ᠡᠨᠡ ᠳᠥᠷᠪᠡᠨ ᠤᠪᠤᠷ ᠨᠢ ᠨᠢᠭᠡ ᠬᠥᠮᠥᠨ ᠤ ᠵᠠᠩ ᠰᠤᠷᠲᠠᠯ ᠢ ᠲᠣᠳᠣᠷᠬᠠᠶᠢᠯᠠᠳᠠᠭ
ᠨᠡᠶᠢᠲᠡᠯᠡᠭᠰᠡᠨ ᠴᠠᠭ᠄
2023/8/30
      ᠨᠢᠬᠡ᠂ ᠡᠴᠢᠭᠡ ᠡᠬᠡ ᠳᠡᠭᠡᠨ ᠬᠠᠨᠳᠤᠬᠤ ᠣᠪᠣᠷ᠃ ᠡᠴᠢᠬᠡ ᠡᠬᠡ ᠲᠠᠢ ᠪᠠᠨ ᠬᠠᠷᠢᠯᠴᠠᠬᠤ ᠳᠠᠭᠠᠨ ᠪᠢᠳᠡ ᠶᠡᠷᠦ ᠨᠢ ᠶᠠᠭᠤ ᠶᠢ ᠴᠤ ᠬᠠᠮᠢᠶᠠᠷᠬᠤ ᠦᠭᠡᠢ ᠪᠦᠳᠦᠬᠦᠯᠢᠭ ᠪᠠᠶᠢᠳᠠᠭ᠂ ᠡᠶᠢᠮᠦ ᠠᠴᠠ ᠬᠥᠮᠥᠨ ᠤ ᠦᠨᠡᠨ ᠪᠤᠳᠠᠳᠦ ᠵᠠᠩ ᠰᠤᠷᠲᠠᠯ ᠢ ᠬᠠᠮᠤᠭ ᠠᠴᠠ ᠢᠯᠡᠭᠦᠦ ᠬᠠᠷᠠᠭᠤᠯᠵᠦ ᠴᠢᠳᠠᠳᠠᠭ ᠬᠠᠷᠢᠯᠴᠠᠭ᠎ᠠ ᠪᠤᠯ ᠭᠡᠷ ᠵᠠᠭᠤᠷ᠎ᠠ ᠶᠢᠨ ᠡᠴᠢᠬᠡ ᠡᠬᠡ ᠎ ᠲᠠᠢ ᠪᠠᠨ ᠬᠠᠷᠢᠯᠴᠠᠬᠤ ᠬᠠᠷᠢᠯᠴᠠᠭ᠎ᠠ ᠶᠤᠮ᠃ ᠵᠠᠷᠢᠮ ᠬᠥᠮᠥᠨ ᠶᠡᠷᠦ ᠨᠢ ᠠᠪᠤ ᠡᠵᠢ ᠶᠢᠨ ᠢᠶᠠᠨ ᠡᠮᠦᠨ᠎ᠡ ᠪᠡᠶ᠎ᠡ ᠪᠠᠨ ᠦᠴᠦᠬᠡᠨ ᠴᠦ ᠪᠠᠷᠢᠬᠤ ᠦᠬᠡᠢ ᠪᠠᠶᠢᠵᠦ᠂ ᠲᠡᠳᠡ ᠥᠪᠡᠷ ᠢ ᠨᠢ ᠠᠭᠤᠴᠢᠯᠠᠨ ᠪᠠᠭᠲᠠᠭᠠᠬᠤ ᠶᠢ ᠵᠦᠢ ᠶᠣᠰᠣᠨ ᠤ ᠶᠠᠪᠤᠳᠠᠯ ᠢᠶᠠᠷ ᠦᠵᠡᠳᠡᠭ᠃ ᠳᠣᠲᠣᠨᠣ ᠶᠢᠨ ᠬᠥᠮᠥᠨ ᠠᠴᠠ ᠪᠠᠨ ᠥ ᠡᠷᠢᠬᠦ ᠪᠣᠯ ᠲᠥᠷᠥᠯᠬᠢ ᠶᠢᠨ ᠵᠠᠩ ᠶᠤᠮ᠂ ᠭᠡᠪᠡᠴᠦ ᠡᠬᠦᠨ ᠢ ᠲᠡᠪᠴᠢᠵᠦ᠂ ᠳᠣᠲᠣᠨᠣ ᠬᠥᠮᠥᠨ ᠠᠴᠠ ᠪᠠᠨ ᠥ ᠰᠡᠪ ᠡᠷᠢᠬᠦ ᠦᠭᠡᠢ ᠡᠪᠳᠡᠢ ᠬᠠᠷᠢᠯᠴᠠᠬᠤ ᠪᠣᠯ ᠨᠢᠭᠡ ᠵᠦᠢᠯ ᠤᠨ ᠪᠤᠯᠪᠠᠰᠣᠷᠠᠯ ᠶᠤᠮ ᠰᠢᠦ᠃       ᠬᠤᠶᠠᠷ᠂ ᠠᠰᠢᠭ ᠲᠤᠰᠠ ᠳᠤ ᠬᠠᠨᠳᠤᠬᠤ ᠣᠪᠣᠷ᠃ ᠠᠰᠢᠭ ᠲᠤᠰᠠ ᠶᠢᠨ ᠡᠮᠦᠨ᠎ᠡ᠂ ᠬᠥᠮᠥᠨ ᠬᠠᠮᠤᠭ ᠠᠴᠠ ᠠᠮᠠᠷᠬᠠᠨ ᠳᠠᠨᠢᠬᠳᠠᠳᠠᠭ᠃ ᠬᠡᠷᠪᠡ ᠨᠢᠭᠡ ᠬᠥᠮᠥᠨ ᠡᠳ᠋ ᠮᠦᠩᠬᠦᠨ ᠳᠤ ᠨᠢᠳᠦ ᠨᠢ ᠬᠡᠳᠦ ᠤᠯᠠᠶᠢᠵᠦ᠂ ᠪᠤᠰᠤᠳ ᠢ ᠪᠤᠳᠤᠬᠤ ᠦᠭᠡᠢ ᠪᠤᠯ᠂ ᠵᠠᠮ ᠢᠶᠠᠨ ᠦᠪᠡᠷ ᠢᠶᠠᠨ ᠬᠠᠭᠠᠵᠦ᠂ ᠬᠦᠮᠦᠨ ᠢᠶᠠᠨ ᠪᠠᠷᠠᠬᠤ ᠪᠤᠯᠤᠨ᠎ᠠ᠃       ᠭᠤᠷᠪᠠ᠂ ᠪᠠᠭᠤᠷᠠᠢ ᠳᠤ ᠬᠠᠨᠳᠤᠬᠤ ᠣᠪᠣᠷ᠃ ᠨᠢᠭᠡ ᠬᠥᠮᠥᠨ ᠤ ᠵᠢᠵᠢᠭ ᠪᠠᠭᠤᠷᠠᠢ ᠳᠤ ᠬᠠᠨᠳᠤᠬᠤ ᠣᠪᠣᠷ ᠎ ᠨᠢ ᠲᠡᠭᠦᠨ ᠤ ᠪᠤᠯᠪᠠᠰᠣᠷᠠᠯ ᠪᠠ ᠬᠢᠷᠢ ᠬᠡᠮᠵᠢᠶ᠎ᠡ ᠶᠢ ᠬᠠᠮᠤᠭ ᠠᠴᠠ ᠰᠠᠶᠢᠨ ᠬᠠᠷᠠᠭᠤᠯᠵᠦ ᠴᠢᠳᠠᠳᠠᠭ᠃ ᠥᠪᠡᠷ ᠤᠨ ᠴᠢᠳᠠᠪᠤᠷᠢ ᠥᠨᠳᠥᠷ ᠬᠡᠳ ᠣᠮᠣᠷᠬᠠᠭ ᠳᠡᠭᠡᠷᠡᠩᠭᠦᠢ ᠣᠪᠣᠷ ᠢᠶᠠᠷ ᠪᠤᠰᠤᠳ ᠲᠠᠢ ᠬᠠᠷᠢᠴᠠᠪᠠᠯ᠂ ᠥᠪᠡᠷ ᠤᠨ ᠪᠡᠶ᠎ᠡ ᠳᠡᠭᠡᠨ ᠥᠩᠭᠡ ᠬᠢᠯᠪᠠᠭ᠎ᠠ ᠨᠡᠮᠡᠷᠢᠯᠡᠵᠦ ᠴᠢᠳᠠᠬᠤ ᠦᠭᠡᠢ ᠮᠥᠷᠲᠡᠭᠡᠨ ᠢᠪᠴᠤᠤ ᠪᠠᠭᠤᠷᠠᠢ ᠲᠠᠯ᠎ᠠ ᠪᠠᠨ ᠮᠡᠳᠡᠭᠳᠡᠬᠦ ᠪᠤᠯᠤᠨ᠎ᠠ᠃ ᠬᠠᠷᠢᠨ ᠵᠢᠩᠬᠢᠨᠢ ᠰᠢᠯᠢᠳᠡᠭ ᠬᠥᠮᠥᠨ ᠬᠡᠵᠢᠶᠡᠳᠡ ᠳᠠᠷᠣᠣ ᠪᠠᠶᠢᠳᠠᠭ ᠶᠤᠮ᠃       ᠳᠦᠷᠪᠡ᠂ ᠠᠮᠠᠯᠠᠯᠲᠠ ᠳᠤ ᠬᠠᠨᠳᠤᠬᠤ ᠣᠪᠣᠷ᠃ ᠦᠨᠡᠨᠴᠢ ᠢᠲᠡᠭᠡᠮᠵᠢᠲᠡᠢ ᠪᠠᠶᠢᠬᠤ ᠪᠣᠯ ᠣᠷᠣᠰᠢᠨ ᠲᠣᠭᠲᠠᠨᠢᠬᠤ ᠶᠢᠨ ᠦᠨᠳᠦᠰᠦ ᠮᠥᠨ᠂ ᠪᠠᠰᠠ ᠴᠤ ᠬᠥᠮᠥᠨ ᠪᠣᠯᠬᠤ ᠶᠢᠨ ᠦᠨᠳᠦᠰᠦᠨ ᠶᠣᠰᠣ ᠮᠣᠷᠠᠯ ᠤᠨ ᠪᠠᠷᠢᠮᠵᠢᠶ᠎ᠠ ᠶᠤᠮ᠃ ᠪᠤᠰᠤᠳ ᠲᠤ ᠠᠮᠠᠯᠠᠬᠰᠠᠨ ᠢᠶᠠᠨ ᠬᠡᠵᠢᠶᠡᠳᠡ ᠪᠡᠶᠡᠯᠡᠬᠦᠯᠵᠦ᠂ ᠬᠢᠵᠦ ᠴᠢᠳᠠᠬᠤ ᠦᠬᠡᠢ ᠪᠤᠯ ᠬᠤᠭᠤᠰᠣᠨ ᠦᠭᠡ ᠶᠠᠷᠢᠬᠤ ᠦᠭᠡᠢ ᠪᠠᠶᠢᠬᠤ ᠨᠢ ᠰᠠᠶᠢᠨ᠃
 
ᠢᠷᠡᠯᠲᠡ᠄ ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号