ᠤᠷᠠᠯᠢᠭ ᠰᠤᠳᠤᠯᠤᠭᠴᠢ ᠳ᠋ᠠ᠊ · ᠪᠥᠬᠡᠴᠢᠯᠠᠭᠤ ᠭᠤᠸᠠᠢ ᠳᠡᠭᠡᠷ᠎ᠡ ᠵᠠᠭᠤᠨ ᠤ ᠨᠠᠶᠠᠭᠠᠳ ᠣᠨ ᠤ ᠳᠤᠮᠳᠠᠴᠢ ᠪᠠᠷ | ᠤᠷᠠᠯᠢᠭ ᠰᠤᠳᠤᠯᠤᠯ ᠤᠨ ᠭᠠᠵᠠᠷ ᠲᠤ ᠲᠠᠭᠤᠤ ᠶᠢᠨ ᠤᠷᠠᠯᠢᠭ ᠤᠨ ᠨᠢᠭᠡᠨ ᠦᠶ᠎ᠡ ᠶᠢᠨ ᠲᠣᠳᠣ ᠨᠣᠶᠠᠨ ᠣᠷᠭᠢᠯ ᠤᠨ | ᠨᠢᠭᠡ ᠪᠣᠯᠬᠤ ᠠᠯᠳᠠᠷᠲᠤ ᠬᠥᠭᠵᠢᠮ ᠤᠨ ᠵᠣᠬᠢᠶᠠᠯᠴᠢ ᠳ᠋ᠠ᠊ · ᠰᠠᠮᠪᠤᠤ ᠶᠢᠨ ᠭᠠᠷ ᠤᠨ ᠱᠠᠪᠢ ᠨᠢ ᠪᠣᠯᠵᠤ᠂ ᠨᠢᠭᠡᠨ | ᠠᠯᠪᠠᠨ ᠭᠡᠷ ᠲᠤ ᠨᠢᠭᠤᠷᠯᠠᠨ ᠰᠠᠭᠤᠵᠤ᠂ ᠣᠯᠠᠨ ᠵᠢᠯ ᠠᠵᠢᠯᠯᠠᠬᠤ ᠳᠠᠭᠠᠨ ᠲᠡᠷᠡ ᠦᠶ᠎ᠡ ᠶᠢᠨ ᠳᠠᠭᠤᠤ ᠤᠷᠠᠯᠢᠭ ᠤᠨ | ᠠᠪᠤᠷᠭᠤ ᠰᠦᠮᠪᠦᠷ ᠤᠳ ᠤᠨ ᠨᠢᠭᠡᠨ ᠪᠣᠯᠬᠤ ᠪᠤᠶᠠᠨᠳᠡᠯᠭᠡᠷ ᠪᠠᠭᠰᠢ ᠲᠠᠢ ᠠᠵᠠ ᠪᠠᠷ ᠠᠭᠤᠯᠵᠠᠨ ᠲᠠᠨᠢᠯᠴᠠᠵᠤ᠂ | ᠠᠯᠳᠠᠷᠲᠤ ᠳᠠᠭᠤᠴᠢᠨ ᠤ ᠪᠠᠨ ᠬᠥᠮᠥᠨ ᠮᠥᠰᠥ᠂ ᠵᠠᠩ ᠠᠷᠠᠨᠰᠢᠨ᠂ ᠶᠣᠰᠣ ᠪᠣᠯᠪᠠᠰᠤᠷᠠᠯ᠂ ᠤᠷ᠎ᠠ ᠠᠪᠢᠶᠠᠰ ᠢ ᠨᠢ | ᠪᠠᠭ᠋ᠠᠷᠬᠠᠨ ᠪᠢᠰᠢᠷᠡᠵᠦ ᠬᠦᠨᠳᠦᠯᠡᠨ ᠳᠡᠭᠡᠳᠦᠯᠡᠵᠦ ᠪᠠᠶᠢᠵᠠᠢ᠃ ᠲᠡᠷᠡ ᠪᠠᠷ ᠨᠢᠭᠡ ᠤᠳᠠᠭ᠎ᠠ ᠬᠠᠮᠲᠤ ᠶᠢᠨ ᠵᠢᠷᠤᠭ | ᠠᠪᠬᠠᠭᠤᠯᠬᠤ ᠪᠣᠯᠣᠭᠰᠠᠨ ᠳᠤ ᠨᠠᠰᠤ ᠨᠠᠮᠪᠠ ᠲᠡᠷᠡᠴᠢᠯᠡᠨ ᠨᠡᠷ᠎ᠡ ᠠᠯᠳᠠᠷ ᠢᠶᠠᠷ ᠢᠶᠠᠨ ᠶᠠᠭᠠᠬᠢᠬᠤ ᠶᠢᠨ ᠠᠷᠭ᠎ᠠ ᠦᠭᠡᠢ | ᠶᠡᠭᠡ ᠥᠨᠳᠥᠷ ᠪᠠᠭᠰᠢ ᠪᠠᠨ ᠬᠦᠨᠳᠦᠯᠡᠵᠦ᠂ ᠡᠩᠨᠡᠭᠡᠨ ᠤ ᠪᠠᠨ ᠭᠤᠣᠯ ᠲᠡᠰᠢ ᠤᠷᠢᠬᠤ ᠳᠤ ᠨᠢ ᠪᠤᠶᠠᠨᠳᠡᠯᠭᠡᠷ ᠪᠠᠭᠰᠢ | ᠬᠠᠷᠢᠨ ︽ᠬᠦᠦ ᠮᠢᠨᠢ︕ ᠴᠢ ᠮᠣᠩᠭᠤᠯ ᠡᠷ᠎ᠡ ᠬᠥᠮᠥᠨ ᠪᠠᠶᠢᠨ᠎ᠠ᠂ ᠭᠤᠣᠯ ᠥᠭᠡᠳᠡ ᠨᠢ᠂ ᠡᠵᠢ ᠨᠢ ᠡᠨᠡ | ᠬᠠᠵᠠᠭᠤᠬᠠᠨ ᠳᠤ ᠨᠢ ᠪᠣᠯᠣᠨ᠎ᠠ︾ ᠭᠡᠳ ᠬᠠᠮᠲᠤ ᠶᠢᠨ ᠵᠢᠷᠤᠭ ᠠᠪᠬᠠᠭᠤᠯᠤᠭᠰᠠᠨ ᠭᠡᠳᠡᠭ᠃ ᠬᠦᠨᠳᠦᠳᠬᠡᠳᠡᠭ ᠨᠢ | ᠨᠣᠮ ᠢᠶᠠᠷ ᠢᠶᠠᠨ ᠪᠠᠶᠢᠨ᠎ᠠ ᠭᠡᠬᠦ ᠳᠤ ᠬᠦᠨᠳᠦᠯᠡᠭᠦᠯᠬᠦ ᠨᠢ ᠴᠦ ᠶᠣᠰᠣ ᠪᠠᠷ ᠢᠶᠠᠨ ᠪᠠᠶᠢᠬᠤ ᠶᠢᠨ ᠪᠠᠭ᠋ᠠᠷᠬᠠᠯ ᠭᠡᠵᠤ ᠲᠡᠷᠡ | ︕ ᠡᠨᠡ ᠨᠢ ᠵᠥᠪᠬᠡᠨ ᠶᠡᠭᠡ ᠪᠠᠭᠰᠢ ᠶᠢᠨ ᠲᠤᠬᠠᠢ ᠪᠠᠭ᠋ᠠᠷᠬᠠᠯ ᠤᠨ ︽ᠳᠠᠯᠠᠢ︾ ᠳᠤ ᠳᠤᠰᠤᠯ ᠤᠰᠤᠨ ᠲᠡᠳᠦᠢ | ᠪᠠᠶᠢᠯ᠎ᠠ᠃ | 2013 ᠣᠨ ᠳᠤ ᠮᠣᠩᠭᠤᠯ ᠳᠠᠭᠤᠤ ᠶᠢᠨ ᠲᠡᠭᠷᠢ ᠶᠢ ᠴᠣᠭᠤᠯᠵᠤ᠂ ᠭᠠᠵᠠᠷ ᠢ ᠴᠥᠮᠥᠯᠦᠭᠡᠳ᠂ ᠬᠡᠨ ᠴᠦ | ᠨᠥᠬᠦᠨ ᠳᠦᠭᠦᠷᠭᠡᠵᠦ ᠴᠢᠳᠠᠬᠤ ᠦᠭᠡᠢ ᠬᠡᠲᠦ ᠶᠡᠭᠡ ᠵᠠᠢ ᠪᠠᠨ ᠦᠯᠡᠳᠡᠭᠡᠭᠡᠳ ᠪᠤᠶᠠᠨᠳᠡᠯᠭᠡᠷ ᠪᠠᠭᠰᠢ ᠪᠤᠷᠬᠠᠨ ᠤ | ᠣᠷᠣᠨ ᠳᠤ ᠣᠳᠬᠤ ᠳᠤ ᠥᠪᠤᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠰᠣᠶᠣᠯ ᠤᠨ ᠲᠢᠩᠬᠢᠮ ᠠᠴᠠ | ᠳ᠋ᠠ᠊ · ᠪᠥᠬᠡᠴᠢᠯᠠᠭᠤ ᠭᠤᠸᠠᠢ ᠶᠢ ᠲᠣᠮᠢᠯᠠᠵᠤ ᠰᠡᠭᠦᠯ ᠤᠨ ᠠᠶᠠᠨ ᠳᠤ ᠨᠢ ᠮᠣᠷᠳᠠᠭᠤᠯᠵᠤ ᠪᠢᠯᠡ᠃ ᠲᠡᠷᠡ ᠦᠶ᠎ᠡ ᠠᠴᠠ | ᠯᠡ ᠡᠬᠢᠯᠡᠭᠡᠳ ᠪᠠᠭᠰᠢ ᠳᠠᠭᠠᠨ ᠶᠠᠭᠤ ᠬᠢᠵᠦ᠂ ᠪᠠᠭᠰᠢ ᠶᠢ ᠪᠠᠨ ᠶᠠᠭᠠᠬᠢᠵᠤ ᠳᠤᠷᠠᠰᠬᠤ ᠪᠢᠯᠡ︖ ᠭᠡᠰᠡᠨ ᠠᠴᠢ | ᠰᠠᠨᠠᠭᠰᠠᠨ ᠪᠣᠳᠣᠯ ᠡᠪᠦᠷᠯᠡᠵᠦ ᠶᠠᠪᠤᠭᠰᠠᠨ ᠲᠡᠭᠦᠨ ᠳᠤ ᠬᠥᠯᠥᠨ ᠪᠣᠶᠢᠷ ᠤᠨ ᠠᠷᠠᠳ ᠤᠨ ᠳᠠᠭᠤᠤ ᠶᠢ ᠰᠢᠩᠭᠡᠭᠡᠬᠦ | ᠠᠵᠢᠯ ᠤᠨ ᠪᠤᠶᠠᠨ ᠢᠶᠠᠷ ᠪᠤᠶᠠᠨᠳᠡᠯᠭᠡᠷ ᠭᠤᠸᠠᠢ ᠶᠢᠨ ᠡᠷᠦᠬᠡ ᠭᠡᠷ ᠲᠤ ᠰᠠᠭᠤᠵᠤ ᠦᠷ᠎ᠡ ᠨᠢ ᠶᠤᠮ ᠰᠢᠭ | ᠬᠠᠶᠢᠷᠠᠯᠠᠭᠳᠠᠵᠤ᠂ ᠡᠷᠳᠡᠮ ᠢ ᠨᠢ ᠰᠤᠷᠤᠭᠰᠠᠨ ᠡᠯᠢᠭᠡᠨ ᠤ ᠬᠢᠨᠢ ᠡᠩᠬᠦᠷᠡᠢ ᠱᠠᠪᠢ ᠴᠣᠭᠲᠤ ᠶᠢᠨ ᠲᠣᠯᠵᠢᠨ ᠲᠠᠢ | ᠬᠠᠷᠭᠤᠵᠤ ︽ᠳᠠᠭᠤᠴᠢᠨ ᠡᠵᠢ ᠶᠢᠨ ᠨᠤᠲᠤᠭ︾ ᠭᠡᠰᠡᠨ ᠳᠠᠭᠤᠤ ᠭᠠᠷᠴᠠᠭ ᠠᠴᠠ ᠪᠠᠨ ᠡᠬᠢᠯᠡᠨ ︽ᠲᠥᠷᠥᠭᠰᠡᠨ︾ | ᠭᠡᠳᠡᠭ᠃ | ᠥᠯᠢᠭᠡᠷ ᠲᠡᠦᠬᠡ ᠲᠠᠢ ᠳᠠᠭᠤᠤ ᠶᠢ ᠳᠠᠭᠤᠯᠠᠬᠤ ᠳᠤ ᠰᠠᠶᠢᠬᠠᠨ ᠭᠡᠬᠦ ᠠᠴᠠ ᠰᠣᠨᠣᠰᠬᠤ ᠨᠢ ᠪᠦᠷ ᠢᠯᠡᠭᠦᠦ | ᠰᠠᠶᠢᠬᠠᠨ᠃ ᠡᠨᠡ ᠳᠠᠭᠤᠤ ᠳᠤ ᠳᠠᠭᠤᠴᠢᠨ᠂ ᠡᠵᠢ᠂ ᠨᠤᠲᠤᠭ ᠭᠤᠷᠪᠠ ᠬᠠᠶᠢᠷ᠎ᠠ ᠪᠠᠷ ᠬᠡᠯᠬᠢᠭᠳᠡᠵᠦ᠂ | ᠰᠡᠳᠬᠢᠯ ᠢᠶᠠᠷ ᠢᠶᠠᠨ ᠳᠠᠭᠤᠯᠠᠭᠳᠠᠵᠤ ᠪᠠᠶᠢᠭ᠎ᠠ ᠪᠥᠭᠡᠳ ︽ᠤᠳᠤᠮᠲᠤ ᠮᠣᠩᠭᠤᠯ ᠤᠨ ᠭᠠᠶᠢᠬᠠᠮᠰᠢᠭ / ᠳᠠᠭᠤᠴᠢᠨ | ᠡᠵᠢ ᠶᠢᠨ ᠨᠤᠲᠤᠭ︾ ᠨᠢ ᠳᠤᠷᠠᠳᠬᠠᠯ ᠮᠥᠷᠥᠭᠡᠳᠦᠯ ᠠᠴᠠ ᠪᠠᠨ ᠪᠦᠷ ᠴᠦ ᠢᠲᠡᠭᠡᠯ ᠦᠨᠡᠮᠰᠢᠯ ᠪᠣᠯᠵᠤ ︽ | ᠳᠠᠭᠤᠯᠠᠵᠤ ᠶᠠᠪᠤᠬᠤ ᠨᠠᠰᠤᠨ ᠤ ᠮᠢᠨᠢ / ᠵᠠᠶᠠᠭ᠎ᠠ ᠳᠡᠭᠡᠵᠢᠯᠡᠭᠰᠡᠨ ᠨᠤᠲᠤᠭ ᠮᠢᠨᠢ / ᠲᠤᠭᠤᠯᠵᠤ ᠥᠩᠭᠡᠷᠡᠬᠦ | ᠨᠡᠷᠡᠲᠦ ᠶᠢᠨ ᠮᠢᠨᠢ / ᠰᠡᠳᠬᠢᠯ ᠤᠨ ᠬᠥᠷᠥᠩᠭᠡ ᠲᠠᠢ ᠮᠣᠩᠭᠤᠯ ᠮᠢᠨᠢ︾ ᠭᠡᠵᠤ ᠮᠡᠨᠡᠩ ᠤᠨ ︽ᠰᠠᠷᠠᠭᠤᠯ ᠲᠠᠯ᠎ᠠ︾ | ᠰᠢᠭ᠋ ᠢᠶᠠᠨ ᠠᠯᠳᠠᠷᠰᠢᠨ ᠭᠠᠶᠢᠬᠠᠭᠳᠠᠬᠤ ᠶᠤᠮ᠃ | ᠳ᠋ᠠ᠊ · ᠰᠠᠮᠪᠤᠤ ᠪᠠᠭᠰᠢ ᠲᠠᠭᠤᠤ ᠶᠢᠨ ᠦᠭᠡ ᠠᠶᠠᠯᠭᠤ ᠶᠢ ᠲᠡᠭᠰᠢ ᠵᠤᠭᠢᠶᠠᠳᠠᠭ ᠭᠡᠳᠡᠭ᠂ ᠳ᠋ᠠ᠊ · ᠪᠥᠬᠡᠴᠢᠯᠠᠭᠤ | ᠭᠤᠸᠠᠢ ᠴᠦ ᠡᠭᠦᠨ ᠢ ᠨᠢ ᠲᠠᠭᠠᠨ ᠵᠢᠷᠤᠮᠯᠠᠵᠤ᠂ ᠪᠠᠭᠰᠢ ᠶᠢᠨ ᠢᠶᠠᠨ ᠡᠷᠳᠡᠮ ᠢ ᠳᠠᠯ᠎ᠠ ᠲᠦᠬᠦᠲᠡᠯᠡ ᠪᠠᠨ | ᠪᠠᠭ᠋ᠠᠷᠬᠠᠭᠤᠯᠵᠦ ᠶᠠᠪᠤᠨ᠎ᠠ᠃ ︽ᠳᠠᠭᠤᠴᠢᠨ ᠡᠵᠢ ᠶᠢᠨ ᠨᠤᠲᠤᠭ︾ ᠢ ᠰᠣᠨᠣᠰᠬᠤ ᠳᠤ ᠪᠤᠶᠠᠨᠳᠡᠯᠭᠡᠷ ᠠᠯᠳᠠᠷᠲᠤ ᠪᠠᠨ | ᠰᠠᠨᠠᠭᠠᠯᠵᠠᠭᠰᠠᠨ ᠪᠣᠳᠣᠯ ᠮᠥᠷᠥᠭᠡᠳᠦᠯ ᠤᠷᠤᠰᠬᠠᠯ ᠮᠥᠷᠡᠨ ᠭᠤᠣᠯ ᠰᠢᠭ᠋ ᠦᠶᠡᠷᠯᠡᠨ᠎ᠡ᠂ ᠪᠤᠮᠠᠨ ᠪᠠᠷ᠎ᠠ ᠶᠢᠨ ᠪᠣᠶᠢᠷ | ᠬᠥᠯᠥᠨ ᠤ ᠠᠭᠤᠳᠠᠮ ᠨᠤᠲᠤᠭ ᠲᠤ ᠪᠣᠭᠳᠠ ᠠᠭᠤᠯᠠ ᠪᠠᠨ ᠰᠢᠭ᠋ ᠣᠮᠣᠷᠬᠠᠯ ᠪᠠᠭ᠋ᠠᠷᠬᠠᠯ ᠰᠡᠳᠬᠢᠯ ᠳᠤ ᠰᠦᠨᠳᠡᠷᠯᠡᠨ᠎ᠡ᠃ | | ᠮᠥᠩᠬᠡ ᠲᠡᠭᠷᠢ ᠶᠢᠨ ᠢᠪᠡᠭᠡᠯ ᠢᠶᠠᠷ ᠮᠣᠩᠭᠤᠯ ᠬᠥᠮᠥᠨ ᠤ ᠢᠷᠦᠭᠡᠯ ᠰᠢᠭ ᠰᠠᠶᠢᠬᠠᠨ ᠠᠮᠢᠳᠤᠷᠠ ᠭᠡᠳᠡᠭ ᠰᠠᠨ᠂ | ᠠᠯᠤᠰ ᠤᠨ ᠢᠷᠡᠭᠡᠳᠦᠢ ᠳᠤ ᠲᠡᠦᠬᠡ ᠳᠠᠪᠲᠠᠭᠳᠠᠵᠤ᠂ ᠠᠯᠳᠠᠷᠲᠤ ᠳᠠᠭᠤᠴᠢᠨ ᠲᠥᠷᠥᠬᠦ ᠶᠢᠨ ᠢᠷᠦᠭᠡᠯ | ᠣᠷᠣᠰᠢᠬᠤ ᠳᠤ ᠰᠡᠳᠬᠢᠯ ᠤᠨ ᠰᠠᠴᠤᠯᠢ ᠪᠠᠨ ᠡᠷᠭᠦᠵᠦ᠂ ᠰᠣᠨᠣᠰᠤᠭᠠᠳ ᠪᠠᠶᠢᠬᠤ ᠳᠤ ᠴᠠᠭᠠᠨ᠎ᠠ ᠪᠠᠨ ᠨᠢᠭᠡ ᠯᠡ | ᠲᠠᠮᠢᠷ ᠰᠡᠯᠪᠢᠬᠦ ᠲᠠᠷᠨᠢ ᠲᠠᠢ ᠭᠡᠮᠡᠷ ᠡᠨᠡ ᠰᠠᠶᠢᠬᠠᠨ ᠳᠠᠭᠤᠤ ᠶᠢ ᠣᠳᠣ ᠰᠣᠨᠣᠰᠴᠠᠭᠠᠶ᠎ᠠ︕ | | | | ᠳᠠᠭᠤᠴᠢᠨ ᠡᠵᠢ ᠶᠢᠨ ᠨᠤᠲᠤᠭ | ᠦᠭᠡ᠄ ᠳ᠋ᠠ᠊ · ᠪᠥᠬᠡᠴᠢᠯᠠᠭᠤ | ᠠᠶ᠎ᠠ᠄ ᠳ᠋ᠠ᠊ · ᠪᠥᠬᠡᠴᠢᠯᠠᠭᠤ | ᠳᠠᠭᠤᠴᠢᠨ᠄ ᠴᠤᠭᠳᠤ ᠶᠢᠨ ᠳᠣᠯᠵᠢᠨ | ᠬᠥᠭᠵᠢᠮ ᠤᠨ ᠨᠠᠶᠢᠷᠠᠭᠤᠯᠭ᠎ᠠ᠄ ᠬᠡᠰᠢᠭᠪᠡᠶᠠᠷ | ᠪᠣᠶᠢᠷ ᠬᠥᠯᠥᠨ ᠤ ᠬᠡᠯᠬᠢᠶ᠎ᠡ ᠪᠠᠷ | ᠴᠡᠩᠬᠡᠷᠲᠦᠨ ᠮᠡᠯᠮᠡᠷᠡᠬᠦ ᠬᠠᠶᠢᠷ᠎ᠠ ᠮᠢᠨᠢ | ᠪᠤᠶᠠᠨᠲᠤ ᠪᠤᠭᠤᠷᠤᠯ ᠳᠡᠭᠡᠳᠦᠰ ᠤᠨ ᠮᠢᠨᠢ | ᠡᠩᠬᠡᠵᠢᠨ ᠠᠮᠢᠳᠤᠷᠠᠭᠰᠠᠨ ᠭᠤᠯᠣᠮᠲᠠ ᠮᠢᠨᠢ | ᠬᠡᠰᠢᠭ ᠪᠤᠶᠠᠨ ᠬᠤᠷᠤᠶᠢᠯᠠᠭᠰᠠᠨ | ᠨᠡᠭᠦᠳᠡᠯᠴᠢᠨ ᠮᠣᠩᠭᠤᠯ ᠤᠨ ᠥᠯᠥᠭᠡᠢ | ᠡᠭᠡᠰᠢᠭ ᠳᠠᠭᠤᠤ ᠲᠦᠷᠦᠭᠦᠯᠡᠭᠰᠡᠨ | ᠡᠩᠬᠦᠷᠡᠢ ᠮᠣᠩᠭᠤᠯ ᠬᠤᠷᠸ᠎ᠠ ᠮᠢᠨᠢ | ᠤᠷᠲᠤ ᠶᠢᠨ ᠳᠠᠭᠤᠤ ᠶᠢᠨ ᠤᠶᠠᠩᠭ᠎ᠠ ᠪᠠᠷ | ᠳᠡᠯᠡᠬᠡᠢ ᠪᠠᠨ ᠪᠠᠶᠠᠰᠬᠠᠵᠤ ᠤᠶᠠᠷᠠᠭᠠᠭᠰᠠᠨ | ᠤᠳᠤᠮᠲᠤ ᠮᠣᠩᠭᠤᠯ ᠤᠨ ᠭᠠᠶᠢᠬᠠᠮᠰᠢᠭ | ᠳᠠᠭᠤᠴᠢᠨ ᠡᠵᠢ ᠶᠢᠨ ᠨᠤᠲᠤᠭ ᠡ ᠭᠦ᠋ | ᠪᠠᠶᠠᠨ ᠲᠠᠩᠰᠤᠭ ᠤᠳᠤᠮ ᠲᠠᠢ | ᠪᠠᠶᠠᠨ ᠪᠠᠷᠭᠤ ᠶᠢᠨ ᠲᠦᠮᠡᠨ ᠮᠢᠨᠢ | ᠪᠠᠷ᠎ᠠ ᠶᠢᠨ ᠭᠠᠵᠠᠷ ᠠᠴᠠ ᠭᠢᠯᠠᠯᠵᠠᠭᠰᠠᠨ | ᠭᠠᠨᠵᠤᠤᠷ ᠤᠨ ᠠᠯᠲᠠᠨ ᠭᠠᠨᠵᠢᠷ᠎ᠠ ᠮᠢᠨᠢ | ᠲᠦᠮᠡᠨ ᠤ ᠰᠣᠨᠣᠷ ᠲᠤ ᠳᠡᠭᠡᠳᠦᠯᠡᠭᠰᠡᠨ | ︽ᠭᠤᠷᠪᠠᠨ ᠪᠣᠷᠣ︾ ᠶᠢᠨ ᠲᠣᠮᠤᠭ ᠮᠢᠨᠢ | ᠪᠤᠮᠠᠨ ᠤ ᠰᠡᠳᠬᠢᠯ ᠳᠤ ᠬᠤᠨᠣᠭᠰᠢᠭᠰᠠᠨ | ︽ᠰᠠᠷᠠᠭᠤᠯ ᠲᠠᠯ᠎ᠠ︾ ᠶᠢᠨ ᠠᠶᠠᠯᠭᠤ ᠮᠢᠨᠢ | ᠳᠠᠬᠢᠯᠲᠠ | ᠳᠠᠭᠤᠤ ᠪᠠᠷ ᠳᠠᠭᠤᠷᠢᠰᠬᠤ ᠪᠠᠷᠭᠤ ᠨᠤᠲᠤᠭ | ᠤᠨᠢᠶᠠᠷ ᠤᠨ ᠳᠤᠮᠳᠠ ᠪᠠᠨ ᠴᠡᠩᠬᠡᠷᠯᠡᠨ᠎ᠡ | ᠳᠠᠭᠤᠴᠢᠳ ᠤᠨ ᠬᠡᠶᠢᠮᠣᠷᠢ ᠣᠪᠣᠭ᠎ᠠ ᠨᠢ | ᠬᠤᠯᠠ ᠶᠢᠨ ᠲᠡᠭᠷᠢ ᠳᠤ ᠰᠦᠨᠳᠡᠷᠯᠡᠨ᠎ᠡ | ᠳᠠᠭᠤᠯᠠᠵᠤ ᠶᠠᠪᠤᠬᠤ ᠨᠠᠰᠤᠨ ᠤ ᠮᠢᠨᠢ | ᠵᠠᠶᠠᠭ᠎ᠠ ᠳᠡᠭᠡᠵᠢᠯᠡᠭᠰᠡᠨ ᠨᠤᠲᠤᠭ ᠮᠢᠨᠢ | ᠲᠤᠭᠤᠯᠵᠤ ᠥᠩᠭᠡᠷᠡᠬᠦ ᠨᠡᠷᠡᠲᠦ ᠶᠢᠨ ᠮᠢᠨᠢ | ᠰᠡᠳᠬᠢᠯ ᠤᠨ ᠬᠥᠷᠥᠩᠭᠡ ᠲᠠᠢ ᠮᠣᠩᠭᠤᠯ ᠮᠢᠨᠢ | ᠳᠠᠬᠢᠯᠲᠠ |