ᠴᠢᠰᠤᠨ ᠤ ᠥᠭᠡᠬᠦ ᠪᠠᠭᠤᠷᠠᠬᠤ ᠦᠭᠡᠶ ᠪᠠᠶᠢᠪᠠᠯ ᠡᠨᠡ ᠳᠥᠷᠪᠡᠨ ᠵᠦᠢᠯ ᠤᠨ ᠢᠳᠡᠭᠡᠨ ᠢ ᠴᠡᠭᠡᠷᠯᠡᠬᠦ ᠬᠡᠷᠡᠭᠲᠡᠶ︕
ᠨᠡᠶᠢᠲᠡᠯᠡᠭᠰᠡᠨ ᠴᠠᠭ᠄
2023/8/18
1. ᠰᠥᠰᠥᠨ ᠤ ᠭᠤᠨᠠᠨ ᠠᠯᠺᠣᠣᠯ ᠤᠨ ᠠᠭᠤᠯᠤᠭᠳᠠᠴᠠ ᠥᠨᠳᠥᠷ ᠢᠳᠡᠭᠡᠨ      ᠰᠥᠰᠥᠨ ᠤ ᠭᠤᠨᠠᠨ ᠠᠯᠺᠣᠣᠯ ᠤᠨ ᠠᠭᠤᠯᠤᠭᠳᠠᠴᠠ ᠪᠠᠷ ᠨᠡᠯᠢᠶᠡᠳ ᠥᠨᠳᠥᠷ ᠢᠳᠡᠭᠡᠨ ᠳᠤ ᠠᠮᠢᠲᠠᠨ ᠤ ᠳᠣᠲᠣᠷ ᠡᠷᠬᠡᠲᠡᠨ᠂ ᠥᠭᠡᠬᠦ᠂ ᠥᠳᠬᠡᠨ ᠱᠥᠯᠥ᠂ ᠨᠠᠶᠢᠮᠠᠯᠵᠢ ᠶᠢᠨ ᠰᠢᠷ᠎ᠠ ᠵᠡᠷᠭᠡ ᠪᠠᠭᠲᠠᠨ᠎ᠠ᠂ ᠡᠲᠡᠭᠡᠷ ᠢᠳᠡᠭᠡᠨ ᠨᠢ ᠬᠡᠳᠦᠶ ᠠᠮᠲᠠᠲᠠᠶ ᠪᠠᠶᠢᠭᠰᠠᠨ ᠴᠤ ᠠᠮᠠ ᠪᠠᠨ ᠪᠠᠷᠢᠬᠤ ᠬᠡᠷᠡᠭᠲᠡᠶ᠃2. ᠫᠢᠸᠣ᠋     ᠶᠡᠷᠦ ᠠᠴᠠ ᠠᠷᠢᠬᠢ ᠨᠢ ᠴᠢᠰᠤᠨ ᠰᠤᠳᠠᠯ ᠢ ᠭᠡᠮᠲᠦᠭᠡᠳᠡᠭ᠂ ᠫᠢᠸᠤ᠋ ᠳᠤ ᠪᠠᠰᠠ ᠨᠡᠯᠢᠶᠡᠳ ᠥᠨᠳᠥᠷ ᠢᠯᠴᠢ ᠶᠢᠨ ᠬᠡᠮᠵᠢᠶ᠎ᠡ ᠠᠭᠤᠯᠳᠠᠭ᠂ ᠡᠨᠡ ᠨᠢ ᠴᠢᠰᠤᠨ ᠤ ᠥᠭᠡᠬᠦ ᠥᠨᠳᠥᠷ ᠬᠥᠮᠦᠨ ᠳᠤ ᠠᠪᠴᠤ ᠬᠡᠯᠡᠪᠡᠯ᠂ ᠴᠢᠰᠤᠨ ᠰᠤᠳᠠᠯ ᠢ ᠨᠡᠩ ᠠᠮᠠᠷᠬᠠᠨ ︽ᠪᠥᠭᠯᠡᠷᠡᠭᠦᠯᠵᠤ︾ ᠮᠡᠳᠡᠨ᠎ᠡ᠃ ᠪᠠᠰᠠ᠂ ᠫᠢᠸᠤ᠋ ᠤᠤᠭᠤᠬᠤ ᠳᠤ ᠠᠮᠠᠷᠬᠠᠨ ᠰᠣᠭᠲᠣᠬᠤ ᠦᠭᠡᠢ ᠪᠣᠯᠬᠤᠷ ᠶᠡᠭᠡ ᠤᠤᠭᠤᠳᠠᠭ᠃3.