ᠲᠡᠷᠬᠡ ᠵᠢᠯᠤᠭᠤᠳᠬᠤ ᠬᠡᠯᠪᠡᠷᠢ ᠴᠢᠨᠢ ᠲᠠᠭᠠᠷᠠᠬᠤ ᠦᠬᠡᠢ ᠪᠤᠯ ᠨᠢᠬᠡ ᠪᠡᠶ᠎ᠡ ᠡᠪᠡᠳᠴᠢᠨ ᠰᠠᠭᠤᠵᠤ ᠮᠡᠳᠡᠨ᠎ᠡ
ᠨᠡᠶᠢᠲᠡᠯᠡᠭᠰᠡᠨ ᠴᠠᠭ᠄
2023/10/18
     ᠲᠡᠷᠬᠡᠨ ᠵᠢᠯᠤᠭᠤᠴᠢ ᠨᠠᠷ ᠲᠤ ᠠᠪᠴᠤ ᠬᠡᠯᠡᠪᠡᠯ ᠲᠡᠷᠬᠡ ᠵᠢᠯᠤᠭᠤᠳᠬᠤ ᠦᠶᠡᠰ ᠡᠮᠦᠨᠡᠰᠢ ᠪᠠᠨ ᠪᠦᠬᠦ᠋ᠢᠵᠦ ᠵᠢᠯᠤᠭᠤᠳᠪᠠᠯ ᠪᠠᠭᠠᠨ᠎ᠠ ᠨᠢᠷᠤᠭᠤᠨ ᠤ ᠹᠢᠽᠢᠦᠯᠦᠬᠢ ᠶᠢᠨ ᠮᠤᠷᠦ᠋ᠢᠯᠳᠠ ᠶᠢ ᠠᠮᠠᠷᠬᠠᠨ ᠨᠡᠮᠡᠭᠳᠡᠬᠦᠯᠬᠦ ᠶᠢᠨ ᠬᠠᠮᠳᠤ ᠲᠡᠭᠡᠳᠦ ᠬᠡᠮᠵᠢᠶ᠎ᠡ ᠪᠠᠷ ᠠᠩᠬᠠᠷᠤᠯ ᠲᠦᠪᠯᠡᠷᠡᠬᠦᠯᠳᠡᠭ ᠠᠴᠠ ᠪᠡᠶ᠎ᠡ ᠡᠪ ᠦᠬᠡᠢ ᠪᠠᠶᠢᠬᠤ ᠪᠠᠨ ᠰᠡᠷᠡᠵᠦ ᠮᠡᠳᠡᠬᠦ ᠦᠬᠡᠢ ᠪᠠᠶᠢᠳᠠᠭ᠃ ᠦᠷᠬᠦᠯᠵᠢ ᠢᠩᠬᠢᠵᠦ ᠲᠡᠷᠬᠡ ᠵᠢᠯᠤᠭᠤᠳᠪᠠᠯ ᠪᠡᠶ᠎ᠡ ᠡᠮᠦᠨᠡᠰᠢ ᠪᠦᠬᠦ᠋ᠢᠳᠡᠭ ᠠᠴᠠ ᠲᠤᠯᠤᠭᠠᠢ᠂ ᠭᠤᠤᠯ ᠪᠡᠶ᠎ᠡ ᠪᠤᠯᠤᠨ ᠲᠡᠬᠡᠳᠦ ᠮᠦᠴᠢ ᠶᠢᠨ ᠬᠦᠨᠳᠦ ᠨᠢ ᠪᠦᠷ ᠨᠢᠷᠦᠭᠤ ᠶᠢᠨ ᠰᠡᠬᠡᠷ ᠤᠨ ᠬᠡᠰᠡᠭ ᠲᠤ ᠲᠦᠪᠯᠡᠷᠡᠳᠡᠭ ᠠᠴᠠ ᠨᠢᠷᠤᠭᠤᠨ ᠶᠠᠰᠤᠨ ᠤ ᠬᠤᠭᠤᠷᠤᠨᠳᠤᠬᠢ ᠲᠠᠪᠠᠭ ᠤᠨ ᠬᠡᠰᠡᠭ ᠤᠨ ᠲᠠᠷᠤᠯᠳᠠ ᠶᠡᠬᠡᠰᠴᠦ᠂ ᠨᠢᠷᠤᠭᠤᠨ ᠤ ᠬᠡᠰᠡᠭ ᠤᠨ ᠪᠤᠯᠴᠢᠩ ᠮᠢᠬ᠎ᠠ ᠬᠦᠰᠢᠵᠦ ᠡᠪᠡᠳᠳᠡᠭ᠃ ᠵᠠᠷᠢᠮ ᠵᠢᠯᠤᠭᠤᠴᠢ ᠨᠠᠷ ᠰᠠᠭᠤᠳᠠᠯ ᠢᠶᠠᠨ ᠲᠡᠩᠳᠡᠬᠦᠦ ᠬᠤᠶᠢᠰᠢ ᠲᠤᠬᠢᠷᠠᠭᠤᠯᠳᠠᠭ ᠠᠴᠠ ᠲᠤᠰᠤᠨ ᠨᠡᠬᠡᠬᠡᠯᠬᠡ ᠶᠢ ᠬᠢᠰᠬᠢᠬᠦ ᠦᠶᠡᠰ ᠠᠯᠢ ᠴᠢᠳᠠᠬᠤ ᠪᠠᠷ ᠦᠵᠡᠬᠡᠩ ᠤᠨ ᠬᠡᠰᠡᠭ ᠢᠶᠠᠨ ᠡᠮᠦᠨᠡᠰᠢ ᠰᠤᠩᠭᠠᠵᠤ ᠪᠦᠰᠡᠯᠡᠬᠦᠷ ᠨᠢᠷᠤᠭᠤᠨ ᠤ ᠬᠡᠰᠡᠭ ᠤᠨ ᠲᠠᠷᠤᠯᠳᠠ ᠨᠡᠮᠡᠭᠳᠡᠵᠦ ᠲᠤᠯᠭᠠᠭᠤᠷᠢ ᠴᠡᠭ ᠢᠶᠠᠨ ᠠᠯᠳᠠᠳᠠᠭ ᠪᠠᠶᠢᠨ᠎ᠠ᠃ ᠨᠢᠷᠤᠭᠤᠨ ᠤ ᠬᠡᠰᠡᠭ ᠤᠨ ᠲᠠᠷᠤᠯᠳᠠ ᠠᠬᠠᠳᠠᠪᠠᠯ ᠪᠦᠰᠡᠯᠡᠬᠦᠷ ᠨᠢᠷᠤᠭᠤᠨ ᠤ ᠬᠡᠰᠡᠭ ᠢ ᠬᠡᠮᠳᠦᠬᠡᠬᠦ ᠪᠤᠯᠤᠮᠵᠢ ᠶᠡᠭᠡ ᠪᠤᠯᠳᠠᠭ᠃ ᠡᠶᠢᠮᠦ ᠠᠴᠠ ᠰᠠᠭᠤᠳᠠᠯ ᠢᠶᠠᠨ ᠬᠡᠳᠦᠷᠬᠡᠢ ᠡᠮᠦᠨᠡᠰᠢ ᠪᠠᠨ ᠲᠤᠬᠢᠷᠠᠭᠤᠯᠬᠤ ᠦᠬᠡᠢ ᠪᠠᠶᠢᠵᠤ᠂ ᠪᠠᠷᠠᠭᠤᠨ ᠬᠦᠯ ᠢᠶᠠᠷ ᠲᠤᠷᠮᠤᠰᠤᠯᠠᠭᠤᠷ ᠢ ᠬᠢᠰᠬᠢᠬᠦ ᠳᠤ ᠲᠦᠬᠦᠮ ᠪᠤᠯᠭᠠᠵᠤ᠂ ᠪᠦᠳᠦᠬᠦᠨ ᠰᠢᠯᠪᠢ ᠶᠢᠨ ᠬᠤᠭᠤᠷᠤᠨᠳᠤᠬᠢ ᠦᠨᠴᠦᠭ ᠢ 120 ᠭᠷᠠᠳᠦ᠋ᠰ ᠤᠷᠴᠢᠮ ᠠᠴᠠ ᠲᠡᠭᠡᠭᠰᠢ ᠪᠠᠶᠢᠯᠭᠠᠪᠠᠯ ᠵᠤᠬᠢᠨ᠎ᠠ᠃ ᠡᠬᠦᠨ ᠠᠴᠠ ᠭᠠᠳᠠᠨ᠎ᠠ᠂ ᠰᠠᠭᠤᠳᠠᠯ ᠤᠨ ᠲᠦᠰᠢᠯᠬᠡ ᠶᠢᠨ ᠪᠠᠶᠢᠷᠢ ᠶᠢ ᠬᠡᠳᠦᠷᠬᠡᠢ ᠠᠰᠬᠠᠨ ᠪᠠᠶᠢᠯᠭᠠᠵᠤ ᠪᠤᠯᠬᠤ ᠦᠬᠡᠢ᠂ ᠴᠡᠬᠡᠵᠢᠨ ᠤ ᠬᠡᠰᠡᠭ ᠢ ᠮᠠᠰᠢᠨ ᠤ ᠵᠠᠯᠭᠤᠷ ᠠᠴᠠ ᠠᠯᠢ ᠴᠢᠳᠠᠬᠤ ᠪᠠᠷ ᠵᠠᠶᠢᠳᠠᠢ ᠪᠠᠶᠢᠯᠭᠠᠨ᠎ᠠ᠃ ᠬᠡᠪᠡᠴᠦ ᠪᠠᠷᠠᠭᠤᠨ ᠭᠠᠷ ᠤᠨ ᠵᠠᠯᠭᠠᠯᠳᠠ ᠰᠤᠯᠢᠬᠤ ᠳᠤ ᠲᠦᠬᠦᠮ ᠪᠠᠶᠢᠬᠤ ᠶᠢ ᠪᠠᠳᠤᠯᠠᠨ᠎ᠠ᠃      ᠮᠠᠰᠢᠨ ᠤ ᠰᠠᠭᠤᠳᠠᠯ ᠤᠨ ᠲᠤᠯᠤᠭᠠᠢ ᠶᠢᠨ ᠲᠡᠷ᠎ᠠ ᠨᠢ ᠲᠤᠬᠤ ᠠᠴᠠ ᠲᠤᠤᠷ᠎ᠠ ᠪᠤᠯ ᠠᠮᠠᠷᠬᠠᠨ ᠬᠦᠵᠦᠬᠦᠦ ᠰᠡᠬᠡᠷ ᠬᠦᠳᠦ᠋ᠢᠬᠦ ᠡᠪᠡᠳᠴᠢᠨ ᠤᠯᠤᠨ᠎ᠠ᠃      ᠮᠠᠰᠢᠨ ᠤ ᠰᠠᠭᠤᠳᠠᠯ ᠤᠨ ᠲᠡᠷ᠎ᠡ ᠶᠢ ᠵᠢᠯᠤᠭᠤᠴᠢ ᠨᠠᠷ ᠲᠡᠮᠡᠢ ᠠᠩᠬᠠᠷᠳᠠᠭ ᠦᠬᠡᠢ ᠪᠠᠶᠢᠳᠠᠭ᠃ ᠲᠡᠷᠡ ᠨᠢ ᠭᠤᠤᠯᠳᠠᠭᠤ ᠵᠢᠯᠤᠭᠤᠴᠢ ᠶᠢᠨ ᠲᠤᠯᠤᠭᠠᠢ ᠪᠠ ᠬᠦᠵᠦᠬᠦᠨ ᠤ ᠬᠡᠰᠡᠭ ᠢ ᠲᠤᠯᠭᠠᠭᠤᠷᠢᠯᠠᠬᠤ ᠦᠢᠯᠡᠳᠦᠯ ᠲᠠᠢ ᠶᠤᠮ᠃ ᠪᠠᠴᠢᠮ ᠲᠤᠷᠮᠤᠰᠤᠯᠠᠬᠤ ᠦᠶᠡᠰ ᠲᠡᠷᠡ ᠨᠢ ᠲᠤᠯᠤᠭᠠᠢ ᠬᠦᠵᠦᠬᠦᠦ ᠶᠢᠨ ᠬᠡᠰᠡᠭ ᠢ ᠬᠠᠮᠠᠭᠠᠯᠠᠬᠤ ᠦᠢᠯᠡᠳᠦᠯ ᠲᠠᠢ᠃ ᠬᠡᠷᠪᠡ ᠮᠠᠰᠢᠨ ᠤ ᠰᠠᠭᠤᠳᠠᠯ ᠤᠨ ᠲᠡᠷ᠎ᠡ ᠶᠢᠨ ᠪᠠᠶᠢᠷᠢ ᠨᠢ ᠬᠡᠳᠦᠷᠬᠡᠢ ᠲᠤᠤᠷ᠎ᠠ ᠪᠤᠯ ᠬᠦᠵᠦᠬᠦᠦ ᠰᠡᠬᠡᠷ ᠤᠨ ᠪᠦᠬᠦ᠋ᠢᠬᠦ ᠲᠠᠷᠤᠯᠳᠠ ᠶᠢ ᠶᠡᠬᠡᠰᠬᠡᠵᠦ᠂ ᠬᠦᠵᠦᠬᠦᠦ ᠰᠡᠬᠡᠷ ᠤᠨ ᠦᠶ᠎ᠡ ᠬᠦᠳᠦ᠋ᠢᠬᠦ ᠵᠡᠷᠬᠡ ᠠᠰᠠᠭᠤᠳᠠᠯ ᠢ ᠪᠤᠢ ᠪᠤᠯᠭᠠᠨ᠎ᠠ᠃ ᠮᠠᠰᠢᠨ ᠤ ᠰᠠᠭᠤᠳᠠᠯ ᠤᠨ ᠲᠡᠷ᠎ᠡ ᠶᠢᠨ ᠵᠦᠪ ᠲᠤᠬᠢᠷᠠᠭᠤᠯᠤᠯᠳᠠ ᠬᠡᠪᠡᠯ ᠮᠠᠰᠢᠨ ᠤ ᠰᠠᠭᠤᠳᠠᠯ ᠤᠨ ᠲᠡᠷ᠎ᠡ ᠶᠢᠨ ᠵᠦᠬᠡᠯᠡᠪᠳᠦᠷ ᠲᠤᠮᠳᠠ ᠬᠡᠰᠡᠭ ᠢ ᠵᠢᠯᠤᠭᠤᠴᠢ ᠶᠢᠨ ᠴᠢᠬᠢ ᠲᠠᠢ ᠠᠰᠯᠠᠭᠰᠠᠨ ᠪᠠᠶᠢᠯᠭᠠᠨ᠎ᠠ᠃      ᠠᠶᠤᠯᠬᠦᠢ ᠪᠦᠰᠡᠯᠡᠬᠦᠷ ᠢ ᠪᠦᠰᠡᠯᠡᠬᠦ ᠦᠬᠡᠢ ᠪᠤᠯ ᠬᠦᠵᠦᠬᠦᠦ ᠶᠢ ᠬᠡᠮᠳᠦᠬᠡᠨ᠎ᠡ᠃ ᠬᠡᠷᠪᠡ ᠰᠠᠨᠠᠮᠰᠠᠷ ᠦᠬᠡᠢ ᠬᠡᠷᠡᠭ ᠲᠤᠬᠢᠶᠠᠯᠳᠤᠵᠤ ᠬᠡᠨᠡᠳᠳᠡ ᠪᠠᠴᠢᠮ ᠲᠤᠷᠮᠤᠰᠤᠯᠠᠪᠠᠯ ᠬᠦᠵᠦᠬᠦᠦ ᠶᠢᠨ ᠬᠡᠰᠡᠭ ᠤᠭᠵᠤᠮ ᠰᠠᠵᠢᠭᠳᠠᠬᠤ ᠠᠴᠠ ᠪᠤᠯᠵᠤ ᠬᠦᠵᠦᠬᠦᠦ ᠰᠡᠬᠡᠷ ᠤᠨ ᠬᠡᠰᠡᠭ ᠢ ᠬᠡᠮᠳᠦᠬᠡᠨ᠎ᠡ᠃ ᠡᠶᠢᠮᠦ ᠠᠴᠠ ᠵᠢᠯᠤᠭᠤᠴᠢ ᠨᠠᠷ ᠵᠢᠯᠤᠭᠤᠳᠬᠤ ᠳᠠᠭᠠᠨ ᠲᠠᠷᠢᠬᠢ ᠲᠤᠯᠤᠭᠠᠢ ᠪᠠᠨ ᠰᠡᠷᠬᠡᠭ ᠪᠠᠶᠢᠯᠭᠠᠵᠤ᠂ ᠠᠶᠤᠯᠬᠦᠢ ᠪᠦᠰᠡᠯᠡᠬᠦᠷ ᠢ ᠪᠦᠰᠡᠯᠡᠬᠦ ᠠᠴᠠ ᠭᠠᠳᠠᠨ᠎ᠠ ᠲᠡᠷᠬᠡᠨ ᠤ ᠬᠤᠷᠳᠤᠴᠠ ᠪᠠᠨ ᠰᠠᠶᠢᠳᠤᠷ ᠲᠤᠬᠢᠷᠠᠭᠤᠯᠵᠤ᠂ ᠠᠶᠠᠨᠴᠢᠳ ᠲᠤ ᠠᠶᠤᠯᠬᠦᠢ ᠪᠦᠰᠡᠯᠡᠬᠦᠷ ᠢ ᠪᠦᠰᠡᠯᠡᠬᠦ ᠶᠢ ᠡᠷᠬᠡᠪᠰᠢ ᠰᠠᠨᠠᠭᠤᠯᠤᠨ᠎ᠠ᠃
 
ᠢᠷᠡᠯᠲᠡ᠄ ᠤᠯᠠᠭᠠᠨᠬᠳᠠ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号