ᠨᠤᠮ ᠤᠩᠰᠢᠬᠤ ᠪᠤᠯ ᠵᠤᠬᠢᠶᠠᠨ ᠪᠢᠴᠢᠯᠭᠡ ᠶᠢᠨ ᠲᠤᠲᠠᠭᠳᠠᠰᠢ ᠪᠤᠯᠤᠰᠢ ᠦᠭᠡᠢ ᠨᠦᠬᠦᠴᠡᠯ ᠶᠤᠮ᠃ | ᠨᠤᠮ ᠢ ᠵᠦᠪᠬᠡᠨ ᠤᠩᠰᠢᠬᠤ ᠶᠢᠨ ᠲᠦᠯᠦᠭᠡ ᠤᠩᠰᠢᠬᠤ ᠪᠤᠰᠤ᠂ ᠤᠢ ᠤᠶᠤᠨ ᠢᠶᠠᠨ ᠰᠡᠭᠡᠭᠡᠷᠡᠭᠦᠯᠬᠦ ᠪᠠᠷ ᠤᠯᠤᠯᠲᠠ | ᠲᠠᠢ ᠤᠩᠰᠢᠨ᠎ᠠ᠃ ᠶᠠᠮᠠᠷ ᠨᠢᠭᠡᠨ ᠨᠤᠮ ᠢ ᠤᠩᠰᠢᠪᠠᠯ ᠡᠷᠬᠡᠪᠰᠢ ᠶᠠᠭᠤ ᠨᠢᠭᠡ ᠶᠢ ᠤᠯᠬᠤ ᠬᠡᠷᠡᠭᠲᠡᠢ᠃ ᠶᠠᠭᠤ | ᠴᠦ ᠤᠯᠬᠤ ᠦᠭᠡᠢ ᠤᠩᠰᠢᠯᠭ᠎ᠠ ᠪᠤᠯ ᠴᠠᠭ ᠮᠦᠴᠡ ᠪᠠᠨ ᠰᠦᠢᠳᠬᠡᠵᠦ ᠠᠮᠢ ᠨᠠᠰᠤ ᠪᠠᠨ ᠲᠠᠯᠠᠭᠠᠷ | ᠵᠠᠷᠤᠴᠠᠭᠤᠯᠤᠭᠰᠠᠨ ᠱᠠᠯ ᠳᠡᠮᠡᠢ ᠤᠩᠰᠢᠯᠭ᠎ᠠ ᠶᠣᠮ᠃ | ᠨᠤᠮ ᠤᠩᠰᠢᠬᠤ ᠳᠤ ᠬᠠᠷᠠᠯᠲᠠ ᠲᠠᠢ᠂ ᠲᠦᠯᠦᠪᠯᠡᠭᠡ ᠲᠠᠢ ᠤᠩᠰᠢᠳᠠᠭ᠃ ᠦᠪᠡᠷ ᠤᠨ ᠬᠡᠷᠡᠭᠴᠡᠭᠡ ᠲᠠᠢ | ᠵᠦᠢᠯ ᠢᠶᠠᠨ ᠡᠷᠢᠨ ᠤᠩᠰᠢᠨ᠎ᠠ᠃ ᠶᠠᠮᠠᠷ ᠨᠢᠭᠡᠨ ᠨᠤᠮ ᠢ ᠰᠣᠩᠭᠤᠨ ᠤᠩᠰᠢᠬᠤ ᠳᠤ ᠪᠠᠨ ︽ᠪᠢ ᠶᠠᠭᠤ ᠶᠢ ᠮᠡᠳᠡᠵᠦ | ᠂ ᠶᠠᠭᠤ ᠶᠢ ᠡᠷᠢᠬᠦ ᠪᠤᠢ︾ ᠭᠡᠬᠦ ᠬᠠᠷᠠᠯᠲᠠ ᠲᠠᠢ ᠪᠠᠶᠢᠬᠤ ᠬᠡᠷᠡᠭᠲᠡᠢ᠃ ᠵᠢᠱᠢᠶᠡᠯᠡᠬᠦ ᠳᠤ ︽ᠮᠤᠩᠭᠤᠯ ᠤᠨ ᠨᠢᠭᠤᠴᠠ | ᠲᠤᠪᠴᠢᠶᠠᠨ︾ ᠢ ᠤᠩᠰᠢᠬᠤ ᠳᠤ ᠶᠠᠭᠤ ᠶᠢ ᠮᠡᠳᠡᠬᠦ᠂ ᠶᠠᠭᠤᠨ ᠳᠤ ᠰᠤᠨᠢᠷᠬᠠᠯ ᠲᠦᠷᠦᠭᠳᠡᠭᠰᠡᠨ ᠳᠤ ᠪᠠᠨ | ᠬᠠᠷᠢᠭᠤᠯᠲᠠ ᠤᠯᠬᠤ ᠬᠡᠷᠡᠭᠲᠡᠢ᠃ ᠶᠠᠮᠠᠷ ᠨᠢᠭᠡᠨ ᠨᠤᠮ ᠢ ᠤᠩᠰᠢᠬᠤ ᠳᠤ ᠠᠮᠢᠳᠤᠯᠢᠭ ᠪᠤᠳᠠᠲᠠᠢ᠂ ᠦᠷ᠎ᠡ ᠪᠦᠲᠦᠮᠵᠢ | ᠶᠢ ᠡᠷᠬᠢᠮᠯᠡᠨ᠎ᠡ᠃ ᠳᠠᠷᠤᠢ ᠦᠪᠡᠷ ᠤᠨ ᠲᠤᠰᠠᠲᠠᠢ ᠮᠡᠳᠡᠯᠭᠡ ᠪᠠᠨ ᠤᠯᠬᠤ ᠪᠤᠯᠤᠨ᠎ᠠ᠃ ᠨᠤᠮ ᠤᠩᠰᠢᠬᠤ ᠳᠤ ᠪᠠᠨ | ᠤᠯᠵᠤ ᠮᠡᠳᠡᠭᠰᠡᠨ᠂ ᠪᠠᠭ᠋ᠠᠷᠬᠠᠵᠤ ᠲᠠᠭᠠᠰᠢᠶᠠᠭᠰᠠᠨ ᠦᠭᠡ ᠪᠠᠳᠠᠭ᠂ ᠦᠯᠢᠭᠡᠷ ᠢ ᠲᠤᠪᠴᠢᠯᠠᠨ ᠲᠡᠮᠳᠡᠭᠯᠡᠪᠡᠯ ᠤᠯᠠᠮ | ᠰᠠᠶᠢᠨ ᠤᠯᠤᠯᠲᠠ ᠲᠠᠢ ᠪᠠᠶᠢᠳᠠᠭ᠃ ᠦᠭᠡᠰ ᠤᠨ ᠰᠠᠩ ᠪᠠᠶᠠᠯᠢᠭ᠂ ᠨᠠᠶᠢᠷᠠᠭᠤᠯᠭ᠎ᠠ ᠰᠠᠶᠢᠨ᠂ ᠦᠭᠡ ᠨᠢ ᠬᠤᠷᠴᠠ | ᠢᠳᠡᠯᠢᠭ᠂ ᠠᠭᠤᠯᠭ᠎ᠠ ᠨᠢ ᠪᠤᠯᠪᠠᠰᠤᠨ ᠨᠤᠮ ᠢ ᠰᠤᠩᠭᠤᠨ ᠤᠩᠰᠢᠨ᠎ᠠ᠃ ︽ᠨᠠᠴᠤᠭᠳᠤᠷᠵᠢ︾ ᠭᠡᠬᠦ ᠨᠤᠮ ᠢ | ᠤᠩᠰᠢᠬᠤ ᠳᠤ ᠬᠡᠯᠡ ᠶᠢ ᠬᠤᠷᠴᠠᠯᠠᠨ ᠪᠤᠳᠤᠯ ᠢ ᠠᠭᠤᠵᠢᠷᠠᠭᠤᠯᠳᠠᠭ ᠤᠯᠠᠨ ᠰᠠᠶᠢᠬᠠᠨ ᠢᠷᠠᠭᠤ ᠤᠶᠠᠩᠭ᠎ᠠ ᠲᠠᠢ | ᠦᠭᠡᠰ ᠢ ᠰᠤᠨᠢᠷᠬᠠᠳᠠᠭ᠃ ᠠᠵᠢᠯ ᠳᠤ ᠪᠠᠨ ᠬᠢᠨᠠᠯᠲᠠ ᠬᠠᠪᠰᠤᠷᠤᠮᠵᠢ ᠪᠤᠯᠭᠠᠵᠤ᠂ ᠴᠠᠭ ᠢᠶᠠᠨ ᠠᠷᠪᠢᠯᠠᠨ᠂ | ᠬᠡᠷᠡᠭᠴᠡᠭᠡ ᠪᠠᠨ ᠬᠠᠩᠭᠠᠨ᠎ᠠ᠃ ᠲᠡᠳᠡᠭᠡᠷ ᠨᠤᠮ ᠢ ᠪᠠᠭ᠋ᠠᠷᠬᠠᠨ ᠤᠩᠰᠢᠵᠤ᠂ ᠰᠡᠳᠬᠢᠯ ᠰᠠᠨᠠᠭ᠎ᠠ ᠪᠠᠨ ᠲᠡᠵᠢᠭᠡᠨ ᠪᠢᠯᠢᠭ | ᠤᠨ ᠰᠢᠮ᠎ᠡ ᠬᠦᠷᠲᠡᠳᠡᠭ᠃ ᠰᠠᠶᠢᠨ ᠨᠤᠮ ᠢ ᠤᠩᠰᠢᠬᠤ ᠨᠢ᠄ ᠰᠡᠳᠬᠢᠯ ᠤᠨ ᠰᠢᠮ᠎ᠡ ᠲᠡᠵᠢᠭᠡᠯ ᠬᠠᠩᠭᠠᠵᠤ᠂ ᠤᠢ | ᠤᠶᠤᠨ ᠢ ᠰᠡᠭᠡᠭᠡᠷᠡᠭᠦᠯᠦᠨᠡ᠃ ᠨᠤᠮ ᠤᠩᠰᠢᠪᠠᠯ ᠬᠦᠮᠦᠨ ᠤ ᠰᠡᠳᠬᠢᠯ ᠰᠠᠨᠠᠭ᠎ᠠ ᠪᠠᠶᠠᠰᠤᠩᠭᠤᠢ᠂ ᠠᠮᠢᠳᠤᠷᠠᠯ ᠤᠨ | ᠤᠴᠢᠷ ᠶᠤᠰᠤ ᠶᠢ ᠭᠦᠨ ᠤᠶᠢᠯᠠᠭᠠᠳᠠᠭ᠃ ᠠᠵᠢᠯ ᠦᠢᠯᠡᠰ ᠲᠤ ᠳᠡᠮ ᠪᠤᠯᠵᠤ᠂ ᠴᠤᠭ ᠰᠦᠯᠳᠡ ᠶᠢ ᠨᠡᠮᠡᠭᠳᠡᠭᠦᠯᠦᠨ᠎ᠡ | ᠃ ᠨᠤᠮ ᠣᠩᠰᠢᠬᠤ ᠨᠢ ᠶᠠᠮᠠᠷ ᠨᠢᠭᠡᠨ ᠠᠵᠢᠯ ᠬᠢᠬᠦ ᠳᠤ ᠵᠦᠪ ᠲᠠᠯ᠎ᠠ ᠶᠢᠨ ᠵᠢᠯᠤᠭᠤᠳᠤᠮᠵᠢ ᠪᠤᠯᠵᠤ᠂ ᠢᠲᠡᠭᠡᠯ ᠵᠤᠷᠢᠭ | ᠲᠠᠢ ᠪᠤᠯᠳᠠᠭ᠃ ᠬᠦᠮᠦᠨ ᠢ ᠵᠦᠪ ᠰᠠᠶᠢᠬᠠᠨ ᠶᠢᠷᠲᠢᠨᠴᠦ ᠲᠡᠶᠢᠰᠢ ᠵᠢᠯᠤᠭᠤᠳᠤᠨ᠎ᠠ᠃ ᠰᠠᠶᠢᠬᠠᠨ ᠨᠤᠮ ᠢ ᠤᠩᠰᠢᠪᠠᠯ | ᠦᠵᠡᠯ ᠪᠤᠳᠤᠯ ᠵᠦᠪ ᠪᠤᠯᠵᠤ᠂ ᠦᠪᠡᠷ ᠤᠨ ᠰᠠᠶᠢᠨ ᠰᠠᠶᠢᠬᠠᠨ ᠬᠦᠭᠡᠭᠡᠴᠡᠯᠳᠦᠯ ᠳᠤ ᠪᠠᠨ ᠮᠡᠷᠡᠶᠢᠨ᠎ᠡ᠃ ᠬᠦᠮᠦᠨ | ᠴᠢᠨᠠᠷ ᠢ ᠳᠠᠪᠲᠠᠨ ᠪᠤᠯᠪᠠᠰᠤᠷᠠᠭᠤᠯᠤᠨ᠎ᠠ᠃ ᠰᠠᠶᠢᠨ ᠨᠤᠮ ᠤᠩᠰᠢᠪᠠᠯ ᠦᠪᠡᠷ ᠤᠨ ᠰᠠᠨᠠᠭ᠎ᠠ ᠰᠡᠳᠬᠢᠯ ᠢᠶᠠᠨ | ᠵᠠᠰᠠᠵᠤ᠂ ᠵᠦᠪ ᠵᠠᠮ ᠢ ᠡᠷᠬᠢᠮᠯᠡᠵᠦ᠂ ᠣᠤᠭᠠᠯ ᠰᠠᠶᠢᠬᠠᠨ ᠵᠠᠩᠰᠢᠯ ᠢᠶᠠᠨ ᠪᠠᠷᠢᠮᠲᠠᠯᠠᠵᠤ ᠴᠢᠳᠠᠨ᠎ᠠ᠃ ᠵᠤᠬᠢᠶᠠᠨ | ᠪᠢᠴᠢᠬᠦ ᠤᠷᠮᠠᠰ ᠢ ᠬᠦᠭᠵᠢᠭᠡᠨ᠎ᠡ᠃ ᠰᠠᠶᠢᠨ ᠨᠤᠮ ᠢ ᠤᠩᠰᠢᠪᠠᠯ ᠦᠪᠡᠷ ᠤᠨ ᠡᠷᠬᠡ ᠦᠭᠡᠢ ᠤᠷᠮ᠎ᠠ ᠪᠠᠬ᠎ᠠ | ᠲᠦᠷᠦᠭᠳᠡᠨ᠂ ᠦᠪᠡᠷ ᠢᠶᠠᠨ ᠵᠤᠬᠢᠶᠠᠨ ᠪᠢᠴᠢᠶ᠎ᠡ ᠬᠡᠬᠦ ᠰᠠᠨᠠᠭ᠎ᠠ ᠪᠤᠳᠤᠯ ᠤᠷᠭᠤᠳᠠᠭ᠃ ᠵᠤᠬᠢᠶᠠᠨ ᠪᠢᠴᠢᠬᠦ ᠪᠢᠷ ᠢ | ᠬᠤᠷᠴᠠᠯᠠᠨ᠎ᠠ᠃ ᠰᠠᠶᠢᠨ ᠨᠤᠮ ᠢ ᠤᠩᠰᠢᠪᠠᠯ ᠦᠭᠡ ᠪᠠᠶᠠᠯᠢᠭᠵᠢᠨ᠂ ᠬᠡᠯᠡ ᠤᠷᠠᠯᠢᠭ ᠪᠤᠯᠵᠤ᠂ ᠣᠤᠭᠠᠯ ᠶᠤᠰᠤ | ᠵᠠᠩᠰᠢᠯ ᠢᠶᠠᠨ ᠰᠡᠭᠡᠭᠡᠷᠡᠵᠦ ᠵᠤᠬᠢᠶᠠᠨ ᠪᠢᠴᠢᠬᠦ ᠳᠤ ᠬᠦᠴᠦ ᠲᠠᠮᠢᠷ ᠲᠠᠢ ᠪᠤᠯᠳᠠᠭ᠃ ᠰᠡᠳᠬᠢᠨ ᠪᠤᠳᠤᠬᠤ ᠴᠢᠳᠠᠪᠤᠷᠢ | ᠶᠢ ᠨᠡᠮᠡᠭᠳᠡᠭᠦᠯᠦᠨ᠎ᠡ᠃ ᠰᠠᠶᠢᠨ ᠨᠤᠮ ᠢ ᠤᠩᠰᠢᠪᠠᠯ ᠬᠡᠯᠡ ᠬᠡᠯᠡᠯᠭᠡ ᠰᠠᠶᠢᠵᠢᠷᠠᠨ ᠰᠡᠳᠬᠢᠮᠵᠢᠯᠡᠨ ᠪᠤᠳᠤᠬᠤ | ᠬᠡᠪᠴᠢᠶ᠎ᠡ ᠦᠷᠭᠡᠳᠴᠦ᠂ ᠪᠤᠰᠤᠳ ᠤᠨ ᠲᠤᠰᠬᠠᠯ ᠠᠴᠠ ᠦᠪᠡᠷ ᠤᠨ ᠢᠶᠠᠨ ᠬᠠᠷᠠᠯᠲᠠ ᠪᠠᠨ ᠤᠯᠳᠠᠭ᠃ ᠨᠤᠮ | ᠪᠢᠴᠢᠭ ᠪᠤᠯ ᠤᠯᠳᠠᠰᠢ ᠦᠭᠡᠢ ᠶᠡᠭᠡ ᠰᠤᠷᠭᠠᠭᠤᠯᠢ ᠶᠤᠮ᠃ ᠨᠤᠮ ᠣᠩᠰᠢᠪᠠᠯ ᠤᠯᠠᠨ ᠵᠦᠢᠯ ᠤᠨ ᠮᠡᠳᠡᠯᠭᠡ | ᠰᠤᠷᠴᠤ᠂ ᠪᠤᠰᠤᠳ ᠠᠴᠠ ᠤᠯᠵᠤ ᠮᠡᠳᠡᠬᠦ ᠦᠭᠡᠢ ᠵᠦᠢᠯᠡᠰ ᠢᠶᠠᠨ ᠮᠡᠳᠡᠵᠦ ᠰᠡᠭᠡᠭᠡᠷᠡᠳᠡᠭ᠃ ᠨᠤᠮ ᠪᠢᠴᠢᠭ ᠪᠤᠯ | ᠰᠠᠶᠢᠨ ᠪᠠᠭᠰᠢ ᠶᠤᠮ᠃ ᠨᠤᠮ ᠤᠨ ᠣᠳᠬ᠎ᠠ ᠠᠭᠤᠯᠭ᠎ᠠ᠂ ᠵᠤᠬᠢᠶᠠᠮᠵᠢ ᠨᠠᠶᠢᠷᠠᠭᠤᠯᠭ᠎ᠠ᠂ ᠬᠡᠯᠡ ᠶᠠᠷᠢᠶ᠎ᠠ᠂ ᠵᠠᠩ | ᠠᠷᠠᠨᠰᠢᠨ ᠵᠡᠷᠭᠡ ᠨᠢ ᠦᠪᠡᠷ ᠤᠨ ᠮᠡᠳᠡᠬᠦ ᠦᠭᠡᠢ ᠵᠦᠢᠯ ᠢᠶᠠᠨ ᠨᠦᠬᠦᠪᠦᠷᠢᠯᠡᠬᠦ ᠦᠭᠡ ᠳᠠᠭᠤᠨ ᠦᠭᠡᠢ ᠰᠠᠶᠢᠨ | ᠪᠠᠭᠰᠢ ᠶᠤᠮ᠃ ᠤᠶᠤᠨ ᠢ ᠰᠡᠭᠡᠭᠡᠷᠡᠭᠦᠯᠦᠨ ᠪᠢᠯᠢᠭ ᠢ ᠨᠡᠬᠡᠭᠡᠭᠳᠡᠭᠦᠯᠬᠦ᠂ ᠤᠷᠮ᠎ᠠ ᠶᠢ ᠬᠦᠭᠵᠢᠭᠡᠨ ᠵᠤᠷᠢᠭ ᠢ ᠡᠷᠴᠢᠯᠡᠬᠦ | ᠰᠠᠶᠢᠨ ᠨᠤᠮ ᠢ ᠤᠯᠬᠤ ᠶᠢᠨ ᠬᠢᠷᠢ ᠪᠠᠷ ᠢᠯᠡᠭᠦᠦ ᠤᠩᠰᠢᠵᠤ᠂ ᠰᠠᠶᠢᠨ ᠨᠤᠮ ᠢ ᠢᠯᠡᠭᠦᠦ ᠬᠢᠮᠠᠭᠠᠳᠠᠵᠤ ᠶᠠᠪᠤᠨ᠎ᠠ᠃ | ︽ᠮᠦᠩᠭᠦ ᠲᠠᠢ ᠪᠠᠶᠠᠨ ᠠᠴᠠ ᠨᠤᠮ ᠲᠠᠢ ᠪᠠᠶᠠᠨ︾ ᠭᠡᠬᠦ ᠦᠭᠡ ᠲᠦᠮᠡᠨ ᠵᠦᠪ᠃ | ︽ᠨᠤᠮ ᠢ ᠬᠠᠳᠠᠭᠠᠯᠠᠬᠤ ᠠᠷᠠᠳ ᠲᠦᠮᠡᠨ ᠪᠤᠯ ᠠᠭᠤᠤ ᠶᠡᠭᠡ ᠠᠷᠠᠳ ᠲᠦᠮᠡᠨ︾ ᠭᠡᠬᠦ ᠠᠷᠠᠳ ᠤᠨ ᠵᠦᠢᠷ | ᠦᠭᠡ ᠶᠢ ᠴᠡᠭᠡᠵᠢᠯᠡᠵᠦ ᠶᠠᠪᠤᠶ᠎ᠠ᠃ |