︽2023 ᠣᠨ ᠤ  ᠡᠩ ᠤᠨ  ᠶᠡᠭᠡ  ᠳᠡᠭᠡᠳᠦ  ᠰᠤᠷᠭᠠᠭᠤᠯᠢ ᠶᠢᠨ ᠰᠣᠷᠣᠭᠴᠢ ᠡᠯᠰᠡᠬᠦ ᠠᠵᠢᠯ ᠤᠨ ᠲᠣᠭᠲᠠᠭᠠᠯ︾
ᠨᠡᠶᠢᠲᠡᠯᠡᠭᠰᠡᠨ ᠴᠠᠭ᠄
2023/1/30
     ᠰᠤᠷᠭᠠᠨ ᠬᠥᠮᠦᠵᠢᠯ ᠤᠨ ᠶᠠᠮᠤᠨ ᠲᠦᠷᠦᠭᠦᠬᠡᠨ ︽2023 ᠣᠨ ᠤ  ᠡᠩ ᠤᠨ  ᠶᠡᠭᠡ  ᠳᠡᠭᠡᠳᠦ  ᠰᠤᠷᠭᠠᠭᠤᠯᠢ ᠶᠢᠨ ᠰᠣᠷᠣᠭᠴᠢ ᠡᠯᠰᠡᠬᠦ ᠠᠵᠢᠯ ᠤᠨ ᠲᠣᠭᠲᠠᠭᠠᠯ︾᠎ ᠢ ᠨᠡᠶᠢᠲᠡᠯᠡᠵᠦ᠂ ᠰᠢᠯᠭᠠᠭᠤᠯᠤᠭᠴᠢ ᠶᠢᠨ ᠡᠯᠧᠺᠲᠷᠣᠨ ᠲᠠᠩᠰᠠ ᠡᠪᠬᠡᠮᠡᠯ᠂  ᠦᠵᠡᠯ ᠰᠠᠨᠠᠭ᠎ᠠ ᠤᠯᠤᠰ ᠲᠥᠷᠥ ᠶᠣᠰᠣ ᠮᠣᠷᠠᠯ ᠤᠨ ᠬᠢᠨᠠᠨ ᠰᠢᠯᠭᠠᠯᠲᠠ᠂  ᠪᠡᠶ᠎ᠡ  ᠮᠠᠬᠠᠪᠣᠳ ᠤᠨ  ᠡᠷᠡᠭᠦᠯ  ᠮᠡᠨᠳᠦ ᠶᠢᠨ  ᠪᠠᠶᠢᠳᠠᠯ ᠤᠨ ᠪᠠᠶᠢᠴᠠᠭᠠᠯᠲᠠ᠂ ᠰᠢᠯᠭᠠᠯᠲᠠ ᠬᠢᠬᠦ ᠪᠠ ᠰᠤᠷᠤᠬᠴᠢ ᠡᠯᠰᠡᠬᠦ ᠲᠤᠬᠠᠶ ᠴᠥᠮ ᠨᠠᠷᠢᠨ ᠲᠣᠭᠲᠠᠭᠠᠯ ᠭᠠᠷᠭᠠᠬᠰᠠᠨ ᠪᠠᠶᠢᠨ᠎ᠠ᠃ ᠳᠤᠤᠷ᠎ᠠ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠬᠤ ᠰᠢᠯᠭᠠᠭᠤᠯᠤᠭᠴᠢ ᠶᠢ  ᠮᠤᠵᠢ ᠶᠢᠨ  ᠱᠠᠲᠤᠨ ᠤ  ᠰᠣᠷᠣᠭᠴᠢ ᠡᠯᠰᠡᠬᠦ ᠵᠥᠪᠯᠡᠯ ᠠᠴᠠ ᠲᠣᠰ ᠭᠠᠵᠠᠷ ᠤᠨ ᠢᠶᠠᠨ ᠲᠠᠩᠰᠠ ᠡᠪᠬᠡᠮᠡᠯ ᠭᠠᠷᠭᠠᠨ  ᠦᠭᠴᠦ  ᠡᠯᠰᠡᠬᠦ  ᠠᠷᠭ᠎ᠠ  ᠎ ᠶᠢᠨ  ᠲᠤᠬᠳᠠᠭᠠᠯ  ᠎ ᠢ ᠦᠨᠳᠦᠰᠦᠯᠡᠨ᠂ ᠲᠡᠭᠦᠨ ᠤ ᠰᠣᠶᠣᠯ ᠤᠨ ᠨᠢᠭᠡᠳᠦᠯᠲᠡᠶ ᠰᠢᠯᠭᠠᠯᠲᠠ ᠶᠢᠨ ᠬᠢᠷᠢ ᠪᠦᠲᠦᠮᠵᠢ ᠶᠢᠨ ᠶᠡᠷᠦᠩᠬᠡᠶ ᠬᠤᠪᠢ ᠶᠢᠨ ᠰᠠᠭᠤᠷᠢᠨ ᠳᠡᠭᠡᠷ᠎ᠡ ᠵᠣᠬᠢᠬᠤ ᠬᠤᠪᠢ ᠨᠡᠮᠡᠵᠦ ᠲᠠᠩᠰᠠ ᠡᠪᠬᠡᠮᠡᠯ ᠭᠠᠷᠭᠠᠨ ᠥᠭᠴᠦ ᠪᠣᠯᠤᠨ᠎ᠠ︔ ᠶᠡᠭᠡ ᠳᠡᠭᠡᠳᠦ  ᠰᠤᠷᠭᠠᠭᠤᠯᠢ ᠶᠢᠨ  ᠲᠠᠩᠰᠠ ᠡᠪᠬᠡᠮᠡᠯ ᠭᠠᠷᠭᠠᠨ ᠥᠭᠬᠦ ᠨᠥᠬᠦᠴᠡᠯ ᠳᠤ ᠬᠦᠷᠦᠭᠰᠡᠨ ᠪᠠᠶᠢᠪᠠᠯ ᠶᠡᠭᠡ ᠳᠡᠭᠡᠳᠦ ᠰᠤᠷᠭᠠᠭᠤᠯᠢ ᠠᠴᠠ  ᠡᠯᠰᠡᠬᠦ  ᠡᠰᠡᠬᠦ ᠪᠠᠨ  ᠬᠢᠨᠠᠨ ᠪᠠᠶᠢᠴᠠᠭᠠᠵᠤ ᠲᠣᠭᠲᠠᠭᠠᠨ᠎ᠠ᠃ ᠠᠳᠠᠯᠢ ᠨᠢᠭᠡᠨ ᠰᠢᠯᠭᠠᠭᠤᠯᠤᠭᠴᠢ ᠎ ᠨᠢ ᠬᠡᠷᠪᠡ ᠣᠯᠠᠨ ᠵᠦᠢᠯ ᠤᠨ ᠬᠤᠪᠢ ᠨᠡᠮᠡᠵᠦ ᠲᠠᠩᠰᠠ ᠡᠪᠬᠡᠮᠡᠯ ᠭᠠᠷᠭᠠᠨ ᠥᠭᠬᠦ ᠨᠥᠬᠦᠴᠡᠯ ᠳᠤ ᠨᠡᠶᠢᠴᠡᠭᠰᠡᠨ ᠪᠠᠶᠢᠪᠠᠯ᠂ ᠵᠥᠪᠬᠡᠨ ᠲᠡᠭᠦᠨ ᠤ ᠳᠣᠲᠣᠷᠠᠬᠢ ᠬᠠᠮᠤᠭ ᠤᠨ  ᠶᠡᠭᠡ  ᠬᠤᠪᠢ  ᠎ ᠶᠢ  ᠎ ᠨᠢ ᠠᠪᠴᠤ ᠪᠣᠯᠬᠤ ᠪᠥᠭᠡᠳ 20 ᠬᠤᠪᠢ ᠠᠴᠠ ᠬᠡᠲᠦᠷᠡᠭᠦᠯᠵᠦ ᠪᠣᠯᠬᠤ ᠥᠬᠡᠶ᠃        ᠨᠥᠭᠴᠢᠭᠰᠡᠨ ᠪᠠᠭᠠᠳᠤᠷᠴᠤᠳ ᠤᠨ ᠦᠷ᠎ᠡ ᠬᠡᠦᠬᠡᠳ︔ ᠴᠡᠷᠢᠭ ᠤᠨ  ᠠᠯᠪᠠ  ᠬᠠᠭᠠᠵᠤ  ᠪᠠᠶᠢᠬᠤ  ᠬᠤᠭᠤᠴᠠᠭᠠᠨ ᠳᠠᠭᠠᠨ   ᠬᠤᠶᠠᠳᠤᠭᠠᠷ ᠳᠡᠰ ᠠᠴᠠ ᠲᠡᠭᠡᠭᠰᠢᠬᠢ ᠭᠠᠪᠢᠶ᠎ᠠ ᠪᠠᠶᠢᠭᠤᠯᠤᠬᠰᠠᠨ ᠪᠤᠶᠤ ᠪᠠᠶᠢᠯᠳᠤᠭᠠᠨ ᠤ ᠲᠣᠭᠤᠷᠢᠭ ︵ᠤᠤᠯ ᠤᠨ ᠶᠡᠭᠡ  ᠴᠡᠷᠢᠭ ᠤᠨ ᠲᠣᠭᠤᠷᠢᠭ︶᠎ ᠠᠴᠠ ᠳᠡᠭᠡᠭᠰᠢᠬᠢ ᠨᠢᠭᠡᠴᠡ ᠶᠢᠨ ᠢᠷᠠᠭᠤ ᠠᠯᠳᠠᠷ ᠤᠨ ᠴᠣᠯᠠ ᠶᠢ ᠣᠯᠣᠭᠰᠠᠨ ᠴᠡᠷᠢᠭ ᠠᠴᠠ ᠬᠠᠯᠠᠭᠳᠠᠭᠰᠠᠳ︔ ᠬᠢᠯᠢ ᠬᠢᠵᠠᠭᠠᠷ ᠣᠷᠣᠨ᠂  ᠠᠭᠤᠯᠠᠷᠬᠠᠭ  ᠣᠷᠣᠨ᠂  ᠮᠠᠯᠵᠢᠬᠤ  ᠣᠷᠣᠨ᠂  ᠴᠥᠭᠡᠨ  ᠲᠣᠭᠠᠲᠤ  ᠦᠨᠳᠦᠰᠦᠲᠡᠨ ᠲᠥᠪᠯᠡᠷᠡᠨ ᠰᠠᠭᠤᠭ᠎ᠠ ᠭᠠᠵᠠᠷ ᠣᠷᠣᠨ ᠤ ᠴᠥᠭᠡᠨ ᠲᠣᠭᠠᠲᠤ ᠦᠨᠳᠦᠰᠦᠲᠡᠨ ᠤ ᠰᠢᠯᠭᠠᠭᠤᠯᠤᠭᠴᠢ︔ ᠤᠯᠤᠰ ᠲᠠᠭᠠᠨ ᠪᠤᠴᠠᠵᠤ ᠢᠷᠡᠭᠰᠡᠨ ᠬᠠᠷᠢᠶᠠᠲᠤ ᠨᠠᠷ᠂ ᠳᠤᠮᠳᠠᠳᠤ ᠶᠢᠨ ᠬᠠᠷᠢᠶᠠᠲᠤ ᠨᠠᠷ ᠤᠨ  ᠦᠷ᠎ᠡ  ᠬᠡᠦᠬᠡᠳ᠂ ᠤᠯᠤᠰ ᠲᠠᠭᠠᠨ ᠪᠤᠴᠠᠵᠤ ᠢᠷᠡᠭᠰᠡᠨ ᠬᠠᠷᠢᠶᠠᠲᠤ ᠨᠠᠷ ᠤᠨ ᠦᠷ᠎ᠡ ᠬᠡᠦᠬᠡᠳ ᠪᠣᠯᠤᠨ ᠲᠠᠶᠢᠸᠠᠨ ᠮᠤᠵᠢ ᠶᠢᠨ ᠬᠠᠷᠢᠶ᠎ᠠ ︵ᠲᠠᠶᠢᠸᠠᠨ ᠤ ᠡᠷᠦᠬᠡ ᠠᠮᠠ ᠶᠢ ᠪᠠᠭᠲᠠᠭᠠᠨ᠎ᠠ︶᠎ ᠲᠠᠢ ᠰᠢᠯᠭᠠᠭᠤᠯᠤᠭᠴᠢ᠃ ᠪᠡᠶ᠎ᠡ ᠪᠠᠨ ᠳᠠᠭᠠᠭᠠᠵᠤ ᠠᠵᠢᠯ ᠣᠯᠤᠭᠰᠠᠨ ᠴᠡᠷᠢᠭ ᠤᠨ ᠠᠯᠪᠠ ᠠᠴᠠ ᠪᠠᠭᠤᠭᠰᠠᠨ ᠪᠠᠶᠢᠯᠳᠤᠭᠴᠢᠳ ᠲᠤ  ᠰᠣᠶᠣᠯ ‍ᠤᠨ‌ᠨᠢᠭᠡᠳᠦᠯᠲᠡᠶ ᠰᠢᠯᠭᠠᠯᠲᠠ ᠶᠢᠨ ᠬᠢᠷᠢ ᠪᠦᠲᠦᠮᠵᠢ ᠶᠢᠨ ᠶᠡᠷᠦᠩᠬᠡᠶ ᠬᠤᠪᠢ ᠶᠢᠨ ᠰᠠᠭᠤᠷᠢᠨ ᠳᠡᠭᠡᠷ᠎ᠡ ᠵᠣᠬᠢᠬᠤ ᠬᠤᠪᠢ ᠨᠡᠮᠡᠵᠦ ᠲᠠᠩᠰᠠ‌ᠡᠪᠬᠡᠮᠡᠯ ᠭᠠᠷᠭᠠᠨ ᠦᠭᠴᠦ ᠪᠤᠯᠤᠨ᠎ᠠ᠂ ᠭᠡᠬᠦ ᠳᠡᠭᠡᠨ 10 ᠬᠤᠪᠢ ᠠᠴᠠ ᠬᠡᠲᠦᠷᠡᠭᠦᠯᠵᠦ ᠪᠣᠯᠬᠤ ᠥᠬᠡᠶ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号