ᠡᠶᠢᠮᠦᠷᠬᠦ ᠰᠤᠷᠤᠯᠭ᠎ᠠ ᠶᠢᠨ ᠦᠨᠡᠮᠯᠡᠯ ᠢ ᠠᠯᠪᠠᠨ ᠲᠠᠯ᠎ᠠ ᠠᠴᠠ ᠲᠠᠬᠢᠵᠤ ᠭᠡᠷᠡᠴᠢᠯᠡᠬᠦ ᠦᠭᠡᠢ
ᠨᠡᠶᠢᠲᠡᠯᠡᠭᠰᠡᠨ ᠴᠠᠭ᠄
2023/2/6
     ᠰᠤᠷᠭᠠᠨ ᠬᠥᠮᠦᠵᠢᠯ ᠤᠨ ᠶᠠᠮᠤᠨ ᠤ ᠭᠠᠳᠠᠭᠠᠳᠤ ᠳᠤ ᠰᠤᠷᠤᠯᠴᠠᠬᠤ ᠦᠢᠯᠡᠴᠢᠯᠡᠭᠡᠨ ᠤ ᠲᠥᠪ ᠠᠯᠪᠠᠨ ᠵᠠᠷ ᠨᠡᠶᠢᠲᠡᠯᠡᠵᠦ᠂ 2023 ᠣᠨ ᠤ  ᠬᠠᠪᠤᠷ ᠤᠨ ᠤᠯᠠᠷᠢᠯ ᠤᠨ  ᠰᠤᠷᠤᠯᠭ᠎ᠠ ᠶᠢᠨ  ᠬᠤᠭᠤᠴᠠᠭ᠎ᠠ  ︵ᠡᠮᠦᠨᠡᠲᠦ ᠬᠠᠭᠠᠰ ᠪᠥᠮᠪᠥᠷᠴᠡᠭ ᠤᠨ ᠨᠠᠮᠤᠷ ᠤᠨ ᠤᠯᠠᠷᠢᠯ ᠤᠨ ᠰᠤᠷᠤᠯᠭ᠎ᠠ ᠶᠢᠨ ᠬᠤᠭᠤᠴᠠᠭ᠎ᠠ︶ ᠵᠢᠴᠢ ᠬᠤᠶᠢᠰᠢᠳᠠ ᠠᠯᠤᠰ ᠠᠴᠠ ᠰᠤᠷᠤᠯᠴᠠᠬᠤ ᠠᠷᠭ᠎ᠠ  ᠬᠡᠯᠪᠡᠷᠢ  ︵ᠰᠢᠨ᠎ᠡ ᠪᠠᠷ ᠰᠤᠷᠭᠠᠭᠤᠯᠢ ᠳᠤ  ᠣᠷᠣᠭᠰᠠᠨ  ᠪᠠ  ᠦᠷᠭᠦᠯᠵᠢᠯᠡᠨ  ᠰᠤᠷᠤᠯᠴᠠᠬᠤ  ᠪᠠᠶᠢᠳᠠᠯ ᠪᠠᠭᠲᠠᠨ᠎ᠠ︶᠎ ᠢᠶᠠᠷ ᠣᠯᠤᠭᠰᠠᠨ ᠤᠯᠤᠰ ︵ᠬᠢᠯᠢ︶᠎ ᠤᠨ ᠭᠠᠳᠠᠭᠠᠳᠤ ᠶᠢᠨ  ᠰᠤᠷᠤᠯᠭ᠎ᠠ ᠶᠢᠨ  ᠦᠨᠡᠮᠯᠡᠯ ᠳᠤ  ᠦᠢᠯᠡᠴᠢᠯᠡᠭᠡᠨ ᠤ ᠲᠥᠪ ᠠᠴᠠ ᠭᠡᠷᠡᠴᠢᠯᠡᠯ ᠤᠨ ᠦᠢᠯᠡᠴᠢᠯᠡᠭᠡ ᠬᠠᠩᠭᠠᠬᠤ ᠥᠬᠡᠶ ᠭᠡᠵᠡᠢ᠃      ᠠᠯᠪᠠᠨ ᠵᠠᠷ ᠲᠤ ᠨᠡᠶᠢᠲᠡᠯᠡᠭᠰᠡᠨ ᠢᠶᠠᠷ᠂ ᠣᠳᠣᠬᠠᠨ ᠳᠤ᠂ ᠭᠠᠳᠠᠭᠠᠳᠤ ᠳᠤ  ᠰᠤᠷᠤᠯᠴᠠᠬᠤ  ᠭᠤᠤᠯ  ᠵᠣᠷᠢᠯᠲᠠ ᠶᠢᠨ ᠭᠠᠵᠠᠷ ᠨᠢ ᠨᠢᠭᠡᠨᠲᠡ ᠬᠢᠯᠢ ᠬᠢᠵᠠᠭᠠᠷ ᠢᠶᠠᠨ  ᠨᠡᠭᠡᠭᠡᠵᠦ᠂ ᠤᠯᠤᠰ  ︵ᠬᠢᠯᠢ︶᠎ ᠤᠨ  ᠭᠠᠳᠠᠨᠠᠬᠢ  ᠶᠡᠭᠡ  ᠳᠡᠭᠡᠳᠦ ᠰᠤᠷᠭᠠᠭᠤᠯᠢ ᠨᠢ ᠰᠦᠯᠵᠢᠶᠡᠨ ᠭᠠᠳᠠᠨ᠎ᠠ ᠬᠢᠴᠢᠶᠡᠯ ᠣᠷᠣᠬᠤ ᠪᠠᠨ ᠪᠥᠬᠦ ᠲᠠᠯ᠎ᠠ ᠪᠠᠷ ᠰᠡᠷᠭᠦᠭᠡᠪᠡ᠃  ᠥᠷᠭᠡᠨ ᠣᠯᠠᠨ ᠭᠠᠳᠠᠭᠠᠳᠤ ᠳᠤ ᠰᠤᠷᠤᠯᠴᠠᠭᠰᠠᠳ ᠤᠨ ᠠᠰᠢᠭ ᠲᠤᠰᠠ ᠶᠢ ᠦᠨᠡᠨ ᠬᠦ ᠪᠠᠲᠤᠯᠠᠵᠤ᠂ ᠰᠤᠷᠭᠠᠨ ᠬᠥᠮᠦᠵᠢᠯ ᠤᠨ ᠡᠷᠬᠡ  ᠲᠡᠭᠰᠢ  ᠪᠠᠶᠢᠬᠤ ᠶᠢ  ᠬᠠᠮᠠᠭᠠᠯᠠᠬᠤ ᠶᠢᠨ  ᠲᠥᠯᠥᠭᠡ᠂ ᠦᠢᠯᠡᠴᠢᠯᠡᠭᠡᠨ ᠤ  ᠲᠥᠪ ᠠᠴᠠ  ᠬᠢᠵᠢᠭ ᠤᠨ ᠪᠠᠶᠢᠳᠠᠯ ᠤᠨ ᠬᠤᠭᠤᠴᠠᠭᠠᠨ ᠳᠠᠬᠢ ᠣᠨᠴᠠᠭᠠᠶ ᠭᠡᠷᠡᠴᠢᠯᠡᠯ ᠤᠨ ᠲᠦᠷᠢᠮ ᠢ ᠬᠦᠴᠦᠨ ᠥᠬᠡᠶ ᠪᠣᠯᠭᠠᠬᠤ ᠪᠠᠷ ᠲᠣᠭᠲᠠᠪᠠ᠃  2023 ᠣᠨ ᠤ ᠬᠠᠪᠤᠷ ᠤᠨ ᠤᠯᠠᠷᠢᠯ ᠤᠨ ᠰᠤᠷᠤᠯᠭ᠎ᠠ ᠶᠢᠨ ᠬᠤᠭᠤᠴᠠᠭ᠎ᠠ ︵ᠡᠮᠦᠨᠡᠲᠦ  ᠬᠠᠭᠠᠰ  ᠪᠥᠮᠪᠥᠷᠴᠡᠭ ᠤᠨ ᠨᠠᠮᠤᠷ ᠤᠨ ᠤᠯᠠᠷᠢᠯ ᠤᠨ ᠰᠤᠷᠤᠯᠭ᠎ᠠ ᠶᠢᠨ ᠬᠤᠭᠤᠴᠠᠭ᠎ᠠ︶ ᠵᠢᠴᠢ ᠬᠤᠶᠢᠰᠢᠳᠠ ᠮᠥᠨ ᠬᠦ ᠠᠯᠤᠰ ᠠᠴᠠ ᠰᠤᠷᠤᠯᠴᠠᠬᠤ ᠠᠷᠭ᠎ᠠ  ᠬᠡᠯᠪᠡᠷᠢ ᠪᠠᠷ  ᠰᠤᠷᠤᠯᠴᠠᠵᠤ ︵ᠰᠢᠨ᠎ᠡ ᠪᠠᠷ ᠰᠤᠷᠭᠠᠭᠤᠯᠢ ᠳᠤ ᠤᠷᠤᠭᠰᠠᠨ ᠪᠠ  ᠦᠷᠭᠦᠯᠵᠢᠯᠡᠨ ᠰᠤᠷᠤᠯᠴᠠᠬᠤ  ᠪᠠᠶᠢᠳᠠᠯ  ᠪᠠᠭᠲᠠᠨ᠎ᠠ︶ ᠣᠯᠤᠭᠰᠠᠨ  ᠤᠯᠤᠰ ︵ᠬᠢᠯᠢ︶᠎ ᠤᠨ ᠭᠠᠳᠠᠭᠠᠳᠤ ᠶᠢᠨ ᠰᠤᠷᠤᠯᠭ᠎ᠠ ᠶᠢᠨ ᠦᠨᠡᠮᠯᠡᠯ ᠢ ᠦᠢᠯᠡᠴᠢᠯᠡᠭᠡᠨ ᠤ ᠲᠥᠪ ᠠᠴᠠ ᠭᠡᠷᠡᠴᠢᠯᠡᠬᠦ ᠦᠢᠯᠡᠴᠢᠯᠡᠭᠡ ᠳᠠᠬᠢᠨ ᠬᠠᠩᠭᠠᠬᠤ ᠥᠬᠡᠶ᠃ ᠦᠨᠡᠬᠡᠷ ᠣᠨᠴᠠᠭᠠᠶ ᠰᠢᠯᠲᠠᠭᠠᠨ ᠲᠠᠢ  ᠪᠥᠭᠡᠳ ᠬᠤᠯᠪᠣᠭᠳᠠᠯ ᠪᠥᠬᠦᠶ ᠲᠣᠭᠲᠠᠭᠠᠯ ᠳᠤ  ᠨᠡᠶᠢᠴᠡᠪᠡᠯ᠂ ᠦᠢᠯᠡᠴᠢᠯᠡᠭᠡᠨ ᠤ ᠲᠥᠪ ᠠᠴᠠ ᠣᠨᠴᠠᠭᠠᠶ ᠬᠡᠷᠡᠭ ᠢᠶᠠᠷ ᠰᠠᠶᠢᠲᠤᠷ ᠰᠢᠢᠳᠪᠦᠷᠢᠯᠡᠨ᠎ᠡ ᠭᠡᠵᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号