ᠶᠢ ᠨᠠᠷᠢᠨ ᠠᠵᠢᠭᠯᠠᠪᠠᠯ᠂ ᠬᠦᠨᠳᠦ | ᠡᠪᠡᠳᠴᠢᠨ ᠤ ᠳᠠᠭᠠᠳᠬᠠᠯ ᠤᠨ ᠲᠥᠯᠥᠪᠦᠷᠢ ᠶᠢᠨ ᠬᠦᠰᠦᠨᠦᠭ ᠠᠴᠠ ᠲᠡᠭᠦᠨ ᠢ ᠣᠯᠵᠤ ᠬᠠᠷᠠᠬᠤ ᠪᠣᠯᠣᠨ᠎ᠠ᠃ | ᠨᠢᠷᠠᠢ ᠬᠡᠦᠬᠡᠳ ᠢ ᠲᠥᠷᠥᠭᠰᠡᠨ ᠤ ᠠᠨᠠᠭᠠᠬᠤ ᠶᠢᠨ ᠭᠡᠷᠡᠴᠢᠯᠡᠯ ᠢᠶᠠᠷ ᠨᠢ ᠰᠦᠯᠵᠢᠶᠡᠨ ᠳᠡᠭᠡᠷ᠎ᠡ ᠳᠠᠭᠠᠳᠬᠠᠯ ᠳᠤ | ᠣᠷᠣᠭᠤᠯᠵᠤ ᠪᠣᠯᠣᠨ᠎ᠠ | ᠨᠢᠷᠠᠢ ᠬᠡᠦᠬᠡᠳ ᠢ ︽ᠡᠷᠦᠬᠡ ᠠᠮᠠ ᠶᠢᠨ ᠳᠠᠩᠰᠠᠨ ᠳᠤ ᠣᠷᠣᠭᠤᠯᠪᠠᠯ ᠰᠠᠶ᠋ᠢ ᠳᠠᠭᠠᠳᠬᠠᠯ ᠲᠠᠢ ᠪᠣᠯᠭᠠᠵᠤ ᠪᠣᠯᠬᠤ︾ | ᠪᠠᠶᠢᠭᠰᠠᠨ ᠢᠶᠠᠨ ︽ᠲᠥᠷᠥᠮᠡᠭᠴᠡ ᠳᠠᠭᠠᠳᠬᠠᠯ ᠲᠠᠢ ᠪᠣᠯᠭᠠᠬᠤ︾ ᠪᠣᠯᠭᠠᠨ ᠬᠤᠪᠢᠷᠠᠭᠤᠯᠪᠠ᠃ ᠤᠤᠯ ᠨᠢ ᠨᠢᠷᠠᠢ ᠬᠡᠦᠬᠡᠳ ᠢ | ᠡᠷᠬᠡᠪᠰᠢ ᠤᠷᠢᠳ ᠢᠶᠠᠷ ᠡᠷᠦᠬᠡ ᠠᠮᠠ ᠶᠢᠨ ᠳᠠᠩᠰᠠᠨ ᠳᠤ ᠣᠷᠣᠭᠤᠯᠤᠭᠠᠳ ᠰᠠᠶ᠋ᠢ ᠳᠠᠭᠠᠳᠬᠠᠯ ᠲᠠᠢ ᠪᠣᠯᠭᠠᠬᠤ ᠭᠠᠷ | ᠭᠦᠢᠴᠡᠳᠬᠡᠯ ᠬᠢᠵᠦ᠂ ᠡᠮᠴᠢᠯᠡᠭᠡᠨ ᠤ ᠵᠠᠷᠤᠳᠠᠯ ᠢ ᠨᠢ ᠤᠷᠢᠳ ᠢᠶᠠᠷ ᠣᠷᠣᠯᠠᠨ ᠲᠥᠯᠥᠵᠦ᠂ ᠡᠷᠦᠬᠡ ᠠᠮᠠ ᠶᠢᠨ ᠳᠠᠩᠰᠠᠨ ᠳᠤ | ᠣᠷᠣᠭᠤᠯᠵᠤ ᠳᠠᠭᠠᠳᠬᠠᠯ ᠲᠠᠢ ᠪᠣᠯᠭᠠᠪᠠᠯ ᠰᠠᠶ᠋ᠢ ᠡᠮᠴᠢᠯᠡᠭᠡᠨ ᠤ ᠳᠠᠭᠠᠳᠬᠠᠯ ᠤᠨ ᠴᠣᠩᠬᠤᠪᠴᠢ ᠪᠠᠷ ᠲᠠᠩᠰᠠ ᠲᠠᠶᠢᠯᠳᠠᠭ | ᠪᠠᠶᠢᠪᠠ᠃ ᠣᠳᠣ ᠡᠯ᠎ᠡ ᠭᠠᠵᠠᠷ ᠤᠨ ᠡᠮᠴᠢᠯᠡᠭᠡᠨ ᠤ ᠳᠠᠭᠠᠳᠬᠠᠯ ᠤᠨ ᠰᠠᠯᠠᠭ᠎ᠠ ᠮᠥᠴᠢᠷ ᠨᠢ ᠳ᠋ᠠᠶᠢᠲ᠋ᠠ ᠶᠢ ᠬᠠᠮᠲᠤ ᠳᠤ ᠪᠠᠨ | ᠬᠦᠷᠲᠡᠬᠦ ᠪᠠᠷ ᠳᠠᠮᠵᠢᠭᠤᠯᠤᠨ᠂ ᠨᠢᠷᠠᠢ ᠬᠡᠦᠬᠡᠳ ᠢ ᠲᠥᠷᠥᠭᠰᠡᠨ ᠤ ᠠᠨᠠᠭᠠᠬᠤ ᠶᠢᠨ ᠭᠡᠷᠡᠴᠢᠯᠡᠯ ᠢᠶᠠᠷ ᠨᠢ ᠰᠦᠯᠵᠢᠶᠡᠨ ᠳᠡᠭᠡᠷ᠎ᠡ | ᠳᠠᠭᠠᠳᠬᠠᠯ ᠲᠠᠢ ᠪᠣᠯᠭᠠᠵᠤ᠂ ᠳᠠᠭᠠᠳᠬᠠᠯ ᠲᠠᠢ ᠪᠣᠯᠵᠤ ᠰᠦᠢᠳᠬᠡᠯ ᠲᠤᠰᠢᠶᠠᠬᠤ ᠳᠤᠮᠳᠠᠴᠢ ᠴᠠᠭ ᠨᠢ ᠵᠢᠯ ᠤᠨ ᠡᠬᠢᠨ ᠤ 28. | 7 ᠠᠵᠢᠯᠯᠠᠬᠤ ᠡᠳᠦᠷ ᠪᠠᠶᠢᠭᠰᠠᠨ ᠠᠴᠠ 6.4 ᠠᠵᠢᠯᠯᠠᠬᠤ ᠡᠳᠦᠷ ᠪᠣᠯᠲᠠᠯ᠎ᠠ ᠪᠠᠭᠠᠰᠪᠠ᠃ ᠨᠢᠷᠠᠢ ᠬᠡᠦᠬᠡᠳ ᠢ ᠡᠮᠨᠡᠯᠭᠡ ᠶᠢᠨ | ᠬᠤᠷᠢᠶᠠᠨ ᠠᠴᠠ ᠭᠠᠷᠭᠠᠭᠰᠠᠨ ᠤ ᠳᠠᠷᠠᠭ᠎ᠠ ᠡᠮᠴᠢᠯᠡᠭᠡᠨ ᠤ ᠵᠠᠷᠤᠳᠠᠯ ᠢ ᠨᠢ ᠰᠢᠭᠤᠳ ᠳᠠᠩᠰᠠᠨ ᠠᠴᠠ ᠲᠠᠶᠢᠯᠬᠤ ᠪᠣᠯᠪᠠ᠃ | ᠳᠠᠷᠠᠭ᠎ᠠ ᠵᠢᠯ ᠠᠴᠠ ᠡᠬᠢᠯᠡᠨ ᠠᠵᠢᠯᠲᠠᠨ ᠠᠵᠢᠯᠴᠢᠨ ᠤ ᠡᠮᠴᠢᠯᠡᠭᠡᠨ ᠤ ᠳᠠᠭᠠᠳᠬᠠᠯ ᠤᠨ ᠬᠤᠪᠢ ᠬᠥᠮᠥᠨ ᠤ | ᠳᠠᠩᠰᠠ ᠶᠢ ᠮᠤᠵᠢ ᠠᠯᠤᠰᠯᠠᠵᠤ ᠬᠠᠮᠵᠢᠯᠴᠠᠨ ᠲᠤᠰᠠᠯᠠᠯᠴᠠᠬᠤ ᠶᠢ ᠰᠦᠪᠡᠭᠴᠢᠯᠡᠨ ᠠᠬᠢᠭᠤᠯᠤᠨ᠎ᠠ | ᠠᠵᠢᠯᠲᠠᠨ ᠠᠵᠢᠯᠴᠢᠨ ᠤ ᠡᠮᠴᠢᠯᠡᠭᠡᠨ ᠤ ᠳᠠᠭᠠᠳᠬᠠᠯ ᠳᠤ ᠡᠴᠢᠭᠡ ᠡᠬᠡ᠂ ᠦᠷ᠎ᠡ ᠬᠡᠦᠬᠡᠳ᠂ ᠬᠠᠨᠢ ᠨᠥᠬᠦᠷ ᠵᠢᠴᠢ | ᠪᠤᠰᠤᠳ ᠲᠥᠷᠥᠯ ᠰᠠᠳᠤᠨ ᠢᠶᠠᠨ ᠬᠤᠯᠪᠣᠨ ᠳᠠᠩᠰᠠᠯᠠᠬᠤ ᠶᠢ ᠰᠦᠯᠵᠢᠶᠡᠨ ᠳᠡᠭᠡᠷ᠎ᠡ ᠭᠤᠶᠤᠴᠢᠯᠠᠨ ᠭᠦᠢᠴᠡᠳᠬᠡᠴᠢᠬᠡᠪᠡᠯ | ᠡᠮᠴᠢᠯᠡᠭᠡᠨ ᠤ ᠳᠠᠭᠠᠳᠬᠠᠯ ᠤᠨ ᠬᠤᠪᠢ ᠬᠥᠮᠥᠨ ᠤ ᠳᠠᠩᠰᠠ ᠶᠢ ᠬᠠᠮᠲᠤ ᠪᠠᠷ ᠬᠡᠷᠡᠭᠯᠡᠵᠦ ᠪᠣᠯᠣᠨ᠎ᠠ᠃ ᠣᠳᠣᠬᠠᠨ ᠳᠤ᠂ ᠡᠯ᠎ᠡ | ᠭᠠᠵᠠᠷ ᠤᠨ ᠬᠢᠨ ᠶᠠᠭ ᠡᠨᠡ ᠬᠦ ᠠᠵᠢᠯ ᠢ ᠰᠢᠮᠳᠠᠭᠤᠯᠤᠨ ᠠᠬᠢᠭᠤᠯᠵᠤ ᠪᠣᠢ᠂ ᠡᠨᠡ ᠵᠢᠯ ᠤᠨ 1 - 7 ᠳ᠋ᠤᠭᠠᠷ ᠰᠠᠷ᠎ᠠ ᠳᠤ᠂ | ᠠᠵᠢᠯᠲᠠᠨ ᠠᠵᠢᠯᠴᠢᠨ ᠤ ᠡᠮᠴᠢᠯᠡᠭᠡᠨ ᠤ ᠳᠠᠭᠠᠳᠬᠠᠯ ᠤᠨ ᠬᠤᠪᠢ ᠬᠥᠮᠥᠨ ᠤ ᠲᠠᠩᠰᠠᠨ ᠤ ᠭᠡᠷ ᠪᠦᠯᠢ ᠶᠢᠨ ᠬᠠᠷᠢᠯᠴᠠᠨ | ᠲᠤᠰᠠᠯᠠᠯᠴᠠᠬᠤ ᠵᠣᠭᠤᠰ ᠤᠨ ᠲᠤᠭ᠎ᠠ 227 ᠳ᠋ᠦᠩᠰᠢᠭᠤᠷ ᠲᠥᠭᠦᠷᠢᠭ ᠲᠤ ᠬᠦᠷᠴᠡᠢ᠃ ᠵᠢᠱᠢᠯᠲᠡ ᠪᠠᠷ ᠡᠨᠡ ᠵᠢᠯ ᠤᠨ | ᠰᠡᠭᠦᠯᠴᠢ ᠪᠣᠯᠬᠤ ᠳᠤ᠂ ᠡᠯ᠎ᠡ ᠭᠠᠵᠠᠷ ᠤᠨ ᠬᠢᠨ ᠤ ᠬᠤᠪᠢ ᠬᠥᠮᠥᠨ ᠤ ᠳᠠᠩᠰᠠ ᠪᠠᠨ ᠮᠤᠵᠢ ᠶᠢᠨ ᠳᠣᠲᠣᠭᠠᠳᠤ ᠳᠤ | ᠬᠠᠷᠢᠯᠴᠠᠨ ᠲᠤᠰᠠᠯᠠᠯᠴᠠᠬᠤ ᠪᠣᠯᠭᠠᠨ᠎ᠠ᠂ ᠢᠷᠡᠬᠦ ᠵᠢᠯ ᠠᠴᠠ ᠡᠬᠢᠯᠡᠨ ᠮᠤᠵᠢ ᠠᠯᠤᠰᠯᠠᠵᠤ ᠬᠠᠷᠢᠯᠴᠠᠨ ᠲᠤᠰᠠᠯᠠᠯᠴᠠᠬᠤ ᠶᠢ | ᠰᠦᠪᠡᠭᠴᠢᠯᠡᠨ ᠠᠬᠢᠭᠤᠯᠤᠨ᠎ᠠ᠃ | ᠮᠤᠵᠢ ᠠᠯᠤᠰᠯᠠᠨ ᠰᠢᠭᠤᠳ ᠳ᠋ᠦᠩᠨᠡᠨ ᠪᠣᠳᠣᠬᠤ ᠡᠭᠦᠳᠡᠨ ᠡᠮᠨᠡᠯᠭᠡ ᠪᠠᠷ ᠡᠮᠴᠢᠯᠡᠭᠦᠯᠬᠦ ᠤᠳᠠᠭᠠᠨ ᠴᠢᠨᠠᠷᠲᠠᠢ ᠪᠠ | ᠣᠨᠴᠠᠭᠠᠢ ᠡᠪᠡᠳᠴᠢᠨ ᠢ 5 ᠲᠥᠷᠥᠯ ᠪᠠᠶᠢᠭᠰᠠᠨ ᠠᠴᠠ 10 ᠲᠥᠷᠥᠯ ᠪᠣᠯᠭᠠᠨ ᠨᠡᠮᠡᠭᠳᠡᠭᠦᠯᠪᠡ | ᠡᠨᠡ ᠪᠣᠯ ᠠᠳᠠᠯᠢ ᠪᠤᠰᠤ ᠭᠠᠵᠠᠷ ᠣᠷᠣᠨ ᠤ ᠡᠪᠡᠳᠴᠢᠨ ᠤ ᠲᠥᠷᠥᠯ ᠤᠨ ᠵᠥᠷᠢᠶ᠎ᠡ ᠶᠢ ᠪᠣᠳᠣᠯᠬᠢᠯᠠᠵᠤ᠂ ᠣᠯᠠᠨ | ᠲᠦᠮᠡᠨ ᠤ ᠣᠨᠳᠣᠣ ᠭᠠᠵᠠᠷ ᠲᠤ ᠡᠮᠴᠢᠯᠡᠭᠦᠯᠬᠦ ᠳᠤ ᠨᠠᠩ ᠳᠥᠭᠦᠮᠯᠡᠬᠦ ᠶᠢᠨ ᠲᠥᠯᠥᠭᠡ᠂ ᠪᠢᠳᠡ ᠤᠤᠯ ᠤᠨ 5 ᠲᠥᠷᠥᠯ ᠤᠨ | ᠡᠪᠡᠳᠴᠢᠨ ᠪᠠᠶᠢᠭᠰᠠᠨ ᠤ ᠰᠠᠭᠤᠷᠢᠨ ᠳᠡᠭᠡᠷ᠎ᠡ ᠠᠷᠬᠠᠭ ᠪᠠ ᠪᠥᠭᠯᠡᠷᠡᠬᠦ ᠴᠢᠨᠠᠷᠲᠠᠢ ᠠᠭᠤᠰᠬᠢᠨ ᠡᠪᠡᠳᠴᠢᠨ᠂ ᠸᠢᠷᠦ᠋ᠰ ᠤᠨ | ᠴᠢᠨᠠᠷᠲᠠᠢ ᠡᠯᠢᠭᠡᠨ ᠦᠷᠪᠢᠰᠦᠯ᠂ ᠵᠢᠷᠦᠬᠡᠨ ᠲᠢᠲᠢᠮ ᠤᠨ ᠡᠪᠡᠳᠴᠢᠨ᠂ ᠬᠡᠷᠡᠬᠦ ᠴᠢᠨᠠᠷᠲᠠᠢ ᠦᠶ᠎ᠡ ᠭᠡᠰᠢᠭᠦᠦ ᠶᠢᠨ ᠦᠷᠪᠢᠰᠦᠯ ᠪᠠ | ᠬᠥᠰᠢᠭᠦᠨ ᠴᠢᠨᠠᠷᠲᠠᠢ ᠰᠡᠭᠡᠷ ᠨᠢᠷᠤᠭᠤᠨ ᠤ ᠦᠷᠪᠢᠰᠦᠯ ᠵᠡᠷᠭᠡ 5 ᠲᠥᠷᠥᠯ ᠤᠨ ᠡᠪᠡᠳᠴᠢᠨ ᠢ ᠨᠡᠮᠡᠭᠳᠡᠭᠦᠯᠬᠦ ᠪᠠᠷ | ᠲᠥᠯᠥᠪᠯᠡᠵᠦ ᠪᠠᠶᠢᠨ᠎ᠠ᠃ ᠡᠨᠡ ᠵᠢᠯ ᠤᠨ ᠰᠡᠭᠦᠯᠴᠢ ᠠᠴᠠ ᠡᠮᠦᠨ᠎ᠡ᠂ ᠪᠦᠬᠦ ᠤᠯᠤᠰ ᠤᠨ ᠲᠣᠭᠤᠷᠢᠭ ᠰᠢᠶᠠᠨ ᠨᠢᠭᠡᠪᠦᠷᠢ ᠳᠤ | ᠰᠢᠨ᠎ᠡ ᠪᠠᠷ ᠨᠡᠮᠡᠭᠳᠡᠭᠰᠡᠨ ᠡᠪᠡᠳᠴᠢᠨ ᠤ ᠲᠥᠷᠥᠯ ᠢ ᠮᠤᠵᠢ ᠠᠯᠤᠰᠯᠠᠨ ᠰᠢᠭᠤᠳ ᠳ᠋ᠦᠩᠨᠡᠨ ᠪᠣᠳᠣᠵᠤ ᠴᠢᠳᠠᠬᠤ ᠡᠮᠴᠢᠯᠡᠭᠡᠨ ᠤ | ᠪᠠᠶᠢᠭᠤᠯᠤᠮᠵᠢ ᠶᠢ ᠨᠢᠭᠡ ᠪᠠᠶᠢᠯᠭᠠᠬᠤ ᠪᠠᠷ ᠲᠥᠯᠥᠪᠯᠡᠵᠦ ᠪᠠᠶᠢᠨ᠎ᠠ᠃ | ᠵᠣᠬᠢᠶᠠᠮᠠᠯ ᠴᠢᠬᠢᠨ ᠳᠤᠩ ᠵᠡᠷᠭᠡ ᠥᠨᠳᠥᠷ ᠥᠷᠲᠡᠭᠲᠦ ᠡᠮᠴᠢᠯᠡᠭᠡᠨ ᠤ ᠬᠤᠷᠣᠭᠳᠠᠯ ᠮᠠᠲ᠋ᠧᠷᠢᠶᠠᠯ ᠢ ᠲᠥᠪᠯᠡᠷᠡᠭᠦᠯᠦᠨ | ᠬᠤᠳᠠᠯᠳᠤᠵᠤ ᠠᠪᠬᠤ ᠬᠡᠪᠴᠢᠶᠡᠨ ᠳᠤ ᠣᠷᠣᠭᠤᠯᠤᠨ᠎ᠠ | ᠡᠮᠴᠢᠯᠡᠭᠡᠨ ᠤ ᠪᠠᠲᠤᠯᠠᠭ᠎ᠠ ᠶᠢᠨ ᠰᠠᠯᠠᠭ᠎ᠠ ᠮᠥᠴᠢᠷ ᠤᠳ ᠡᠮ ᠡᠮᠨᠡᠯᠭᠡ ᠶᠢᠨ ᠲᠥᠪᠯᠡᠷᠡᠭᠦᠯᠦᠨ ᠬᠤᠳᠠᠯᠳᠤᠵᠤ ᠠᠪᠬᠤ | ᠬᠡᠪᠴᠢᠶ᠎ᠡ ᠶᠢ ᠥᠷᠭᠡᠳᠬᠡᠨ ᠴᠢᠨᠠᠷ ᠢ ᠨᠢ ᠳᠡᠭᠡᠭᠰᠢᠯᠡᠭᠦᠯᠬᠦ ᠶᠢ ᠬᠦᠴᠦᠲᠡᠢ ᠠᠬᠢᠭᠤᠯᠤᠨ᠎ᠠ᠃ ᠲᠥᠪᠯᠡᠷᠡᠭᠦᠯᠦᠨ ᠬᠤᠳᠠᠯᠳᠤᠵᠤ | ᠠᠪᠬᠤ ᠶᠢᠨ ᠬᠠᠮᠤᠷᠬᠤ ᠬᠡᠪᠴᠢᠶ᠎ᠡ ᠶᠢ ᠦᠷᠭᠦᠯᠵᠢᠯᠡᠨ ᠥᠷᠭᠡᠳᠬᠡᠵᠦ᠂ ᠰᠢᠨ᠎ᠡ ᠪᠦᠯᠦᠭ ᠤᠳᠠᠭ᠎ᠠ ᠶᠢᠨ ᠤᠯᠤᠰ ᠠᠴᠠ ᠵᠣᠬᠢᠶᠠᠨ | ᠪᠠᠶᠢᠭᠤᠯᠵᠤ ᠦᠢᠯᠡᠳᠦᠭᠰᠡᠨ ᠡᠮ ᠤᠨ ᠵᠦᠢᠯ ᠪᠠ ᠥᠨᠳᠥᠷ ᠥᠷᠲᠡᠭᠲᠦ ᠡᠮᠴᠢᠯᠡᠭᠡᠨ ᠤ ᠬᠤᠷᠣᠭᠳᠠᠯ ᠮᠠᠲ᠋ᠧᠷᠢᠶᠠᠯ ᠢ | ᠲᠥᠪᠯᠡᠷᠡᠭᠦᠯᠦᠨ ᠬᠤᠳᠠᠯᠳᠤᠵᠤ ᠠᠪᠬᠤ ᠶᠢ ᠵᠣᠬᠢᠶᠠᠨ ᠪᠠᠶᠢᠭᠤᠯᠤᠨ᠎ᠠ᠂ ᠪᠢᠳᠡ ᠵᠣᠬᠢᠶᠠᠮᠠᠯ ᠴᠢᠬᠢᠨ ᠳᠣᠩ ᠵᠡᠷᠭᠡ ᠡᠮᠴᠢᠯᠡᠭᠡᠨ ᠤ | ᠥᠨᠳᠥᠷ ᠥᠷᠲᠡᠭᠲᠦ ᠬᠤᠷᠣᠭᠳᠠᠯ ᠮᠠᠲ᠋ᠧᠷᠢᠶᠠᠯ ᠢ ᠲᠥᠪᠯᠡᠷᠡᠭᠦᠯᠦᠨ ᠬᠤᠳᠠᠯᠳᠤᠵᠤ ᠠᠪᠬᠤ ᠬᠡᠪᠴᠢᠶᠡᠨ ᠳᠤ ᠣᠷᠣᠭᠤᠯᠤᠨ᠎ᠠ᠃ | ᠣᠷᠣᠨ ᠪᠦᠰᠡ ᠶᠢᠨ ᠬᠠᠮᠵᠢᠯᠴᠠᠭ᠎ᠠ ᠶᠢ ᠴᠢᠩᠭᠠᠳᠬᠠᠨ᠂ ᠣᠷᠣᠨ ᠨᠤᠲᠤᠭ ᠢ ᠭᠤᠣᠯᠳᠠᠯᠭ᠎ᠠ ᠲᠠᠢ ᠵᠢᠭᠠᠨ ᠵᠢᠯᠤᠭᠤᠳᠴᠤ | ᠪᠠᠶᠢᠭᠠᠳ ᠬᠢᠲᠠᠳ ᠨᠠᠶᠢᠷᠠᠯᠭ᠎ᠠ ᠶᠢᠨ ᠡᠮ᠂ ᠬᠢᠲᠠᠳ ᠡᠮ ᠤᠨ ᠴᠢᠨᠠᠬᠤ ᠡᠮ ᠪᠠ ᠪᠡᠶ᠎ᠡ ᠶᠢᠨ ᠭᠠᠳᠠᠷ ᠲᠠᠯ᠎ᠠ ᠶᠢᠨ | ᠣᠨᠣᠰᠢᠯᠠᠯᠲᠠ ᠶᠢᠨ ᠲᠤᠷᠰᠢᠬᠤ ᠡᠮ ᠵᠡᠷᠭᠡ ᠡᠮ ᠤᠨ ᠵᠦᠢᠯ ᠤᠨ ᠬᠤᠷᠣᠭᠳᠠᠯ ᠮᠠᠲ᠋ᠧᠷᠢᠶᠠᠯ ᠢ ᠬᠤᠯᠪᠣᠭᠠᠯᠠᠵᠤ ᠲᠥᠪᠯᠡᠷᠡᠭᠦᠯᠦᠨ | ᠬᠤᠳᠠᠯᠳᠤᠵᠤ ᠠᠪᠬᠤ ᠶᠢ ᠠᠬᠢᠭᠤᠯᠤᠨ᠎ᠠ᠃ ᠦᠷᠭᠦᠯᠵᠢᠯᠡᠨ ᠬᠤᠳᠠᠯᠳᠤᠵᠤ ᠬᠤᠳᠠᠯᠳᠤᠨ ᠠᠪᠬᠤ ᠶᠢ ᠲᠣᠭᠲᠠᠭᠤᠨ ᠢᠶᠠᠷ | ᠠᠬᠢᠭᠤᠯᠵᠤ᠂ ᠲᠥᠪᠯᠡᠷᠡᠭᠦᠯᠦᠨ ᠬᠤᠳᠠᠯᠳᠤᠵᠤ ᠠᠪᠬᠤ ᠶᠢ ᠬᠡᠷᠡᠭᠵᠢᠭᠦᠯᠬᠦ ᠶᠢᠨ ᠨᠠᠷᠢᠯᠢᠭᠵᠢᠭᠤᠯᠤᠭᠰᠠᠨ ᠬᠠᠮᠢᠶᠠᠷᠤᠯᠲᠠ ᠶᠢ | ᠴᠢᠩᠭᠠᠳᠬᠠᠵᠤ᠂ ᠬᠠᠮᠢᠶ᠎ᠠ ᠪᠦᠬᠦᠢ ᠰᠠᠯᠠᠭ᠎ᠠ ᠮᠥᠴᠢᠷ ᠯᠦᠭᠡ ᠬᠠᠮᠲᠤᠷᠠᠵᠤ ᠰᠣᠩᠭᠤᠭᠳᠠᠭᠰᠠᠨ ᠪᠦᠲᠦᠭᠡᠭᠳᠡᠬᠦᠨ ᠤ ᠬᠡᠷᠡᠭᠯᠡᠯᠲᠡ᠂ | ᠬᠠᠩᠭᠠᠯᠭ᠎ᠠ᠂ ᠬᠢᠨᠠᠨ ᠰᠢᠨᠵᠢᠯᠲᠡ ᠵᠡᠷᠭᠡ ᠭᠤᠭᠴᠣᠭᠠᠨ ᠳᠠᠬᠢ ᠬᠠᠮᠢᠶᠠᠷᠤᠯᠲᠠ ᠶᠢᠨ ᠠᠷᠭ᠎ᠠ ᠬᠡᠮᠵᠢᠶ᠎ᠡ ᠶᠢ ᠴᠢᠩᠭᠠᠷᠠᠭᠤᠯᠵᠤ᠂ | ᠰᠣᠩᠭᠤᠭᠳᠠᠭᠰᠠᠨ ᠪᠦᠲᠦᠭᠡᠭᠳᠡᠬᠦᠨ ᠢ ᠴᠠᠭ ᠲᠤᠬᠠᠢ ᠳᠤ ᠨᠢ ᠡᠮᠨᠡᠯᠭᠡ ᠶᠢᠨ ᠬᠤᠷᠢᠶᠠᠨ ᠳᠤ ᠣᠷᠣᠭᠤᠯᠬᠤ ᠪᠠ ᠤᠷᠢᠳ ᠢᠶᠠᠷ | ᠬᠡᠷᠡᠭᠯᠡᠬᠦ ᠶᠢ ᠰᠢᠮᠳᠠᠭᠤᠯᠬᠤ ᠶᠢᠨ ᠬᠠᠮᠲᠤ᠂ ᠪᠢᠳᠡ ᠪᠠᠰᠠ ᠠᠷᠭ᠎ᠠ ᠬᠡᠮᠵᠢᠶ᠎ᠡ ᠠᠪᠴᠤ ᠪᠠᠶᠢᠭᠠᠳ ᠰᠣᠩᠭᠤᠭᠳᠠᠭᠰᠠᠨ ᠠᠵᠤ | ᠠᠬᠤᠶᠢᠯᠠᠯ ᠤᠨ ᠶᠠᠰᠤ ᠴᠢᠨᠠᠷ ᠤᠨ ᠪᠠᠲᠤᠯᠠᠭ᠎ᠠ ᠪᠠ ᠬᠠᠩᠭᠠᠯᠭ᠎ᠠ ᠶᠢᠨ ᠬᠠᠷᠢᠭᠤᠴᠠᠯᠭ᠎ᠠ ᠶᠢ ᠨᠢ ᠪᠣᠳᠠᠲᠠᠶᠢᠵᠢᠭᠤᠯᠤᠨ᠎ᠠ᠃ | ᠬᠥᠩᠭᠡᠵᠢᠯ ᠤᠨ ᠨᠡᠮᠡᠯᠭᠡ ︵ᠬᠥᠩᠭᠡᠵᠢᠯ ᠤᠨ ᠠᠮᠠᠷᠠᠯᠲᠠ ᠶᠢᠨ ᠴᠠᠯᠢᠩ︶ ᠶᠢ ᠡᠮᠡᠭᠲᠡᠢ ᠠᠵᠢᠯᠲᠠᠨ ᠠᠵᠢᠯᠴᠢᠨ ᠳᠤ | ᠰᠢᠭᠤᠳ ᠨᠡᠩ ᠣᠯᠠᠨ ᠣᠯᠭᠤᠬᠤ ᠶᠢ ᠰᠦᠪᠡᠭᠴᠢᠯᠡᠨ ᠠᠬᠢᠭᠤᠯᠤᠨ᠎ᠠ | ᠬᠥᠩᠭᠡᠵᠢᠯ ᠤᠨ ᠨᠡᠮᠡᠯᠭᠡ ᠨᠢ ᠳᠠᠷᠤᠢ ᠬᠥᠩᠭᠡᠵᠢᠯ ᠤᠨ ᠴᠠᠯᠢᠩ ᠪᠣᠯᠣᠨ᠎ᠠ᠃ ᠬᠥᠩᠭᠡᠵᠢᠯ ᠤᠨ ᠴᠠᠯᠢᠩ ᠢ ᠡᠮᠴᠢᠯᠡᠭᠡᠨ ᠤ | ᠳᠠᠭᠠᠳᠬᠠᠯ ︵ᠦᠷᠡᠵᠢᠯ ᠤᠨ ᠳᠠᠭᠠᠳᠬᠠᠯ︶ ᠣᠯᠭᠤᠳᠠᠭ᠃ ᠪᠢᠳᠡᠨ ᠤ ᠣᠳᠣ ᠶᠢᠨ ᠣᠯᠭᠤᠵᠤ ᠪᠠᠶᠢᠭ᠎ᠠ ᠬᠥᠩᠭᠡᠵᠢᠯ ᠤᠨ ᠴᠠᠯᠢᠩ᠂ | ᠥᠭᠡᠷ᠎ᠡ ᠪᠠᠷ ᠬᠡᠯᠡᠪᠡᠯ ᠬᠥᠩᠭᠡᠵᠢᠯ ᠤᠨ ᠨᠡᠮᠡᠯᠭᠡ ᠣᠯᠭᠤᠬᠤ ᠳᠤ ᠬᠤᠶᠠᠷ ᠠᠷᠭ᠎ᠠ ᠪᠣᠢ᠂ ᠨᠢᠭᠡ ᠨᠢ ᠬᠥᠩᠭᠡᠵᠢᠭᠰᠡᠨ ᠡᠮᠡᠭᠲᠡᠢ | ᠠᠵᠢᠯᠲᠠᠨ ᠠᠵᠢᠯᠴᠢᠨ ᠳᠤ ᠰᠢᠭᠤᠳ ᠣᠯᠭᠤᠬᠤ᠂ ᠨᠥᠭᠦᠭᠡ ᠨᠢ ᠪᠣᠯ ᠡᠮᠡᠭᠲᠡᠢ ᠠᠵᠢᠯᠲᠠᠨ ᠠᠵᠢᠯᠴᠢᠨ ᠤ ᠪᠠᠶᠢᠭ᠎ᠠ | ᠨᠢᠭᠡᠴᠢ ᠳᠤ ᠥᠭᠴᠦ᠂ ᠨᠢᠭᠡᠴᠢ ᠨᠢ ᠠᠵᠢᠯᠲᠠᠨ ᠠᠵᠢᠯᠴᠢᠨ ᠳᠤ ᠣᠯᠭᠤᠬᠤ ᠪᠣᠯᠣᠨ᠎ᠠ᠃ ᠣᠶᠢᠷ᠎ᠠ ᠳᠤ ᠪᠢᠳᠡ ᠪᠥᠬᠦ | ᠤᠯᠤᠰ ᠤᠨ ᠡᠮᠡᠭᠲᠡᠶᠢᠴᠦᠳ ᠤᠨ ᠬᠤᠯᠪᠣᠭᠠᠲᠤ ᠬᠤᠷᠠᠯ ᠯᠤᠭ᠎ᠠ ᠨᠡᠪᠲᠡᠷᠡᠯᠴᠡᠵᠦ᠂ ᠲᠡᠳᠡᠨ ᠤ ᠰᠠᠨᠠᠯ ᠢ ᠬᠤᠷᠢᠶᠠᠵᠤ᠂ | ᠲᠠᠷᠠᠭᠠᠴᠢ ᠶᠢᠨ ᠠᠯᠬᠤᠮ ᠳᠤ ᠬᠥᠩᠭᠡᠵᠢᠯ ᠤᠨ ᠨᠡᠮᠡᠯᠭᠡ ︵ᠬᠥᠩᠭᠡᠵᠢᠯ ᠤᠨ ᠴᠠᠯᠢᠩ︶ ᠶᠢ ᠡᠮᠡᠭᠲᠡᠢ ᠠᠵᠢᠯᠲᠠᠨ | ᠠᠵᠢᠯᠴᠢᠨ ᠳᠤ ᠰᠢᠭᠤᠳ ᠨᠠᠩ ᠣᠯᠠᠨ ᠣᠯᠭᠤᠬᠤ ᠶᠢ ᠰᠦᠪᠡᠭᠴᠢᠯᠡᠨ ᠠᠬᠢᠭᠤᠯᠤᠨ᠎ᠠ᠃ ᠬᠡᠯᠡᠯᠭᠡᠨ ᠦᠭᠡᠢ ᠵᠠᠷᠢᠮ ᠭᠠᠵᠠᠷ | ᠣᠷᠣᠨ ᠳᠤ ᠣᠷᠣᠨ ᠨᠤᠲᠤᠭ ᠤᠨ ᠬᠠᠤᠯᠢ ᠲᠣᠭᠲᠠᠭᠠᠯ ᠳᠤ ᠨᠢ ᠠᠵᠤ ᠠᠬᠤᠶᠢᠯᠠᠯ ᠳᠤ ᠥᠭᠴᠦ᠂ ᠠᠵᠤ ᠠᠬᠤᠶᠢᠯᠠᠯ ᠨᠢ | ᠠᠵᠢᠯᠲᠠᠨ ᠠᠵᠢᠯᠴᠢᠨ ᠳᠤ ᠣᠯᠭᠤᠬᠤ ᠲᠣᠭᠲᠠᠭᠠᠯ ᠪᠠᠶᠢᠬᠤ ᠶᠢ ᠠᠩᠬᠠᠷᠤᠯ ᠳᠤ ᠪᠠᠨ ᠠᠪᠤᠪᠠ᠂ ᠡᠶᠢᠮᠦ ᠠᠴᠠ ᠪᠢᠳᠡ ᠪᠠᠰᠠ | ᠬᠤᠯᠪᠣᠭᠳᠠᠯ ᠪᠦᠬᠦᠢ ᠭᠠᠵᠠᠷ ᠣᠷᠣᠨ ᠤ ᠪᠣᠯᠭᠤᠮᠵᠢᠲᠠᠢ ᠰᠤᠳᠤᠯᠬᠤ ᠶᠢ ᠨᠢ ᠠᠬᠢᠭᠤᠯᠤᠨ᠎ᠠ᠃ |