ᠬᠠᠶᠢᠷ᠎ᠠ ᠪᠠᠭ᠋ᠠᠷᠬᠠᠯ ᠭᠡᠭᠴᠢ ᠨᠢᠭᠡ ᠬᠦᠮᠦᠨ ᠤ ᠤᠷᠤᠬᠰᠢ ᠲᠠᠪᠰᠢᠬᠤ ᠬᠦᠴᠦᠨ ᠮᠦᠨ᠂ ᠬᠡᠤᠬᠡᠳ ᠲᠤ ᠠᠪᠴᠤ | ᠬᠡᠯᠡᠪᠡᠯ ᠨᠡᠩ ᠴᠤ ᠡᠶᠢᠮᠦ᠃ ᠡᠶᠢᠮᠦ ᠠᠴᠠ ᠰᠤᠷᠤᠭᠴᠢ ᠬᠡᠦᠬᠡᠳ ᠢᠶᠠᠨ ᠦᠨᠡᠨ ᠰᠡᠳᠬᠢᠯ ᠠᠴᠠ ᠪᠠᠨ ᠬᠠᠶᠢᠷᠠᠯᠠᠨ | ᠪᠠᠭ᠋ᠠᠷᠬᠠᠬᠤ ᠪᠣᠯ ᠬᠡᠦᠬᠡᠳ ᠤᠨ ᠡᠷᠡᠭᠦᠯ ᠰᠠᠷᠠᠭᠤᠯ ᠦᠰᠦᠨ ᠪᠤᠶᠢᠵᠢᠯᠳᠠ ᠳᠤ ᠵᠠᠩᠭᠢᠯᠠᠭ᠎ᠠ ᠶᠢᠨ ᠦᠢᠯᠡᠳᠦᠯ | ᠦᠵᠡᠭᠦᠯᠳᠡᠭ ᠲᠡᠳᠦᠢ ᠦᠭᠡᠢ᠂ ᠠᠩᠭᠢ ᠶᠢᠨ ᠡᠷᠬᠢᠯᠡᠭᠴᠢ ᠪᠣᠯᠣᠭᠰᠠᠳ ᠤᠨ ᠵᠠᠪᠠᠯ ᠠᠩᠬᠠᠷᠴᠤ ᠰᠤᠷᠤᠯᠴᠠᠭᠤᠰᠢᠳᠠᠢ | ᠬᠢᠴᠢᠶᠡᠯ ᠪᠤᠯᠪᠠᠰᠤᠷᠠᠯ ᠶᠤᠮ᠃ | ᠰᠤᠷᠭᠠᠭᠤᠯᠢ ᠳᠤ ᠠᠩᠭᠢ ᠶᠢᠨ ᠡᠷᠬᠢᠯᠡᠭᠴᠢ ᠪᠤᠯ ᠬᠡᠦᠬᠡᠳ ᠤᠨ ᠠᠪᠢᠶᠠᠰ ᠠᠷᠠᠨᠰᠢᠨ᠂ ᠲᠤᠳᠠᠭᠳᠠᠯ | ᠲᠠᠪᠠᠭᠤᠯᠢᠭ ᠢ ᠰᠡᠷᠡᠵᠦ ᠮᠡᠳᠡᠬᠦ ᠬᠠᠮᠤᠭ ᠤᠨ ᠳᠣᠲᠣᠨᠣ ᠶᠢᠨ ᠬᠥᠮᠥᠨ ᠪᠤᠯᠤᠨ᠎ᠠ᠃ ᠶᠠᠭ ᠡᠶᠢᠮᠦ ᠠᠴᠠ ︽ | ᠤᠨᠳᠠᠬᠰᠠᠨ ᠢ ᠨᠢ ᠰᠡᠷᠢᠭᠡᠵᠦ ᠤᠮᠠᠷᠳᠠᠬᠰᠠᠨ ᠢ ᠨᠢ ᠰᠠᠨᠠᠭᠤᠯᠬᠤ︾ ᠪᠤᠯ ᠠᠩᠬᠢ ᠶᠢᠨ ᠡᠷᠬᠢᠯᠡᠭᠴᠢ ᠶᠢᠨ ᠬᠢᠪᠡᠰᠦ | ᠵᠤᠬᠢᠬᠤ ᠵᠦᠢᠯ᠃ ᠭᠡᠪᠡᠴᠦ ᠤᠳᠤᠬᠠᠨ ᠳᠤ ᠣᠯᠠᠩᠬᠢ ᠠᠩᠭᠢ ᠶᠢᠨ ᠡᠷᠬᠢᠯᠡᠭᠴᠢ ᠶᠢᠨ ᠪᠠᠶᠢᠩᠭᠤ ᠭᠠᠷᠭᠠᠳᠠᠭ ᠲᠦᠭᠡᠮᠡᠯ | ᠠᠯᠳᠠᠭ᠎ᠠ ᠪᠣᠯ ᠬᠡᠦᠬᠡᠳ ᠠᠯᠢᠶᠠᠷᠬᠠᠬᠤ ᠦᠶᠡᠰ ᠲᠤ ᠲᠡᠩᠳᠡᠭᠦᠦ ᠵᠢᠮᠡᠯᠡᠵᠦ ᠨᠤᠮᠤᠬᠠᠨ ᠪᠠᠶᠢᠯᠭᠠᠬᠤ ᠶᠢ ᠯᠠ | ᠤᠷᠤᠯᠳᠤᠳᠠᠭ ᠪᠤᠶᠤ ᠬᠡᠦᠬᠡᠳ ᠤᠨ ᠡᠷᠬᠡ ᠴᠢᠯᠦᠭᠡ ᠶᠢ ᠬᠡᠲᠦ ᠬᠢᠵᠠᠭᠠᠷᠯᠠᠬᠤ ᠪᠤᠳᠤᠯ ᠬᠢᠳᠡᠯ ᠪᠤᠯᠤᠨ᠎ᠠ᠃ ᠡᠨᠡ ᠨᠢ | ᠬᠡᠦᠬᠡᠳ ᠤᠨ ᠥᠪᠡᠷᠮᠢᠴᠡ ᠪᠤᠳᠤᠯ ᠰᠡᠳᠬᠢᠬᠦᠢ ᠶᠢᠨ ᠬᠦᠭᠵᠢᠯᠳᠡ ᠳᠤ ᠮᠠᠭᠤ ᠨᠥᠯᠥᠭᠡ ᠠᠪᠴᠢᠷᠠᠳᠠᠭ᠃ ᠪᠠᠰᠠ | ᠵᠠᠷᠢᠮ ᠠᠩᠭᠢ ᠶᠢᠨ ᠡᠷᠬᠢᠯᠡᠭᠴᠢ ᠪᠠᠭᠰᠢ ᠨᠠᠷ ᠰᠤᠷᠤᠭᠴᠢᠳ ᠢᠶᠠᠨ ᠬᠤᠭᠤᠷᠣᠨᠳᠤ ᠨᠢ ᠠᠳᠠᠯᠢᠳᠬᠠᠵᠤ᠂ ︽ᠴᠢ ᠬᠡᠨ | ᠬᠡᠨ ᠢ ᠦᠵᠡ᠂ ᠬᠦᠮᠦᠨ ᠬᠡᠳᠦᠢ ᠰᠢᠯᠢᠳᠡᠭ ᠪᠤᠢ︖︾ ᠭᠡᠬᠦ ᠮᠡᠲᠦ ᠪᠠᠷ ᠬᠡᠯᠡᠬᠦ ᠨᠢ ᠬᠡᠦᠬᠡᠳ ᠤᠨ ᠨᠢᠯᠬᠠᠰᠠᠭ | ᠪᠤᠳᠤᠯ ᠰᠡᠳᠭᠢᠯ ᠳᠤ ᠳᠠᠭᠠᠷᠢᠯᠲᠠ ᠴᠤᠬᠢᠯᠳᠠ ᠪᠤᠯᠵᠤ ᠮᠡᠳᠡᠨ᠎ᠡ᠃ ᠡᠨᠡ ᠦᠶᠡᠰ ᠬᠡᠦᠬᠡᠳ ᠤᠨ ᠰᠡᠳᠬᠢᠯ ᠳᠤ ᠪᠠᠭᠰᠢ | ᠮᠢᠨᠢ ᠨᠠᠮᠠᠢᠢ ᠲᠣᠭᠤᠬᠤ ᠦᠭᠡᠢ᠂ ᠪᠠᠭ᠋ᠠᠷᠬᠠᠬᠤ ᠦᠭᠡᠢ ᠪᠠᠶᠢᠨ᠎ᠠ ᠭᠡᠰᠡᠨ ᠲᠥᠷᠥᠭᠳᠡᠯ ᠣᠷᠣᠵᠤ᠂ ᠢᠩᠭᠢᠵᠦ ᠬᠡᠯᠡᠭᠰᠡᠨ | ᠪᠠᠭᠰᠢ ᠳᠠᠭᠠᠨ ᠭᠤᠮᠣᠳᠠᠬᠤ᠂ ᠪᠠᠭᠰᠢ ᠠᠴᠠ ᠪᠠᠨ ᠵᠠᠶᠢᠳᠠᠬᠤ᠂ ᠴᠢᠨᠠᠭᠰᠢᠯᠠᠪᠠᠯ ᠰᠤᠷᠭᠠᠭᠤᠯᠢ ᠶᠢᠨ ᠠᠮᠢᠳᠤᠷᠠᠯ ᠠᠴᠠ | ᠠᠭᠠᠵᠢᠮ ᠢᠶᠠᠷ ᠳᠤᠷ᠎ᠠ ᠦᠭᠡᠶᠢᠴᠡᠬᠦ ᠰᠡᠳᠬᠢᠯ ᠲᠥᠷᠥᠵᠦ ᠮᠡᠳᠡᠨ᠎ᠡ᠃ ᠡᠨᠡ ᠲᠤᠬᠠᠢ ᠨᠢᠭᠡ ᠵᠢᠱᠢᠶ᠎ᠠ ᠶᠠᠷᠢᠶ᠎ᠠ᠃ ᠠ᠊ | ᠪᠣᠯ ᠮᠢᠨᠤ ᠥᠩᠭᠡᠷᠡᠭᠰᠡᠨ ᠤ ᠲᠡᠭᠦᠰᠬᠡᠭᠰᠡᠨ ᠰᠤᠷᠤᠭᠴᠢ᠃ ᠮᠢᠨᠦ ᠴᠡᠭᠡᠵᠢᠯᠡᠵᠦ ᠪᠠᠶᠢᠬᠤ ᠪᠠᠷ ᠲᠡᠭᠦᠨ ᠤ ᠲᠣᠭᠠᠨ ᠤ | ᠤᠬᠠᠭᠠᠨ ᠤ ᠬᠢᠷᠢ ᠪᠦᠳᠤᠮᠵᠢ ᠨᠢ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠬᠦᠷᠳᠡᠯ᠎ᠡ ᠠᠨᠠᠶᠢᠬᠠᠨ ᠪᠠᠶᠢᠵᠠᠢ᠃ | ᠭᠡᠪᠡᠴᠦ ᠳᠥᠷᠪᠡᠳᠦᠭᠡᠷ ᠤᠨ ᠠᠴᠠ ᠡᠬᠢᠯᠡᠵᠦ ᠲᠡᠭᠦᠨ ᠤ ᠲᠤᠭᠠᠨ ᠤ ᠤᠬᠠᠭᠠᠨ ᠤ ᠬᠢᠷᠢ ᠪᠦᠳᠦᠮᠵᠢ ᠨᠢ ᠭᠡᠨᠡᠳᠲᠡ ᠪᠠᠷ | ᠠᠩᠭᠢ ᠳᠤ ᠣᠷᠦ᠋ᠢᠯᠠᠬᠤ ᠪᠣᠯᠪᠠ᠃ ᠰᠡᠭᠦᠯᠡᠷ ᠨᠢ ᠪᠢ ᠡᠨᠡ ᠬᠤᠪᠢᠷᠠᠯᠲᠠ ᠲᠠᠪᠰᠢᠯᠳᠠ ᠶᠢᠨ ᠬᠢᠨᠢ ᠲᠤᠬᠠᠢ ᠯᠠᠪᠯᠠᠪᠠᠯ | ᠲᠡᠷᠡ᠄ ︽ᠪᠢ ᠲᠤᠭ᠎ᠠ ᠪᠤᠳᠤᠬᠤ ᠳᠠᠭᠠᠨ ᠤᠳᠠᠭᠠᠯᠢᠭ ᠪᠣᠯᠬᠤᠷ ᠬᠢᠴᠢᠶᠡᠯ ᠳᠡᠭᠡᠷ᠎ᠡ ᠲᠤᠭ᠎ᠠ ᠪᠣᠳᠣᠭᠤᠯᠪᠠᠯ ᠬᠡᠵᠢᠶᠡᠳᠡ | ᠪᠤᠰᠤᠳ ᠠᠴᠠ ᠬᠤᠴᠤᠷᠳᠠᠭ᠃ ᠡᠨᠡ ᠦᠶᠡᠰ ᠤᠤᠯ ᠤᠨ ᠲᠣᠭᠠᠨ ᠤ ᠪᠠᠭᠰᠢ ᠳᠡᠷᠭᠡᠳᠡ ᠢᠷᠡᠪᠡᠯ ︿ᠡᠭᠦᠨ ᠢ ᠪᠠᠰᠠ | ᠴᠢᠳᠠᠬᠤ ᠦᠭᠡᠢ ᠤᠤ︖ ᠰᠠᠶ᠋ᠢ ᠬᠢᠴᠢᠶᠡᠯ ᠲᠡᠭᠡᠷ᠎ᠡ ᠶᠠᠭᠤ ᠬᠢᠵᠦ ᠪᠠᠶᠢᠭᠰᠠᠨ ᠶᠤᠮ︖﹀ ᠭᠡᠮᠡᠨ ᠵᠠᠩᠨᠠᠭᠠᠳ | ᠶᠠᠪᠤᠳᠠᠭ ᠪᠣᠯᠬᠤᠷ ᠪᠢ ᠨᠢᠭᠡᠮᠦᠰᠦᠨ ᠵᠤᠷᠢᠭ ᠠᠯᠳᠠᠷᠠᠵᠤ᠂ ᠲᠤᠭᠠᠨ ᠤ ᠤᠬᠠᠭᠠᠨ ᠤ ᠬᠢᠴᠢᠶᠡᠯ ᠤᠷᠤᠬᠤ ᠠᠴᠠ | ᠬᠠᠯᠠᠰᠢᠷᠠᠬᠤ ᠪᠤᠯᠵᠠᠢ᠃ ᠬᠠᠷᠢᠨ ᠳᠥᠷᠪᠡᠳᠦᠭᠡᠷ ᠤᠨ ᠠᠴᠠ ᠲᠣᠭᠠᠨ ᠤ ᠤᠬᠠᠭᠠᠨ ᠤ ᠪᠠᠭᠰᠢ ᠰᠣᠯᠢᠭᠳᠠᠵᠤ᠂ ᠰᠢᠨ᠎ᠡ | ᠪᠠᠭᠰᠢ ᠮᠢᠨᠢ ᠬᠡᠵᠢᠶᠡᠳᠡ ᠨᠠᠮᠠᠢᠢ ᠪᠣᠯᠵᠤ ᠪᠠᠶᠢᠨ᠎ᠠ᠂ ᠲᠠᠭᠠᠷᠠᠵᠤ ᠪᠠᠶᠢᠨ᠎ᠠ ᠭᠡᠵᠦ ᠵᠣᠷᠢᠭᠵᠢᠭᠤᠯᠳᠠᠭ ᠪᠣᠯᠬᠤᠷ ᠪᠢ | ᠪᠠᠭᠰᠢ ᠪᠠᠨ ᠬᠥᠰᠡᠷᠳᠡᠭᠦᠯᠬᠦ ᠦᠭᠡᠢ ᠶᠢᠨ ᠲᠤᠯᠠᠳᠠ ᠤᠯᠠᠮ ᠢᠯᠡᠭᠦᠦ ᠴᠢᠷᠮᠠᠶᠢᠬᠤ ᠪᠤᠯᠤᠬᠰᠠᠨ︾ ᠬᠡᠵᠦ ᠪᠠᠶᠢᠪᠠ᠃ | ᠬᠠᠶᠢᠷ᠎ᠠ ᠪᠠᠭ᠋ᠠᠷᠬᠠᠯ ᠠᠴᠠ ᠤᠷᠤᠭᠰᠢᠯᠠᠬᠤ ᠬᠦᠴᠦᠨ ᠤᠨᠳᠤᠷᠳᠠᠭ ᠭᠡᠭᠴᠢ ᠡᠨᠡ ᠪᠤᠶᠤ᠃ | ᠬᠡᠦᠬᠡᠳ ᠭᠡᠭᠴᠢ ᠰᠣᠶᠣᠭᠠᠯᠠᠵᠤ ᠪᠠᠶᠢᠭ᠎ᠠ ᠨᠠᠬᠢᠶ᠎ᠠ ᠰᠢᠭ᠂ ᠵᠠᠪᠠᠯ ᠠᠯᠭᠤᠷ ᠠᠭᠠᠵᠢᠮ ᠢᠶᠠᠷ ᠤᠰᠤᠯᠠᠵᠤ | ᠠᠷᠠᠴᠢᠯᠠᠬᠤ ᠬᠡᠷᠡᠭᠲᠡᠢ᠃ ᠶᠠᠭᠠᠷᠠᠵᠤ ᠰᠠᠨᠳᠤᠷᠤᠨ ᠨᠢᠭᠡ ᠯᠡ ᠳᠡᠭᠡᠷ᠎ᠡ ᠭᠡᠳᠤᠷᠡᠳᠡᠯ᠎ᠡ ᠤᠰᠤᠯᠠᠬᠤ ᠪᠤᠶᠤ ᠳᠡᠩᠳᠡᠭᠦᠦ | ᠠᠷᠠᠴᠢᠯᠠᠪᠠᠯ ᠬᠡᠦᠬᠡᠳ ᠤᠨ ᠦᠰᠦᠨ ᠪᠤᠶᠢᠵᠢᠯᠳᠠ ᠶᠢᠨ ᠡᠶ᠎ᠡ ᠵᠣᠬᠢᠶᠠᠯ ᠢ ᠨᠥᠯᠥᠭᠡᠯᠡᠵᠦ᠂ ᠵᠠᠷᠢᠮ ᠦᠶᠡᠰ ᠭᠡᠳᠡᠷᠬᠦ | ᠦᠢᠯᠡᠳᠦᠯ ᠦᠵᠡᠭᠦᠯᠵᠦ ᠮᠠᠭᠠᠳ᠃ ᠰᠤᠷᠤᠯᠭ᠎ᠠ ᠬᠢᠴᠢᠶᠡᠯ ᠤᠨ ᠬᠤᠪᠢ ᠳᠤ ᠬᠡᠦᠬᠡᠳ ᠪᠦᠬᠦᠨ ᠲᠡᠷᠢᠭᠦᠨ ᠢ ᠣᠯᠬᠤ | ᠪᠣᠯᠣᠮᠵᠢ ᠪᠠᠶᠢᠳᠠᠭ ᠦᠭᠡᠢ᠂ ᠭᠡᠪᠡᠴᠦ ᠬᠡᠦᠬᠡᠳ ᠤᠳ ᠥᠪᠡᠷᠰᠡᠳ ᠤᠨ ᠢᠶᠠᠨ ᠠᠪᠢᠶᠠᠰ ᠴᠢᠳᠠᠪᠤᠷᠢ ᠪᠠᠨ | ᠪᠠᠳᠠᠷᠠᠭᠤᠯᠤᠨ ᠬᠠᠮᠤᠭ ᠰᠠᠶᠢᠨ ᠬᠢᠷᠢ ᠪᠦᠳᠦᠮᠵᠢ ᠪᠠᠨ ᠭᠠᠷᠭᠠᠬᠤ ᠪᠣᠯᠣᠮᠵᠢ ᠪᠠᠶᠢᠳᠠᠭ᠃ ᠲᠡᠶᠢᠮᠤ ᠠᠴᠠ | ᠤᠷᠮᠠᠰᠢᠭᠤᠯᠤᠯ ᠵᠣᠷᠢᠭᠵᠢᠭᠤᠯᠤᠯ ᠪᠣᠯ ᠠᠩᠭᠢ ᠶᠢᠨ ᠡᠷᠬᠢᠯᠡᠭᠴᠢ ᠪᠠᠭᠰᠢ ᠶᠢᠨ ᠡᠳᠦᠷ ᠲᠤᠵᠢ ᠰᠤᠷᠤᠭᠴᠢᠳ ᠲᠠᠭᠠᠨ | ᠪᠡᠯᠡᠳᠬᠡᠬᠦ ᠵᠣᠬᠢᠰᠲᠠᠢ ᠪᠡᠯᠡᠭ᠃ ᠠᠩᠭᠢ ᠶᠢᠨ ᠡᠷᠬᠢᠯᠡᠭᠴᠢ ᠪᠣᠯᠣᠭᠰᠠᠳ ᠡᠷᠬᠡᠪᠰᠢ ᠠᠩᠭᠢ ᠶᠢᠨ ᠬᠡᠦᠬᠡᠳ | ᠨᠢᠭᠡᠪᠦᠷᠢ ᠶᠢᠨ ᠢᠶᠠᠨ ᠵᠠᠩ ᠴᠢᠨᠠᠷ᠂ ᠠᠪᠢᠶᠠᠰ ᠰᠤᠨᠢᠷᠬᠠᠯ ᠢ ᠨᠠᠷᠢᠨ ᠨᠢᠮᠪᠠᠢ ᠣᠶᠢᠯᠠᠭᠠᠵᠤ᠂ ᠤᠨᠴᠠᠯᠢᠭ ᠲᠤᠨᠢ | ᠴᠢᠭᠯᠡᠭᠦᠯᠦᠨ ᠦᠭᠡ ᠶᠠᠷᠢᠶ᠎ᠠ ᠦᠢᠯᠡ ᠠᠵᠢᠯᠯᠠᠭ᠎ᠠ ᠠᠴᠠ ᠪᠠᠨ ᠡᠬᠢᠯᠡᠨ ᠬᠡᠦᠬᠡᠳ ᠤᠳ ᠢᠶᠠᠷ ᠢᠶᠠᠨ ᠪᠠᠭ᠋ᠠᠷᠬᠠᠵᠤ ᠰᠤᠷᠬᠤ | ᠬᠡᠷᠡᠭᠲᠡᠢ᠃ ᠢᠩᠭᠢᠮᠡᠨᠵᠢᠨ ᠰᠠᠶ᠋ᠢ ᠬᠠᠯᠠᠭᠤᠨ ᠳᠤᠯᠠᠭᠠᠨ᠂ ᠢᠳᠡᠪᠬᠢ ᠴᠣᠪᠣᠭᠤ ᠰᠤᠷᠤᠯᠴᠠᠬᠤ ᠣᠷᠴᠢᠨ ᠢ ᠡᠭᠦᠳᠴᠦ᠂ | ᠰᠤᠷᠤᠭᠴᠢ ᠨᠢᠭᠡᠪᠦᠷᠢ ᠪᠠᠨ ᠦᠭᠡᠳᠡᠷᠭᠡᠭ ᠪᠠᠶᠠᠰᠤᠩᠭᠤᠢ ᠬᠦᠮᠦᠵᠢᠭᠦᠯᠵᠦ ᠴᠢᠳᠠᠨ᠎ᠠ᠃ |