ᠡᠨᠡ 5 ᠵᠦᠢᠯ ᠤᠨ ᠴᠠᠢ ᠶᠢ ᠬᠠᠮᠤᠭ ᠰᠠᠶᠢᠨ ᠨᠢ ᠪᠢᠳᠡᠭᠡᠢ ᠤᠤᠭᠤ
ᠨᠡᠶᠢᠲᠡᠯᠡᠭᠰᠡᠨ ᠴᠠᠭ᠄
2024/1/3
     ᠡᠨᠡ 5 ᠵᠦᠢᠯ ᠤᠨ ᠴᠠᠢ ᠶᠢ ᠤᠤᠭᠤᠬᠤ ᠶᠢ ᠰᠠᠨᠠᠭᠠᠴᠢᠯᠠᠬᠤ ᠦᠭᠡᠢ       1. ᠥᠳᠬᠡᠨ ᠴᠠᠢ᠂ ᠲᠡᠮᠦᠷᠲᠦ ᠴᠢᠰᠤ ᠳᠤᠲᠠᠬᠤ ᠡᠪᠡᠳᠴᠢᠲᠡᠨ ᠨᠢ ᠥᠳᠬᠡᠨ ᠴᠠᠢ ᠶᠢ ᠪᠠᠭ᠎ᠠ ᠤᠤᠭᠤᠭᠠᠷᠠᠢ᠂ ᠥᠳᠬᠡᠨ ᠴᠠᠢ ᠤᠨᠲᠠᠬᠤ ᠶᠢ ᠨᠥᠯᠥᠭᠡᠯᠡᠨ᠎ᠡ᠂ ᠴᠠᠢ ᠤᠤᠭᠤᠬᠤ ᠴᠠᠭ ᠪᠠ ᠬᠡᠮᠵᠢᠶ᠎ᠡ ᠪᠠᠨ ᠴᠤ ᠠᠩᠬᠠᠷᠬᠤ ᠬᠡᠷᠡᠭᠲᠡᠢ᠃2. ᠸᠠᠯᠠᠭᠰᠠᠨ ᠴᠠᠶ᠂  ᠸᠠᠯᠠᠭᠰᠠᠨ ᠴᠠᠢ ᠶᠢ ᠤᠤᠭᠤᠪᠠᠯ ᠬᠥᠩᠭᠡᠨ ᠦᠶ᠎ᠡ ᠳᠤ ᠰᠠᠭᠤᠯᠭᠠᠬᠤ  ᠵᠡᠷᠭᠡ  ᠢᠳᠡᠭᠡᠨ ᠳᠤ  ᠬᠤᠣᠷᠳᠠᠭᠳᠠᠬᠤ  ᠰᠢᠨᠵᠢ ᠪᠠᠶᠢᠳᠠᠯ ᠭᠠᠷᠴᠤ᠂ ᠬᠦᠨᠳᠦ ᠦᠶ᠎ᠡ ᠳᠤ  ᠡᠯᠢᠭᠡ᠂  ᠪᠥᠭᠡᠷ᠎ᠡ  ᠵᠡᠷᠭᠡ  ᠴᠢᠬᠤᠯᠠ  ᠡᠷᠬᠡᠲᠡᠨ ᠤ  ᠡᠪᠡᠳᠴᠢᠨ ᠤ  ᠬᠤᠪᠢᠷᠠᠯᠲᠠ ᠶᠢ ᠡᠭᠦᠰᠭᠡᠵᠦ ᠮᠡᠳᠡᠨ᠎ᠡ᠃              3. ᠦᠨᠦᠷᠳᠦ ᠴᠠᠶ᠂ ᠡᠨᠡ ᠴᠠᠶ ᠳᠤ ᠲᠧᠷᠫᠧᠨ ᠤ ᠲᠥᠷᠥᠯ ᠤᠨ ᠪᠣᠳᠠᠰ ᠠᠭᠤᠯᠤᠭᠳᠠᠵᠤ᠂ ᠪᠦᠲᠦᠴᠡ ᠨᠢ  ᠣᠯᠠᠨ  ᠰᠦᠪᠡ ᠲᠠᠢ  ᠪᠠᠶᠢᠳᠠᠭ ᠪᠦᠭᠡᠳ ᠮᠠᠰᠢ ᠠᠮᠠᠷᠬᠠᠨ ᠢᠶᠠᠷ ᠰᠣᠨᠢᠨ ᠦᠨᠦᠷ ᠢ ᠰᠢᠩᠭᠡᠭᠡᠨ ᠠᠪᠳᠠᠭ᠂ ᠲᠡᠭᠦᠨ ᠢ ᠪᠤᠰᠤᠳ ᠦᠨᠦᠷᠳᠦ  ᠶᠠᠭᠤᠮ᠎ᠠ   ᠲᠠᠢ  ᠨᠢᠭᠡ ᠬᠡᠰᠡᠭ ᠬᠤᠭᠤᠴᠠᠭ᠎ᠠ ᠲᠠᠯᠪᠢᠭᠰᠠᠨ ᠤ ᠳᠠᠷᠠᠭ᠎ᠠ ᠮᠠᠰᠢ ᠠᠮᠠᠷᠬᠠᠨ ᠠᠮᠲᠠ ᠨᠢ ᠬᠤᠪᠢᠷᠠᠳᠠᠭ᠃ ᠵᠠᠷᠢᠮ ᠠᠮᠳ᠋ᠨ ᠳᠤᠨᠢ ᠬᠤᠣᠷᠲᠤ  ᠡᠳ᠋ ᠠᠭᠤᠯᠵᠤ ᠪᠠᠶᠢᠳᠠᠭ᠂ ᠵᠢᠱᠢᠶᠡᠯᠡᠪᠡᠯ ᠰᠢᠷ ᠤᠨ ᠦᠨᠦᠷ ᠵᠡᠷᠭᠡ ᠨᠢ ᠬᠥᠮᠦᠨ ᠤ ᠪᠡᠶ᠎ᠡ ᠳᠤ ᠬᠤᠣᠷ ᠬᠥᠨᠥᠭᠡᠯ ᠤᠴᠠᠷᠠᠭᠤᠯᠳᠠᠭ᠃              4. ᠤᠳᠠᠭᠠᠨ ᠪᠦᠷᠢᠬᠦ ᠴᠠᠢ᠂ ᠪᠦᠷᠢᠬᠦ ᠴᠠᠭ ᠨᠢ ᠬᠡᠲᠦ ᠣᠷᠳᠣ ᠪᠤᠯᠪᠠᠯ ᠴᠠᠶ ᠶᠢᠨ ᠥᠩᠭᠡ ᠨᠢ ᠪᠦᠳᠡᠭᠢ᠂ ᠠᠮᠲᠠ ᠨᠢ  ᠠᠨᠠᠶ  ᠪᠤᠯᠵᠤ᠂  ᠠᠮᠲᠠᠯᠠᠬᠤ ᠦᠨ᠎ᠡ ᠥᠷᠲᠡᠭ ᠢᠶᠠᠨ ᠠᠯᠳᠠᠬᠤ ᠪᠠᠷ ᠪᠠᠷᠠᠬᠤ ᠥᠬᠡᠶ᠂ ᠪᠠᠰᠠ ᠴᠠᠶ  ᠳᠣᠲᠣᠷᠠᠬᠢ  ᠸᠢᠲ᠋ᠠᠮᠢᠨ  ᠵᠡᠷᠭᠡ ᠨᠢ  ᠢᠰᠦᠯᠳᠦᠭᠰᠡᠨ ᠠᠴᠠ ᠪᠣᠯᠵᠣ ᠪᠠᠭᠠᠰᠴᠤ᠂ ᠴᠠᠶ ᠶᠢᠨ ᠰᠢᠮ᠎ᠡ ᠲᠡᠵᠢᠭᠡᠯ ᠢ ᠶᠡᠭᠡ ᠪᠠᠷ ᠪᠠᠭᠤᠷᠠᠭᠤᠯᠳᠠᠭ᠃              5. ᠬᠡᠲᠦ ᠬᠠᠯᠠᠭᠤᠨ ᠴᠠᠶ᠂ ᠴᠠᠶ ᠪᠦᠷᠢᠬᠦ ᠤᠰᠤᠨ ᠤ ᠬᠠᠯᠠᠭᠤᠨ ᠨᠢ ᠶᠡᠷᠦ ᠳᠡᠭᠡᠨ  80℃~90℃  ᠪᠤᠶᠤ  ᠵᠠᠷᠢᠮ ᠳᠠᠭᠠᠨ  ᠪᠠᠰᠠ  100℃ ᠪᠠᠶᠢᠳᠠᠭ᠂ ᠡᠶᠢᠮᠦ ᠠᠴᠠ ᠴᠠᠢ ᠶᠢ ᠬᠡᠲᠦ ᠬᠠᠯᠠᠭᠤᠨ ᠦᠶ᠎ᠡ ᠳᠤ ᠤᠤᠭᠤᠵᠤ ᠪᠣᠯᠬᠤ  ᠥᠬᠡᠶ᠂  ᠡᠰᠡ  ᠲᠡᠭᠡᠪᠡᠯ  ᠠᠮᠠᠨ ᠤ ᠬᠥᠨᠳᠡᠶ ᠪᠣᠯᠤᠨ ᠤᠯᠠᠭᠠᠨ ᠬᠤᠭᠤᠯᠠᠶ ᠶᠢᠨ ᠰᠠᠯᠢᠰᠤᠲᠤ ᠪᠦᠷᠬᠦᠪᠴᠢ ᠶᠢ ᠬᠠᠯᠠᠭᠠᠵᠤ᠂ ᠰᠢᠷᠬᠠᠯᠠᠭ᠎ᠠ ᠡᠭᠦᠰᠭᠡᠵᠦ᠂ ᠤᠳᠠᠭᠠᠨ ᠳᠠᠭᠠᠨ ᠠᠮᠠᠨ ᠬᠥᠨᠳᠡᠶ ᠶᠢᠨ ᠥᠮᠡᠨ᠂ ᠤᠯᠠᠭᠠᠨ ᠬᠤᠭᠤᠯᠠᠶ ᠶᠢᠨ ᠥᠮᠡᠨ ᠢ ᠡᠭᠦᠰᠭᠡᠵᠦ ᠮᠡᠳᠡᠨ᠎ᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号