ᠳᠠᠪᠤᠰᠤᠯᠠᠭᠰᠠᠨ ᠨᠤᠭᠤᠰᠤᠨ ᠥᠨᠳᠡᠭᠡ      ᠳᠠᠪᠤᠰᠤᠯᠠᠭᠰᠠᠨ ᠨᠤᠭᠤᠰᠤᠨ ᠥᠨᠳᠡᠭᠡ ᠳᠤ ᠳᠠᠪᠤᠰᠤ ᠨᠡᠯᠢᠶᠡᠳ ᠠᠷᠪᠢᠨ ᠠᠭᠤᠯᠵᠤ ᠪᠠᠶᠢᠬᠤ ᠪᠠᠷ ᠪᠠᠷᠠᠬᠤ ᠥᠬᠡᠶ᠂ ᠥᠭᠡᠬᠦᠨ ᠤ ᠠᠭᠤᠯᠤᠭᠳᠠᠴᠠ ᠪᠠ ᠰᠥᠰᠥᠨ ᠤ ᠭᠤᠨᠠᠨ ᠠᠯᠺᠣᠣᠯ ᠤᠨ ᠠᠭᠤᠯᠤᠭᠳᠠᠴᠠ ᠨᠢ ᠴᠥᠮ ᠮᠠᠰᠢ ᠥᠨᠳᠥᠷ ᠪᠠᠶᠢᠳᠠᠭ᠂ ᠬᠡᠲᠦ ᠠᠷᠪᠢᠨ ᠢᠳᠡᠪᠡᠯ ᠴᠢᠰᠤᠨ ᠤ ᠥᠭᠡᠬᠦ ᠶᠢ ᠨᠥᠯᠥᠭᠡᠯᠡᠳᠡᠭ᠃4.ᠰᠢᠬᠢᠷᠯᠢᠭ ᠢᠳᠡᠭᠡᠨ      ᠴᠢᠰᠤᠨ ᠤ ᠥᠭᠡᠬᠦ ᠥᠨᠳᠥᠷᠵᠢᠭᠰᠡᠨ ᠬᠥᠮᠦᠰ ᠴᠦ ᠭᠡᠰᠡᠨ᠂ ᠡᠷᠡᠭᠦᠯ ᠴᠢᠭᠢᠷᠠᠭ ᠬᠥᠮᠦᠰ ᠴᠦ ᠭᠡᠰᠡᠨ ᠰᠢᠬᠢᠷᠯᠢᠭ ᠢᠳᠡᠭᠡᠨ ᠢ ᠬᠡᠳᠦ ᠠᠷᠪᠢᠨ ᠢᠳᠡᠬᠦ ᠦᠭᠡᠢ ᠪᠠᠶᠢᠪᠠᠯ ᠵᠣᠬᠢᠨ᠎ᠠ᠃᠂ ᠬᠥᠮᠦᠨ ᠤ ᠪᠡᠶ᠎ᠡ ᠠᠯᠢᠪᠠ ᠰᠢᠬᠢᠷ ᠢᠶᠠᠨ ᠴᠠᠭ ᠲᠤᠬᠠᠶ ᠳᠤᠨᠢ ᠭᠠᠳᠠᠭᠰᠢᠯᠠᠭᠤᠯᠵᠤ ᠳᠡᠶᠢᠯᠬᠦ ᠦᠭᠡᠢ ᠪᠣᠯ ᠠᠮᠠᠷᠬᠠᠨ ᠥᠭᠡᠬᠦ ᠪᠣᠯᠵᠤ᠂ ᠴᠢᠰᠤᠨ ᠰᠤᠳᠠᠯ ᠢ ᠭᠡᠮᠲᠦᠭᠡᠵᠦ ᠮᠡᠳᠡᠨ᠎ᠡ᠃
 
ᠢᠷᠡᠯᠲᠡ᠄ ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号