ᠭᠡᠵᠢᠭᠡ ᠪᠤᠲᠤᠬᠤ ᠨᠢ ᠦᠰᠦ ᠣᠨᠠᠵᠤ ᠦᠮᠠᠨ ᠡᠬᠦᠰᠬᠡᠨ᠎ᠡ ᠤᠤ︖
ᠨᠡᠶᠢᠲᠡᠯᠡᠭᠰᠡᠨ ᠴᠠᠭ᠄
2023/8/7
     ᠬᠢᠮᠢ ᠶᠢᠨ ᠭᠡᠵᠢᠭᠡᠨ ᠪᠤᠳᠤᠭ ᠲᠠᠢ ᠬᠠᠷᠢᠴᠠᠭᠤᠯᠪᠠᠯ᠂ ᠤᠷᠭᠤᠮᠠᠯ ᠤᠨ ᠭᠡᠵᠢᠭᠡᠨ ᠪᠤᠳᠤᠭ ᠨᠡᠯᠢᠶᠡᠳ ᠠᠮᠤᠷ  ᠲᠦᠪᠰᠢᠨ ᠶᠤᠮ᠂ ᠲᠡᠷᠡ ᠨᠢ ᠭᠤᠣᠯᠳᠠᠭᠤ ᠪᠠᠶᠢᠭᠠᠯᠢ ᠶᠢᠨ ᠪᠦᠲᠦᠭᠡᠭᠳᠡᠬᠦᠨ ᠪᠣᠯᠤᠨ᠎ᠠ᠃  ᠬᠢᠮᠢ ᠶᠢᠨ ᠭᠡᠵᠢᠭᠡᠨ  ᠪᠤᠳᠤᠭ ᠲᠤ  ᠪᠦᠷ  ᠨᠢᠭᠡ ᠵᠣᠶᠢᠯ ᠤᠨ ᠬᠢᠮᠢ ᠶᠢᠨ ᠪᠣᠳᠠᠰ —ᠡᠰᠡᠷᠬᠦ ᠪᠧᠨ᠋ᠽᠧᠨ ᠤ ᠬᠤᠶᠠᠷᠴᠢ ᠠᠮᠢᠨ(对苯二胺)ᠠᠭᠤᠯᠳᠠᠭ᠃ 2017 ᠣᠨ ᠤ ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ  ᠪᠠᠶᠢᠭᠤᠯᠤᠯᠲᠠ ᠶᠢᠨ ᠣᠯᠠᠨ ᠤᠯᠤᠰ ᠤᠨ ᠥᠮᠡᠨ ᠡᠪᠡᠳᠴᠢᠨ ᠤ ᠰᠤᠳᠤᠯᠭᠠᠨ ᠤ ᠪᠠᠶᠢᠭᠤᠯᠤᠮᠵᠢ ᠶᠢᠨ  ᠨᠡᠶᠢᠲᠡᠯᠡᠭᠰᠡᠨ ᠥᠮᠡᠨ ᠡᠭᠦᠰᠭᠡᠬᠦ ᠪᠣᠳᠠᠰ ᠤᠨ ᠲᠣᠳᠣᠷᠬᠠᠶ ᠪᠠᠶᠢᠴᠠᠭᠠᠯᠳᠠ ᠶᠢ ᠦᠨᠳᠦᠰᠦᠯᠡᠪᠡᠯ᠂ ᠡᠨᠡᠬᠦ ᠬᠢᠮᠢ ᠶᠢᠨ ᠪᠣᠳᠠᠰ —ᠡᠰᠡᠷᠬᠦ ᠪᠧᠨ᠋ᠽᠧᠨ ᠤ ᠬᠤᠶᠠᠷᠴᠢ ᠠᠮᠢᠨ ᠨᠢ ᠭᠤᠷᠪᠠᠳᠤᠭᠠᠷ ᠲᠥᠷᠥᠯ ᠤᠨ ᠥᠮᠡᠨ ᠡᠭᠦᠰᠭᠡᠭᠴᠢ ᠪᠣᠳᠠᠰ ᠮᠥᠨ᠂ ᠲᠤᠬᠠᠶᠢᠯᠠᠪᠠᠯ ᠣᠷᠳᠣ ᠬᠤᠭᠤᠴᠠᠭ᠎ᠠ ᠪᠠᠷ ᠣᠶᠢᠷᠠᠲᠤᠪᠠᠯ ᠥᠮᠡᠨ  ᠡᠭᠦᠰᠭᠡᠬᠦ  ᠲᠦᠭᠰᠢᠭᠦᠷᠢ ᠲᠠᠢ᠃ ᠬᠠᠶᠠ ᠦᠰᠦ ᠪᠤᠳᠤᠬᠤ  ᠳᠤ ᠥᠮᠡᠨ ᠡᠭᠦᠰᠭᠡᠬᠦ ᠥᠬᠡᠶ᠂  ᠭᠡᠪᠡᠴᠦ  ᠬᠤᠶᠢᠬ᠎ᠠ  ᠮᠠᠭᠤᠲᠠᠢ  ᠬᠥᠮᠦᠰ  ᠭᠡᠵᠢᠭᠡ ᠪᠠᠨ  ᠪᠤᠳᠤᠬᠤ ᠦᠶ᠎ᠡ ᠳᠤ ᠬᠠᠷᠰᠢᠬᠤ ᠦᠵᠡᠭᠳᠡᠯ ᠭᠠᠷᠴᠤ ᠮᠡᠳᠡᠨ᠎ᠡ᠃              ᠭᠡᠵᠢᠭᠡ ᠪᠣᠳᠣᠬᠤ ᠨᠢ ᠦᠨᠡᠬᠡᠷ  ᠭᠡᠵᠢᠭᠡ  ᠤᠨᠠᠬᠤ  ᠠᠶᠤᠯ ᠢ ᠨᠡᠮᠡᠭᠳᠡᠭᠦᠯᠦᠨ᠎ᠡ᠃  ᠭᠡᠵᠢᠭᠡ  ᠪᠤᠳᠤᠬᠤ  ᠡᠳ᠋ ᠲᠠᠬᠢ ᠬᠢᠮᠢ ᠶᠢᠨ ᠪᠣᠳᠠᠰ ᠨᠢ ᠨᠡᠯᠢᠶᠡᠳ ᠴᠢᠩᠭ᠎ᠠ ᠰᠡᠲᠦᠯᠲᠡ ᠶᠢᠨ ᠴᠢᠨᠠᠷᠲᠠᠶ᠂ ᠳᠠᠬᠢᠨ ᠳᠠᠪᠲᠠᠨ ᠭᠡᠵᠢᠭᠡ  ᠪᠤᠳᠤᠬᠤ ᠨᠢ  ᠬᠤᠶᠢᠬ᠎ᠠ ᠪᠠ ᠦᠰᠦᠨ ᠰᠦᠪᠡ ᠶᠢᠨ ᠦᠷᠪᠢᠰᠦᠯ  ᠢ ᠡᠭᠦᠰᠭᠡᠵᠦ ᠮᠡᠳᠡᠨ᠎ᠡ᠂ ᠤᠳᠠᠭᠠᠨ ᠳᠠᠭᠠᠨ  ᠭᠡᠵᠢᠭᠡ ᠨᠠᠷᠢᠰᠴᠤ᠂ ᠭᠡᠵᠢᠭᠡ ᠤᠨᠠᠬᠤ ᠲᠦᠭᠰᠢᠭᠦᠷᠢ ᠶᠢ ᠨᠡᠮᠡᠭᠳᠡᠭᠦᠯᠦᠨ᠎ᠡ᠃ ᠪᠠᠶᠢᠩᠭᠤ ᠶᠢᠨ ᠴᠢᠨᠠᠷᠲᠠᠶ  ᠭᠡᠵᠢᠭᠡᠨ  ᠪᠤᠳᠤᠭ ᠢ ᠬᠡᠷᠡᠭᠯᠡᠬᠦ  ᠳᠤ᠂ ᠬᠢᠮᠢ ᠶᠢᠨ ᠪᠣᠳᠠᠰ ᠨᠢ ᠭᠡᠵᠢᠭᠡᠨ ᠤ ᠡᠪᠡᠷᠯᠢᠭ ᠳᠠᠪᠬᠤᠷᠭ᠎ᠠ ᠶᠢ ᠨᠡᠭᠡᠭᠡᠳᠡᠭ᠂ ᠭᠡᠬᠦ ᠳᠤ ᠡᠪᠡᠷᠯᠢᠭ ᠳᠠᠪᠬᠤᠷᠭ᠎ᠠ ᠨᠢ ᠬᠠᠷᠢᠨ ᠭᠡᠵᠢᠭᠡᠨ ᠤ ᠲᠦᠷᠦᠯᠬᠢ ᠬᠠᠮᠠᠭᠠᠯᠠᠯᠲᠠ ᠶᠢᠨ ᠳᠠᠪᠬᠤᠷᠭ᠎ᠠ ᠪᠤᠯᠤᠨ᠎ᠠ᠂ ᠲᠡᠭᠦᠨ ᠤ ᠡᠪᠳᠡᠭᠳᠡᠯ ᠨᠢ ᠦᠰᠦᠨ ᠤ ᠡᠳ᠋ ᠲᠤ ᠮᠠᠰᠢ ᠶᠡᠭᠡ  ᠬᠤᠬᠢᠷᠠᠯ  ᠤᠴᠠᠷᠠᠭᠤᠯᠳᠠᠭ᠃ ᠪᠤᠳᠤᠭᠳᠠᠮᠠᠬᠠᠶ  ᠡᠳ᠋ ᠳᠣᠲᠣᠷᠠᠬᠢ ᠹᠧᠨᠢᠯ ᠤᠨ ᠲᠥᠷᠥᠯ ᠤᠨ ᠣᠷᠭᠠᠨᠢᠭ ᠪᠣᠳᠠᠰ ᠨᠢ  ᠲᠣᠯᠣᠭᠠᠶ ᠶᠢᠨ ᠬᠤᠶᠢᠬ᠎ᠠ ᠪᠠᠷ ᠳᠡᠮᠵᠢᠨ  ᠬᠥᠮᠦᠨ ᠤ ᠪᠡᠶ᠎ᠡ ᠳᠤ ᠣᠷᠣᠵᠤ᠂ ᠴᠢᠰᠤ ᠪᠦᠲᠦᠭᠡᠬᠦ ᠭᠤᠤᠯ ᠡᠰ ᠲᠤ ᠬᠤᠬᠢᠷᠠᠯ ᠤᠴᠠᠷᠠᠭᠤᠯᠵᠤ᠂ ᠴᠢᠰᠤᠨ ᠤ ᠰᠢᠰᠲ᠋ᠧᠮ ᠤᠨ ᠡᠪᠡᠳᠴᠢᠨ ᠢ  ᠡᠭᠦᠰᠭᠡᠵᠦ ᠮᠡᠳᠡᠨ᠎ᠡ᠃        ᠶᠠᠮᠠᠷ  ᠬᠥᠮᠦᠰ ᠦᠰᠦ  ᠪᠤᠳᠤᠬᠤ ᠳᠤ ᠲᠣᠬᠢᠷᠠᠬᠤ  ᠦᠭᠡᠢ  ᠪᠣᠢ︖   ᠠᠷᠠᠰᠤ ᠨᠢ  ᠭᠡᠮᠲᠦᠭᠰᠡᠳ᠂  ᠵᠢᠷᠮᠦᠰᠦᠨ  ᠡᠮᠡᠭᠲᠡᠢ  ᠪᠠ  ᠬᠥᠬᠦᠭᠦᠯ  ᠡᠮᠡᠭᠲᠡᠶᠢᠴᠦᠳ᠂ ᠨᠠᠰᠤᠲᠠᠶᠢᠴᠤᠳ ᠪᠠ ᠡᠯᠢᠭᠡ ᠪᠥᠭᠡᠷ᠎ᠡ ᠮᠠᠭᠤᠲᠠᠢ ᠬᠥᠮᠦᠰ ᠦᠰᠦ ᠪᠤᠳᠤᠬᠤ ᠳᠤ ᠲᠣᠬᠢᠷᠠᠬᠤ ᠦᠭᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号