ᠡᠷᠳᠡᠨᠢ ᠰᠢᠰᠢ ᠶᠢᠨ ᠦᠨ᠎ᠡ ᠦᠷᠳᠡᠭ ᠶᠡᠬᠡᠪᠡᠷ ᠨᠡᠮᠡᠭᠳᠡᠵᠦ ᠪᠠᠶᠢᠨ᠎ᠠ
ᠨᠡᠶᠢᠲᠡᠯᠡᠭᠰᠡᠨ ᠴᠠᠭ᠄
2023/2/2
     ᠡᠷᠳᠡᠨᠢ ᠰᠢᠰᠢ ᠶᠢᠨ ᠪᠤᠳᠠᠭ᠎ᠠ᠂ ᠭᠤᠯᠢᠷ᠂ ᠡᠷᠳᠡᠨᠢ ᠰᠢᠰᠢ ᠪᠠᠷ ᠬᠢᠭᠰᠡᠨ ᠴᠠᠷᠳᠠᠭᠤᠯ᠂ ᠰᠢᠬᠢᠷ ᠤᠨ ᠲᠦᠷᠦᠯ ᠪᠠ ᠰᠢᠪᠳᠦᠷᠳᠦ ᠬᠦᠴᠢᠯ ᠵᠡᠷᠭᠡ ᠨᠢ ᠬᠦᠮᠦᠰ ᠲᠤ ᠠᠮᠤ ᠬᠦᠨᠡᠰᠦᠨ ᠤ ᠪᠠᠳᠤᠯᠠᠭ᠎ᠠ ᠪᠠ ᠰᠢᠮ᠎ᠡ ᠲᠡᠵᠢᠭᠡᠯ ᠤᠨ ᠬᠠᠩᠭᠠᠯᠭ᠎ᠠ ᠪᠤᠯᠵᠦ ᠪᠠᠶᠢᠳᠠᠭ᠂ ᠬᠡᠷᠡᠭᠯᠡᠬᠡᠨ ᠤ ᠨᠡᠮᠡᠭᠳᠡᠯ ᠪᠤᠯᠤᠨ ᠮᠡᠷᠭᠡᠵᠢᠯ ᠤᠨ ᠲᠠᠪᠰᠢᠯᠳᠠ ᠶᠢ ᠲᠠᠭᠠᠯᠳᠤᠨ᠂ ᠡᠷᠳᠡᠨᠢ ᠰᠢᠰᠢ ᠶᠢ ᠡᠳ᠋ᠰᠢᠭᠦᠯᠦᠨ ᠪᠤᠯᠪᠠᠰᠤᠷᠠᠭᠤᠯᠬᠤ ᠠᠵᠦ ᠦᠢᠯᠡᠰ ᠤᠨ ᠬᠡᠯᠭᠢᠶ᠎ᠡ ᠴᠤ ᠲᠠᠰᠤᠷᠠᠯᠳᠠ ᠦᠭᠡᠢ ᠦᠷᠭᠡᠵᠢᠨ ᠨᠡᠮᠡᠭᠳᠡᠵᠦ᠂ ᠵᠠᠬ᠎ᠠ ᠲᠡᠯᠭᠡᠭᠦᠷ ᠲᠠᠬᠢ ᠬᠡᠷᠡᠭᠯᠡᠭᠡ ᠨᠢ ᠤᠯᠠᠮ ᠢᠶᠠᠷ ᠨᠡᠮᠡᠭᠳᠡᠵᠦ᠂ ᠦᠨ᠎ᠡ ᠦᠷᠳᠡᠭ ᠨᠢ ᠶᠡᠬᠡᠪᠡᠷ ᠲᠡᠭᠡᠭᠰᠢᠯᠡᠵᠦ ᠪᠠᠶᠢᠨ᠎ᠠ᠃ ᠲᠤᠬᠠᠶᠢᠯᠠᠪᠠᠯ ᠬᠤᠭᠤᠯᠠᠨ ᠤ ᠭᠠᠵᠠᠷ ᠲᠤ᠂ ᠡᠷᠳᠡᠨᠢ ᠰᠢᠰᠢ ᠪᠠᠷ ᠬᠢᠭᠰᠡᠨ ᠡᠷᠳᠡᠨᠢ ᠰᠢᠰᠢ ᠶᠢᠨ ᠰᠦᠮᠦᠰᠦ ᠨᠢ ᠬᠦᠮᠦᠰ ᠤᠨ ᠲᠤᠷᠠᠳᠠᠢ ᠤᠮᠳᠠᠭ᠎ᠠ ᠪᠤᠯᠵᠦ ᠪᠠᠶᠢᠳᠠᠭ᠃ ᠡᠷᠳᠡᠨᠢ ᠰᠢᠰᠢ ᠪᠠᠷ ᠪᠠᠰᠠ ᠴᠤᠮᠤ᠂ ᠰᠤᠷᠤᠭᠤᠯ ᠭᠤᠤᠷᠰᠦ᠂ ᠬᠢᠳᠤᠭ᠎ᠠ ᠰᠡᠷᠡᠭᠡ ᠵᠡᠷᠭᠡ ᠶᠢ ᠬᠢᠵᠦ ᠪᠤᠯᠳᠠᠭ ᠶᠤᠮ ᠪᠠᠶᠢᠨ᠎ᠠ᠃ ᠡᠷᠳᠡᠨᠢ ᠰᠢᠰᠢ ᠪᠠᠷ ᠬᠢᠭᠰᠡᠨ ᠡᠳᠡᠭᠡᠷ ᠪᠦᠳᠦᠭᠡᠭᠳᠡᠭᠦᠨ ᠨᠢ ᠡᠪᠳᠡᠷᠡᠵᠦ ᠬᠠᠭᠠᠷᠠᠭᠠᠳ ᠬᠠᠶᠠᠬᠳᠠᠬᠰᠠᠨ ᠤ ᠲᠠᠷᠠᠭ᠎ᠠ᠂ ᠬᠦᠷᠦᠰᠦᠨ ᠳᠤ ᠠᠮᠠᠷᠬᠠᠨ ᠵᠠᠳᠠᠷᠠᠳᠠᠭ ᠪᠦᠭᠡᠳ ᠪᠤᠬᠢᠷᠳᠤᠯ ᠡᠭᠦᠰᠭᠡᠬᠦ ᠦᠭᠡᠢ ᠪᠠᠶᠢᠳᠠᠭ᠃      ᠢᠩᠭᠢᠭᠡᠳ ᠡᠷᠳᠡᠨᠢ ᠰᠢᠰᠢ ᠨᠢ ᠬᠦᠮᠦᠰ ᠲᠤ ᠬᠤᠭᠤᠯᠠ ᠤᠮᠳᠠ ᠪᠤᠯᠵᠦ ᠪᠠᠶᠢᠬᠤ ᠪᠠᠷ ᠪᠠᠷᠠᠬᠤ ᠦᠭᠡᠢ ᠪᠠᠰᠠ ᠵᠠᠬ᠎ᠠ ᠲᠡᠯᠭᠡᠭᠦᠷ ᠤᠨ ᠬᠡᠷᠡᠭᠯᠡᠭᠡ ᠶᠢ ᠦᠷᠭᠡᠳᠭᠡᠵᠦ᠂ ᠲᠠᠷᠢᠶᠠᠴᠢᠳ ᠤᠨ ᠤᠷᠤᠯᠭ᠎ᠠ ᠶᠢ ᠨᠡᠮᠡᠭᠳᠡᠭᠦᠯᠵᠦ᠂ ᠰᠠᠶᠢᠨ ᠰᠠᠶᠢᠬᠠᠨ ᠤᠷᠴᠢᠯ ᠡᠷᠭᠢᠯᠳᠡ ᠶᠢ ᠪᠤᠢ ᠪᠤᠯᠭᠠᠵᠦ ᠪᠠᠶᠢᠭ᠎ᠠ ᠶᠤᠮ᠃
 
ᠢᠷᠡᠯᠲᠡ᠄ ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号