ᠱᠠᠭ᠎ᠠ ᠨᠠᠭᠠᠳᠤᠮ ᠪᠣᠯ ᠭᠡᠷ ᠤᠨ ᠭᠦᠮᠦᠵᠢᠯ ᠤᠨ ᠴᠡᠴᠡᠨ ᠤᠬᠠᠭᠠᠨ ᠮᠥᠨ
ᠨᠡᠶᠢᠲᠡᠯᠡᠭᠰᠡᠨ ᠴᠠᠭ᠄
2023/10/18
     ᠴᠤᠭᠪᠤᠶᠠᠨ      ᠵᠤᠭᠢᠶᠠᠭᠴᠢ ᠶᠢᠨ ᠲᠠᠨᠢᠯᠴᠠᠭᠤᠯᠭ᠎ᠠ᠄ ᠴᠤᠭᠪᠤᠶᠠᠨ ︵ᠠᠨᠢᠷᠴᠢ︶᠂ ᠦᠪᠦᠷ ᠮᠤᠩᠭᠤᠯ ᠤᠨ ᠠᠯᠠᠱᠠ ᠪᠠᠷᠠᠭᠤᠨ ᠬᠤᠰᠢᠭᠤᠨ ᠤ ᠨᠠᠮ ᠤᠨ ᠰᠤᠷᠭᠠᠭᠤᠯᠢ ᠶᠢᠨ ᠲᠡᠳ᠋ ᠫᠷᠤᠹᠧᠰᠰᠤᠷ᠂ ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ — ᠱᠠᠭ᠎ᠠ ᠶᠢᠨ ᠰᠤᠶᠤᠯ ᠤᠨ ᠦᠪᠯᠡᠨ ᠤᠯᠠᠮᠵᠢᠯᠠᠭᠴᠢ᠂ ᠦᠪᠦᠷ ᠮᠤᠩᠭᠤᠯ ᠤᠨ ᠵᠠᠩ ᠠᠭᠠᠯᠢ ᠶᠢᠨ ᠨᠡᠶᠢᠭᠡᠮᠯᠢᠭ ᠤᠨ ᠪᠠᠶᠢᠩᠭᠤ ᠶᠢᠨ ᠬᠡᠷᠡᠭ ᠮᠡᠳᠡᠭᠴᠢ᠂ ᠠᠯᠠᠱᠠ ᠠᠶᠢᠮᠠᠭ ᠤᠨ ᠣᠯᠣᠰ ᠲᠦᠷᠦ ᠶᠢᠨ ᠵᠦᠪᠯᠡᠯᠭᠡᠨ ᠤ ᠤᠨᠴᠠ ᠤᠷᠢᠭᠰᠠᠨ ᠬᠡᠰᠢᠬᠦᠨ᠂ ᠠᠯᠠᠱᠠ ᠪᠠᠷᠠᠭᠤᠨ ᠬᠤᠰᠢᠭᠤᠨ ᠤ ᠱᠠᠭ᠎ᠠ ᠶᠢᠨ ᠰᠤᠶᠤᠯ ᠤᠨ ᠨᠡᠶᠢᠭᠡᠮᠯᠢᠭ ᠤᠨ ᠲᠠᠷᠤᠭ᠎ᠠ ᠵᠡᠷᠭᠡ ᠡᠭᠦᠷᠭᠡ ᠬᠠᠷᠢᠭᠤᠴᠠᠯᠭ᠎ᠠ ᠲᠠᠢ᠃ 1962 ᠤᠨ ᠳᠤ ᠠᠯᠠᠱᠠ ᠪᠠᠷᠠᠭᠤᠨ ᠬᠤᠰᠢᠭᠤᠨ ᠤ ᠤᠤᠯ ᠤᠨ ᠲᠠᠩᠰᠤᠭᠪᠤᠯᠠᠭ ᠮᠠᠯᠵᠢᠬᠤ ᠲᠠᠯᠠᠪᠠᠢ ᠶᠢᠨ ᠡᠯᠲᠡᠮᠵᠢ ᠶᠢᠨ ᠭᠤᠤᠯ ᠭᠡᠮᠡᠭᠦ ᠨᠤᠲᠤᠭ ᠲᠤ ᠲᠦᠷᠦᠵᠡᠢ᠃ 1983 ᠤᠨ ᠳᠤ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠲᠤ ᠳᠤᠮᠳᠠᠳᠤ ᠰᠤᠷᠭᠠᠭᠤᠯᠢ ᠠᠴᠠ ᠲᠡᠭᠦᠰᠴᠤ᠂ 1987 ᠤᠨ ᠳᠤ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠯᠤᠰ ᠳᠦᠷᠦ ᠰᠤᠷᠭᠠᠨ ᠬᠦᠮᠦᠵᠢᠯ ᠤᠨ ᠰᠠᠯᠪᠤᠷᠢ ᠶᠢᠨ ᠪᠦᠷᠢᠨ ᠮᠡᠷᠭᠡᠵᠢᠯ ᠤᠨ ᠠᠩᠭᠢ ᠠᠴᠠ ᠭᠦᠨ ᠤᠬᠠᠭᠠᠨ ᠤ ᠡᠷᠲᠡᠮ ᠤᠨ ᠴᠤᠯᠠ ᠬᠠᠮᠠᠭᠠᠯᠠᠨ ᠲᠡᠭᠦᠰᠴᠦ᠂ ᠠᠯᠠᠱᠠ ᠠᠶᠢᠮᠠᠭ ᠤᠨ ᠪᠠᠭᠰᠢ ᠶᠢᠨ ᠰᠤᠷᠭᠠᠭᠤᠯᠢ ᠳᠤ ᠠᠵᠢᠯ ᠤᠨ ᠬᠤᠪᠢᠶᠠᠷᠢ ᠠᠪᠴᠦ ᠪᠠᠭᠰᠢᠯᠠᠵᠡᠢ᠃ 1989 ᠤᠨ ᠠᠴᠠ ᠡᠭᠢᠯᠡᠨ ᠠᠯᠠᠱᠠ ᠪᠠᠷᠠᠭᠤᠨ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠳᠡᠰ ᠤᠨ ᠲᠡᠳ᠋ ᠳᠠᠷᠤᠭ᠎ᠠ᠂ ᠨᠠᠮ ᠤᠨ ᠬᠤᠷᠢᠶᠠᠨ ᠤ ᠠᠯᠪᠠᠨ ᠭᠡᠷ ᠤᠨ ᠲᠡᠳ᠋ ᠡᠷᠭᠢᠯᠡᠭᠴᠢ᠂ ᠰᠤᠷᠭᠠᠨ ᠬᠦᠮᠦᠵᠢᠯ ᠪᠡᠶ᠎ᠡ ᠲᠡᠮᠢᠷ ᠤᠨ ᠲᠤᠪᠴᠢᠶ᠎ᠠ ᠶᠢᠨ ᠲᠡᠳ᠋ ᠳᠠᠷᠤᠭ᠎ᠠ᠂ ᠮᠤᠩᠭᠤᠯ ᠲᠤᠮᠳᠠᠳᠤ ᠰᠤᠷᠭᠠᠭᠤᠯᠢ ᠶᠢᠨ ᠵᠠᠭᠢᠷᠤᠯ᠂ ᠨᠠᠮ ᠤᠨ ᠰᠤᠷᠭᠠᠭᠤᠯᠢ ᠶᠢᠨ ᠱᠦᠵᠢ ᠵᠡᠷᠭᠡ ᠡᠭᠦᠷᠭᠡ ᠲᠤᠰᠢᠶᠠᠯ ᠢ ᠤᠷᠢᠳ ᠬᠤᠵᠢᠳ ᠬᠠᠷᠢᠭᠤᠴᠠᠵᠡᠢ᠃ ᠮᠥᠨ ᠲᠦᠪ ᠤᠨ ᠨᠠᠮ ᠤᠨ ᠰᠤᠷᠭᠠᠭᠤᠯᠢ᠂ ᠴᠢᠩᠬᠤᠸᠠ ᠶᠡᠭᠡ ᠰᠤᠷᠭᠠᠭᠤᠯᠢ᠂ ᠦᠪᠦᠷ ᠮᠤᠩᠭᠤᠯ ᠤᠨ ᠨᠠᠮ ᠤᠨ ᠰᠤᠷᠭᠠᠭᠤᠯᠢ᠂ ᠭᠠᠨᠰᠤ ᠮᠤᠵᠢ ᠶᠢᠨ ᠨᠠᠮ ᠤᠨ ᠰᠤᠷᠭᠠᠭᠤᠯᠢ ᠵᠡᠷᠭᠡ ᠳᠤ ᠰᠤᠷᠤᠯᠴᠠᠨ ᠮᠡᠷᠭᠡᠵᠢᠯ ᠲᠡᠭᠡᠭᠰᠢᠯᠡᠭᠦᠯᠵᠡᠢ᠃ 40 ᠭᠠᠷᠤᠢ ᠡᠷᠳᠡᠮ ᠰᠢᠨᠵᠢᠯᠡᠭᠡᠨ ᠤ ᠦᠬᠦᠯᠡᠯ ᠢᠶᠠᠨ ᠤᠯᠤᠰ᠂ ᠣᠷᠣᠨ ᠪᠤᠯᠤᠨ ᠠᠶᠢᠮᠠᠭ ᠤᠨ ᠰᠤᠨᠢᠨ ᠰᠡᠳᠬᠦᠯ ᠵᠢᠴᠢ ᠰᠤᠳᠤᠷ ᠪᠢᠴᠢᠭ ᠲᠤ ᠨᠡᠶᠢᠳᠡᠯᠡᠬᠦᠯᠵᠦ ᠵᠠᠷᠢᠮ ᠨᠢ ᠱᠠᠩᠨᠠᠯ ᠲᠤᠰᠴᠡᠢ᠃ ︽ᠨᠤᠮ ᠤᠨ ᠦᠬᠡ︾᠂ ︽ᠭᠤᠪᠢ ᠶᠢᠨ ᠲᠡᠭᠷᠢ ᠮᠠᠭᠤᠬᠠᠶᠢᠷᠠᠯ᠎ᠠ︾᠂ ︽ᠡᠵᠢ ᠶᠢᠨ ᠲᠤᠷᠠᠳᠬᠠᠯ︾᠂ ︽ᠮᠦᠷ ᠲᠠᠮᠠᠭ᠎ᠠ ᠲᠠᠢ ᠭᠤᠪᠢ︾ ᠵᠡᠷᠭᠡ ᠰᠢᠯᠦᠭ᠂ ᠦᠬᠦᠯᠡᠯᠭᠡ ᠨᠠᠶᠢᠷᠠᠭᠤᠯᠤᠯ ᠤᠨ ᠪᠦᠲᠦᠭᠡᠯ ᠲᠠᠢ᠃ ︽ᠱᠠᠭ᠎ᠠ ᠶᠢᠨ ᠰᠤᠶᠤᠯ ᠤᠷᠠᠯᠢᠭ ᠤᠨ ᠨᠤᠳᠤᠭ — ᠠᠯᠠᠱᠠ ᠪᠠᠷᠠᠭᠤᠨ ᠬᠤᠰᠢᠭᠤ︾ ︵ᠵᠢᠷᠤᠭᠲᠤ ᠲᠤᠪᠭᠢᠮᠠᠯ︶ ᠪᠤᠯᠤᠨ ︽ᠮᠤᠩᠭᠤᠯ ᠦᠨᠲᠦᠰᠦᠲᠡᠨ ᠤ ᠱᠠᠭ᠎ᠠ ᠶᠢᠨ ᠰᠤᠶᠤᠯ ᠤᠨ ᠰᠤᠳᠤᠯᠤᠯ︾ ᠵᠡᠷᠭᠡ ᠨᠤᠮ ᠪᠢᠴᠢᠭ ᠢ ᠨᠠᠶᠢᠷᠠᠭᠤᠯᠤᠨ ᠭᠡᠪᠯᠡᠭᠦᠯᠪᠡ᠃ 2005 ᠣᠨ ᠠᠴᠠ ᠡᠬᠢᠯᠡᠨ ᠠᠯᠠᠱᠠ ᠶᠢᠨ ᠱᠠᠭ᠎ᠠ ᠶᠢᠨ ᠰᠤᠶᠤᠯ ᠢ ᠠᠪᠤᠷᠠᠨ ᠰᠡᠷᠭᠦᠭᠡᠭᠦ ᠠᠵᠢᠯᠯᠠᠭ᠎ᠠ ᠶᠢ ᠦᠷᠨᠢᠭᠦᠯᠵᠤ ᠂ ᠠᠯᠠᠱᠠ ᠪᠠᠷᠠᠭᠤᠨ ᠬᠤᠰᠢᠭᠤᠨ ᠤ ᠮᠤᠩᠭᠤᠯ ᠦᠨᠳᠦᠰᠦᠲᠡᠨ ᠤ ᠱᠠᠭ᠎ᠠ ᠶᠢᠨ ᠰᠤᠶᠤᠯ ᠤᠨ ᠨᠡᠶᠢᠭᠡᠮᠯᠢᠭ ᠢ ᠡᠭᠦᠰᠭᠡᠨ ᠪᠠᠶᠢᠭᠤᠯᠵᠡᠢ᠃ 2006 ᠤᠨ ᠠᠴᠠ ᠡᠭᠢᠯᠡᠨ ᠠᠯᠠᠱᠠ ᠪᠠᠷᠠᠭᠤᠨ ᠬᠤᠰᠢᠭᠤᠨ ᠤ ᠠᠩᠬᠠᠳᠤᠭᠠᠷ ᠤᠳᠠᠭᠠᠨ ᠤ ᠱᠠᠭ᠎ᠠ ᠨᠠᠭᠠᠳᠤᠮ᠂ ᠠᠯᠠᠱᠠ ᠠᠶᠢᠮᠠᠭ ᠤᠨ ᠠᠩᠬᠠᠳᠤᠭᠠᠷ ᠤᠳᠠᠭᠠᠨ ᠤ ᠱᠠᠭ᠎ᠠ ᠨᠠᠭᠠᠳᠤᠮ᠂ ᠠᠯᠠᠱᠠ ᠠᠶᠢᠮᠠᠭ ᠤᠨ ᠠᠩᠬᠠᠳᠤᠭᠠᠷ ᠤᠳᠠᠭᠠᠨ ᠤ ᠮᠢᠩᠭᠠᠨ ᠭᠦᠮᠦᠨ ᠤ ᠱᠠᠭ᠎ᠠ ᠶᠢᠨ ᠰᠤᠶᠤᠯ ᠤᠷᠠᠯᠢᠭ ᠤᠨ ᠨᠠᠶᠢᠷ᠂ ᠨᠠᠢᠮᠠᠨ ᠮᠤᠵᠢ ᠤᠷᠤᠨ ᠤ ᠠᠩᠬᠠᠳᠤᠭᠠᠷ ᠤᠳᠠᠭᠠᠨ ᠤ ︽ᠡᠷᠡᠭᠡᠢ ᠮᠡᠷᠭᠡᠨ︾ ᠱᠠᠭ᠎ᠠ ᠨᠠᠭᠠᠳᠤᠮ ᠵᠢᠴᠢ ᠱᠠᠭ᠎ᠠ ᠶᠢᠨ ᠰᠤᠶᠤᠯ ᠤᠨ ᠡᠷᠲᠡᠮ ᠰᠢᠨᠵᠢᠯᠡᠭᠡᠨ ᠤ ᠰᠤᠳᠤᠯᠭᠠᠨ ᠤ ᠬᠤᠷᠠᠯ᠂ ᠱᠠᠭ᠎ᠠ ᠶᠢᠨ ᠰᠤᠶᠤᠯ ᠤᠨ ᠤᠯᠠᠨ ᠤᠯᠤᠰ ᠤᠨ ᠡᠷᠲᠡᠮ ᠰᠢᠨᠵᠢᠯᠡᠭᠡᠨ ᠤ ᠰᠤᠳᠤᠯᠭᠠᠨ ᠤ ᠬᠤᠷᠠᠯ ᠵᠡᠷᠭᠡ ᠶᠢ ᠰᠠᠨᠠᠭᠠᠴᠢᠯᠠᠨ ᠡᠭᠦᠰᠭᠡᠨ ᠵᠤᠭᠢᠶᠠᠨ ᠪᠠᠶᠢᠭᠤᠯᠪᠠ᠃ 2015 ᠤᠨ ᠳᠤ᠂ ᠱᠧᠨᠵᠢᠡ ᠶᠡᠭᠡ ᠰᠤᠷᠭᠠᠭᠤᠯᠢ ᠲᠠᠢ ᠬᠠᠮᠳᠤᠷᠠᠨ ᠱᠠᠭ᠎ᠠ ᠲᠤᠭᠯᠠᠭᠠᠮ ᠢ ︽ᠲᠤᠮᠳᠠᠳᠤ ᠤᠯᠤᠰ ᠤᠨ ᠲᠠᠮᠢᠷ ᠤᠨ ᠪᠤᠳᠠᠰ ᠤᠨ ᠪᠤᠰᠤ ᠰᠤᠶᠤᠯ ᠤᠨ ᠬᠠᠮᠠᠭᠠᠯᠠᠯᠳᠠ ᠶᠢᠨ ᠦᠪ ᠤᠨ ᠡᠭᠢ ᠰᠤᠷᠪᠤᠯᠵᠢ ᠶᠢᠨ ᠳ᠋ᠠᠶᠢᠲ᠋ᠠ ᠭᠦᠮᠦᠷᠭᠡ ︾᠎ ᠳᠤ ᠤᠷᠤᠭᠤᠯᠬᠤ ᠰᠤᠳᠤᠯᠭᠠᠨ ᠤ ᠰᠡᠳᠦᠪ ᠢ ᠪᠡᠶᠡᠯᠡᠭᠦᠯᠪᠡ᠃ ᠦᠢᠷ᠎ᠡ ᠶᠢᠨ ᠵᠢᠯ ᠠᠴᠠ ᠲᠤᠪᠰᠢᠭᠤᠷ᠂ ᠵᠠᠩᠭᠠᠷ᠂ ᠶᠠᠲᠤᠭ᠎ᠠ ᠵᠡᠷᠭᠡ ᠮᠤᠩᠭᠤᠯ ᠦᠨᠲᠦᠰᠦᠲᠡᠨ ᠤ ᠢᠵᠠᠭᠤᠷ ᠰᠤᠶᠤᠯ ᠤᠷᠠᠯᠢᠭ ᠢ ᠰᠡᠷᠭᠦᠭᠡᠨ ᠤᠯᠠᠮᠵᠢᠯᠠᠬᠤ ᠠᠵᠢᠯ ᠢ ᠭᠠᠷᠳᠠᠨ ᠭᠢᠵᠡᠢ᠃      ᠶᠠᠮᠠᠷᠪᠠ ᠦᠨᠲᠦᠰᠦᠲᠡᠨ ᠶᠠᠰᠤᠳᠠᠨ ᠴᠦᠮ ᠦᠷ᠎ᠡ ᠬᠤᠶᠢᠴᠢᠰ ᠢᠶᠠᠨ ᠦᠰᠭᠡᠨ ᠭᠦᠮᠦᠵᠢᠭᠦᠯᠵᠦ ᠤᠳᠤᠮ ᠤᠭᠰᠠᠭ᠎ᠠ ᠵᠠᠯᠭᠠᠮᠵᠢᠯᠠᠵᠤ ᠤᠷᠤᠰᠢᠨ ᠠᠮᠢᠲᠤᠷᠠᠳᠠᠭ ᠨᠢ ᠲᠦᠭᠡᠮᠡᠯ ᠵᠢᠮ᠎ᠡ ᠶᠤᠰᠤ ᠶᠤᠮ᠃ ᠭᠡᠭᠦ ᠳᠡᠭᠡᠨ ᠦᠷ᠎ᠡ ᠬᠤᠶᠢᠴᠢᠰ ᠢᠶᠠᠨ ᠭᠦᠮᠦᠵᠢᠭᠦᠯᠵᠦ ᠰᠤᠷᠭᠠᠬᠤ ᠠᠷᠭ᠎ᠠ ᠪᠠᠷᠢᠯ᠂ ᠰᠦᠪᠡᠭᠴᠢ ᠰᠢᠵᠢᠮ ᠨᠢ ᠢᠯᠭᠠᠪᠤᠷᠢ ᠲᠠᠢ ᠪᠠᠶᠢᠵᠤ᠂ ᠦᠪᠡᠷ ᠦᠪᠡᠷ ᠤᠨ ᠭᠢᠨᠢ ᠤᠨᠴᠠᠯᠢᠭ ᠰᠢᠨᠵᠢ ᠲᠠᠢ ᠪᠠᠶᠢᠳᠠᠭ ᠢᠶᠠᠷ ᠢᠶᠠᠨ ᠦᠨᠲᠦᠰᠦᠲᠡᠨ ᠨᠦᠭᠦᠳ ᠤᠨ ᠢᠯᠭᠠᠭ᠎ᠠ ᠶᠢ ᠢᠯᠡᠷᠡᠭᠦᠯᠲᠡᠭ᠃ ᠭᠡᠷ ᠤᠨ ᠭᠦᠮᠦᠵᠢᠯ ᠤᠨ ᠠᠷᠭ᠎ᠠ ᠠᠪᠴᠠᠯ ᠨᠢ ᠨᠢᠭᠡ ᠦᠨᠲᠦᠰᠦᠲᠡᠨ ᠤ ᠤᠨᠴᠠᠯᠢᠭ ᠰᠢᠨᠵᠢ᠂ ᠭᠡᠪ ᠴᠢᠨᠠᠷ᠂ ᠶᠤᠰᠤ ᠰᠤᠷᠳᠠᠬᠤᠨ ᠵᠡᠷᠭᠡ ᠶᠢ ᠬᠠᠷᠠᠭᠤᠯᠤᠨ ᠢᠯᠡᠳᠭᠡᠲᠡᠭ ᠪᠠᠶᠢᠨ᠎ᠠ᠃ ᠭᠡᠷ ᠤᠨ ᠭᠦᠮᠦᠵᠢᠯ ᠨᠢ ᠦᠵᠡᠯ ᠤᠬᠠᠮᠰᠠᠷ ᠤᠨ ᠴᠠᠷ᠎ᠠ ᠭᠦᠷᠢᠶ᠎ᠡ ᠳᠤ ᠬᠠᠷᠢᠶᠠᠯᠠᠭᠳᠠᠨ ᠬᠠᠮᠤᠷᠠᠭᠳᠠᠵᠤ ᠪᠤᠰᠤᠳᠴᠢ ᠤᠷᠤᠰᠢᠬᠤᠢ ᠳᠤ ᠲᠦᠰᠢᠭᠯᠡᠨ ᠤᠶᠠᠯᠳᠤᠬᠤ ᠪᠠᠷ ᠰᠠᠭᠤᠷᠢ ᠪᠤᠯᠭᠠᠵᠤ ᠪᠤᠳᠠᠳᠤ ᠦᠢᠯᠡᠲᠦᠯᠭᠡ ᠪᠠᠷ ᠳᠠᠮᠵᠢᠨ ᠦᠷ᠎ᠡ ᠳ᠋ᠦᠩ ᠳᠡᠭᠡᠨ ᠭᠦᠷᠲᠡᠭ᠃ ᠮᠤᠩᠭᠤᠯᠴᠤᠳ ᠡᠷᠲᠡ ᠦᠶ᠎ᠡ ᠠᠴᠠ ᠪᠠᠨ ᠠᠩ ᠠᠩᠨᠠᠯ ᠭᠢᠭᠡᠳ ᠮᠠᠯ ᠮᠠᠯᠵᠢᠯ ᠢᠶᠠᠷ ᠰᠠᠭᠤᠷᠢᠯᠠᠵᠤ ᠦᠷ᠎ᠡ ᠬᠤᠶᠢᠴᠢᠰ ᠢᠶᠠᠨ ᠦᠰᠭᠡᠨ ᠭᠦᠮᠦᠵᠢᠭᠦᠯᠵᠦ ᠦᠶ᠎ᠡ ᠳᠠᠮᠵᠢᠨ ᠤᠷᠤᠰᠢᠨ ᠲᠤᠭᠳᠠᠨᠢᠵᠤ᠂ ᠦᠪ ᠰᠤᠶᠤᠯ ᠢᠶᠠᠨ ᠡᠭᠦᠳᠴᠦ ᠲᠡᠤᠭᠡ ᠪᠠᠨ ᠪᠢᠴᠢᠭᠯᠡᠭᠰᠡᠭᠡᠷ ᠢᠷᠡᠵᠡᠢ᠃ ᠮᠤᠩᠭᠤᠯᠴᠤᠳ ᠤᠨ ᠭᠡᠷ ᠤᠨ ᠭᠦᠮᠦᠵᠢᠯ ᠤᠨ ᠠᠭᠤᠯᠭ᠎ᠠ ᠨᠢ ᠮᠠᠰᠢ ᠪᠠᠶᠠᠯᠢᠭ᠂ ᠠᠷᠭ᠎ᠠ ᠭᠡᠯᠪᠡᠷᠢ ᠨᠢ ᠠᠷᠪᠢᠨ ᠮᠦᠷᠲᠡᠭᠡᠨ ᠢᠯᠭᠠᠮ᠎ᠠ ᠳᠤᠳᠤ ᠦᠪᠡᠷ ᠤᠨ ᠭᠡᠪ ᠨᠠᠮᠪᠠ ᠪᠤᠯᠤᠨ ᠤᠨᠴᠠᠯᠢᠭ ᠰᠢᠨᠵᠢ ᠲᠠᠢ ᠪᠠᠶᠢᠳᠠᠭ᠃ ᠡᠭᠦᠨ ᠳᠤ ᠱᠠᠭ᠎ᠠ ᠨᠠᠭᠠᠳᠤᠮ ᠪᠣᠯ ᠡᠷᠲᠡ ᠤᠵᠤᠭᠤᠷ ᠠᠴᠠ ᠤᠯᠠᠮᠵᠢᠯᠠᠭᠳᠠᠭᠰᠠᠨ ᠭᠡᠷ ᠤᠨ ᠭᠦᠮᠦᠵᠢᠯ ᠤᠨ ᠴᠢᠬᠤᠯᠠ ᠨᠢᠭᠡ ᠵᠦᠢᠯ ᠪᠤᠯᠬᠤ ᠨᠢ ᠮᠠᠷᠭᠤᠰᠢ ᠦᠭᠡᠢ ᠪᠢᠯᠡ᠃      ᠨᠢᠭᠡ᠂ ᠱᠠᠭ᠎ᠠ ᠨᠠᠭᠠᠳᠤᠮ ᠪᠣᠯ ᠢᠵᠠᠭᠤᠷ ᠡᠴᠠ‌ᠤᠯᠠᠮᠵᠢᠯᠠᠭᠳᠠᠰᠠᠨ ᠭᠡᠷ ᠤᠨ ᠭᠦᠮᠦᠵᠢᠯ ᠤᠨ ᠤᠬᠠᠭᠠᠨ ᠴᠤᠬᠤᠮ ᠭᠡᠵᠢᠶ᠎ᠡ ᠠᠴᠠ ᠡᠭᠢᠯᠡᠨ ᠱᠠᠭ᠎ᠠ ᠶᠢ ᠡᠷᠭᠢᠮᠯᠡᠨ ᠲᠡᠭᠡᠲᠦᠯᠡᠭᠰᠡᠨ ᠪᠠ ᠭᠡᠷᠡᠭᠯᠡᠭᠡᠨ ᠳᠡᠭᠡᠨ ᠤᠷᠤᠭᠤᠯᠤᠭᠰᠠᠨ ᠲᠤᠬᠠᠢ ᠲᠤᠳᠤᠷᠬᠠᠢ ᠲᠡᠮᠲᠡᠭᠯᠡᠯ ᠦᠭᠡᠢ ᠪᠤᠯᠪᠠᠴᠤ᠂ ᠬᠠᠭᠤᠴᠢ ᠰᠤᠳᠤᠯᠤᠯ ᠤᠨ ᠲᠠᠯ᠎ᠠ ᠠᠴᠠ ᠰᠢᠨᠵᠢᠯᠡᠨ ᠭᠡᠷᠡᠴᠢᠯᠡᠭᠰᠡᠨ ᠢᠶᠠᠷ ᠪᠣᠯ ᠡᠷᠲᠡᠨ ᠤ ᠡᠾᠦ᠋ᠩᠨᠤᠴᠤᠳ ᠱᠠᠭ᠎ᠠ ᠶᠢ ᠠᠮᠢᠳᠤᠷᠠᠯ ᠤᠨ ᠪᠤᠳᠠᠳᠤ ᠭᠡᠷᠡᠭᠯᠡᠭᠡᠨ ᠳᠡᠭᠡᠨ ᠤᠷᠤᠭᠤᠯᠵᠤ ᠪᠠᠶᠢᠭᠰᠠᠨ ᠢᠶᠠᠷ ᠦᠯᠦ ᠪᠠᠷᠠᠮ᠂ ᠶᠤᠰᠤ ᠵᠠᠩᠰᠢᠯ ᠳᠠᠭᠠᠨ ᠤᠷᠤᠭᠤᠯᠤᠨ ᠭᠡᠷᠡᠭᠯᠡᠭᠰᠡᠨ ᠪᠠᠶᠢᠨ᠎ᠠ᠃ ᠠᠷᠭᠢᠤᠯᠤᠭᠢ ᠰᠤᠳᠤᠯᠤᠭᠠᠴᠢᠳ ᠡᠷᠲᠡᠨ ᠤ ᠡᠾᠦ᠋ᠩᠨᠤᠴᠤᠳ ᠤᠨ ᠪᠤᠯᠠᠰᠢᠨ ᠠᠴᠠ ᠤᠯᠠᠨ ᠠᠷᠪᠢᠨ ᠪᠤᠭᠤ ᠶᠢᠨ ᠱᠠᠭ᠎ᠠ ᠤᠯᠤᠭᠰᠠᠨ ᠮᠡᠲᠡᠭᠡᠯᠡᠯ ᠪᠠᠶᠢᠳᠠᠭ᠃ 2001 ᠣᠨ ᠳᠤ ᠮᠣᠩᠭᠤᠯ ᠠᠮᠧᠷᠢᠺᠠ ᠶᠢᠨ ᠰᠣᠳᠣᠯᠣᠭᠠᠴᠢᠳ ᠤᠨ ᠪᠦᠯᠬᠦᠮ ᠤᠨ ᠬᠢᠨ ᠮᠣᠩᠭᠤᠯ ᠤᠯᠤᠰ ᠤᠨ ᠠᠷᠤ ᠬᠠᠩᠭᠠᠢ ᠠᠶᠢᠮᠠᠭ ᠤᠨ ᠥᠨᠳᠦᠷ ᠤᠯᠠᠭᠠᠨ ᠰᠤᠮᠤᠨ ᠤ ᠬᠠᠨᠤᠢ ᠪᠠᠭ ᠤᠨ ᠨᠤᠳᠤᠭ ᠪᠠᠯᠭᠠᠰᠤᠨ ᠲᠠᠯ᠎ᠠ ᠠᠴᠠ ᠡᠷᠳᠡᠨ ᠤ ᠾᠦᠩᠨᠦ ᠶᠢᠨ ᠢᠵᠠᠭᠤᠷᠳᠠᠨ ᠤ ᠪᠦᠯᠦᠭ ᠪᠤᠯᠠᠰᠢ ᠶᠢ ᠢᠯᠡᠷᠡᠭᠦᠯᠦᠨ ᠨᠢᠭᠡᠨ ᠬᠡᠦᠬᠡᠳ ᠤᠨ ᠣᠷᠣᠰᠢᠭᠤᠯᠭ᠎ᠠ ᠠᠴᠠ 250 ᠭᠠᠷᠤᠢ ᠪᠤᠭᠤ ᠶᠢᠨ ᠱᠠᠭ᠎ᠠ ᠶᠢ ᠢᠯᠡᠷᠡᠭᠦᠯᠵᠡᠢ᠃      ᠮᠤᠩᠭᠤᠯᠴᠤᠳ ᠠᠯᠢ ᠡᠷᠲᠡᠨ ᠠᠴᠠ ᠪᠠᠨ ᠮᠠᠯᠵᠢᠯ ᠤᠭᠰᠠᠭᠠᠲᠠᠨ ᠪᠠᠶᠢᠵᠤ ᠨᠡᠭᠦᠲᠡᠯ ᠠᠮᠢᠳᠤᠷᠠᠯ ᠢᠶᠠᠷ ᠭᠤᠤᠯ ᠤᠷᠤᠰᠢᠨ ᠲᠤᠭᠲᠠᠨᠢᠯ ᠤᠨ ᠭᠡᠯᠪᠡᠷᠢ ᠪᠠᠨ ᠪᠤᠯᠭᠠᠵᠤ ᠪᠠᠶᠢᠭᠰᠠᠨ ᠲᠡᠤᠭᠡ ᠲᠠᠢ᠃ ᠪᠠᠯᠠᠷᠯᠢᠭ ᠤᠨ ᠴᠠᠭ ᠲᠤ ᠬᠠᠮᠤᠭ ᠠᠩᠬᠠᠨ ᠳᠠᠭᠠᠨ ᠠᠩ ᠠᠩᠨᠠᠯ ᠢᠶᠠᠷ ᠭᠤᠤᠯ ᠠᠮᠢᠳᠤᠷᠠᠯ ᠢᠶᠠᠨ ᠠᠷᠭᠠᠴᠠᠭᠠᠵᠤ ᠪᠠᠶᠢᠭᠰᠠᠨ ᠪᠣᠯ ᠰᠡᠭᠦᠯᠡᠷ ᠨᠢ ᠠᠩ ᠤᠨ ᠦᠯᠡᠲᠡᠪᠦᠷᠢ ᠪᠤᠯᠤᠭᠰᠠᠨ ᠵᠡᠷᠯᠢᠭ ᠠᠮᠢᠲᠠᠳ ᠢ ᠭᠡᠷᠰᠢᠭᠦᠯᠦᠨ ᠲᠡᠵᠢᠭᠡᠵᠦ ᠨᠤᠮᠤᠬᠠᠳᠬᠠᠭᠰᠠᠨ ᠠᠴᠠ ᠠᠩᠬᠠᠨ ᠤ ᠮᠠᠯ ᠮᠠᠯᠵᠢᠯ ᠡᠭᠦᠰᠦᠭᠰᠡᠨ ᠪᠠᠶᠢᠳᠠᠭ᠃ ᠮᠠᠯ ᠮᠠᠯᠵᠢᠯ ᠪᠤᠢ ᠪᠤᠯᠤᠭᠰᠠᠨ ᠠᠴᠠ ᠡᠷᠲᠡᠨ ᠤ ᠠᠵᠤ ᠠᠮᠢᠳᠤᠷᠠᠯ ᠨᠢ ᠪᠠᠳᠤᠯᠠᠭ᠎ᠠ ᠲᠠᠢ ᠪᠤᠯᠵᠤ ᠤᠷᠤᠰᠢᠨ ᠲᠤᠭᠲᠠᠨᠢᠯ ᠨᠢ ᠲᠤᠭᠳᠠᠪᠤᠷᠢ ᠲᠠᠢ ᠪᠤᠯᠤᠭᠰᠠᠨ ᠲᠤᠯᠠ ᠦᠢᠯᠡᠳᠪᠦᠷᠢᠯᠡᠯ ᠤᠨ ᠭᠦᠴᠦᠨ ᠤ ᠭᠦᠭᠵᠢᠯᠲᠡ ᠨᠢ ᠲᠦᠷᠭᠡᠨ ᠪᠤᠯᠵᠡᠢ᠃ ᠡᠭᠦᠨ ᠤ ᠤᠯᠠᠮ ᠠᠴᠠ ᠭᠦᠮᠦᠰ ᠤᠨ ᠲᠠᠷᠢᠭᠢᠨ ᠤ ᠭᠦᠭᠵᠢᠯᠲᠡ ᠨᠢ ᠲᠠᠰᠤᠷᠠᠯᠳᠠ ᠦᠭᠡᠢ ᠨᠡᠮᠡᠭᠲᠡᠨ ᠰᠡᠳᠭᠢᠭᠦᠢ ᠨᠢ ᠴᠦ ᠲᠡᠯᠡᠨ ᠦᠷᠭᠡᠳᠴᠦ ᠤᠬᠠᠮᠰᠠᠷᠳᠤ ᠴᠢᠳᠠᠪᠦᠷᠢ ᠨᠢ ᠲᠡᠭᠡᠭᠰᠢᠯᠡᠨ ᠭᠡᠷ ᠤᠨ ᠭᠦᠮᠦᠵᠢᠯ ᠠᠭᠠᠵᠢᠮ ᠢᠶᠠᠷ ᠪᠤᠢ ᠪᠤᠯᠵᠡᠢ᠃ ᠮᠠᠯᠴᠢᠨ ᠲᠦᠮᠠᠨ ᠲᠡᠷᠡ ᠦᠶ᠎ᠡ ᠶᠢᠨ ᠠᠮᠢᠲᠤᠷᠠᠯ ᠤᠨ ᠲᠦᠰᠢᠭ ᠲᠤᠯᠭᠠᠭᠤᠷᠢ ᠪᠤᠯᠤᠭᠰᠠᠨ ᠮᠠᠯ ᠮᠠᠯᠵᠢᠯ ᠢᠶᠠᠷ ᠢᠶᠠᠨ ᠭᠤᠤᠯ ᠲᠦᠪ ᠪᠤᠯᠭᠠᠵᠤ ᠦᠷ᠎ᠡ ᠬᠤᠶᠢᠴᠢᠰ ᠢᠶᠠᠨ ᠠᠵᠢᠯ ᠠᠬᠤᠢ ᠳᠤ ᠳᠠᠰᠬᠠᠬᠤ᠂ ᠦᠪᠡᠷ ᠪᠡᠶ᠎ᠡ ᠪᠠᠨ ᠡᠵᠡᠮᠲᠡᠭᠦ᠂ ᠦᠭᠡᠷ᠎ᠡ ᠪᠤᠰᠤᠳ ᠲᠤ ᠬᠠᠨᠳᠤᠬᠤ ᠵᠡᠷᠭᠡ ᠦᠢᠯᠡ ᠭᠦᠲᠡᠯᠦᠯ ᠂ ᠤᠬᠠᠮᠰᠠᠷ ᠰᠡᠳᠭᠢᠯᠭᠡ ᠶᠢᠨ ᠭᠦᠮᠦᠵᠢᠯ ᠢ ᠭᠦᠷᠲᠡᠭᠡᠨ ᠪᠡᠶ᠎ᠡ ᠰᠡᠳᠭᠢᠴᠡ ᠶᠢᠨ ᠭᠦᠭᠵᠢᠯᠲᠡ ᠶᠢ ᠨᠢ ᠵᠦᠪ ᠵᠦᠭ ᠦᠭᠡᠲᠡ ᠴᠢᠭᠯᠡᠭᠦᠯᠭᠦ᠂ ᠦᠢᠯᠡᠳᠪᠦᠷᠢᠯᠡᠯ ᠤᠨ ᠠᠷᠭ᠎ᠠ ᠭᠡᠯᠪᠡᠷᠢ ᠶᠢ ᠮᠡᠲᠡᠭᠦᠯᠦᠨ ᠦᠢᠯᠠᠭᠠᠭᠤᠯᠬᠤ᠂ ᠠᠮᠢᠳᠤᠷᠠᠯ ᠤᠨ ᠨᠠᠷᠢᠨ ᠤᠬᠠᠭᠠᠨ ᠢ ᠵᠢᠭᠠᠬᠤ᠂ ᠦᠢᠯᠡ ᠮᠦᠷ ᠢ ᠨᠢ ᠰᠠᠶᠢᠨ ᠰᠠᠶᠢᠬᠠᠨ ᠭᠡᠪ ᠪᠤᠯᠪᠠᠰᠤᠨ ᠦᠭᠡᠲᠡ ᠭᠦᠲᠡᠯᠦᠨ ᠤᠷᠤᠭᠤᠯᠳᠠᠭ᠃ ᠡᠶᠢᠮᠦᠷᠭᠦᠦ ᠭᠡᠷ ᠤᠨ ᠭᠦᠮᠦᠵᠢᠯ ᠤᠨ ᠶᠠᠪᠤᠴᠠ ᠳᠤ ᠱᠠᠭ᠎ᠠ ᠪᠠᠷ ᠵᠠᠭᠪᠤᠷ ᠪᠤᠯᠭᠠᠨ ᠦᠷ᠎ᠡ ᠭᠡᠤᠭᠡᠳ ᠲᠡᠭᠡᠨ ᠭᠦᠮᠦᠵᠢᠯ ᠭᠦᠷᠲᠡᠭᠡᠭᠦ ᠪᠤᠯᠤᠭᠰᠠᠨ ᠪᠤᠯᠤᠯᠲᠠᠢ᠃ ᠱᠠᠭ᠎ᠠ ᠪᠠᠷ ᠵᠠᠭᠪᠤᠷᠢ ᠪᠤᠯᠭᠠᠨ ᠦᠷ᠎ᠡ ᠭᠡᠤᠭᠡᠳ ᠢᠶᠠᠨ ᠭᠦᠮᠦᠵᠢᠭᠦᠯᠲᠡᠭ ᠭᠡᠷ ᠤᠨ ᠭᠦᠮᠦᠵᠢᠯ ᠨᠢ ᠲᠡᠯᠡᠭᠡᠢ ᠳᠤ ᠲᠤᠩ ᠬᠤᠪᠤᠷᠬᠠᠨ ᠦᠵᠡᠭᠲᠡᠯ ᠪᠠᠶᠢᠵᠤ ᠦᠨᠡᠭᠡᠷ ᠰᠤᠨᠢᠷᠬᠠᠯ ᠲᠠᠢ ᠶᠤᠮ᠃ ᠬᠠᠯᠵᠠ ᠬᠠᠷᠪᠤᠬᠤ᠂ ᠪᠦᠭᠡ ᠪᠠᠷᠢᠯᠳᠤᠭᠤᠯᠬᠤ᠂ ᠮᠡᠷᠭᠡ ᠲᠦᠯᠭᠡ ᠲᠠᠯᠪᠢᠬᠤ᠂ ᠮᠤᠷᠢ ᠤᠷᠤᠯᠳᠤᠬᠤ᠂ ᠲᠡᠮᠡᠭᠡ ᠤᠷᠤᠯᠳᠤᠬᠤ᠂ ᠲᠠᠪᠤᠨ ᠬᠤᠰᠢᠭᠤ ᠮᠠᠯ ᠦᠰᠭᠡᠭᠦ᠂ ᠠᠳᠤᠭᠤ ᠬᠠᠷᠢᠭᠤᠯᠬᠤ᠂ ᠢᠩᠭᠡ ᠪᠤᠳᠤᠭᠤᠯᠠᠭᠤᠯᠬᠤ ᠵᠡᠷᠭᠡ ᠭᠡᠳᠦᠨ ᠵᠠᠭᠤᠨ ᠲᠦᠷᠦᠯ ᠤᠨ ᠱᠠᠭ᠎ᠠ ᠲᠤᠭᠯᠠᠭᠠᠮ ᠨᠢ ᠴᠦᠮ ᠠᠩ ᠠᠩᠨᠠᠯ᠂ ᠮᠠᠯᠵᠢᠯ ᠠᠮᠢᠳᠤᠷᠠᠯ ᠤᠨ ᠦᠢᠯᠡ ᠭᠦᠲᠡᠯᠦᠯ ᠪᠤᠯᠤᠨ ᠮᠠᠯᠴᠢᠨ ᠭᠦᠮᠦᠨ ᠤ ᠤᠷ᠎ᠠ ᠤᠬᠠᠭᠠᠨ ᠵᠡᠷᠭᠡ ᠶᠢ ᠬᠠᠷᠠᠭᠤᠯᠤᠭᠰᠠᠨ ᠢᠶᠠᠷ ᠵᠠᠭᠪᠤᠷᠢᠴᠢᠯᠠᠨ᠂ ᠪᠡᠯᠭᠡ ᠲᠡᠮᠪᠡᠷᠡᠯ᠂ ᠴᠡᠭᠡᠷ ᠬᠤᠷᠢᠭ᠎ᠠ ᠵᠡᠷᠭᠡ ᠤᠯᠠᠨ ᠲᠠᠯ᠎ᠠ ᠶᠢᠨ ᠶᠤᠰᠤ ᠵᠠᠩᠰᠢᠯ ᠪᠤᠯᠤᠨ ᠲᠦᠷᠢᠮ ᠭᠤᠷᠢᠮ ᠢ ᠬᠠᠷᠠᠭᠤᠯᠤᠭᠰᠠᠨ ᠪᠠᠶᠢᠳᠠᠭ᠃ ᠱᠠᠭ᠎ᠠ ᠨᠠᠭᠠᠳᠤᠮ ᠢ ᠨᠠᠭᠠᠳᠬᠤ ᠳᠤ ᠪᠤᠰᠤᠳ ᠢ ᠭᠦᠨᠲᠦᠳᠭᠡᠭᠦ᠂ ᠨᠠᠰᠤᠳᠠᠨ ᠪᠤᠭᠤᠷᠤᠯ ᠢᠶᠠᠨ ᠡᠷᠭᠦᠨ ᠭᠦᠨᠲᠦᠯᠡᠭᠦ᠂ ᠭᠡᠤᠭᠡᠳ ᠲᠡᠭᠦᠦ ᠨᠡᠷ ᠢᠶᠠᠨ ᠬᠠᠶᠢᠷᠠᠯᠠᠬᠤ᠂ ᠬᠠᠷᠢᠯᠴᠠᠨ ᠡᠶ᠎ᠡ ᠨᠠᠶᠢᠷ ᠲᠠᠢ ᠪᠠᠶᠢᠬᠤ᠂ ᠡᠷᠭᠡ ᠲᠡᠭᠰᠢ᠂ ᠲᠦᠪ ᠭᠤᠤᠯᠴᠢ ᠪᠠᠶᠢᠬᠤ ᠶᠢ ᠬᠠᠮᠤᠭ ᠠᠴᠠ ᠡᠷᠭᠢᠮᠯᠡᠨ ᠵᠢᠷᠤᠮᠯᠠᠳᠠᠭ᠃ ᠱᠠᠭ᠎ᠠ ᠨᠠᠭᠠᠳᠬᠤ ᠶᠠᠪᠤᠴᠠ ᠳᠤ ᠲᠤᠮᠤᠴᠤᠤᠯ ᠠᠴᠠ ᠭᠡᠤᠭᠡᠳ ᠪᠠᠭᠠᠴᠤᠳ ᠲᠤ ᠲᠡᠭᠡᠷᠡᠭᠢ ᠤᠯᠠᠨ ᠲᠠᠯ᠎ᠠ ᠶᠢᠨ ᠶᠤᠰᠤ ᠵᠠᠩᠰᠢᠯ ᠪᠤᠯᠤᠨ ᠲᠦᠷᠢᠮ ᠭᠤᠷᠢᠮ ᠢ ᠤᠯᠠᠮᠵᠢᠯᠠᠳᠠᠭ ᠪᠤᠯᠬᠤᠷ ᠭᠡᠤᠭᠡᠳ ᠪᠠᠭᠠᠴᠤᠳ ᠨᠢ ᠨᠠᠭᠠᠳᠤᠮ ᠲᠤᠭᠯᠠᠭᠠᠮ ᠢᠶᠠᠷ ᠳᠠᠮᠵᠢᠨ ᠭᠦᠮᠦᠵᠢᠯ ᠭᠦᠷᠲᠡᠨ ᠤᠬᠠᠭᠠᠷᠠᠵᠤ ᠰᠡᠭᠡᠷᠡᠲᠡᠭ ᠶᠤᠮ᠃ ᠡᠨᠡ ᠪᠣᠯ ᠳᠠᠷᠦᠢ ᠶᠤᠰᠤᠲᠠᠢ ᠮᠤᠩᠭᠤᠯ ᠤᠬᠠᠭᠠᠨ ᠤ ᠰᠤᠳᠤᠨ ᠭᠠᠶᠢᠬᠠᠮᠰᠢᠭ ᠪᠢᠯᠡ᠃      ᠬᠤᠶᠠᠷ᠂ ᠱᠠᠭ᠎ᠠ ᠨᠠᠭᠠᠳᠤᠮ ᠪᠣᠯ ᠦᠷ᠎ᠡ      ᠭᠡᠤᠭᠡᠳ ᠢᠶᠠᠨ ᠰᠤᠷᠭᠠᠨ ᠭᠦᠮᠦᠵᠢᠭᠦᠯᠭᠦ ᠴᠡᠴᠡᠨ ᠤᠬᠠᠭᠠᠨ      ᠱᠠᠭ᠎ᠠ ᠨᠠᠭᠠᠳᠤᠮ ᠪᠣᠯ ᠤᠯᠠᠮᠵᠢᠯᠠᠯᠳᠤ ᠢᠵᠠᠭᠤᠷ ᠰᠤᠶᠤᠯ ᠪᠠᠶᠢᠵᠤ᠂ ᠲᠡᠷᠡ ᠨᠢ ᠲᠡᠤᠭᠡ ᠶᠢᠨ ᠤᠷᠳᠤ ᠤᠷᠤᠰᠬᠠᠯ ᠤᠨ ᠲᠤᠮᠳᠠ ᠦᠷ᠎ᠡ ᠭᠡᠤᠭᠡᠳ ᠢᠶᠠᠨ ᠰᠤᠷᠭᠠᠨ ᠭᠦᠮᠦᠵᠢᠭᠦᠯᠭᠦ ᠴᠡᠴᠡᠨ ᠤᠬᠠᠭᠠᠨ ᠮᠡᠷᠭᠡᠨ ᠠᠷᠭ᠎ᠠ ᠪᠤᠯᠵᠤ ᠪᠦᠷᠢᠯᠲᠦᠭᠰᠡᠨ ᠪᠠᠶᠢᠳᠠᠭ᠃ ᠱᠠᠭ᠎ᠠ ᠨᠠᠭᠠᠳᠤᠮ ᠤᠨ ᠲᠦᠷᠦᠯ ᠵᠦᠢᠯ ᠮᠠᠰᠢ ᠤᠯᠠᠨ ᠪᠠᠶᠢᠵᠤ᠂ ᠨᠠᠭᠠᠳᠬᠤ ᠠᠷᠭ᠎ᠠ ᠮᠡᠷᠭᠡᠵᠢᠯ ᠤᠨ ᠲᠠᠯ᠎ᠠ ᠠᠴᠠ ᠠᠪᠤᠭᠠᠳ ᠦᠵᠡᠭᠰᠡᠨ ᠴᠦ ᠨᠢᠭᠡ ᠲᠦᠷᠦᠯ ᠤᠨ ᠨᠠᠭᠠᠳᠤᠮ ᠢ ᠭᠡᠲᠦ ᠭᠡᠲᠦᠨ ᠵᠦᠢᠯ ᠤᠨ ᠠᠷᠭ᠎ᠠ ᠭᠡᠯᠪᠡᠷᠢ ᠪᠠᠷ ᠨᠠᠭᠠᠳᠴᠤ ᠪᠤᠯᠳᠠᠭ ᠢᠶᠠᠷ ᠦᠯᠦ ᠪᠠᠷᠠᠮ᠂ ᠠᠳᠠᠯᠢ ᠪᠤᠰᠤ ᠭᠠᠵᠠᠷ ᠨᠤᠳᠤᠭ ᠲᠤ ᠠᠳᠠᠯᠢ ᠪᠤᠰᠤ ᠶᠢᠨ ᠠᠷᠭ᠎ᠠ ᠭᠡᠯᠪᠡᠷᠢ ᠪᠠᠷ ᠨᠠᠭᠠᠳᠳᠠᠭ ᠪᠤᠯᠬᠤᠷ ᠨᠤᠳᠤᠭ ᠤᠰᠤᠨ ᠤ ᠤᠨᠴᠠᠯᠢᠭ ᠰᠢᠨᠵᠢ ᠲᠠᠢ ᠪᠠᠶᠢᠳᠠᠭ᠃ ᠱᠠᠭ᠎ᠠ ᠨᠠᠭᠠᠳᠤᠮ ᠤᠨ ᠤᠯᠠᠨ ᠲᠦᠷᠦᠯ ᠵᠢᠴᠢ ᠲᠡᠭᠦᠨ ᠤ ᠤᠨᠴᠠᠯᠢᠭ ᠰᠢᠨᠵᠢ ᠠᠴᠠ ᠪᠤᠯᠵᠤ ᠭᠡᠷ ᠤᠨ ᠰᠤᠷᠭᠠᠯ ᠤᠨ ᠮᠡᠷᠭᠡᠨ ᠠᠷᠭ᠎ᠠ ᠭᠡᠷᠡᠭᠯᠡᠭᠦᠷ ᠪᠤᠯᠤᠭᠰᠠᠨ ᠪᠠᠶᠢᠳᠠᠭ᠃ ᠱᠠᠭ᠎ᠠ ᠨᠠᠭᠠᠳᠤᠮ ᠤᠨ ᠨᠠᠭᠠᠳᠬᠤ ᠠᠷᠭ᠎ᠠ ᠪᠠᠷᠢᠯ ᠨᠢ ᠨᠡᠶᠢᠲᠡᠴᠢ ᠤᠨᠴᠠᠯᠢᠭ ᠲᠠᠢ ᠮᠦᠷᠲᠡᠭᠡᠨ ᠦᠪᠡᠷᠮᠢᠴᠡ ᠤᠨᠴᠠᠯᠢᠭ ᠲᠠᠢ ᠶᠤᠮ᠃ ᠲᠡᠷᠡ ᠨᠢ ᠠᠳᠠᠯᠢ ᠪᠤᠰᠤ ᠨᠠᠰᠤᠨ ᠤ ᠭᠦᠮᠦᠰ ᠤᠨ ᠴᠢᠳᠠᠪᠤᠷᠢ ᠳᠤ ᠲᠤᠭᠢᠷᠠᠬᠤ ᠲᠦᠷᠦᠯ ᠵᠦᠢᠯ ᠪᠦᠷᠢᠨ ᠪᠠᠶᠢᠳᠠᠭ ᠪᠤᠯᠬᠤᠷ ᠭᠡᠨ ᠭᠦᠮᠦᠨ ᠭᠡᠳ ᠪᠦᠷ ᠨᠠᠭᠠᠳᠴᠤ ᠪᠤᠯᠳᠠᠭ᠃ ᠭᠡᠤᠭᠡᠳ ᠪᠠᠭᠠᠴᠤᠳ ᠤᠨ ᠨᠠᠰᠤᠨ ᠤ ᠭᠡᠮᠵᠢᠶ᠎ᠡ ᠪᠤᠯᠤᠨ ᠰᠡᠳᠭᠢᠴᠡ ᠶᠢᠨ ᠤᠨᠴᠠᠯᠢᠭ ᠲᠤ ᠶᠠᠪ ᠴᠠᠪ ᠲᠤᠭᠢᠷᠠᠭᠰᠠᠨ ᠱᠠᠭ᠎ᠠ ᠨᠠᠭᠠᠳᠤᠮ ᠤᠨ ᠲᠦᠷᠦᠯ ᠵᠦᠢᠯ ᠪᠠᠶᠢᠬᠤ ᠪᠤᠯᠬᠤᠷ ᠭᠡᠤᠭᠡᠳ ᠪᠠᠭᠠᠴᠤᠳ ᠢ ᠭᠦᠮᠦᠵᠢᠭᠦᠯᠦᠨ ᠶᠤᠰᠤ ᠵᠠᠩ ᠤᠯᠠᠮᠵᠢᠯᠠᠬᠤ ᠠᠮᠢᠳᠤᠯᠢᠭ ᠠᠷᠭ᠎ᠠ ᠭᠡᠷᠡᠭᠯᠡᠭᠦᠷ ᠪᠤᠯᠵᠤ ᠴᠢᠳᠠᠳᠠᠭ᠃      ᠨᠠᠬᠦᠳᠠᠯᠴᠢᠨ ᠮᠠᠯᠴᠢᠨ ᠲᠦᠮᠠᠨ ᠮᠠᠨᠢ ᠨᠡᠭᠦᠲᠡᠯ ᠮᠠᠯᠵᠢᠯ ᠤᠨ ᠲᠡᠤᠭᠡᠨ ᠶᠠᠪᠤᠴᠠ ᠳᠤ᠂ ᠦᠷ᠎ᠠ ᠭᠡᠤᠭᠡᠳ ᠢᠶᠠᠨ ᠳᠠᠭᠠᠭᠤᠯᠤᠨ ᠡᠲᠦᠷ ᠲᠤᠳᠤᠮ ᠤᠨ ᠠᠵᠢᠯ ᠠᠮᠢᠳᠤᠷᠠᠯ ᠳᠤ ᠤᠷᠤᠯᠴᠠᠭᠤᠯᠬᠤ ᠶᠢᠨ ᠳᠠᠭᠠᠤ ᠳᠤ ᠰᠤᠯᠠ ᠰᠡᠯᠡᠭᠦᠦ ᠴᠠᠭ ᠢᠶᠠᠷ ᠭᠡᠤᠭᠡᠳ ᠲᠠᠢ ᠪᠠᠨ ᠬᠠᠮᠳᠤ ᠱᠠᠭ᠎ᠠ ᠨᠠᠭᠠᠳᠳᠠᠭ ᠪᠤᠯᠬᠤᠷ ᠨᠠᠭᠠᠳᠬᠤ ᠶᠠᠪᠤᠴᠠ ᠳᠠᠭᠠᠨ ᠭᠡᠤᠭᠡᠳ ᠲᠡᠭᠡᠨ ᠶᠤᠰᠤ ᠵᠠᠩᠰᠢᠯ᠂ ᠭᠡᠪ ᠰᠤᠷᠲᠠᠯ᠂ ᠮᠡᠲᠡᠯᠭᠡ ᠤᠬᠠᠭᠠᠨ ᠵᠡᠷᠭᠡ ᠶᠢ ᠤᠯᠠᠮᠵᠢᠯᠠᠨ ᠭᠦᠷᠲᠡᠭᠡᠲᠡᠭ᠃      ︵ᠨᠢᠭᠡ︶ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠶᠤᠰᠤ ᠰᠤᠷᠳᠠᠯ ᠤᠨ ᠭᠦᠮᠦᠵᠢᠯ ᠭᠦᠷᠲᠡᠭᠡᠲᠡᠭ ᠮᠠᠨᠠᠶᠢᠬᠢᠨ ᠲᠡᠤᠭᠡᠨ ᠠᠴᠠ ᠪᠠᠨ ᠶᠤᠰᠤ ᠰᠤᠷᠲᠠᠯ ᠢ ᠲᠡᠷᠢᠭᠦᠨ ᠪᠠᠶᠢᠷᠢᠨ ᠳᠤ ᠲᠠᠯᠪᠢᠵᠤ ᠭᠡᠤᠭᠡᠳ ᠢᠶᠠᠨ ᠪᠠᠭ᠎ᠠ ᠠᠴᠠ ᠨᠢ ᠶᠤᠰᠤ ᠨᠤᠮ ᠲᠠᠢ ᠪᠤᠯᠭᠠᠨ ᠭᠦᠮᠦᠵᠢᠭᠦᠯᠭᠦ ᠶᠢ ᠮᠠᠰᠢ ᠠᠩᠬᠠᠷᠳᠠᠭ᠃ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠶᠤᠰᠤ ᠰᠤᠷᠳᠠᠯ ᠤᠨ ᠭᠦᠮᠦᠵᠢᠯ ᠭᠦᠷᠲᠡᠭᠡᠭᠦ ᠳᠤ ᠠᠮᠢᠳᠤᠯᠢᠭ ᠵᠠᠭᠪᠤᠷ ᠶᠢᠨ ᠠᠷᠭ᠎ᠠ ᠭᠡᠷᠡᠭᠯᠡᠭᠦᠷ ᠪᠤᠯᠤᠭᠰᠠᠨ ᠪᠠᠶᠢᠳᠠᠭ᠃ ᠠᠶᠢᠯ ᠭᠡᠷ ᠤᠨ ᠭᠢᠨᠢ ᠠᠵᠢᠯ ᠠᠬᠤᠢ ᠶᠢᠨ ᠴᠢᠯᠦᠭᠡ ᠵᠠᠪᠰᠠᠷ ᠲᠤ ᠭᠡᠤᠭᠡᠳ ᠰᠢᠤᠬᠠᠳ ᠲᠠᠢ ᠪᠠᠨ ᠱᠠᠭ᠎ᠠ ᠨᠠᠭᠠᠳᠴᠤ ᠭᠦᠷ ᠭᠦᠭᠵᠢᠭᠡᠨ ᠡᠭᠦᠰᠭᠡᠨ ᠪᠡᠶ᠎ᠡ ᠰᠡᠳᠭᠢᠯ ᠤᠨ ᠴᠢᠯᠡᠭᠡ ᠪᠠᠨ ᠳᠠᠶᠢᠯᠬᠤ ᠶᠢᠨ ᠳᠠᠭᠠᠤ ᠳᠤ ᠦᠷ᠎ᠡ ᠭᠡᠤᠭᠡᠳ ᠲᠠᠢ ᠪᠠᠨ ᠵᠤᠭᠤᠭ ᠲᠡᠯᠭᠡᠲᠡᠭ᠃ ᠡᠨᠡᠭᠦ ᠡᠩ ᠤᠨ ᠦᠢᠯᠡ ᠶᠠᠪᠤᠳᠠᠯ ᠤᠨ ᠲᠤᠮᠳᠠ ᠠᠴᠠ ᠭᠡᠤᠭᠡᠳ ᠪᠠᠭᠠᠴᠤᠳ ᠨᠢ ᠤᠯᠠᠨ ᠲᠠᠯ᠎ᠠ ᠶᠢᠨ ᠶᠤᠰᠤ ᠰᠤᠷᠳᠠᠯ ᠤᠨ ᠭᠦᠮᠦᠵᠢᠯ ᠢ ᠭᠦᠷᠲᠡᠵᠦ ᠤᠬᠠᠭᠠᠷᠠᠵᠤ ᠰᠡᠭᠡᠷᠡᠨ ᠤᠯᠠᠮ ᠢᠶᠠᠷ ᠲᠤᠮᠤᠭᠤᠵᠢᠳᠠᠭ ᠶᠤᠮ ᠃ ᠱᠠᠭ᠎ᠠ ᠨᠠᠭᠠᠳᠤᠮ ᠨᠢ ᠲᠤᠭᠳᠠᠭᠰᠠᠨ ᠶᠤᠰᠤ ᠲᠦᠷᠢᠮ ᠪᠤᠯᠤᠨ ᠴᠢᠩᠭ᠎ᠠ ᠵᠢᠷᠤᠮ ᠭᠤᠷᠢᠮ ᠲᠠᠢ᠂ ᠡᠮᠭᠢ ᠲᠢᠭᠯᠡᠮ ᠪᠤᠯᠤᠨ ᠡᠭᠢᠯᠡᠯᠲᠡ ᠲᠡᠭᠦᠰᠭᠡᠯᠲᠡ ᠲᠠᠢ ᠪᠠᠶᠢᠵᠤ᠂ ᠨᠠᠭᠠᠳᠤᠮ ᠤᠨ ᠶᠡᠷᠦᠩᠭᠡᠢ ᠶᠤᠰᠤ ᠲᠦᠷᠢᠮ ᠲᠠᠢ ᠪᠠᠶᠢᠳᠠᠭ ᠢᠶᠠᠷ ᠦᠯᠦ ᠪᠠᠷᠠᠮ᠂ ᠪᠠᠰᠠ ᠨᠠᠭᠠᠳᠤᠮ ᠤᠨ ᠲᠦᠷᠦᠯ ᠨᠢᠭᠡᠪᠦᠷᠢ ᠳᠤ ᠴᠦ ᠲᠤᠭᠳᠠᠭᠰᠠᠨ ᠨᠠᠷᠢᠨ ᠲᠦᠷᠢᠮ ᠭᠤᠷᠢᠮ ᠲᠠᠢ ᠪᠠᠶᠢᠳᠠᠭ᠃ ᠡᠶᠢᠮᠦ ᠪᠤᠯᠬᠤᠷ ᠱᠠᠭ᠎ᠠ ᠨᠠᠭᠠᠳᠤᠮ ᠤᠨ ᠶᠠᠪᠤᠴᠠ ᠳᠤ ᠨᠠᠰᠤᠳᠠᠨ ᠪᠤᠭᠤᠷᠤᠯ᠂ ᠢᠲᠡᠷ ᠵᠠᠯᠠᠭᠤ ᠪᠤᠯᠤᠨ ᠭᠡᠤᠭᠡᠳ ᠪᠠᠭᠠᠴᠤᠳ ᠪᠦᠭᠦᠨ ᠢᠶᠠᠷ ᠢᠶᠠᠨ ᠴᠦᠮ ᠶᠤᠰᠤ ᠲᠦᠷᠢᠮ ᠪᠤᠯᠤᠨ ᠲᠤᠭᠳᠠᠭᠠᠯ ᠵᠢᠷᠤᠮ ᠢ ᠴᠢᠩᠭ᠎ᠠ ᠵᠢᠷᠤᠮᠯᠠᠵᠤ ᠭᠡᠨ ᠴᠦ ᠭᠡᠳ ᠵᠦᠷᠢᠴᠡᠵᠦ ᠪᠤᠯᠳᠠᠭ ᠦᠭᠡᠢ᠃ ᠨᠠᠭᠠᠳᠤᠮ ᠤᠨ ᠪᠦᠭᠦ᠋ᠢᠯᠡ ᠶᠠᠪᠤᠴᠠ ᠳᠤ ᠭᠦᠮᠦᠨ ᠪᠦᠭᠦᠨ ᠡᠷᠭᠡ ᠲᠡᠭᠰᠢ ᠪᠠᠶᠢᠵᠤ ᠬᠠᠷᠢᠯᠴᠠᠨ ᠭᠢᠨᠠᠯᠳᠠ ᠲᠠᠯᠪᠢᠵᠤ ᠲᠦᠪ ᠭᠤᠤᠯᠴᠢ ᠶᠢ ᠡᠷᠭᠢᠮᠯᠡᠲᠡᠭ᠃ ᠡᠷᠭᠡ ᠲᠡᠭᠰᠢ ᠪᠤᠯᠤᠨ ᠲᠦᠪ ᠭᠤᠤᠯᠴᠢ ᠶᠢ ᠡᠷᠭᠢᠮᠯᠡᠭᠦ ᠪᠣᠯ ᠱᠠᠭ᠎ᠠ ᠨᠠᠭᠠᠳᠤᠮ ᠤᠨ ᠬᠠᠮᠤᠭ ᠦᠨᠲᠦᠰᠦᠨ ᠵᠠᠷᠴᠢᠮ ᠮᠥᠨ᠃ ᠱᠠᠭ᠎ᠠ ᠨᠠᠭᠠᠳᠤᠮ ᠳᠤ ᠤᠷᠤᠯᠴᠠᠭᠰᠠᠨ ᠪᠦᠭᠦᠨ ᠡᠷᠭᠡᠪᠰᠢ ᠡᠨᠡᠭᠦ ᠵᠠᠷᠴᠢᠮ ᠢ ᠴᠢᠩᠭ᠎ᠠ ᠪᠠᠷᠢᠮᠳᠠᠯᠠᠨ ᠶᠤᠰᠤ ᠭᠤᠷᠢᠮ ᠢ ᠵᠢᠷᠤᠮᠯᠠᠨ ᠰᠠᠭᠢᠬᠤ ᠭᠡᠷᠡᠭᠲᠡᠢ᠃ ᠱᠠᠭ᠎ᠠ ᠨᠠᠭᠠᠳᠤᠮ ᠨᠢ ᠡᠪ ᠨᠠᠶᠢᠷ ᠲᠠᠢ᠂ ᠭᠦᠷ ᠭᠦᠭᠵᠢᠶᠡᠨ ᠲᠠᠢ᠂ ᠶᠤᠰᠤᠷᠬᠠᠭ ᠪᠤᠯᠪᠠᠰᠤᠨ ᠤ ᠲᠤᠮᠳᠠ ᠶᠠᠪᠤᠭᠳᠠᠳᠠᠭ ᠲᠤᠯᠠ ᠶᠤᠰᠤ ᠪᠤᠰᠤ ᠪᠠᠷ ᠠᠭᠠᠰᠢᠯᠠᠬᠤ᠂ ᠭᠡᠷᠡᠭᠦᠯ ᠮᠠᠷᠭᠤᠭᠠᠨ ᠡᠭᠦᠰᠭᠡᠭᠦ᠂ ᠠᠭᠤᠷᠯᠠᠵᠤ ᠤᠴᠠᠭᠠᠷᠯᠠᠬᠤ ᠂ ᠬᠠᠭᠤᠷᠴᠤ ᠮᠡᠭᠡᠯᠡᠭᠦ ᠵᠡᠷᠭᠡ ᠡᠯᠲᠡᠪ ᠡᠰᠡ ᠶᠢᠨ ᠵᠠᠩ ᠭᠠᠷᠭᠠᠬᠤ ᠶᠢ ᠤᠭᠳᠤ ᠵᠦᠪᠰᠢᠶᠡᠷᠡᠲᠡᠭ ᠦᠭᠡᠢ᠃      ᠶᠡᠷᠦᠲᠡᠭᠡᠨ ᠱᠠᠭ᠎ᠠ ᠨᠠᠭᠠᠳᠬᠤ ᠳᠤ᠂ ᠬᠠᠮᠤᠭ ᠲᠡᠷᠢᠭᠦᠨ ᠳᠤ᠂ ᠨᠠᠰᠤ ᠵᠢᠯ ᠢᠶᠠᠷ ᠦᠨᠲᠦᠷ ᠠᠬᠠᠮᠠᠳ ᠲᠤᠮᠤᠭᠤᠳᠠᠨ ᠠᠴᠠ ᠨᠠᠭᠠᠳᠤᠮ ᠤᠨ ᠶᠤᠰᠤ ᠲᠦᠷᠢᠮ ᠢ ᠶᠠᠷᠢᠵᠤ ᠲᠤᠳᠤᠷᠬᠠᠶᠢᠯᠠᠵᠤ ᠡᠭᠢᠯᠡᠯᠲᠡ ᠳᠠᠷᠠᠭᠠᠮᠵᠢ ᠶᠢ ᠲᠤᠭᠲᠠᠭᠠᠨ᠂ ᠳᠠᠷᠠᠭ᠎ᠠ ᠪᠠᠷ ᠨᠢ ᠰᠠᠶ᠋ᠢ ᠨᠠᠭᠠᠳᠤᠮ ᠡᠭᠢᠯᠡᠲᠡᠭ᠃ ᠡᠶᠢᠮᠦ ᠠᠴᠠ᠂ ᠱᠠᠭ᠎ᠠ ᠨᠠᠭᠠᠳᠤᠮ ᠳᠤ ᠭᠡᠨ ᠶᠠᠮᠠᠷ ᠭᠦᠮᠦᠨ ᠤᠷᠤᠯᠴᠠᠭᠰᠠᠨ ᠴᠦ ᠬᠠᠮᠢᠶ᠎ᠠ ᠦᠭᠡᠢ ᠪᠦᠭᠦᠲᠡᠭᠡᠷ ᠢᠶᠠᠨ ᠡᠷᠭᠡ ᠲᠡᠭᠰᠢ ᠲᠦᠪ ᠭᠤᠤᠯᠴᠢ ᠵᠡᠷᠴᠢᠮ ᠤᠨ ᠭᠦᠷᠢᠶ᠎ᠡ ᠭᠢᠵᠠᠭᠠᠷ ᠲᠤᠳᠤᠷ᠎ᠠ ᠦᠪᠡᠷ ᠦᠪᠡᠷ ᠤᠨ ᠤᠬᠠᠭᠠᠨ ᠰᠠᠨᠠᠭᠠᠨ ᠳᠠᠭᠠᠨ ᠲᠦᠰᠢᠭᠯᠡᠨ ᠤᠷ᠎ᠠ ᠮᠡᠷᠭᠡᠵᠢᠯ ᠢᠶᠠᠨ ᠭᠠᠷᠭᠠᠨ ᠭᠢᠷᠢ ᠪᠦᠲᠦᠮᠵᠢ ᠪᠠᠨ ᠤᠯᠳᠠᠭ᠃ ᠡᠨᠡ ᠲᠤᠮᠳᠠ ᠠᠬᠤᠢ ᠠᠮᠢᠳᠤᠷᠠᠯ ᠳᠠᠬᠢ ᠠᠶᠢᠯ ᠡᠷᠦᠭᠡ ᠶᠢᠨ ᠪᠠᠶᠢᠷᠢ ᠰᠠᠭᠤᠷᠢ᠂ ᠡᠷᠭᠡ ᠲᠤᠰᠢᠶᠠᠯ᠂ ᠪᠠᠶᠠᠨ ᠶᠠᠳᠠᠭᠤ ᠪᠤᠯᠤᠨ ᠬᠤᠪᠢ ᠭᠦᠮᠦᠨ ᠤ ᠵᠠᠩ ᠳᠠᠳᠬᠠᠯ ᠲᠡᠷᠡ ᠪᠦᠭᠦᠨ ᠢᠶᠠᠷ ᠢᠶᠠᠨ ᠭᠦᠴᠦᠨ ᠦᠭᠡᠢ ᠪᠤᠯᠳᠠᠭ᠃ ᠱᠠᠭ᠎ᠠ ᠨᠠᠭᠠᠳᠤᠮ ᠤᠨ ᠬᠠᠳᠠᠭᠤ ᠴᠢᠩᠭ᠎ᠠ ᠵᠠᠷᠴᠢᠮ ᠭᠢᠭᠡᠳ ᠶᠤᠰᠤ ᠲᠦᠷᠢᠮ ᠨᠢ ᠭᠡᠤᠭᠡᠳ ᠪᠠᠭᠠᠴᠤᠳ ᠲᠤ ᠨᠡᠶᠢᠭᠡᠮ ᠢ ᠦᠢᠯᠠᠭᠠᠭᠤᠯᠬᠤ᠂ ᠭᠦᠮᠦᠨ ᠭᠦᠮᠦᠨ ᠤ ᠬᠤᠭᠤᠷᠤᠨᠳᠤᠭᠢ ᠬᠠᠷᠢᠴᠠᠭ᠎ᠠ ᠶᠢ ᠮᠡᠲᠡᠭᠦᠯᠭᠦ᠂ ᠨᠡᠶᠢᠲᠡ ᠶᠢᠨ ᠲᠦᠷᠢᠮ ᠤᠯᠠᠨ ᠤ ᠲᠤᠭᠳᠠᠭᠠᠯ ᠢ ᠵᠢᠷᠤᠮᠯᠠᠬᠤ᠂ ᠪᠤᠰᠤᠳ ᠢ ᠭᠦᠨᠲᠦᠳᠭᠡᠭᠦ᠂ ᠪᠡᠶ᠎ᠡ ᠪᠠᠨ ᠳᠠᠭᠠᠭᠠᠬᠤ ᠴᠢᠳᠠᠪᠤᠷᠢ ᠶᠢ ᠪᠤᠢ ᠪᠤᠯᠭᠠᠬᠤ᠂ ᠨᠦᠭᠦᠷᠯᠡᠯ ᠪᠤᠯᠤᠨ ᠦᠷᠢᠰᠦᠯᠲᠦᠭᠦ ᠵᠤᠷᠢᠭ ᠰᠠᠨᠠᠭ᠎ᠠ ᠶᠢ ᠪᠠᠳᠠᠷᠠᠭᠤᠯᠬᠤ ᠵᠡᠷᠭᠡ ᠮᠠᠰᠢ ᠤᠯᠠᠨ ᠲᠠᠯ᠎ᠠ ᠪᠠᠷ ᠶᠤᠰᠤ ᠰᠤᠷᠲᠠᠯ ᠤᠨ ᠭᠦᠮᠦᠵᠢᠯ ᠭᠦᠷᠲᠡᠭᠡᠲᠡᠭ᠃ ᠱᠠᠭ᠎ᠠ ᠨᠠᠭᠠᠳᠤᠮ ᠤᠨ ᠠᠯᠢ ᠨᠢᠭᠡᠨ ᠲᠦᠷᠦᠯ ᠨᠢ ᠴᠦ ᠭᠡᠳ ᠴᠦᠮ ᠨᠠᠷᠠ ᠵᠦᠪ ᠡᠷᠭᠢᠭᠦ ᠲᠦᠭᠡᠮᠡᠯ ᠵᠠᠷᠴᠢᠮ ᠶᠤᠰᠤ ᠲᠠᠢ ᠪᠠᠶᠢᠳᠠᠭ᠃ ᠭᠡᠭᠦ ᠳᠤ ︽ᠨᠠᠷᠠ ᠵᠦᠪ᠂ ᠨᠠᠭᠠᠳᠤᠮ ᠪᠤᠷᠤᠭᠤ︾ ᠭᠡᠲᠡᠭ ᠢᠶᠠᠷ ᠱᠠᠭ᠎ᠠ ᠨᠠᠭᠠᠳᠬᠤ ᠳᠤ ᠭᠦᠷᠪᠠᠯ ᠬᠠᠷᠢᠨ ᠵᠠᠷᠴᠢᠮ ᠤᠨ ᠴᠢᠨᠠᠷ ᠲᠠᠢ ᠠᠯᠳᠠᠭ᠎ᠠ ᠪᠤᠷᠤᠭᠤ ᠭᠠᠷᠭᠠᠬᠤ ᠳᠤ ᠭᠦᠷᠦᠨ᠎ᠡ᠃ ᠱᠠᠭ᠎ᠠ ᠨᠠᠭᠠᠳᠤᠮ ᠤᠨ ᠨᠠᠷᠠ ᠵᠦᠪ ᠡᠷᠭᠢᠯᠲᠡ ᠶᠢᠨ ᠵᠠᠷᠴᠢᠮ ᠠᠴᠠ ᠦᠵᠡᠭᠦ ᠳᠤ᠂ ᠲᠡᠷᠡ ᠨᠢ ᠵᠦᠪᠭᠡᠨ ᠨᠠᠭᠠᠳᠤᠮ ᠪᠢᠰᠢ ᠬᠠᠷᠢᠨ ᠵᠦᠪ ᠡᠨᠧᠷᠭᠢ ᠬᠠᠩᠭᠠᠳᠠᠭ ᠭᠦᠮᠦᠵᠢᠯ ᠰᠤᠷᠭᠠᠯ ᠪᠤᠯᠬᠤ ᠨᠢ ᠮᠠᠰᠢ ᠲᠤᠳᠤᠷᠬᠠᠢ ᠪᠠᠶᠢᠭ᠎ᠠ᠃ ᠱᠠᠭ᠎ᠠ ᠨᠠᠭᠠᠳᠬᠤ ᠳᠤ ᠤᠯᠠᠩᠭᠢ ᠳᠠᠭᠠᠨ ᠨᠠᠰᠤ ᠪᠠᠭ᠎ᠠ ᠭᠦᠮᠦᠨ ᠠᠴᠠ ᠡᠭᠢᠯᠡᠭᠦ᠂ ᠤᠨ ᠵᠢᠯ ᠲᠠᠢ ᠢᠪᠡᠭᠡᠯ ᠭᠦᠮᠦᠨ ᠠᠴᠠ ᠡᠭᠢᠯᠡᠭᠦ ᠵᠤᠷᠰᠢᠯ ᠲᠠᠢ᠃ ᠨᠠᠰᠤ ᠪᠠᠭ᠎ᠠ ᠭᠦᠮᠦᠨ ᠠᠴᠠ ᠡᠭᠢᠯᠡᠲᠡᠭ ᠨᠢ ᠭᠡᠤᠭᠡᠳ ᠪᠠᠭᠠᠴᠤᠳ ᠢᠶᠠᠨ ᠬᠠᠶᠢᠷᠠᠯᠠᠬᠤ᠂ ᠤᠷᠮᠠᠰᠢᠭᠤᠯᠤᠨ ᠵᠤᠷᠢᠭᠵᠢᠭᠤᠯᠬᠤ ᠤᠳᠬ᠎ᠠ ᠰᠠᠨᠠᠭ᠎ᠠ ᠲᠠᠢ ᠪᠠᠶᠢᠵᠤ᠂ ᠤᠨ ᠵᠢᠯ ᠲᠠᠢ ᠢᠪᠡᠭᠡᠯ ᠭᠦᠮᠦᠨ ᠠᠴᠠ ᠡᠭᠢᠯᠡᠲᠡᠭ ᠨᠢ ᠵᠦᠩᠨᠡᠯ ᠪᠡᠯᠭᠡᠲᠡᠯ ᠤᠨ ᠤᠳᠬ᠎ᠠ ᠰᠠᠨᠠᠭ᠎ᠠ ᠶᠢ ᠬᠠᠷᠠᠭᠤᠯᠵᠤ ᠪᠠᠶᠢᠳᠠᠭ᠃ ᠵᠠᠷᠢᠮ ᠦᠶ᠎ᠡ ᠳᠤ ᠦᠨᠲᠦᠷ ᠨᠠᠰᠤᠲᠠᠢ ︵70 ᠨᠠᠰᠤᠨ ᠠᠴᠠ ᠲᠡᠭᠡᠭᠰᠢ︶ ᠪᠤᠭᠤᠷᠤᠯᠴᠤᠳ ᠪᠤᠶᠤ ᠭᠦᠨᠲᠦᠲᠦ ᠵᠤᠴᠢᠨ ᠢᠶᠠᠷ ᠢᠶᠠᠨ ᠡᠭᠢᠯᠡᠭᠦᠯᠲᠡᠭ ᠵᠠᠩᠰᠢᠯ ᠪᠠᠶᠢᠳᠠᠭ᠃ ᠡᠨᠡ ᠨᠢ ᠦᠭᠡᠷ᠎ᠡ ᠪᠤᠰᠤᠳ ᠢ ᠭᠦᠨᠳᠤᠳᠭᠡᠵᠦ ᠪᠠᠶᠢᠭ᠎ᠠ ᠪᠤᠯᠬᠤᠷ ᠬᠠᠷᠢᠯᠴᠠᠨ ᠨᠢᠭᠡ ᠨᠢᠭᠡ ᠪᠠᠨ ᠤᠷᠢᠵᠤ ᠶᠠᠩᠨᠠᠷᠠᠯᠴᠠᠵᠤ ᠶᠡᠭᠡ ᠯᠡ ᠰᠦᠢᠳ ᠪᠤᠯᠳᠠᠭ ᠪᠢᠯᠡ᠃      ︵ᠬᠤᠶᠠᠷ︶ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠤᠶᠤᠨ ᠮᠡᠲᠡᠯᠭᠡ ᠶᠢᠨ ᠭᠦᠮᠦᠵᠢᠯ ᠭᠦᠷᠲᠡᠭᠡᠲᠡᠭ      ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠤᠨ ᠤᠢ ᠪᠢᠯᠢᠭ ᠢ ᠨᠡᠭᠡᠭᠡᠭᠲᠡᠭᠦᠯᠭᠦ᠂ ᠰᠡᠷᠡᠯ ᠤᠬᠠᠭᠠᠨ ᠢ ᠭᠦᠭᠵᠢᠭᠦᠯᠭᠦ᠂ ᠰᠡᠳᠭᠢᠭᠦ ᠴᠢᠳᠠᠪᠤᠷᠢ ᠶᠢ ᠲᠡᠭᠡᠭᠰᠢᠯᠡᠭᠦᠯᠭᠦ᠂ ᠤᠶᠤᠨ ᠮᠡᠲᠡᠯᠭᠡ ᠶᠢ ᠨᠡᠮᠡᠭᠲᠡᠭᠦᠯᠭᠦ ᠵᠡᠷᠭᠡ ᠲᠠᠯ᠎ᠠ ᠪᠠᠷ ᠤᠷᠠᠨ ᠠᠷᠭ᠎ᠠ ᠠᠪᠴᠠᠯ ᠢᠶᠠᠷ ᠭᠦᠲᠦᠯᠵᠤ ᠪᠠᠶᠢᠳᠠᠭ᠃ ᠲᠦᠷᠪᠡᠨ ᠪᠡᠷᠭᠡ ᠤᠷᠭᠢᠬᠤ᠂ ᠮᠤᠷᠢ ᠤᠷᠤᠯᠳᠤᠬᠤ᠂ ᠲᠡᠮᠡᠭᠡ ᠤᠷᠤᠯᠳᠤᠬᠤ᠂ ᠲᠠᠪᠤᠨ ᠬᠤᠰᠢᠭᠤ ᠮᠠᠯ ᠦᠷᠦᠭᠦ᠂ ᠠᠯᠳᠠᠨ ᠮᠡᠯᠡᠭᠡᠢ ᠦᠷᠦᠭᠦ ᠵᠡᠷᠭᠡ ᠠᠯᠢ ᠤᠯᠠᠨ ᠱᠠᠭ᠎ᠠ ᠨᠠᠭᠠᠳᠤᠮ ᠤᠨ ᠲᠦᠷᠦᠯ ᠨᠢ ᠴᠦᠮ ᠭᠡᠤᠭᠡᠳ ᠪᠠᠭᠠᠴᠤᠳ ᠤᠨ ᠤᠶᠤᠨ ᠳᠠᠷᠢᠭᠢ ᠶᠢ ᠨᠡᠭᠡᠭᠡᠨ ᠭᠦᠭᠵᠢᠭᠦᠯᠵᠦ᠂ ᠰᠡᠩᠭᠡᠭᠦᠷᠡᠯ ᠤᠨ ᠭᠦᠴᠦᠨ ᠤᠯᠭᠤᠵᠤ᠂ ᠪᠢᠯᠢᠭ ᠤᠬᠠᠭᠠᠨ ᠢ ᠬᠤᠷᠴᠠᠳᠬᠠᠵᠤ᠂ ᠤᠷ᠎ᠠ ᠴᠢᠳᠠᠪᠤᠷᠢ ᠶᠢ ᠨᠢ ᠰᠤᠷᠢᠳᠠᠭ ᠪᠤᠯᠬᠤᠷ ᠠᠯᠢ ᠡᠷᠲᠡ ᠠᠴᠠ ᠪᠠᠨ ᠮᠤᠩᠭᠤᠯᠴᠤᠳ ᠤᠨ ᠤᠯᠠᠮᠵᠢᠯᠠᠯᠳᠤ ᠭᠡᠷ ᠤᠨ ᠭᠦᠮᠦᠵᠢᠯ ᠳᠠᠬᠢ ᠦᠷ᠎ᠡ ᠭᠡᠤᠭᠡᠳ ᠲᠤ ᠤᠶᠤᠨ ᠮᠡᠲᠡᠯᠭᠡ ᠤᠯᠠᠮᠵᠢᠯᠠᠬᠤ ᠴᠢᠬᠤᠯᠠ ᠠᠷᠭ᠎ᠠ ᠳᠠᠮ ᠪᠤᠯᠤᠭᠰᠠᠨ ᠪᠠᠶᠢᠳᠠᠭ᠃ ᠱᠠᠭ᠎ᠠ ᠨᠠᠭᠠᠳᠤᠮ ᠡᠭᠢᠯᠡᠭᠦ ᠳᠤ ᠠᠬᠠᠮᠠᠳ ᠲᠤᠮᠤᠭᠤᠳᠠᠨ ᠠᠴᠠ᠄   ᠵᠧ︕   ᠤᠸ᠋ᠮ ᠰᠠᠶᠢᠨ ᠠᠮᠤᠭᠤᠯᠠᠩ ᠪᠤᠯᠳᠤᠭᠠᠢ   ᠡᠩᠭᠡ ᠰᠠᠶᠢᠬᠠᠨ ᠵᠢᠷᠭᠠᠯᠠᠩ ᠪᠤᠯᠳᠤᠭᠠᠢ   ᠮᠠᠨᠤ ᠱᠢᠷᠤ ᠬᠤᠪᠤᠷ ᠡᠷᠲᠡᠨᠢ   ᠮᠠᠯ ᠰᠦᠷᠦᠭ ᠮᠢᠬᠠᠨ ᠡᠷᠲᠡᠨᠢ   ᠮᠢᠬᠠᠨ ᠤ ᠳᠤᠳᠤᠷ᠎ᠠ ᠶᠠᠰᠤᠨ ᠡᠷᠲᠡᠨᠢ   ᠶᠠᠰᠤᠨ ᠳᠤᠳᠤᠷ᠎ᠠ ᠱᠠᠭ᠎ᠠ ᠡᠷᠲᠡᠨᠢ ᠁ ᠭᠡᠮᠡᠨ ᠢᠷᠦᠭᠡᠯ ᠬᠠᠶᠢᠷᠠᠯᠠᠳᠠᠭ ᠳᠠᠳᠬᠠᠯ ᠲᠠᠢ᠃ ᠱᠠᠭ᠎ᠠ ᠶᠢᠨ ᠢᠷᠦᠭᠡᠯ ᠮᠠᠭᠳᠠᠭᠠᠯ ᠨᠢ ᠮᠠᠯᠴᠢᠨ ᠤᠭᠰᠠᠭᠠᠳᠠᠨ ᠤ ᠰᠠᠶᠢᠨ ᠰᠠᠶᠢᠬᠠᠨ ᠤ ᠭᠦᠰᠡᠯ ᠵᠦᠩᠨᠡᠯ᠂ ᠠᠵᠠ ᠵᠢᠷᠭᠠᠯ ᠤᠨ ᠪᠡᠯᠭᠡᠲᠡᠯ᠂ ᠠᠵᠢᠯ ᠦᠢᠯᠡᠰ ᠤᠨ ᠪᠦᠲᠦᠮᠵᠢ᠂ ᠦᠨᠡᠨᠴᠢ ᠴᠠᠭᠠᠪᠤᠷᠢ ᠰᠡᠳᠭᠢᠯᠭᠡ ᠵᠡᠷᠭᠡ ᠶᠢ ᠢᠯᠡᠳᠭᠡᠨ ᠬᠠᠷᠠᠭᠤᠯᠵᠤ ᠪᠠᠶᠢᠳᠠᠭ᠃ ᠡᠨᠡ ᠨᠢ ᠱᠠᠭ᠎ᠠ ᠨᠠᠭᠠᠳᠤᠮᠴᠢᠳ ᠲᠤ ᠪᠠᠶᠠᠷ ᠪᠠᠭ᠋ᠠᠳᠤᠯ᠂ ᠭᠦᠷ ᠨᠠᠷᠭᠢᠶᠠᠨ᠂ ᠢᠲᠡᠭᠡᠯ ᠪᠢᠰᠢᠷᠡᠯ ᠤᠨ ᠠᠤᠭ᠎ᠠ ᠭᠦᠴᠦᠨ ᠢ ᠠᠪᠴᠢᠷᠠᠳᠠᠭ ᠪᠠᠶᠢᠨ᠎ᠠ᠃ ᠵᠡᠭᠦᠨᠭᠠᠷ ᠪᠤᠶᠠᠨᠪᠠᠳᠤ ᠶᠢᠨ ᠵᠤᠭᠢᠶᠠᠭᠰᠠᠨ ︽ᠠᠯᠠᠭ ᠱᠠᠭᠠᠢ ᠶᠢᠨ ᠮᠠᠭᠳᠠᠭᠠᠯ︾᠎ ᠳᠤ᠄   ︽ᠲᠦᠷᠪᠡᠡ ᠮᠡᠷᠭᠡᠡ ᠱᠠᠭᠠᠢ ᠳᠠᠭᠠᠨ   ᠲᠡᠯᠡᠬᠡᠢ ᠶᠢᠨ ᠵᠠᠶᠠᠭ᠎ᠠ ᠶᠢ ᠰᠢᠪᠰᠢᠭᠰᠡᠠ   ᠲᠡᠩᠳᠡᠭᠦᠦ ᠬᠦᠭᠡᠷᠦᠬᠦᠨ ᠨᠠᠭᠠᠳᠤᠭᠠᠢ ᠳᠠᠭᠠᠨ   ᠲᠡᠭᠡᠳᠦᠰ ᠤᠨ ᠰᠤᠷᠭᠠᠯ ᠢ ᠪᠠᠭᠳᠠᠭᠠᠭᠰᠠᠠ ᠁   ᠱᠠᠭᠠᠢ ᠪᠤᠳᠠᠷᠠᠭᠠᠵᠦ ᠪᠤᠯᠬᠤ ᠦᠭᠡᠢ ᠰᠢᠦ   ᠮᠠᠯ ᠤᠨ ᠵᠠᠶᠠᠭ᠎ᠠ ᠵᠠᠶᠢᠯᠠᠳᠠᠭ ᠶᠤᠮ   ᠱᠠᠭᠠᠢ ᠭᠡᠭᠡᠵᠦ ᠪᠤᠯᠬᠤ ᠦᠭᠡᠢ ᠰᠢᠦ   ᠡᠵᠡᠡ ᠢᠶᠠᠨ ᠦᠭᠡᠶᠢᠯᠡᠵᠦ ᠭᠤᠮᠤᠳᠠᠳᠠᠭ ᠶᠤᠮ ᠁   ᠬᠦᠨᠳᠦᠳᠦ ᠮᠤᠩᠭᠤᠯ ᠤᠨ ᠲᠤᠭᠯᠠᠭᠠᠮ ᠢᠶᠠᠨ   ᠬᠦᠮᠦᠨ ᠪᠦᠬᠦᠨ ᠲᠡᠭᠡᠳᠦᠯᠡᠶ᠎ᠡ   ᠬᠦᠴᠦᠷᠬᠡᠭ ᠲᠡᠭᠡᠳᠦᠰ ᠤᠨ ᠰᠣᠶᠣᠯ ᠢᠶᠠᠨ   ᠬᠦᠭᠵᠢᠯ ᠤᠨ ᠮᠠᠩᠯᠠᠢ ᠳᠤ ᠠᠯᠳᠠᠷᠰᠢᠭᠤᠯᠤᠶ᠎ᠠ ᠁︾ — ᠭᠡᠮᠡᠨ ᠱᠠᠭ᠎ᠠ ᠨᠠᠭᠠᠳᠤᠮ ᠤᠨ ᠪᠡᠯᠭᠡ ᠲᠡᠮᠪᠡᠷᠢᠯ ᠪᠤᠯᠤᠨ ᠴᠡᠭᠡᠷ ᠬᠤᠷᠢᠭ᠎ᠠ ᠵᠡᠷᠭᠡ ᠲᠠᠯ᠎ᠠ ᠶᠢᠨ ᠶᠤᠰᠤ ᠵᠠᠩᠰᠢᠯ ᠢ ᠤᠷᠠᠨ ᠢᠶᠠᠷ ᠢᠯᠡᠳᠭᠡᠭᠰᠡᠨ ᠪᠠᠶᠢᠳᠠᠭ᠃ ᠮᠤᠷᠢ ᠤᠷᠤᠯᠳᠤᠬᠤ ᠱᠠᠭ᠎ᠠ ᠨᠠᠭᠠᠳᠤᠮ ᠨᠢ ᠮᠠᠯᠵᠢᠯ ᠠᠮᠢᠳᠤᠷᠠᠯ ᠤᠨ ᠬᠠᠮᠤᠭ ᠤᠨ ᠲᠦᠭᠡᠮᠡᠯ ᠦᠵᠡᠭᠲᠡᠯ ᠢ ᠲᠤᠰᠬᠠᠳᠠᠭ ᠮᠦᠷᠲᠡᠭᠡᠨ ᠦᠢᠯᠠᠭᠠᠬᠤ ᠳᠤ ᠲᠦᠭᠦᠮ ᠠᠪᠰᠠᠷᠬᠠᠨ ᠪᠠᠶᠢᠳᠠᠭ ᠲᠤᠯᠠ ᠨᠠᠰᠤᠳᠠᠨ ᠪᠤᠭᠤᠷᠤᠯ ᠪᠤᠯᠤᠨ ᠨᠠᠰᠤ ᠪᠠᠭ᠎ᠠ ᠭᠡᠤᠭᠡᠳ ᠤᠨ ᠠᠯᠢ ᠨᠢ ᠴᠦ ᠨᠠᠭᠠᠳᠴᠤ ᠴᠢᠳᠠᠳᠠᠭ᠃ ᠲᠤᠰ ᠨᠠᠭᠠᠳᠤᠮ ᠢ ᠨᠠᠭᠠᠳᠬᠤ ᠪᠠᠷ ᠳᠠᠮᠵᠢᠨ ᠭᠡᠤᠭᠡᠳ ᠪᠠᠭᠠᠴᠤᠳ ᠲᠤᠩ ᠤᠯᠠᠨ ᠮᠡᠲᠡᠯᠭᠡ ᠡᠵᠡᠮᠰᠢᠲᠡᠭ᠃ ᠳᠠᠷᠦᠢ 7 ᠪᠤᠶᠤ 7᠎ ᠶᠢᠨ ᠳᠠᠭᠢᠨ ᠲᠤᠭ᠎ᠠ ᠪᠠᠷ ᠱᠠᠭ᠎ᠠ ᠶᠢ ᠮᠤᠷᠢᠨ ᠲᠠᠯ᠎ᠠ ᠪᠠᠷ ᠨᠢ ᠨᠢᠭᠡ ᠱᠤᠭᠤᠮ ᠲᠡᠭᠡᠷ᠎ᠡ ᠴᠤᠪᠤᠷᠢᠭᠤᠯᠤᠨ ᠤᠷᠤᠯᠳᠤᠭᠠᠨ ᠤ ᠵᠠᠮ ᠱᠤᠭᠤᠮ ᠪᠤᠯᠭᠠᠬᠤ᠂ ᠭᠡᠭᠦ ᠳᠡᠭᠡᠨ ᠬᠠᠮᠤᠭ ᠠᠷᠪᠢᠨ ᠳᠠᠭᠠᠨ 21 ᠱᠠᠭ᠎ᠠ ᠠᠴᠠ ᠳᠠᠪᠠᠭᠤᠯᠳᠠᠭ ᠶᠤᠰᠤ ᠦᠭᠡᠢ᠃ ᠤᠷᠤᠯᠳᠤᠭᠠᠨ ᠤ ᠵᠠᠮ ᠱᠤᠭᠤᠮ ᠠᠴᠠ ᠰᠦᠭᠦᠮ ᠵᠠᠢ ᠳᠤ ᠡᠭᠢᠯᠡᠯᠲᠡ ᠶᠢᠨ ᠴᠡᠭ ᠢ ᠲᠤᠭᠳᠠᠭᠠᠨ ᠤᠷᠤᠯᠳᠤᠭᠠᠨ ᠤ ᠮᠤᠷᠢᠳ ︵ᠭᠦᠮᠦᠨ ᠪᠦᠷᠢ ᠶᠢᠨ ᠨᠢᠭᠡ ᠱᠠᠭ᠎ᠠ︶᠎ ᠢ ᠨᠢᠭᠡ ᠱᠤᠭᠤᠮ ᠲᠡᠭᠡᠷ᠎ᠡ ᠭᠦᠨᠲᠡᠯᠡᠨ ᠪᠠᠷ ᠠᠷᠤᠭᠰᠢ ᠨᠢ ᠬᠠᠨᠳᠤᠭᠤᠯᠤᠨ ᠵᠢᠭᠰᠠᠭᠠᠵᠤ᠂ ᠮᠥᠨ ᠤᠷᠤᠯᠳᠤᠭᠠᠨ ᠤ ᠵᠠᠮ ᠱᠤᠭᠤᠮ ᠠᠴᠠ ᠰᠦᠭᠦᠮ ᠵᠠᠢ ᠳᠤ ᠨᠢᠭᠡ ᠤᠪᠤᠭ᠎ᠠ ᠪᠤᠰᠬᠠᠨ ᠪᠠᠷᠢᠭᠠᠨ ᠤ ᠭᠠᠵᠠᠷ ︵ᠲᠡᠭᠦᠰᠭᠡᠯ ᠤᠨ ᠴᠡᠭ︶ ᠪᠤᠯᠭᠠᠬᠤ᠂ ᠤᠷᠭᠢᠯᠳᠠ ᠶᠢᠨ 4 ᠱᠠᠭ᠎ᠠ ᠶᠢ ᠤᠷᠭᠢᠭᠠᠳ ᠠᠩᠬᠠᠨ ᠤ ᠮᠤᠷᠢ ᠪᠠᠭᠤᠬᠤ ᠳᠤ ᠤᠷᠤᠯᠳᠤᠭᠠᠨ ᠤ ᠮᠤᠷᠢ ᠡᠷᠭᠢᠭᠦ᠂ ᠳᠠᠷᠠᠭᠠᠴᠢ ᠶᠢᠨ ᠤᠷᠭᠢᠯᠲᠠ ᠳᠤ ᠪᠠᠭᠤᠭᠰᠠᠨ ᠮᠤᠷᠢᠨ ᠤ ᠲᠤᠭ᠎ᠠ ᠪᠠᠷ ᠤᠷᠤᠯᠳᠤᠭᠠᠨ ᠤ ᠮᠤᠷᠢ ᠪᠠᠨ ᠤᠷᠤᠭᠰᠢ ᠭᠦᠶᠦᠯᠭᠡᠭᠦ ︵ᠠᠭᠢᠭᠤᠯᠬᠤ︶᠂ ᠲᠡᠭᠦᠰᠭᠡᠯ ᠤᠨ ᠴᠡᠭ ᠭᠦᠷᠭᠦ ᠳᠤ ᠤᠪᠤᠭ᠎ᠠ ᠪᠠᠨ ᠨᠠᠷᠠ ᠵᠦᠪ ᠢᠶᠠᠷ 3 ᠡᠷᠭᠢᠵᠦ ᠦᠵᠦᠭᠦᠷ ᠮᠠᠩᠨᠠᠢ ᠲᠤᠳᠤᠷᠠᠳᠠᠭ᠃ ᠮᠠᠩᠨᠠᠢ ᠠᠪᠤᠭᠰᠠᠨ ᠮᠤᠷᠢ ᠳᠤ ᠠᠬᠠᠮᠠᠳ ᠲᠤᠮᠤᠭᠠᠳᠠᠨ ᠠᠴᠠ ︽ᠮᠤᠷᠢᠨ ᠤ ᠢᠷᠦᠭᠡᠯ︾ ᠲᠠᠯᠪᠢᠳᠠᠭ ᠵᠤᠷᠰᠢᠯ ᠲᠠᠢ᠃ ᠡᠭᠦᠨ ᠠᠴᠠ ᠦᠵᠡᠪᠡᠯ᠂ ᠵᠦᠪᠭᠡᠨ ᠮᠤᠷᠢ ᠤᠷᠤᠯᠳᠤᠬᠤ ᠱᠠᠭ᠎ᠠ ᠨᠠᠭᠠᠳᠤᠮ ᠤᠨ ᠶᠠᠪᠤᠴᠠ ᠲᠤᠮᠳᠠ ᠠᠴᠠ ᠭᠡᠤᠭᠡᠳ ᠪᠠᠭᠠᠴᠤᠳ ᠲᠤᠭ᠎ᠠ ᠭᠡᠮᠵᠢᠭᠲᠡᠯ ᠠᠴᠠ ᠠᠪᠤᠭᠠᠳ ᠢᠷᠦᠭᠡᠯ ᠮᠠᠭᠳᠠᠭᠠᠯ ᠤᠨ ᠪᠠᠶᠠᠯᠢᠭ ᠰᠠᠶᠢᠬᠠᠨ ᠤᠷᠠᠨ ᠭᠡᠯᠡ ᠭᠡᠯᠡᠯᠭᠡ ᠳᠤ ᠭᠦᠷᠲᠡᠯ᠎ᠡ᠂ ᠨᠠᠭᠠᠳᠤᠮ ᠤᠨ ᠲᠦᠷᠢᠮ ᠭᠤᠷᠢᠮ ᠠᠴᠠ ᠠᠪᠤᠭᠠᠳ ᠦᠨᠲᠦᠰᠦᠲᠡᠨ ᠤ ᠪᠠᠨ ᠤᠯᠠᠨ ᠠᠷᠪᠢᠨ ᠶᠤᠰᠤ ᠵᠠᠩᠰᠢᠯ ᠢ ᠦᠢᠯᠠᠭᠠᠨ ᠮᠡᠲᠡᠵᠦ ᠡᠵᠡᠮᠰᠢᠲᠡᠭ ᠶᠤᠮ ᠪᠠᠶᠢᠨ᠎ᠠ᠃ ᠡᠭᠦᠨ ᠠᠴᠠ ᠭᠠᠳᠠᠨ᠎ᠠ᠂ ᠱᠠᠭ᠎ᠠ ᠨᠠᠭᠠᠳᠤᠮ ᠤᠨ ᠶᠠᠪᠤᠴᠠ ᠲᠤᠮᠳᠠ ᠨᠠᠭᠠᠳᠤᠮᠴᠢᠳ ᠬᠤᠭᠤᠷᠤᠨᠳᠤ ᠪᠠᠨ ᠤᠨᠢᠰᠤᠭ᠎ᠠ ᠲᠠᠭᠠᠯᠴᠠᠬᠤ᠂ ᠦᠯᠢᠭᠡᠷ ᠲᠤᠮᠤᠭ ᠶᠠᠷᠢᠬᠤ᠂ ᠵᠦᠢᠷ ᠰᠡᠴᠡᠨ ᠦᠭᠡ ᠪᠤᠶᠤ ᠭᠡᠯᠡ ᠵᠦᠭᠰᠢᠷᠡᠭᠦᠯᠭᠦ ᠦᠭᠡ ᠭᠡᠯᠡᠭᠦ᠂ ᠳᠠᠭᠤᠤ ᠳᠠᠭᠤᠯᠠᠬᠤ᠂ ᠱᠤᠭ ᠭᠠᠷᠭᠠᠬᠤ ᠵᠡᠷᠭᠡ ᠤᠯᠠᠨ ᠵᠦᠢᠯ ᠤᠨ ᠤᠷ᠎ᠠ ᠠᠪᠢᠶᠠᠰ ᠢᠶᠠᠨ ᠢᠯᠡᠷᠡᠭᠦᠯᠦᠨ ᠭᠦᠷ ᠭᠦᠭᠵᠢᠶᠡᠨ ᠨᠡᠮᠡᠷᠢᠯᠡᠲᠡᠭ ᠶᠤᠮ᠃ ᠶᠡᠷᠦᠨᠢ ᠲᠡᠭᠡᠭᠡᠳ ᠱᠠᠭ᠎ᠠ ᠨᠠᠭᠠᠳᠤᠮ ᠤᠨ ᠪᠤᠢ ᠪᠦᠭᠦᠢ ᠲᠦᠷᠦᠯ ᠵᠦᠢᠯ ᠨᠢ ᠴᠦᠮ ᠳᠠᠯᠠᠢ ᠶᠡᠭᠡ ᠮᠡᠲᠡᠯᠭᠡ ᠶᠢᠨ ᠰᠠᠩ ᠪᠤᠯᠵᠤ ᠪᠠᠶᠢᠳᠠᠭ ᠪᠤᠯᠬᠤᠷ ᠠᠯᠢ ᠨᠢᠭᠡᠨ ᠲᠦᠷᠦᠯ ᠤᠨ ᠨᠠᠭᠠᠳᠤᠮ ᠢ ᠨᠢ ᠨᠠᠭᠠᠳᠤᠭᠰᠠᠨ ᠴᠦ ᠪᠦᠷ ᠭᠡᠤᠭᠡᠳ ᠪᠠᠭᠠᠴᠤᠳ ᠲᠤ ᠤᠶᠤᠨ ᠤ ᠮᠡᠲᠡᠯᠭᠡ ᠶᠢᠨ ᠰᠢᠮ᠎ᠡ ᠬᠠᠩᠭᠠᠵᠤ᠂ ᠪᠢᠯᠢᠭ ᠤᠨ ᠭᠡᠭᠡᠷᠡᠯ ᠢ ᠤᠯᠭᠤᠳᠠᠭ᠃ ᠡᠶᠢᠮᠦ ᠢᠶᠠᠷ ᠢᠶᠠᠨ ᠱᠠᠭ᠎ᠠ ᠨᠠᠭᠠᠳᠤᠮ ᠪᠣᠯ ᠢᠰᠠᠭᠡᠢ ᠲᠤᠭᠤᠷᠭᠠᠳᠠᠨ ᠤ ᠤᠶᠤᠨ ᠮᠡᠲᠡᠯᠭᠡ ᠶᠢᠨ ᠳᠠᠯᠠᠢ ᠶᠡᠭᠡ ᠭᠦᠮᠦᠷᠭᠡ ᠮᠥᠨ᠃      ︵ᠭᠤᠷᠪᠠ︶ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠪᠡᠶ᠎ᠡ ᠰᠡᠳᠭᠢᠯ ᠤᠨ ᠲᠠᠩᠭᠡᠭᠦᠷᠡᠯ ᠤᠨ ᠭᠦᠮᠦᠵᠢᠯ ᠭᠦᠷᠲᠡᠭᠡᠲᠡᠭ      ᠪᠠᠭ᠎ᠠ ᠭᠡᠤᠭᠡᠳ ᠱᠠᠭ᠎ᠠ ᠶᠢ ᠭᠠᠷ ᠲᠠᠭᠠᠨ ᠪᠠᠷᠢᠵᠤ ᠡᠷᠭᠢᠭᠦᠯᠵᠤ ᠤᠷᠪᠠᠭᠤᠯᠵᠤ ᠰᠤᠨᠢᠷᠬᠠᠬᠤ ᠶᠠᠪᠤᠴᠠ ᠳᠤ ᠨᠢᠳᠤᠨ ᠬᠠᠷᠠᠭᠠᠨ ᠤ ᠰᠡᠷᠡᠯ ᠪᠤᠯᠤᠨ ᠭᠠᠷ ᠬᠤᠷᠤᠭᠤᠨ ᠤ ᠮᠡᠲᠡᠷᠡᠮᠵᠢ ᠶᠢ ᠨᠦᠯᠦᠭᠡᠯᠡᠭᠦ ᠪᠠᠷ ᠳᠠᠮᠵᠢᠨ ᠱᠠᠭ᠎ᠠ ᠲᠠᠢ ᠲᠠᠨᠢᠯᠴᠠᠳᠠᠭ᠃ ᠪᠠᠭ᠎ᠠ ᠭᠡᠤᠭᠡᠳ ᠱᠠᠭ᠎ᠠ ᠶᠢ ᠭᠠᠷ ᠲᠤ ᠪᠠᠨ ᠠᠳᠬᠤᠨ ᠡᠷᠭᠢᠭᠦᠯᠵᠦ ᠤᠷᠪᠠᠭᠤᠯᠬᠤ ᠨᠢ ᠬᠠᠷᠠᠭᠠᠨ ᠰᠡᠷᠡᠯ ᠢ ᠲᠦᠪᠯᠡᠷᠡᠭᠦᠯᠦᠨ ᠭᠦᠭᠵᠢᠭᠦᠯᠭᠦ᠂ ᠭᠠᠷ ᠤᠨ ᠠᠯᠠᠭᠠᠨ ᠳᠤ ᠨᠢ ᠢᠯᠪᠢᠯᠲᠠ ᠡᠭᠦᠰᠭᠡᠨ ᠲᠤᠳᠤᠷ ᠡᠷᠭᠡᠲᠡᠨ ᠢ ᠰᠠᠶᠢᠵᠢᠷᠠᠭᠤᠯᠬᠤ᠂ ᠭᠠᠷ ᠬᠤᠷᠤᠭᠤᠨ ᠤ ᠭᠦᠴᠦ ᠴᠢᠳᠠᠯ ᠢ ᠨᠡᠮᠡᠭᠲᠡᠭᠦᠯᠭᠦ᠂ ᠭᠠᠷ ᠤᠨ ᠪᠤᠯᠴᠢᠩ ᠤᠨ ᠭᠦᠭᠵᠢᠯᠲᠡ ᠶᠢ ᠨᠦᠯᠦᠭᠡᠯᠡᠨ ᠪᠡᠶ᠎ᠡ ᠶᠢᠨ ᠭᠦᠴᠦᠨ ᠴᠢᠳᠠᠯ ᠢ ᠨᠡᠮᠡᠭᠲᠡᠭᠦᠯᠲᠡᠭ᠃ ᠭᠡᠤᠭᠡᠳ ᠭᠡᠯᠡ ᠳᠤ ᠤᠷᠤᠬᠤ ᠲᠠᠢ ᠵᠡᠷᠭᠡ ᠨᠢᠭᠡᠨᠲᠡ ᠳᠠᠰᠤᠯ ᠪᠤᠯᠤᠭᠰᠠᠨ ᠱᠠᠭ᠎ᠠ ᠪᠠᠷ ᠢᠶᠠᠨ ᠳᠠᠪᠤᠨ ᠬᠤᠰᠢᠭᠤ ᠮᠠᠯ ᠤᠨ ᠢᠶᠠᠨ ᠨᠠᠷ᠎ᠡ ᠶᠢ ᠭᠡᠯᠡᠵᠤ ᠴᠢᠳᠠᠬᠤ᠂ ᠨᠢᠭᠡ ᠬᠤᠶᠠᠷ ᠭᠡᠮᠡᠨ ᠲᠤᠭ᠎ᠠ ᠲᠤᠭᠠᠯᠠᠵᠤ ᠡᠭᠢᠯᠡᠲᠡᠭ᠃ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠤᠨ ᠨᠢᠳᠤᠨ ᠬᠠᠷᠠᠭ᠎ᠠ ᠶᠢ ᠵᠦᠭᠰᠢᠷᠡᠭᠦᠯᠭᠦ᠂ ᠭᠠᠷ ᠬᠤᠷᠤᠭᠤᠨ ᠤ ᠦᠶ᠎ᠡ ᠭᠡᠰᠢᠭᠦᠦ ᠶᠢ ᠤᠶᠠᠨ ᠤᠷᠠᠨ ᠮᠦᠷᠲᠡᠭᠡᠨ ᠬᠤᠷᠳᠤᠨ ᠱᠠᠯᠠᠮᠠᠭᠠᠢ ᠪᠤᠯᠭᠠᠬᠤ ᠳᠤ ᠮᠠᠰᠢ ᠴᠢᠬᠤᠯᠠ ᠦᠢᠯᠡᠲᠦᠯ ᠦᠵᠡᠭᠦᠯᠲᠡᠭ᠃ ᠱᠠᠭ᠎ᠠ ᠰᠠᠶᠢᠨ ᠨᠠᠭᠠᠳᠪᠠᠯ ᠤᠬᠠᠭ᠎ᠠ ᠰᠡᠷᠭᠦᠯᠡᠩ ᠳᠠᠷᠢᠭᠢ ᠬᠤᠷᠴᠠ᠂ ᠭᠡᠯᠡ ᠭᠡᠯᠡᠯᠭᠡ ᠪᠠᠶᠠᠨ ᠠᠪᠢᠶᠠᠰᠯᠢᠭ ᠪᠤᠯᠵᠤ ᠬᠤᠯᠪᠤᠨ ᠰᠡᠳᠭᠢᠭᠦ ᠪᠠᠷ ᠴᠢᠳᠠᠮᠠᠭ᠂ ᠴᠡᠭᠡᠵᠢᠯᠡᠭᠦ ᠴᠢᠳᠠᠪᠦᠷᠢ ᠪᠠᠷ ᠰᠠᠶᠢᠨ ᠪᠤᠯᠳᠠᠭ ᠭᠡᠲᠡᠭ ᠦᠭᠡ ᠲᠠᠢ ᠪᠤᠯᠬᠤᠷ ᠭᠡᠤᠭᠡᠳ ᠪᠠᠭᠠᠴᠤᠳ ᠤᠨ ᠪᠠᠶ᠎ᠠ ᠰᠡᠳᠭᠢᠴᠡ ᠶᠢᠨ ᠭᠦᠭᠵᠢᠯᠲᠠ ᠳᠤ ᠲᠡᠩᠭᠡᠭᠦᠷᠡᠯ ᠪᠤᠯᠳᠠᠭ᠃      ︵ᠲᠦᠷᠪᠡ︶ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠭᠤᠸ᠎ᠠ ᠵᠦᠢ ᠶᠢᠨ ᠭᠦᠮᠦᠵᠢᠯ ᠭᠦᠷᠲᠡᠭᠡᠲᠡᠭ      ᠮᠠᠯᠴᠢᠨ ᠲᠦᠮᠠᠨ ︽ᠱᠠᠭ᠎ᠠ ᠰᠠᠶᠢᠬᠠᠨ ᠮᠦᠯᠵᠢᠪᠡᠯ ᠰᠠᠶᠢᠨ ᠠᠭᠳᠠ ᠤᠨᠤᠨ᠎ᠠ᠂ ᠪᠤᠷᠪᠢ ᠰᠠᠶᠢᠬᠠᠨ ᠮᠦᠯᠵᠢᠪᠡᠯ ᠰᠠᠶᠢᠨ ᠠᠳᠠ ᠤᠨᠤᠨ᠎ᠠ︾ ᠭᠡᠮᠡᠨ ᠱᠠᠭ᠎ᠠ ᠶᠢ ᠴᠡᠪᠡᠷ ᠰᠠᠶᠢᠬᠠᠨ ᠮᠦᠯᠵᠢᠨ ᠴᠠᠶᠢᠯᠭᠠᠳᠠᠭ ᠵᠤᠷᠰᠢᠯ ᠲᠠᠢ᠃ ︽ᠱᠠᠭ᠎ᠠ ᠠᠷᠪᠢᠨ ᠬᠤᠷᠢᠶᠠᠪᠠᠯ ᠮᠠᠯ ᠦᠨᠢᠷ ᠦᠰᠲᠡᠭ︾ ᠭᠡᠮᠡᠨ ᠱᠠᠭ᠎ᠠ ᠶᠢ ᠭᠡᠭᠡᠵᠦ ᠬᠠᠶᠠᠯ ᠦᠭᠡᠢ ᠪᠠᠷ ᠲᠤᠰᠬᠠᠢ ᠭᠤᠶᠤ ᠰᠠᠶᠢᠬᠠᠨ ᠰᠢᠷᠢᠮᠡᠯ ᠤᠭᠤᠳᠠ ᠪᠤᠶᠤ ᠤᠭᠠᠯᠵᠠᠨ ᠭᠡ ᠲᠠᠢ ᠠᠪᠳᠠᠷ᠎ᠠ ᠳᠤ ᠬᠤᠷᠢᠶᠠᠨ ᠬᠠᠳᠠᠭᠠᠯᠠᠬᠤ᠂ ᠬᠠᠳᠠᠨ ᠤ ᠬᠠᠭ ᠪᠤᠶᠤ ᠪᠤᠰᠤᠳ ᠵᠦᠢᠯ ᠤᠨ ᠪᠤᠳᠤᠭ ᠢᠶᠠᠷ ᠱᠠᠭ᠎ᠠ ᠪᠠᠨ ᠪᠤᠳᠤᠵᠤ ᠤᠯᠠᠨ ᠦᠩᠭᠡ ᠶᠢᠨ ᠭᠤᠶᠤ ᠱᠠᠭ᠎ᠠ ᠪᠤᠯᠭᠠᠨ ᠨᠠᠭᠠᠳᠳᠠᠭ᠃ ᠦᠩᠭᠡ ᠪᠤᠳᠤᠭ ᠲᠠᠢ ᠱᠠᠭ᠎ᠠ ᠪᠠᠷ ᠤᠯᠠᠨ ᠭᠦᠮᠦᠨ ᠮᠤᠷᠢ ᠤᠷᠤᠯᠳᠤᠬᠤ ᠳᠤ ᠭᠡᠨ ᠤ ᠵᠢᠷᠤᠭ᠎ᠠ ᠬᠠᠷ᠎ᠠ᠂ ᠭᠡᠨ ᠤ ᠬᠤᠷᠳᠤᠨ ᠵᠡᠭᠡᠷᠲᠡ᠂ ᠭᠡᠨ ᠤ ᠤᠷᠤᠭ᠎ᠠ ᠰᠢᠷᠭ᠎ᠠ ᠭᠡᠮᠡᠨ ᠨᠡᠷᠡᠯᠡᠵᠦ᠂ ᠲᠡᠮᠡᠭᠡ ᠤᠷᠤᠯᠳᠤᠬᠤ ᠳᠤ ᠭᠡᠨ ᠤ ᠲᠤᠭᠰᠢᠨ ᠭᠦᠭᠡ ᠲᠡᠷᠢᠭᠦᠯᠡᠵᠦ᠂ ᠭᠡᠨ ᠤ ᠰᠤᠯᠢᠪᠤ ᠰᠢᠷ᠎ᠠ ᠠᠮᠠᠨ ᠭᠦᠵᠦᠭᠦᠨ ᠳᠤ ᠢᠷᠡᠯ᠎ᠡ᠂ ᠭᠡᠨ ᠤ ᠵᠤᠵᠢᠭ ᠬᠠᠷ᠎ᠠ ᠪᠠᠶᠠᠨ ᠬᠤᠳᠤᠭᠠᠳᠤ ᠪᠤᠯᠤᠯ᠎ᠠ ᠭᠡᠭᠦᠴᠢᠯᠡᠨ ᠭᠦᠷ ᠨᠡᠷᠭᠢᠶᠠᠨ ᠪᠤᠯᠳᠠᠭ᠃ ᠭᠡᠤᠭᠡᠳ ᠢᠶᠠᠷ ᠱᠠᠭ᠎ᠠ ᠪᠠᠷ ᠠᠯᠳᠠᠨ ᠮᠡᠯᠡᠭᠡᠢ ᠦᠷᠦᠭᠦᠯᠵᠦ ᠭᠡᠨ ᠭᠡᠨ ᠨᠢ ᠭᠤᠶᠤ ᠰᠠᠶᠢᠬᠠᠨ ᠦᠷᠦᠭᠰᠡᠨ ᠢ ᠨᠢ ᠠᠳᠠᠯᠢᠳᠬᠠᠳᠠᠭ᠃ ᠡᠲᠡᠭᠡᠷ ᠱᠠᠭ᠎ᠠ ᠨᠠᠭᠠᠳᠤᠮ ᠤᠨ ᠶᠠᠪᠤᠴᠠ ᠳᠤ ᠭᠡᠤᠭᠡᠳ ᠪᠠᠭᠠᠴᠤᠳ ᠭᠤᠸ᠎ᠠ ᠵᠦᠢ ᠶᠢᠨ ᠭᠦᠮᠦᠵᠢᠯ ᠭᠦᠷᠲᠡᠨ ᠭᠤᠸ᠎ᠠ ᠰᠠᠶᠢᠬᠠᠨ ᠤ ᠲᠤᠬᠠᠢ ᠦᠯᠡᠮᠵᠢ ᠦᠢᠯᠠᠭᠠᠮᠵᠢ ᠲᠠᠢ ᠪᠤᠯᠵᠤ ᠦᠢᠯᠡ ᠶᠠᠪᠤᠳᠠᠯ᠂ ᠭᠦᠲᠡᠯᠦᠯ ᠪᠠᠷᠢᠯᠠᠯ ᠤᠨ ᠲᠤᠮᠳᠠ ᠪᠠᠨ ᠶᠠᠭᠤᠮ᠎ᠠ ᠭᠡᠤᠮ᠎ᠡ ᠪᠠᠨ ᠡᠪᠲᠡᠢ ᠲᠢᠭ ᠲᠠᠢ ᠬᠤᠷᠢᠶᠠᠵᠤ ᠲᠠᠯᠪᠢᠬᠤ᠂ ᠴᠡᠪᠡᠷ ᠠᠷᠢᠭᠤᠨ ᠢ ᠡᠷᠭᠢᠮᠯᠡᠭᠦ ᠵᠠᠩ ᠠᠷᠠᠨᠰᠢᠨ ᠲᠠᠢ ᠪᠤᠯᠵᠤ ᠭᠦᠮᠦᠵᠢᠲᠡᠭ᠃ ᠢᠯᠠᠩᠭᠤᠶ᠎ᠠ ᠤᠷᠴᠢᠮ ᠤᠨ ᠵᠢᠯ ᠤᠳ ᠲᠤ᠂ ᠱᠠᠭ᠎ᠠ ᠤᠷᠠᠯᠠᠯ ᠤᠨ ᠦᠢᠯᠡᠰ ᠭᠦᠭᠵᠢᠭᠰᠡᠨ ᠠᠴᠠ ᠭᠡᠤᠭᠡᠳ ᠪᠠᠭᠠᠴᠤᠳ ᠱᠠᠭ᠎ᠠ ᠨᠠᠭᠠᠳᠤᠮ ᠳᠤ ᠨᠡᠩ ᠲᠤᠷ᠎ᠠ ᠪᠠᠬ᠎ᠠ ᠲᠠᠢ ᠪᠤᠯᠵᠤ᠂ ᠱᠠᠭ᠎ᠠ ᠶᠢᠨ ᠲᠤᠬᠠᠢ ᠦᠢᠯᠠᠭᠠᠯᠳᠠ ᠲᠠᠨᠢᠯᠳᠠ ᠪᠠᠷ ᠭᠦᠨᠵᠡᠭᠡᠢ ᠪᠤᠯᠵᠤ ᠱᠠᠭ᠎ᠠ ᠴᠤᠭᠯᠠᠭᠤᠯᠤᠨ ᠬᠤᠷᠢᠶᠠᠵᠤ ᠬᠠᠳᠠᠭᠠᠯᠠᠬᠤ᠂ ᠱᠠᠭ᠎ᠠ ᠨᠠᠭᠠᠳᠬᠤ᠂ ᠱᠠᠭ᠎ᠠ ᠪᠠᠷ ᠭᠤᠶᠤ ᠰᠠᠶᠢᠬᠠᠨ ᠤᠷᠠᠯᠠᠯ ᠪᠦᠲᠦᠭᠡᠯ ᠤᠷᠠᠯᠠᠬᠤ ᠪᠤᠯᠵᠡᠢ᠃ ᠱᠠᠭ᠎ᠠ ᠤᠷᠠᠯᠠᠯ ᠨᠢ ᠭᠡᠤᠭᠡᠳ ᠪᠠᠭᠠᠴᠤᠳ ᠲᠤ ᠨᠡᠩ ᠦᠷᠭᠡᠨ ᠭᠡᠪᠴᠢᠶᠡᠨ ᠤ ᠭᠤᠸ᠎ᠠ ᠰᠠᠶᠢᠬᠠᠨ ᠤ ᠲᠠᠭᠠᠰᠢᠶᠠᠯ ᠢ ᠠᠪᠴᠢᠷᠠᠭᠰᠠᠨ ᠠᠴᠠ ᠱᠠᠭ᠎ᠠ ᠪᠠᠨ ᠭᠢᠮᠠᠭᠠᠳᠠᠨ ᠬᠠᠶᠢᠷᠠᠯᠠᠬᠤ᠂ ᠲᠤᠷ᠎ᠠ ᠰᠤᠨᠢᠷᠬᠠᠯ ᠲᠠᠢ ᠵᠦᠢᠯᠡᠰ ᠢᠶᠠᠨ ᠱᠠᠭ᠎ᠠ ᠪᠠᠷ ᠤᠷᠠᠯᠠᠨ ᠪᠤᠳᠤᠭᠰᠠᠨ ᠰᠠᠨᠠᠭᠰᠠᠨ᠂ ᠭᠦᠰᠡᠨ ᠵᠦᠩᠨᠡᠭᠰᠡᠨ ᠢᠶᠠᠨ ᠢᠯᠡᠳᠭᠡᠲᠡᠭ᠃ ᠠᠪᠤ ᠡᠵᠢ ᠨᠢ ᠭᠡᠤᠭᠡᠳ ᠤᠨ ᠢᠶᠠᠨ ᠱᠠᠭ᠎ᠠ ᠤᠷᠠᠯᠠᠯ ᠢ ᠤᠷᠠᠯᠠᠬᠤ ᠶᠠᠪᠤᠴᠠ ᠳᠤ ᠶᠤᠰᠤ ᠵᠠᠩᠰᠢᠯ ᠤᠨ ᠵᠦᠢᠯᠡᠰ ᠤᠨ ᠭᠤᠸ᠎ᠠ ᠵᠦᠢ ᠶᠢ ᠭᠡᠤᠭᠡᠳ ᠲᠡᠭᠡᠨ ᠤᠯᠠᠮᠵᠢᠯᠠᠨ ᠲᠠᠨᠢᠭᠤᠯᠳᠠᠭ᠃ ᠵᠢᠱᠢᠶᠡᠯᠡᠪᠡᠯ᠂ ᠱᠠᠭ᠎ᠠ ᠪᠠᠷ ᠪᠦᠲᠦᠨ ᠭᠡᠷ ᠤᠷᠠᠯᠠᠬᠤ ᠳᠤ ᠴᠠᠭᠠᠨ ᠦᠩᠭᠡ ᠪᠠᠷ ᠤᠷᠠᠯᠠᠬᠤ ᠠᠴᠠ ᠪᠢᠰᠢ᠂ ᠬᠠᠷᠢᠨ ᠬᠠᠷ᠎ᠠ ᠦᠩᠭᠡ ᠪᠠᠷ ᠤᠷᠠᠯᠠᠬᠤ ᠦᠭᠡᠢ ᠭᠡᠭᠦ ᠮᠡᠲᠦ ᠪᠠᠷ ᠠᠪᠤ ᠡᠵᠢ ᠨᠢ ᠭᠡᠤᠭᠡᠳ ᠲᠡᠭᠡᠨ ᠶᠤᠰᠤ ᠵᠠᠩᠰᠢᠯ ᠵᠠᠩ ᠳᠠᠳᠬᠠᠯ ᠤᠨ ᠲᠠᠯ᠎ᠠ ᠪᠠᠷ ᠭᠤᠸ᠎ᠠ ᠵᠦᠢ ᠶᠢᠨ ᠭᠦᠮᠦᠵᠢᠯ ᠭᠦᠷᠲᠡᠭᠡᠲᠡᠭ ᠪᠠᠶᠢᠨ᠎ᠠ᠃      ︵ᠲᠠᠪᠤ︶ ᠱᠠᠭ᠎ᠠ ᠨᠠᠭᠠᠳᠤᠮ ᠨᠢ ᠭᠡᠤᠭᠡᠳ ᠪᠠᠭᠠᠴᠤᠳ ᠲᠤ ᠠᠵᠢᠯᠴᠢ ᠠᠷᠪᠢᠴᠢ ᠶᠢᠨ ᠭᠦᠮᠦᠵᠢᠯ ᠭᠦᠷᠲᠡᠭᠡᠲᠡᠭ      ᠱᠠᠭ᠎ᠠ ᠨᠠᠭᠠᠳᠤᠮ ᠨᠢ ᠮᠠᠯᠵᠢᠯ ᠠᠮᠢᠳᠤᠷᠠᠯ ᠦᠢᠯᠡᠳᠪᠦᠷᠢᠯᠡᠯ ᠢᠶᠠᠷ ᠪᠦᠭᠦ᠋ᠢᠯᠡ ᠠᠭᠤᠯᠭ᠎ᠠ ᠪᠠᠨ ᠪᠤᠯᠭᠠᠭᠰᠠᠨ ᠪᠠᠶᠢᠳᠠᠭ᠃ ᠮᠤᠷᠢ ᠤᠷᠤᠯᠳᠤᠬᠤ᠂ ᠲᠡᠮᠡᠭᠡ ᠤᠷᠤᠯᠳᠤᠬᠤ ᠠᠴᠠ ᠡᠭᠢᠯᠡᠨ ᠲᠠᠪᠤᠨ ᠬᠤᠰᠢᠭᠤ ᠮᠠᠯ ᠦᠰᠭᠡᠭᠦ᠂ ᠠᠳᠤᠭᠤ ᠬᠠᠷᠢᠭᠤᠯᠬᠤ᠂ ᠬᠤᠨᠢ ᠬᠤᠯᠪᠤᠬᠤ᠂ ᠭᠡᠭᠦᠦ ᠰᠠᠭᠠᠬᠤ᠂ ᠠᠶᠠᠨ ᠭᠢᠭᠦ ᠵᠡᠷᠭᠡ ᠳᠤ ᠭᠦᠷᠲᠡᠯ᠎ᠡ ᠮᠠᠯ ᠮᠠᠯᠵᠢᠯ ᠤᠨ ᠪᠦᠭᠦ ᠠᠭᠤᠯᠭ᠎ᠠ ᠶᠢ ᠪᠠᠭᠳᠠᠭᠠᠭᠰᠠᠨ ᠪᠠᠶᠢᠳᠠᠭ ᠪᠤᠯᠬᠤᠷ ᠨᠠᠭᠠᠳᠤᠮ ᠤᠨ ᠶᠠᠪᠤᠴᠠ ᠳᠤ ᠭᠡᠤᠭᠡᠳ ᠪᠠᠭᠠᠴᠤᠳ ᠶᠡᠭᠡᠴᠤᠤᠯ ᠠᠴᠠ ᠮᠠᠯ ᠮᠠᠯᠵᠢᠯ ᠤᠨ ᠠᠵᠢᠯ ᠭᠦᠲᠡᠯᠮᠤᠷᠢ ᠵᠢᠴᠢ ᠲᠡᠭᠦᠨ ᠤ ᠤᠷ᠎ᠠ ᠤᠬᠠᠭᠠᠨ ᠢ ᠰᠤᠷᠴᠤ ᠮᠡᠲᠡᠲᠡᠭ᠃ ᠡᠭᠦᠨ ᠤ ᠤᠯᠠᠮ ᠠᠴᠠ ᠪᠤᠯᠵᠤ ᠭᠡᠤᠭᠡᠳ ᠪᠠᠭᠠᠴᠤᠳ ᠮᠠᠯ ᠮᠠᠯᠵᠢᠯ ᠤᠨ ᠠᠵᠢᠯ ᠭᠦᠲᠡᠯᠮᠤᠷᠢ ᠳᠤ ᠲᠤᠷ᠎ᠠ ᠪᠠᠬ᠎ᠠ ᠲᠠᠢ ᠪᠤᠯᠵᠤ ᠭᠦᠲᠡᠯᠮᠤᠷᠢ ᠶᠢ ᠡᠷᠭᠢᠮᠯᠡᠭᠦ ᠲᠠᠨᠢᠯᠳᠠ ᠲᠠᠢ ᠪᠤᠯᠳᠠᠭ᠃ ᠮᠥᠨ ᠡᠭᠦᠨ ᠳᠡᠭᠡᠨ ᠰᠠᠭᠤᠷᠢᠯᠠᠨ ᠶᠠᠭᠤᠮ᠎ᠠ ᠪᠠᠨ ᠭᠠᠮᠨᠠᠨ ᠠᠷᠪᠢᠯᠠᠬᠤ᠂ ᠭᠦᠲᠡᠯᠮᠤᠷᠢ ᠶᠢᠨ ᠦᠷ᠎ᠡ ᠪᠦᠲᠦᠭᠡᠯ ᠢᠶᠠᠨ ᠬᠠᠶᠢᠷᠠᠯᠠᠨ ᠭᠠᠮᠨᠠᠬᠤ ᠵᠡᠷᠭᠡ ᠭᠡᠪ ᠰᠤᠷᠳᠠᠯ ᠲᠠᠢ ᠪᠤᠯᠳᠠᠭ ᠶᠤᠮ᠃      ᠪᠠᠭᠴᠠᠯᠠᠪᠠᠯ᠂ ᠮᠠᠯᠴᠢᠨ ᠲᠦᠮᠠᠨ ᠤ ᠱᠠᠭ᠎ᠠ ᠪᠠᠷ ᠵᠠᠭᠪᠤᠷᠢᠴᠢᠯᠠᠭᠰᠠᠨ ᠭᠡᠷ ᠤᠨ ᠭᠦᠮᠦᠵᠢᠯ ᠨᠢ ᠨᠢᠭᠡ ᠭᠡᠰᠡᠭ ᠭᠠᠵᠠᠷ ᠨᠤᠳᠤᠭ ᠪᠤᠶᠤ ᠭᠡᠲᠦᠭᠡᠨ ᠤᠪᠤᠭ ᠠᠶᠢᠮᠠᠭ ᠤᠨ ᠭᠡᠪᠴᠢᠶᠡᠨ ᠳᠤ ᠭᠢᠵᠠᠭᠠᠷᠯᠠᠭᠳᠠᠭᠰᠠᠨ ᠪᠢᠰᠢ ᠪᠠᠶᠢᠵᠤ᠂ ᠬᠠᠷᠢᠨ ᠪᠦᠭᠦ᠋ᠢᠯᠡ ᠮᠤᠩᠭᠤᠯ ᠲᠤᠭᠤᠷᠭᠠᠳᠠᠨ ᠤ ᠭᠡᠪᠴᠢᠶᠠᠨ ᠳᠤ ᠲᠦᠭᠡᠮᠡᠯᠵᠢᠨ ᠲᠡᠯᠭᠡᠷᠡᠵᠤ ᠨᠡᠶᠢᠲᠡ ᠮᠤᠩᠭᠤᠯᠴᠤᠳ ᠤᠨ ᠭᠡᠷ ᠤᠨ ᠭᠦᠮᠦᠵᠢᠯ ᠤᠨ ᠠᠮᠢᠳᠤᠯᠢᠭ ᠠᠷᠭ᠎ᠠ ᠭᠡᠷᠡᠭᠯᠡᠭᠦᠷ ᠪᠤᠯᠵᠡᠢ᠃ ᠱᠠᠭ᠎ᠠ ᠪᠠᠷ ᠵᠠᠭᠪᠤᠷᠢᠴᠢᠯᠠᠭᠰᠠᠨ ᠭᠡᠷ ᠤᠨ ᠭᠦᠮᠦᠵᠢᠯ ᠨᠢ ᠮᠢᠩᠭ᠎ᠠ ᠲᠦᠮᠡᠨ ᠤᠨ ᠵᠢᠯ ᠢ ᠡᠯᠡᠭᠡᠨ ᠵᠠᠭᠤᠨ ᠵᠠᠭᠤᠨ ᠦᠶ᠎ᠡ ᠤᠳᠤᠮ ᠢ ᠳᠠᠮᠵᠢᠨ ᠦᠨᠦᠲᠦᠷ ᠲᠤ ᠭᠦᠷᠴᠦ ᠢᠷᠡᠭᠰᠡᠨ ᠨᠢ ᠭᠠᠶᠢᠬᠠᠮᠰᠢᠭ ᠲᠠᠢ ᠮᠦᠷᠲᠡᠭᠡᠨ ᠪᠢᠰᠢᠷᠡᠭᠦᠰᠢᠲᠡᠢ ᠰᠠᠨ᠃ ᠰᠢᠨᠵᠢᠯᠡᠭᠡ ᠮᠡᠷᠭᠡᠵᠢᠯ ᠲᠦᠷᠭᠡᠨ ᠭᠦᠭᠵᠢᠵᠤ ᠤᠳᠤᠭᠢᠴᠢᠯᠠᠭᠰᠠᠨ ᠰᠤᠷᠭᠠᠨ ᠭᠦᠮᠦᠵᠢᠯ ᠢ ᠭᠡᠷᠡᠭᠯᠡᠭᠰᠡᠨ ᠦᠨᠦᠲᠦᠷ ᠴᠦ ᠭᠡᠳ ᠱᠠᠭ᠎ᠠ ᠪᠠᠷ ᠵᠠᠭᠪᠤᠷᠢᠴᠢᠯᠠᠭᠰᠠᠨ ᠤᠯᠠᠮᠵᠢᠯᠠᠯᠳᠤ ᠭᠡᠷ ᠤᠨ ᠭᠦᠮᠦᠵᠢᠯ ᠢ ᠮᠥᠨ ᠶᠡᠭᠡᠪᠠᠷ ᠱᠠᠭᠠᠷᠳᠠᠭᠳᠠᠵᠤ ᠪᠠᠶᠢᠳᠠᠭ ᠠᠴᠠ ᠦᠵᠡᠭᠦ ᠳᠤ᠂ ᠲᠡᠷᠡ ᠨᠢ ᠮᠠᠰᠢ ᠶᠡᠭᠡ ᠠᠮᠢᠳᠤᠷᠠᠬᠤ ᠭᠦᠴᠦᠨ ᠲᠠᠢ ᠪᠠᠶᠢᠳᠠᠭ ᠲᠤ ᠪᠤᠢ᠃ ᠡᠶᠢᠮᠦ ᠠᠴᠠ᠂ ᠱᠠᠭ᠎ᠠ ᠪᠣᠯ ᠤᠯᠠᠮᠵᠢᠯᠠᠯᠳᠤ ᠭᠡᠷ ᠤᠨ ᠭᠦᠮᠦᠵᠢᠯ ᠤᠨ ᠠᠮᠢᠳᠤᠯᠢᠭ ᠵᠠᠭᠪᠤᠷᠢ ᠮᠦᠷᠲᠡᠭᠡᠨ ᠴᠡᠴᠡᠨ ᠤᠬᠠᠭᠠᠨ ᠮᠥᠨ᠂ ᠶᠤᠰᠤᠲᠠᠢ ᠮᠤᠩᠭᠤᠯ ᠤᠬᠠᠭᠠᠨ ᠤ ᠠᠪᠤᠷᠭᠤ ᠭᠦᠴᠦᠨ ᠴᠢᠳᠠᠯ ᠢ ᠬᠠᠷᠠᠭᠤᠯᠤᠭᠰᠠᠨ ᠪᠤᠳᠠᠳᠤ ᠢᠯᠡᠷᠡᠭᠦᠨ ᠪᠤᠯᠬᠤ ᠶᠤᠮ᠃ ᠱᠠᠭ᠎ᠠ ᠨᠠᠭᠠᠳᠤᠮ ᠪᠣᠯ ᠱᠠᠭ᠎ᠠ ᠪᠠᠷ ᠵᠠᠭᠪᠤᠷᠢᠴᠢᠯᠠᠭᠰᠠᠨ ᠤᠯᠠᠮᠵᠢᠯᠠᠯᠳᠤ ᠭᠡᠷ ᠤᠨ ᠭᠦᠮᠦᠵᠢᠯ ᠤᠨ ᠰᠤᠷᠭᠠᠨ ᠭᠦᠮᠦᠵᠢᠭᠦᠯᠭᠦ ᠤᠬᠠᠭᠠᠨ ᠪᠠᠶᠢᠵᠤ᠂ ᠭᠡᠤᠭᠡᠳ ᠪᠠᠭᠠᠴᠤᠳ ᠲᠤ ᠭᠦᠮᠦᠵᠢᠯ ᠭᠦᠷᠲᠡᠭᠡᠭᠦ ᠤᠷᠠᠨ ᠠᠷᠭ᠎ᠠ ᠰᠠᠮᠪᠠᠭ᠎ᠠ ᠪᠤᠯᠬᠤ ᠶᠤᠮ᠃ ᠱᠠᠭ᠎ᠠ ᠨᠠᠭᠠᠳᠤᠮ ᠨᠢ ᠡᠷᠲᠡᠨ ᠠᠴᠠ ᠠᠪᠤᠭᠠᠳ ᠭᠡᠷ ᠤᠨ ᠭᠦᠮᠦᠵᠢᠯ ᠤᠨ ᠬᠢᠴᠢᠶᠡᠯᠯᠡᠭᠡ ᠪᠤᠯᠬᠤ ᠪᠠᠷ ᠦᠯᠦ ᠪᠠᠷᠠᠮ᠂ ᠤᠳᠤ ᠴᠦ ᠭᠡᠰᠡᠨ ᠭᠡᠷ ᠤᠨ ᠭᠦᠮᠦᠵᠢᠯ ᠤᠨ ᠴᠢᠬᠤᠯᠠ ᠨᠡᠭᠡᠭᠡᠯᠲᠡ ᠶᠢᠨ ᠭᠡᠪ ᠮᠠᠶ᠋ᠢᠭᠳᠤ ᠲᠠᠪᠴᠠᠩ ᠪᠤᠯᠬᠤ ᠶᠤᠰᠤᠲᠠᠢ᠃      ᠵᠡᠭᠦᠯᠲᠡ᠄      ① ᠴᠤᠭᠪᠤᠶᠠᠨ ᠤ ᠡᠷᠭᠢᠯᠡᠨ ᠨᠠᠶᠢᠷᠠᠭᠤᠯᠤᠭᠰᠠᠨ ︽ᠮᠤᠩᠭᠤᠯ ᠦᠨᠲᠦᠰᠦᠲᠡᠨ ᠤ ᠱᠠᠭ᠎ᠠ ᠶᠢᠨ ᠰᠤᠶᠤᠯ ᠤᠨ ᠰᠤᠳᠤᠯᠤᠯ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2017 ᠤᠨ᠂ 38 ᠳ᠋ᠤᠭᠠᠷ ᠨᠢᠭᠤᠷ᠃      ② ᠴᠤᠭᠪᠤᠶᠠᠨ ᠤ ᠡᠷᠭᠢᠯᠡᠨ ᠨᠠᠶᠢᠷᠠᠭᠤᠯᠤᠭᠰᠠᠨ ︽ᠮᠤᠩᠭᠤᠯ ᠦᠨᠲᠦᠰᠦᠲᠡᠨ ᠤ ᠱᠠᠭ᠎ᠠ ᠶᠢᠨ ᠰᠤᠶᠤᠯ ᠤᠨ ᠰᠤᠳᠤᠯᠤᠯ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2017 ᠤᠨ᠂ 315 — 318 ᠳ᠋ᠤᠭᠠᠷ ᠨᠢᠭᠤᠷ᠃      ③ ᠪᠠᠶᠠᠨ ᠬᠤᠳᠤᠭᠠᠳᠤ ᠭᠡᠲᠡᠭ ᠪᠣᠯ ᠮᠤᠷᠢᠨ ᠤᠷᠤᠯᠳᠤᠭᠠᠨ ᠪᠤᠶᠤ ᠲᠡᠮᠡᠭᠡᠨ ᠤᠷᠤᠯᠳᠤᠭᠠᠨ ᠤ ᠠᠳᠠᠭ ᠤᠷᠤᠭᠰᠠᠨ ᠢ ᠪᠠᠶᠠᠨ ᠬᠤᠳᠤᠭᠠᠳᠤ ᠭᠡᠮᠡᠨ ᠰᠢᠭᠢᠷ ᠴᠢᠪᠠᠭ᠎ᠠ ᠪᠠᠷ ᠱᠠᠩᠨᠠᠨ ᠵᠤᠷᠢᠭᠵᠢᠭᠤᠯᠳᠠᠭ᠃      ④ ᠪᠦᠲᠦᠨ ᠭᠡᠷ ᠭᠡᠲᠡᠭ ᠪᠣᠯ ᠶᠡᠷᠦᠲᠡᠭᠡᠨ ᠲᠡᠷᠢᠮ ︵ᠬᠠᠨ᠎ᠠ︶᠎ ᠲᠠᠢ ᠮᠤᠩᠭᠤᠯ ᠭᠡᠷ ᠢ ᠵᠢᠭᠠᠳᠠᠭ᠃      ᠠᠰᠢᠭᠯᠠᠭᠰᠠᠨ ᠨᠤᠮ ᠵᠦᠢ᠄      1. ᠳ᠋᠊ · ᠴᠠᠭᠠᠨ ᠤ ︽ᠮᠤᠩᠭᠤᠯ ᠭᠦᠮᠦᠨ ᠤ ᠢᠵᠠᠭᠤᠷ ᠲᠤᠭᠯᠠᠭᠠᠮ — ᠱᠠᠭ᠎ᠠ︾᠂ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ 2001 ᠤᠨ᠃      2. ᠳ᠋᠊ · ᠴᠠᠭᠠᠨ ᠤ ︽ᠱᠠᠭ᠎ᠠ ᠲᠤᠭᠯᠠᠭᠠᠮ︾ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ 2013 ᠤᠨ᠃      3. ᠪᠤᠷᠵᠢᠭᠢᠨ  ᠠ᠊ · ᠯᠾᠠᠮᠤᠵᠠᠪ ᠤᠨ ︽ᠮᠤᠩᠭᠤᠯ ᠵᠠᠩ ᠠᠭᠠᠯᠢ — ᠭᠡᠷ ᠤᠨ ᠰᠤᠷᠭᠠᠯ ᠶᠤᠰᠤᠨ︾᠂ ᠦᠪᠦᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 2008 ᠤᠨ᠃      4. ᠽ᠊ · ᠤᠳᠪᠠᠭᠮᠠᠳ ᠤᠨ ︽ᠮᠤᠩᠭᠤᠯ ᠠᠷᠠᠳ ᠤᠨ ᠭᠦᠨᠲᠦᠯᠡᠭᠦ᠂ ᠮᠡᠨᠲᠦᠯᠡᠭᠦ᠂ ᠲᠠᠯᠠᠷᠬᠠᠬᠤ ᠶᠤᠰᠤ︾᠂ ᠦᠪᠦᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 1986 ᠤᠨ᠃      5. ᠬ᠊ · ᠰᠠᠮᠫᠢᠯᠳᠠᠨᠳᠠᠪ ᠤᠨ ︽ᠡᠷᠦᠭᠡ ᠭᠡᠷ ᠤᠨ ᠮᠤᠩᠭᠤᠯ ᠶᠤᠰᠤᠨ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2002 ᠤᠨ᠃      6. ᠭᠡᠷᠡᠶᠢᠳ ᠪᠠᠭᠢᠪᠠᠳᠤ ᠶᠢᠨ ︽ᠮᠤᠩᠭᠤᠯ ᠨᠠᠭᠠᠳᠤᠮ ᠤᠨ ᠤᠴᠢᠷ︾᠂ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠂ 2009 ᠤᠨ᠃      7. ᠨ᠊ · ᠰᠧᠷᠡᠩ ᠤᠨ ︽ᠮᠤᠩᠭᠤᠯ ᠤᠨ ᠤᠯᠠᠮᠵᠢᠯᠠᠯᠳᠤ ᠤᠷᠤᠭ ᠭᠡᠷ ᠪᠦᠯᠢ ᠶᠢᠨ ᠶᠤᠰᠤ ᠰᠤᠷᠳᠠᠬᠤᠨ ᠤ ᠰᠤᠳᠤᠯᠤᠯ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2009 ᠤᠨ᠃      8. ᠳ᠋ᠧ ᠴᠢᠤᠸᠠᠨ ᠤ ᠭᠤᠤᠯᠯᠠᠨ ᠨᠠᠶᠢᠷᠠᠭᠤᠯᠤᠭᠰᠠᠨ ︽ᠮᠤᠩᠭᠤᠯ ᠦᠨᠲᠦᠰᠦᠲᠡᠨ ᠤ ᠤᠯᠠᠮᠵᠢᠯᠠᠯᠳᠤ ᠰᠤᠶᠤᠯ ᠤᠨ ᠲᠦᠢᠮᠦ︾᠂ ᠦᠪᠦᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 1999 ᠤᠨ᠃      9. ᠴᠤᠭᠪᠤᠶᠠᠨ ᠤ ᠡᠷᠭᠢᠯᠡᠨ ᠨᠠᠶᠢᠷᠠᠭᠤᠯᠤᠭᠰᠠᠨ ︽ᠮᠤᠩᠭᠤᠯ ᠦᠨᠲᠦᠰᠦᠲᠡᠨ ᠤ ᠱᠠᠭ᠎ᠠ ᠶᠢᠨ ᠰᠤᠶᠤᠯ ᠤᠨ ᠰᠤᠳᠤᠯᠤᠯ︾᠂ ᠦᠨᠲᠦᠰᠦᠲᠡᠨ ᠤ ᠭᠡᠪᠯᠡᠯ ᠤᠨ ᠬᠤᠷᠢᠶ᠎ᠠ᠂ 2017 ᠤᠨ᠃
 
ᠢᠷᠡᠯᠲᠡ᠄ ᠠᠯᠠᠱᠠ ᠶᠢᠨ ᠡᠳᠦᠷ ᠤᠨ ᠰᠦ᠋‌‍ᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号
ᠳ᠋ᠤᠮ ⤰ĕ