ᠡᠨᠡ ᠵᠢᠯ ᠤᠨ ᠳᠡᠭᠡᠷ᠎ᠡ ᠬᠠᠭᠠᠰ ᠵᠢᠯ ᠳᠤ᠂ ᠮᠠᠨ ᠤ ᠤᠷᠤᠨ ᠤ ᠰᠣᠶᠣᠯ ᠵᠢᠭᠤᠯᠴᠢᠯᠠᠯ ᠤᠨ ᠵᠠᠬ᠎ᠠ ᠳᠡᠯᠭᠡᠭᠦᠷ | ᠶᠡᠭᠡ ᠪᠠᠷ ᠰᠡᠷᠬᠦᠵᠦ᠂ ᠪᠦᠬᠦ ᠣᠷᠣᠨ ᠤ ᠬᠦᠯᠢᠶᠡᠨ ᠠᠪᠤᠭᠰᠠᠨ ᠤᠯᠤᠰ ᠤᠨ ᠳᠣᠲᠣᠭᠠᠳᠤ ᠶᠢ ᠵᠢᠭᠤᠯᠴᠢᠯᠠᠭᠰᠠᠳ ᠤᠨ | ᠲᠤᠭ᠎ᠠ 9185.41 ᠲᠦᠮᠡᠨ ᠬᠥᠮᠥᠨ ᠤᠳᠠᠭ᠎ᠠ ᠳᠤ ᠬᠦᠷᠴᠦ᠂ 2022 ᠣᠨ ᠤ ᠬᠢ ᠠᠴᠠ 2.55 ᠳᠠᠬᠢᠨ᠂ | 2019 ᠣᠨ ᠤ ᠬᠢ ᠠᠴᠠ 1.39 ᠳᠠᠬᠢᠨ ᠪᠣᠯᠵᠠᠢ᠃ ᠪᠥᠬᠦ ᠣᠷᠣᠨ ᠤ ᠤᠯᠤᠰ ᠤᠨ ᠳᠣᠲᠣᠭᠠᠳᠤ ᠶᠢ | ᠵᠢᠭᠤᠯᠴᠢᠯᠠᠯ ᠤᠨ ᠣᠷᠣᠯᠭ᠎ᠠ 1185.06 ᠳ᠋ᠦᠩᠰᠢᠭᠤᠷ ᠲᠥᠭᠦᠷᠢᠭ ᠬᠦᠷᠴᠤ᠂ 2022 ᠣᠨ ᠤ ᠬᠢ ᠠᠴᠠ 3 | ᠳᠠᠬᠢᠨ᠂ 2019 ᠣᠨ ᠤ ᠬᠢ ᠠᠴᠠ 1.33 ᠳᠠᠬᠢᠨ ᠪᠠᠶᠢᠵᠤ᠂ ᠵᠢᠭᠤᠯᠴᠢᠯᠠᠯ ᠤᠨ ᠬᠥᠮᠥᠨ ᠤ ᠲᠤᠭ᠎ᠠ ᠪᠠ | ᠣᠷᠣᠯᠭ᠎ᠠ ᠴᠥᠮ ᠲᠡᠦᠬᠡ ᠶᠢ ᠰᠢᠨ᠎ᠡ ᠲᠡᠮᠳᠡᠭᠯᠡᠯ ᠢ ᠡᠭᠦᠳᠪᠡ᠃ ᠡᠨᠡ ᠵᠢᠯ ᠤᠨ ᠡᠬᠢᠨ ᠳᠤ᠂ ᠰᠤᠶᠤᠯ | ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠰᠡᠷᠭᠦᠯᠲᠡ ᠶᠢ ᠲᠦᠷᠭᠡᠳᠬᠡᠬᠦ ᠶᠢ ᠲᠦᠯᠦᠭᠡ᠂ ᠮᠠᠨ ᠤ ᠣᠷᠣᠨ ᠤ ᠰᠣᠶᠣᠯ | ᠵᠢᠭᠤᠯᠴᠢᠯᠠᠯ ᠤᠨ ᠰᠢᠰᠲ᠋ᠧᠮ ᠤᠨ ᠬᠢᠨ ᠪᠦᠬᠦ ᠲᠠᠯ᠎ᠠ ᠪᠠᠷ ᠬᠦᠴᠦᠯᠡᠵᠦ᠂ ᠴᠠᠭᠠᠨ ᠰᠠᠷ᠎ᠠ ᠥᠩᠭᠡᠷᠡᠮᠡᠭᠴᠡ | ᠬᠤᠳᠠᠯᠳᠤᠭᠠᠴᠢᠨ ᠤᠷᠢᠬᠤ ᠠᠵᠢᠯᠯᠠᠭ᠎ᠠ ᠪᠠᠨ ᠡᠬᠢᠯᠡᠭᠦᠯᠵᠦ᠂ ᠬᠠᠪᠤᠷ ᠤᠨ ᠤᠯᠠᠷᠢᠯ ᠤᠨ ᠵᠢᠭᠤᠯᠴᠢᠯᠠᠯ ᠤᠨ ᠬᠠᠯᠠᠭᠤᠨ | ᠥᠷᠨᠢᠯᠲᠡ ᠭᠠᠷᠭᠠᠵᠤ᠂ ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠬᠥᠭᠵᠢᠶᠡᠨᠲᠦ ᠤᠯᠠᠷᠢᠯ ᠢ ᠳᠦᠷᠪᠡᠨ ᠰᠠᠷ᠎ᠠ | ᠤᠷᠢᠳᠴᠢᠯᠠᠭᠤᠯᠪᠠ᠃ 4 ᠰᠠᠷ᠎ᠠ ᠠᠴᠠ 5 ᠰᠠᠷ᠎ᠠ ᠳᠤ ᠪᠠᠶᠠᠷ ᠳᠤᠷᠠᠰᠬᠠᠯ ᠤᠨ ᠠᠵᠢᠯᠯᠠᠭ᠎ᠠ᠂ ᠣᠯᠠᠨ ᠲᠦᠮᠡᠨᠴᠢ | ᠰᠣᠶᠣᠯ ᠤᠨ ᠠᠵᠢᠯᠯᠠᠭ᠎ᠠ᠂ ᠪᠣᠳᠠᠰ ᠤᠨ ᠪᠤᠰᠤ ᠰᠣᠶᠣᠯ ᠤᠨ ᠥᠪ ᠤᠨ ᠠᠵᠢᠯᠯᠠᠭ᠎ᠠ᠂ ᠰᠣᠶᠣᠯ ᠪᠡᠶ᠎ᠡ ᠶᠢ ᠲᠠᠮᠢᠷ ᠤᠨ | ᠤᠷᠤᠯᠳᠤᠭᠠᠨ᠂ ᠲᠣᠭᠯᠠᠯᠲᠠ᠂ ᠳᠡᠯᠭᠡᠨ ᠦᠵᠡᠭᠦᠯᠭᠡ᠂ ᠰᠥᠨᠢ ᠶᠢ ᠠᠵᠦ ᠠᠬᠤᠢ ᠵᠡᠷᠭᠡ 8 ᠶᠡᠭᠡ ᠠᠵᠢᠯᠯᠠᠭ᠎ᠠ ᠶᠢ | ᠥᠷᠨᠢᠭᠦᠯᠬᠦ ᠪᠠᠷ ᠳᠠᠮᠵᠢᠨ ᠵᠢᠭᠤᠯᠴᠢᠯᠠᠬᠴᠢᠳ ᠤᠨ ᠰᠤᠨᠢᠷᠬᠠᠯ ᠢ ᠳᠠᠳᠠᠵᠠᠢ᠃ | ᠵᠤᠨ ᠠᠴᠠ ᠨᠠᠭᠠᠰᠢ᠂ ᠥᠪᠡᠷᠲᠡᠭᠡᠨ ᠵᠠᠰᠠᠬᠤ ᠣᠷᠣᠨ ᠤ ᠰᠣᠶᠣᠯ ᠵᠢᠭᠤᠯᠴᠢᠯᠠᠯ ᠤᠨ ᠲᠢᠩᠬᠢᠮ ᠠᠴᠠ ᠵᠤᠨ ᠤ | ᠠᠮᠠᠷᠠᠯᠲᠠ ᠶᠢ ᠬᠤᠭᠤᠴᠠᠭᠠᠨ ᠤ ᠵᠠᠬ᠎ᠠ ᠳᠡᠯᠭᠡᠭᠦᠷ ᠲᠤ ᠬᠠᠨᠳᠤᠭᠤᠯᠤᠨ ︽ᠳᠡᠬᠦᠰᠦᠭᠴᠢᠳ ᠲᠤ ᠵᠤᠷᠢᠭᠤᠯᠤᠬᠰᠠᠨ | ᠳᠠᠯ᠎ᠠ ᠨᠤᠳᠤᠭ ᠤᠨ ᠵᠢᠭᠤᠯᠴᠢᠯᠠᠯ ᠤᠨ ᠺᠠᠷᠲ︾ ᠲᠠᠷᠬᠠᠭᠠᠵᠡᠢ᠃ ᠪᠦᠷᠢᠳᠬᠡᠯ ᠠᠴᠠ ᠦᠵᠡᠪᠡᠯ᠂ ᠲᠣᠰ | ᠠᠵᠢᠯᠯᠠᠭ᠎ᠠ ᠳᠤ ᠵᠦᠵᠢᠶᠠᠩ ᠮᠥᠷᠡᠨ ᠤ ᠭᠤᠷᠪᠠᠯᠵᠢᠨ ᠬᠤᠶᠢᠭ᠂ ᠴᠠᠩ ᠵᠦ ᠲᠠᠨ᠂ ᠴᠧᠩ ᠢᠦᠢ ᠵᠡᠷᠭᠡ ᠭᠠᠵᠠᠷ | ᠣᠷᠣᠨ ᠤ ᠬᠢᠨ ᠣᠷᠣᠯᠴᠠᠭᠰᠠᠨ ᠬᠡᠮᠵᠢᠶ᠎ᠡ ᠪᠠᠷ ᠬᠠᠮᠤᠭ ᠤᠨ ᠥᠨᠳᠥᠷ ᠪᠠᠶᠢᠵᠤ᠂ ᠭᠤᠸᠠᠩᠵᠧᠦ᠂ ᠴᠠᠩᠱᠠ᠂ ᠰᠢᠶᠠᠮᠧᠨ | ᠂ ᠱᠧᠨᠵᠧᠨ᠂ ᠴᠧᠩᠳᠦ᠋ ᠵᠡᠷᠭᠡ ᠬᠤᠳᠠ ᠲᠦᠷᠦᠭᠦᠣ ᠲᠠᠪᠤᠨ ᠨᠡᠷᠡᠰ ᠲᠤ ᠣᠷᠣᠭᠰᠠᠨ ᠪᠠᠶᠢᠨ᠎ᠠ᠃ ᠡᠭᠦᠨ ᠠᠴᠠ | ᠭᠠᠳᠠᠨ᠎ᠠ᠂ ᠡᠨᠡ ᠵᠢᠯ ᠮᠠᠨ ᠤ ᠣᠷᠣᠨ ᠤ ᠨᠡᠶᠢᠲᠡᠯᠡᠭᠰᠡᠨ ︽ᠵᠢᠭᠤᠯᠴᠢᠯᠠᠯ ᠤᠨ ᠲᠤᠰᠬᠠᠢ ᠭᠠᠯᠲᠤ ᠲᠡᠷᠭᠡ᠂ ᠨᠢᠰᠬᠡᠯ | ᠳᠠᠭᠠᠭᠠᠴᠢᠯᠠᠬᠤ︾ ᠶᠢ ᠨᠥᠬᠦᠪᠦᠷᠢ ᠪᠠ ︽ᠵᠢᠭᠤᠯᠴᠢᠯᠠᠭᠰᠠᠳ ᠢ ᠲᠠᠲᠠᠬᠤ︾ ᠵᠡᠷᠭᠡ ᠱᠠᠩᠨᠠᠯ ᠤᠨ ᠲᠥᠷᠥ ᠶᠢ | ᠪᠣᠳᠣᠯᠭ᠎ᠠ ᠨᠢ ᠵᠢᠭᠤᠯᠴᠢᠯᠠᠯ ᠤᠨ ᠠᠵᠤ ᠠᠬᠤᠶᠢᠯᠠᠯ ᠤᠨ ᠵᠠᠬ᠎ᠠ ᠳᠡᠯᠭᠡᠭᠦᠷ ᠢᠶᠠᠨ ᠥᠷᠭᠡᠳᠬᠡᠬᠦ ᠢᠳᠡᠪᠬᠢᠵᠢᠯ ᠢ ᠪᠥᠬᠦ | ᠲᠠᠯ᠎ᠠ ᠪᠠᠷ ᠳᠠᠶᠢᠴᠢᠯᠠᠵᠦ᠂ ᠡᠨᠡ ᠵᠢᠯ ᠤᠨ ᠳᠡᠭᠡᠷ᠎ᠡ ᠬᠠᠭᠠᠰ ᠵᠢᠯ ᠳᠤ 3000 ᠭᠠᠷᠤᠢ ᠵᠠᠬᠢᠶᠠᠯᠠᠭ᠎ᠠ ᠶᠢ ᠪᠦᠯᠬᠦᠮ᠂ | ᠰᠤᠳᠤᠯᠤᠨ ᠰᠤᠷᠤᠯᠴᠠᠬᠤ ᠰᠣᠯᠢᠯᠴᠠᠭᠠᠨ ᠤ ᠪᠦᠯᠬᠦᠮ᠂ ᠰᠡᠯᠡᠭᠦᠴᠡᠯ ᠠᠮᠠᠷᠠᠯᠲᠠ ᠶᠢ ᠪᠦᠯᠬᠦᠮ ᠮᠠᠨ ᠤ ᠣᠷᠣᠨ ᠳᠤ | ᠢᠷᠡᠵᠦ ᠵᠢᠭᠤᠯᠴᠢᠯᠠᠵᠠᠢ᠃ 7 ᠰᠠᠷ᠎ᠠ ᠠᠴᠠ 8 ᠰᠠᠷ᠎ᠠ ᠳᠤ ᠮᠠᠨ ᠤ ᠣᠷᠣᠨ ᠤ ᠵᠢᠭᠤᠯᠴᠢᠯᠠᠯ ᠤᠨ ᠬᠥᠭᠵᠢᠶᠡᠨᠲᠦ | ᠮᠦᠴᠡ ᠤᠷᠬᠢᠯ ᠳᠠᠭᠠᠨ ᠬᠦᠷᠬᠦ ᠪᠤᠯᠤᠨ᠎ᠠ᠃ ᠣᠶᠢᠷ᠎ᠠ ᠶᠢ ᠬᠤᠭᠤᠴᠠᠭᠠᠨ ᠳᠤ ᠰᠦᠯᠵᠢᠶᠡᠨ ᠳᠠᠬᠢ ︽ᠲᠠᠯ᠎ᠠ ᠨᠤᠲᠤᠭ︾ | ᠲᠠᠢ ᠬᠤᠯᠪᠤᠬᠳᠠᠬᠰᠠᠨ ᠬᠠᠶᠢᠯᠲᠠ ᠶᠢ ᠬᠡᠮᠵᠢᠶ᠎ᠡ ᠲᠦᠷᠦᠭᠦᠣ ᠰᠠᠷ᠎ᠠ ᠶᠢ ᠬᠢ ᠠᠴᠠ 200% ᠠᠴᠠ ᠳᠡᠭᠡᠭᠰᠢ | ᠨᠡᠮᠡᠭᠳᠡᠵᠡᠢ᠂ ᠡᠨᠡᠬᠦ ᠬᠠᠯᠠᠮᠰᠢᠯ ᠢ ᠠᠮᠵᠢᠨ᠂ ᠮᠠᠨ ᠤ ᠣᠷᠣᠨ ᠤ ᠰᠣᠶᠣᠯ ᠵᠢᠭᠤᠯᠴᠢᠯᠠᠯ ᠤᠨ ᠰᠢᠰᠲ᠋ᠧᠮ ᠤᠨ ᠬᠢᠨ ᠵᠠᠬ᠎ᠠ | ᠳᠡᠯᠭᠡᠭᠦᠷ ᠢ ᠦᠷᠭᠦᠯᠵᠢᠯᠡᠨ ᠬᠦᠭᠵᠢᠭᠡᠵᠦ᠂ ᠨᠠᠩ ᠣᠯᠠᠨ ᠬᠦᠮᠦᠰ ᠤᠨ ᠠᠩᠬᠠᠷᠤᠯ ᠢ ᠳᠠᠳᠠᠬᠤ ᠪᠤᠯᠤᠨ᠎ᠠ᠃ |